ᠲᠤᠰ ᠲᠦᠷᠦᠯ ᠳᠤ 5 ᠵᠦᠢᠯ ᠤᠨ ᠤᠷᠭᠤᠮᠠᠯ ᠪᠠᠭᠲᠠᠨ᠎ᠠ᠃ ᠡᠭᠦᠨ ᠤ ᠲᠤᠳᠤᠷ᠎ᠠ ᠠᠴᠠ ᠮᠠᠨ ᠤ ᠤᠯᠤᠰ ᠤᠨ | ᠵᠡᠬᠦᠨ ᠬᠤᠶᠢᠲᠦ ᠤᠷᠤᠨ ᠪᠤᠯᠤᠨ ᠮᠠᠨ ᠤ ᠤᠷᠤᠨ ᠳᠤ ᠨᠢᠭᠡ ᠵᠦᠢᠯ ᠪᠤᠢ᠃ | 【ᠡᠰᠢ】 ᠪᠤᠭᠤᠨᠢ ᠵᠢᠵᠢᠭ ᠪᠤᠲᠠ ᠮᠤᠳᠤ᠃ | 【ᠨᠠᠪᠴᠢ】 ᠨᠠᠪᠴᠢ ᠨᠢ ᠴᠤᠪᠤᠷᠠᠵᠦ ᠤᠷᠭᠤᠨ᠎ᠠ᠂ ᠤᠳᠠᠰᠤᠯᠢᠭ ᠤᠷᠲᠦ ᠵᠤᠤᠪᠠᠩ ᠬᠡᠯᠪᠡᠷᠢᠳᠠᠢ᠂ | ᠰᠢᠬᠠᠯᠳᠤᠵᠦ ᠤᠷᠭᠤᠳᠠᠭ᠃ ᠲᠤᠰᠬᠤᠭᠤᠷ ᠨᠠᠪᠴᠢ ᠦᠭᠡᠢ᠃ | 【ᠴᠡᠴᠡᠭ】 ᠵᠢᠵᠢᠭ ᠴᠡᠴᠡᠭ ᠲᠠᠢ᠂ ᠭᠠᠭᠴᠠ ᠪᠡᠯᠭᠡᠳᠡᠢ ᠨᠢᠭᠡ ᠬᠡᠷᠳᠡᠢ ᠪᠤᠶᠤ ᠤᠨᠳᠤᠤ ᠬᠡᠷᠳᠡᠢ᠂ 1—3 | ᠬᠦᠢᠰ ᠢᠶᠠᠷ ᠲᠡᠭᠡᠳᠦ ᠬᠡᠰᠡᠭ ᠤᠨ ᠨᠠᠪᠴᠢᠨ ᠤ ᠦᠪᠦᠷ ᠲᠤ ᠤᠷᠭᠤᠨ᠎ᠠ᠃ ᠲᠤᠭᠲᠤᠢ ᠶᠢᠨ ᠢᠯᠳᠠᠰᠤ ᠨᠢ 3᠂ | ᠴᠡᠴᠡᠭ ᠤᠨ ᠲᠠᠯᠪᠢ ᠦᠭᠡᠢ᠃ ᠡᠷ᠎ᠡ ᠲᠤᠭᠤᠷᠴᠠᠭ ᠨᠢ 3᠂ ᠳᠤᠪᠤᠶᠢᠵᠦ ᠤᠷᠭᠤᠵᠠᠢ᠃ ᠤᠮᠠᠢ ᠨᠢ ᠳᠡᠭᠡᠲᠦ ᠤᠷᠤᠨ | ᠲᠠᠢ᠃ 6—9 ᠲᠠᠰᠤᠯᠭ᠎ᠠ ᠲᠠᠢ᠂ ᠲᠠᠰᠤᠯᠭ᠎ᠠ ᠪᠦᠷᠢ ᠳᠤ ᠨᠢᠭᠡ ᠮᠦᠬᠦᠯᠢᠭ ᠦᠷ᠎ᠡ ᠨᠠᠬᠢᠶ᠎ᠠ ᠲᠠᠢ᠂ ᠪᠠᠭᠠᠨ᠎ᠠ ᠶᠢᠨ | ᠠᠮᠠᠰᠠᠷ ᠨᠢ ᠤᠮᠠᠢ ᠶᠢᠨ ᠲᠠᠰᠤᠯᠭ᠎ᠠ ᠲᠠᠢ ᠪᠠᠨ ᠠᠳᠠᠯᠢ ᠲᠤᠭᠠᠳᠠᠢ᠂ ᠰᠠᠷᠪᠠᠶᠢᠵᠦ ᠤᠷᠭᠤᠨ᠎ᠠ᠃ | 【ᠦᠷ᠎ᠡ ᠵᠢᠮᠢᠰ】 ᠦᠷ᠎ᠡ ᠵᠢᠮᠢᠰ ᠨᠢ ᠮᠢᠬᠠᠯᠢᠭ ᠰᠢᠬᠦᠰᠦᠯᠢᠭ ᠵᠢᠮᠢᠰ ᠲᠠᠢ᠃ |