ᠢᠯᠠᠮ᠎ᠠ ᠶᠢᠨ ᠰᠤᠭᠰᠤᠷ ᠤᠨ ᠲᠦᠷᠦᠯ
ᠨᠡᠶᠢᠲᠡᠯᠡᠭᠰᠡᠨ ᠴᠠᠭ᠄
2022/6/8
     ᠲᠤᠰ ᠲᠦᠷᠦᠯ ᠳᠤ 500 ᠭᠠᠷᠤᠢ ᠲᠦᠷᠦᠯ ᠤᠨ ᠤᠷᠭᠤᠮᠠᠯ ᠪᠠᠭᠲᠠᠨ᠎ᠠ᠃ ᠡᠬᠦᠨ ᠳᠤ ᠮᠠᠨ ᠤ ᠤᠯᠤᠰ ᠲᠤ 35 ᠵᠦᠢᠯ᠂ ᠮᠠᠨ ᠤ ᠤᠷᠤᠨ ᠳᠤ ᠨᠢᠭᠡ ᠵᠦᠢᠯ ᠪᠠᠶᠢᠨ᠎ᠠ᠃    【ᠡᠰᠢ】 ᠮᠦᠩᠬᠡ ᠨᠤᠭᠤᠭᠠᠨ ᠪᠤᠶᠤ ᠨᠠᠪᠴᠢ ᠵᠤᠯᠭᠠᠷᠠᠬᠤ ᠵᠠᠷᠢᠮᠳᠤᠭ ᠹᠷᠠᠽᠢᠲ ᠪᠤᠲᠠ ᠮᠤᠳᠤ᠃ ᠡᠰᠢ ᠮᠦᠴᠢᠷ ᠨᠢ ᠪᠦᠭᠡᠷᠡᠩᠬᠡᠢ ᠪᠠᠭᠠᠨ᠎ᠠ ᠬᠡᠯᠪᠡᠷᠢᠳᠠᠢ᠂ ᠤᠯᠠᠩᠬᠢ ᠨᠢ ᠠᠴᠠᠯᠠᠨ ᠰᠠᠯᠠᠭᠠᠯᠠᠳᠠᠭ ᠪᠦᠭᠡᠳ ᠬᠦᠨᠳᠦ ᠬᠦᠷᠡᠩ ᠦᠩᠭᠡᠳᠡᠢ᠃    【ᠨᠠᠪᠴᠢ】 ᠳᠠᠩ ᠨᠠᠪᠴᠢ ᠴᠢᠭᠲᠠᠯᠠᠨ ᠤᠷᠭᠤᠬᠤ ᠪᠤᠶᠤ ᠴᠤᠪᠤᠷᠠᠨ ᠤᠷᠭᠤᠨ᠎ᠠ᠃᠂ ᠦᠳᠦᠯᠢᠭ ᠰᠤᠳᠠᠯ ᠎ ᠲᠠᠢ᠃    【ᠴᠡᠴᠡᠭ】 ᠴᠡᠴᠡᠭ ᠨᠢ ᠬᠤᠤᠰ ᠪᠡᠯᠭᠡ ᠲᠠᠢ ᠪᠤᠶᠤ ᠭᠠᠭᠴᠠ ᠪᠡᠯᠭᠡᠳᠡᠢ᠂ ᠲᠦᠷᠦᠬᠦᠦ ᠬᠡᠯᠪᠡᠷᠢᠲᠦ ᠪᠠᠭ ᠴᠡᠴᠡᠭ ᠪᠤᠶᠤ ᠴᠤᠮᠬᠠᠨ ᠪᠠᠭ ᠴᠡᠴᠡᠭ ᠢ ᠪᠦᠷᠢᠯᠳᠦᠭᠦᠯᠳᠡᠭ᠃ ᠪᠠᠭᠯᠠᠭᠴᠢ ᠢᠯᠳᠠᠰᠤ ᠨᠢ ᠨᠢᠭᠡ᠃ ᠴᠡᠴᠡᠭ ᠤᠨ ᠰᠢᠳᠠᠷ ᠨᠢ ᠤᠭ ᠤᠨ ᠬᠡᠰᠡᠭ ᠲᠡᠭᠡᠨ ᠨᠡᠶᠢᠯᠡᠵᠦ᠂ ᠴᠤᠷᠭᠤ ᠬᠡᠯᠪᠡᠷᠢᠳᠠᠢ ᠪᠤᠯᠳᠠᠭ᠃ ᠲᠡᠭᠡᠳᠦ ᠬᠡᠰᠡᠭ ᠤᠨ ᠢᠯᠳᠠᠰᠤ ᠎ ᠨᠢ 4—6᠂ ᠴᠡᠴᠡᠭ ᠤᠨ ᠲᠠᠯᠪᠢ ᠮᠡᠲᠦ᠃ ᠡᠷ᠎ᠡ ᠲᠤᠭᠤᠷᠴᠠᠭ ᠨᠢ ᠴᠡᠴᠡᠭ ᠤᠨ ᠰᠢᠳᠠᠷ ᠤᠨ ᠢᠯᠳᠠᠰᠤ ᠲᠠᠢ ᠢᠵᠢᠯ ᠲᠤᠭᠠᠳᠠᠢ ᠪᠦᠭᠡᠳ ᠴᠢᠭᠲᠠᠯᠠᠨ ᠤᠷᠭᠤᠳᠠᠭ᠃ ᠴᠡᠴᠡᠭ ᠤᠨ ᠲᠤᠭᠤᠰᠤᠪᠴᠢ ᠨᠢ 2 ᠲᠠᠰᠤᠯᠭ᠎ᠠ ᠲᠠᠢ᠃ ᠤᠮᠠᠢ ᠨᠢ ᠲᠤᠤᠷᠠᠲᠦ ᠤᠷᠤᠨ ᠲᠠᠢ᠂ 1 ᠲᠠᠰᠤᠯᠭ᠎ᠠ ᠲᠠᠢ᠂ ᠨᠢᠭᠡ ᠦᠷ᠎ᠡ ᠲᠠᠢ᠃    【ᠦᠷ᠎ᠡ ᠵᠢᠮᠢᠰ】 ᠰᠢᠭᠦᠰᠦᠯᠢᠭ ᠵᠢᠮᠢᠰ᠂ ᠨᠢᠭᠡ ᠦᠷ᠎ᠡ ᠲᠠᠢ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号