ᠬᠤᠨ ᠤ ᠨᠤᠲᠤᠭ ᠤᠨ ᠬᠤᠰᠢᠭᠤᠴᠢ ᠬᠤᠨ — — ᠮᠠᠯᠴᠢᠨ ᠵᠢᠷᠠᠡᠨᠢᠭᠡ
ᠨᠡᠶᠢᠲᠡᠯᠡᠭᠰᠡᠨ ᠴᠠᠭ᠄
2022/7/14
     ᠬᠦᠮᠦᠨ ᠤ ᠠᠮᠢᠲᠤᠷᠠᠯ ᠭᠡᠵᠤ ᠤᠷᠤᠰᠬᠠᠯ ᠤᠰᠤ ᠮᠡᠲᠦ᠃ ᠬᠤᠯᠠ ᠶᠢ ᠵᠤᠷᠢᠭᠰᠠᠨ ᠤᠷᠤᠰᠬᠠᠯ ᠤᠰᠤ ᠬᠠᠶᠠ ᠨᠠᠷᠢᠰᠤᠨ ᠰᠤᠨᠤᠯᠵᠠᠵᠤ᠂ ᠬᠠᠶᠠ ᠦᠷᠭᠡᠵᠢᠨ ᠦᠶᠡᠯᠵᠢᠵᠤ᠂ ᠵᠠᠷᠢᠮ ᠳᠤ ᠪᠠᠨ ᠲᠠᠰᠤᠷᠠᠭᠠᠳ ᠲᠠᠯᠲᠠ ᠤᠷᠤᠭᠰᠠᠨ ᠴᠦ ᠲᠠᠬᠢᠭᠠᠳ ᠮᠤᠷᠤᠯᠵᠠᠨ᠎ᠠ᠃ ᠪᠣᠷᠣᠭᠠᠨ ᠤ ᠤᠯᠠᠷᠢᠯ ᠪᠤᠯᠬᠤ ᠪᠠᠷ ᠤᠯᠠᠭᠠᠨ ᠢᠶᠠᠷ ᠡᠷᠬᠢᠯᠲᠦᠨ ᠤᠶᠢᠯᠤᠨ ᠲᠠᠪᠠᠯᠭᠠᠯᠠᠵᠤ᠂ ᠡᠪᠤᠯ ᠤᠨ ᠲᠠᠰᠬᠢᠮ᠎ᠠ ᠬᠦᠢᠲᠡᠨ ᠳᠤ ᠰᠢᠷᠠᠯᠠᠭᠰᠠᠨ ᠵᠦᠯᠭᠡ ᠪᠠᠨ ᠦᠨᠦᠰᠤᠨ ᠬᠠᠭ᠎ᠠ ᠬᠦᠯᠲᠡᠲᠡᠭ ᠤᠴᠢᠷ ᠲᠠᠢ᠃      ᠠᠮᠢ ᠨᠠᠰᠤᠨ ᠤ ᠴᠤᠪᠤᠭᠤᠯᠵᠤ ᠤᠷᠬᠢᠭᠰᠠᠨ ᠮᠦᠷ      — — 2002 ᠤᠨ᠂ ᠲᠡᠤᠭᠡ ᠶᠢᠨ ᠤᠷᠲᠤ ᠤᠷᠤᠰᠬᠠᠯ ᠳᠤ ᠲᠤᠰᠤᠯ ᠤᠰᠤ ᠯᠠ ᠲᠡᠲᠦᠢ᠂ ᠡᠨᠡᠬᠦ ᠪᠤᠴᠠᠯᠲᠠ ᠦᠭᠡᠢ ᠦᠩᠭᠡᠷᠡᠨ ᠤᠲᠤᠭᠰᠠᠨ ᠤᠨ ᠵᠢᠯ ᠨᠢ ᠮᠠᠯᠴᠢᠨ ᠵᠢᠷᠠᠡᠨᠢᠭᠡ ᠶᠢᠨ ᠠᠵᠤ ᠠᠮᠢᠲᠤᠷᠠᠯ ᠠᠲᠠᠯ ᠦᠢᠯᠡᠰ ᠲᠤ ᠨᠢ ᠡᠷᠬᠢᠯᠲᠡ ᠶᠢᠨ ᠴᠢᠨᠠᠷᠲᠠᠢ ᠬᠤᠪᠢᠷᠠᠯᠲᠠ ᠭᠠᠷᠭᠠᠵᠠᠢ᠃ ᠬᠦᠮᠦᠨ ᠭᠡᠵᠤ ᠬᠦᠷᠦᠰᠦᠲᠤ ᠲᠡᠯᠡᠭᠡᠢ ᠳᠤ ᠮᠦᠷ ᠢᠶᠠᠨ ᠦᠯᠡᠲᠡᠭᠡᠵᠦ ᠪᠠᠶᠢᠭᠰᠠᠨ ᠴᠠᠭ ᠲᠤ ᠶᠠᠭᠤ ᠨᠢᠭᠡ ᠶᠢ ᠰᠡᠲᠦᠵᠦ ᠶᠠᠭᠤ ᠨᠢᠭᠡ ᠶᠢ ᠪᠦᠲᠦᠭᠡᠵᠦ ᠶᠠᠪᠤᠨ᠎ᠠ ᠭᠡᠭᠴᠢ ᠦᠢᠯᠡᠰᠴᠢ ᠬᠦᠮᠦᠨ ᠳᠤ ᠯᠠ ᠪᠠᠶᠢᠲᠠᠭ ᠠᠵᠢᠯᠴᠢ ᠵᠠᠩ᠃ ᠶᠡᠭᠡ ᠬᠠᠮᠲᠤ ᠠᠴᠠ ᠬᠤᠪᠢᠲᠠᠵᠤ ᠤᠯᠤᠭᠰᠠᠨ ᠲᠤᠭ᠎ᠠ ᠲᠠᠢ ᠭᠡᠲᠦᠨ ᠮᠠᠯ  ᠢᠶᠠᠨ ᠬᠤᠲᠤᠭᠤᠷ ᠢᠶᠠᠷ ᠭᠡᠮᠵᠢᠲᠡᠯ᠎ᠠ ᠦᠰᠭᠡᠶ᠎ᠡ ᠭᠡᠵᠦ ᠴᠢᠷᠮᠠᠶᠢᠲᠠᠭ ᠨᠢ ᠮᠠᠯᠴᠢᠨ ᠬᠦᠮᠦᠨ ᠤ ᠪᠤᠲᠤᠯ᠃      ᠨᠤᠲᠤᠭ ᠲᠠᠢ ᠬᠦᠮᠦᠨ ᠪᠠᠶᠠᠨ᠂ ᠮᠠᠯ ᠲᠠᠢ ᠬᠦᠮᠦᠨ ᠭᠡᠲᠡᠭᠡᠷ ᠭᠡᠲᠡᠭ᠃ ᠡᠪᠦᠭᠡᠳ ᠠᠴᠠ ᠦᠪᠯᠡᠭᠰᠡᠨ ᠨᠤᠲᠤᠭ ᠤᠨ ᠢᠶᠠᠨ ᠬᠠᠯᠠᠭᠤᠨ ᠬᠦᠷᠦᠰᠤᠨ ᠳᠤ ᠮᠠᠯ  ᠤᠨ ᠪᠤᠶᠠᠨ ᠢᠶᠠᠷ ᠴᠡᠭᠡᠵᠢ ᠲᠡᠨᠢᠬᠦᠨ᠂ ᠪᠠᠶᠠᠨ ᠵᠢᠷᠭᠠᠯᠠᠩ ᠠᠮᠢᠲᠤᠷᠠᠵᠤ ᠶᠠᠪᠤᠨ᠎ᠠ ᠭᠡᠭᠴᠢ ᠵᠢᠷᠭᠠᠯ ᠤᠨ ᠲᠡᠭᠡᠲᠦ᠃ ᠲᠠᠪᠠᠯ ᠲᠠᠢ ᠮᠤᠩᠭᠤᠯ ᠤᠨ ᠲᠡᠯᠭᠡᠷ ᠤᠬᠠᠭᠠᠨ ᠢᠶᠠᠷ ᠰᠢᠨ᠎ᠠ ᠴᠠᠭ ᠤᠨ ᠰᠠᠶᠢᠬᠠᠨ ᠳᠤ ᠵᠢᠷᠭᠠᠵᠤ ᠶᠠᠪᠤᠭ᠎ᠠ ᠵᠢᠷᠠᠡᠨᠢᠭᠡ ᠪᠤᠯ ᠤᠷᠠᠳ ᠤᠨ ᠲᠤᠮᠲᠠᠲᠤ ᠬᠤᠰᠢᠭᠤᠨ ᠤ ᠤᠩᠭᠤᠨ ᠪᠠᠯᠭᠠᠰᠤᠨ ᠤ ᠰᠢᠷᠠᠴᠢᠯᠠᠭᠤ ᠭᠠᠴᠠᠭᠠᠨ ᠤ ᠮᠠᠯᠴᠢᠨ᠂ ᠪᠦᠬᠦ ᠤᠷᠤᠨ ᠤ ᠵᠠᠭᠤᠨ ᠰᠤᠲᠤᠨ ᠲᠠᠷᠢᠶᠠᠴᠢᠨ ᠮᠠᠯᠴᠢᠨ ᠤ ᠨᠢᠭᠡ ᠠᠯᠲᠠᠷ ᠢᠶᠠᠷ ᠡᠩᠭᠡᠷ ᠢᠶᠠᠨ ᠮᠢᠯᠢᠶᠠᠯᠭᠠᠭᠰᠠᠨ ᠬᠤᠰᠢᠭᠤᠴᠢ ᠬᠤᠨ᠃      ᠨᠤᠮᠢᠨ ᠨᠤᠲᠤᠭ ᠤᠨ ᠬᠠᠮᠠᠭᠠᠯᠠᠭᠴᠢ      ᠠᠮᠢ ᠠᠬᠤᠢ ᠤᠷᠴᠢᠨ ᠲᠤᠭᠤᠷᠢᠨ ᠳᠤ ᠪᠠᠨ ᠵᠤᠬᠢᠴᠠᠵᠤ ᠬᠠᠶᠢᠷᠠᠯᠠᠨ ᠬᠠᠮᠠᠭᠠᠯᠠᠨ᠎ᠠ ᠭᠡᠭᠴᠢ ᠬᠦᠮᠤᠨ ᠲᠦᠷᠦᠯᠬᠢᠳᠡᠨ ᠤ ᠤᠷᠤᠰᠢᠨ ᠲᠤᠭᠲᠠᠨᠢᠬᠤ ᠶᠢᠨ ᠵᠢᠮ᠎ᠡ ᠶᠤᠰᠤ᠂ ᠨᠡ ᠢᠯᠠᠩᠭᠤᠶ᠎ᠠ ᠠᠮᠢ ᠠᠬᠤᠢ ᠪᠠᠨ ᠰᠡᠷᠬᠦᠭᠡᠵᠦ ᠬᠠᠮᠠᠭᠠᠯᠠᠬᠤ ᠪᠤᠯ ᠮᠤᠨᠲᠠᠭ ᠦᠢᠯᠡᠰ ᠪᠠᠶᠢᠭ᠎ᠠ ᠶᠤᠮ᠃ ᠭᠡᠲᠦᠨ ᠮᠢᠩᠭᠠᠨ ᠵᠢᠯ ᠤᠨ ᠲᠤᠷᠰᠢ᠂ ᠡᠪᠦᠭᠡ ᠲᠠᠭᠡᠲᠦᠰ ᠮᠠᠨᠢ ᠡᠨᠡ ᠲᠤᠬᠠᠢ ᠠᠯᠢ ᠡᠷᠲᠡ ᠪᠦᠷᠢᠨ ᠤᠬᠠᠭᠠᠷᠠᠵᠤ᠂ ᠲᠠᠯ᠎ᠠ ᠨᠤᠲᠤᠭ ᠲᠤ ᠨᠠᠬᠦᠲᠠᠯ ᠠᠮᠢᠲᠤᠷᠠᠯ ᠤᠨ ᠭᠠᠯ ᠢᠶᠠᠨ ᠪᠠᠲᠠᠷᠠᠭᠠᠵᠤ᠂ ᠲᠠᠷᠬᠠᠨ ᠰᠤᠶᠤᠯ  ᠢᠶᠠᠨ ᠦᠷ᠎ᠡ ᠬᠤᠶᠢᠴᠢᠰ ᠲᠤ ᠪᠠᠨ ᠦᠪᠯᠡᠭᠰᠡᠨ ᠤᠴᠢᠷᠲᠠᠢ᠃ ᠰᠢᠨᠵᠢᠯᠡᠭᠡ ᠮᠡᠷᠭᠡᠵᠢᠯ ᠨᠢᠰᠬᠦ ᠮᠡᠳᠤ ᠬᠦᠭᠵᠢᠭᠰᠡᠨ ᠦᠨᠦᠲᠦᠷ ᠴᠦ ᠠᠮᠢ ᠠᠬᠤᠢ ᠪᠠᠶᠢᠭᠠᠯᠢ ᠤᠷᠴᠢᠨ ᠤ ᠬᠠᠮᠠᠭᠠᠯᠠᠯᠳᠠ ᠨᠢ ᠲᠦᠷᠦ ᠶᠢᠨ ᠲᠦᠪᠰᠢᠨ ᠤ ᠪᠤᠲᠤᠯᠭ᠎ᠠ ᠳᠤ ᠪᠢᠴᠢᠭᠲᠡᠵᠤ᠂ ᠲᠡᠤᠭᠡᠨ ᠠᠴᠠ ᠤᠯᠠᠮᠵᠢᠯᠠᠯ ᠲᠠᠢ ᠪᠠᠶᠢᠭᠠᠯᠢ ᠢᠶᠠᠨ ᠬᠠᠮᠠᠭᠠᠯᠠᠬᠤ ᠡᠨᠡᠬᠦ ᠠᠭᠤᠤ ᠶᠡᠭᠡ ᠤᠬᠠᠭᠠᠨ ︽ᠬᠠᠭᠤᠴᠢᠨ ᠶᠠᠭᠤᠮ᠎ᠠ ᠤᠯᠠ ᠪᠤᠯᠤᠭ᠎ᠠ︾ ᠦᠭᠡᠢ ᠨᠢ ᠦᠨᠡᠨ᠃      ᠬᠤᠷ᠎ᠠ ᠪᠤᠷᠤᠭᠠᠨ ᠤ ᠬᠤᠮᠰᠠᠲᠠᠯ᠂ ᠤᠰᠤᠨ ᠲᠦᠪᠰᠢᠨ ᠤ ᠲᠤᠷᠤᠭᠰᠢᠯᠠᠯ ᠵᠡᠷᠭᠡ ᠤᠯᠠᠨ ᠲᠠᠯ᠎ᠠ ᠶᠢᠨ ᠰᠢᠯᠲᠠᠭᠠᠨ ᠠᠴᠠ ᠭᠠᠨᠭ᠌ ᠭᠠᠴᠢᠭ ᠥᠷᠭᠦᠯᠵᠢᠯᠡᠨ ᠨᠣᠳᠤᠭ ᠪᠡᠯᠴᠢᠭᠡᠷ ᠬᠥᠨᠳᠣ ᠨᠣᠴᠢᠳᠠᠢ ᠡᠯᠡᠰᠥᠷᠭᠡᠭᠵᠢᠨ ᠠᠮᠢ ᠠᠬᠤᠢ ᠡᠳᠥᠷ ᠢᠷᠡᠬᠦᠶ᠎ᠠ ᠮᠠᠭᠤᠲᠠᠨ᠂ ᠮᠠᠯᠴᠢᠳ ᠤᠨ ᠠᠮᠢᠳᠣᠷᠠᠯ ᠲᠣᠩ ᠶᠡᠭᠡ ᠬᠥᠴᠢᠷᠳᠡᠯ ᠲᠣᠯᠭᠠᠷᠠᠵᠣ ᠪᠠᠶᠢᠭ᠎ᠠ ᠶᠢ ᠨᠢᠲᠤ ᠲᠠᠢ ᠪᠤᠯᠭᠠᠨ ᠬᠠᠷᠠᠵᠤ᠂ ᠴᠢᠬᠢ ᠲᠠᠢ ᠪᠤᠯᠭᠠᠨ ᠰᠤᠨᠤᠰᠴᠤ ᠢᠷᠡᠭᠰᠡᠨ ᠨᠢ ᠤᠨ ᠤᠲᠠᠭᠰᠠᠨ ᠬᠠᠭᠤᠴᠢ ᠶᠠᠷᠢᠶ᠎ᠠ ᠰᠢᠬᠠᠮ ᠪᠤᠯᠵᠠᠢ᠃ ᠨᠡᠩ ᠴᠦ ᠮᠠᠯ ᠢᠶᠠᠨ ᠭᠡᠰᠡᠨ ᠮᠠᠯᠴᠢᠨ ᠲᠦᠮᠡᠨ ᠤ ᠡᠮᠦᠨ᠎ᠡ ᠲᠠᠯᠪᠢᠭᠲᠠᠭᠰᠠᠨ ᠶᠠᠭᠠᠬᠢᠬᠤ ᠶᠢᠨ ᠠᠷᠭ᠎ᠠ ᠦᠭᠡᠢ ᠲᠤᠮᠤ ᠠᠰᠠᠭᠤᠲᠠᠯ ᠤᠨ ᠨᠢᠭᠡ ᠪᠤᠯᠵᠤ᠂ ᠪᠤᠯᠲᠠᠭ ᠰᠠᠨ ᠪᠤᠯ ᠠᠰᠠᠬᠷᠠᠬᠤ ᠬᠦᠯᠦᠰᠤ᠂ ᠲᠤᠰᠤᠯᠠᠬᠤ ᠨᠢᠯᠪᠤᠰᠤ ᠪᠠᠷ ᠢᠶᠠᠨ ᠡᠭᠡ ᠭᠠᠵᠠᠷ ᠢᠶᠠᠨ ᠤᠮᠲᠠᠯᠠᠭᠰᠠᠨ ᠴᠦ ︽ᠦᠭᠡᠢ︾ ᠭᠡᠬᠦ ᠬᠦᠮᠦᠨ ᠠᠯᠠᠭ᠎ᠠ᠃      — — ᠪᠢᠲᠠᠨ ᠤ ᠪᠡᠯᠴᠢᠭᠡᠷ ᠪᠠᠭ᠎ᠠ ᠲᠡᠭᠡᠷ᠎ᠡ ᠪᠠᠨ ᠡᠨᠡ ᠭᠡᠲᠦᠨ ᠵᠢᠯ ᠭᠠᠩ ᠦᠷᠬᠦᠯᠵᠢᠯᠡᠵᠦ᠂ ᠪᠡᠯᠴᠢᠭᠡᠷ ᠰᠡᠷᠬᠦᠬᠦ ᠳᠤ ᠬᠦᠴᠢᠷ ᠲᠠᠢ ᠪᠠᠶᠢᠨ᠎ᠠ᠃ ᠲᠠ ᠮᠠᠯ ᠢᠶᠠᠨ ᠴᠦᠭᠡᠴᠢᠯᠡᠬᠦ ᠦᠭᠡᠢ ᠤᠤ︖      — — ᠮᠠᠯ ᠢᠶᠠᠨ ᠴᠦᠭᠡᠨ ᠪᠤᠯᠭᠠᠴᠢᠬᠠᠭᠠᠳ ᠶᠠᠭᠠᠬᠢᠵᠤ ᠠᠮᠢᠲᠤᠷᠠᠬᠤ ᠶᠤᠮ ᠁      — — ᠬᠤᠶᠠᠷ ᠪᠤᠭᠲᠠ ᠶᠢᠨ ᠴᠠᠭᠠᠨ ᠢᠮᠠᠭᠠᠨ ᠤ ᠤᠬᠤᠨ᠎ᠠ ᠲᠡᠯᠪᠢᠵᠤ ᠡᠬᠦᠯᠲᠡᠷ ᠰᠠᠶᠢᠵᠢᠷᠠᠭᠤᠯᠤᠨ᠎ᠠ᠂ ᠢᠩᠬᠢᠪᠡᠯ ᠮᠠᠯ ᠢᠶᠠᠨ ᠴᠦᠭᠡᠴᠢᠯᠡᠭᠰᠡᠨ ᠴᠦ ᠤᠷᠤᠯᠭ᠎ᠠ ᠪᠠᠭᠠᠲᠠᠬᠤ ᠦᠭᠡᠢ ᠰᠢᠤ᠃ ᠲᠡᠭᠡᠬᠦ ᠮᠦᠷᠲᠡᠭᠡᠨ ᠨᠤᠲᠤᠭ ᠪᠡᠯᠴᠢᠭᠡᠷ ᠢᠶᠠᠨ ᠴᠦ ᠬᠠᠮᠠᠭᠠᠯᠠᠴᠢᠬᠠᠨ᠎ᠠ᠃      — — ᠨᠤᠯᠤᠤᠷ ᠤᠨ ᠭᠠᠷᠤᠯᠲᠠ ᠪᠠᠭ᠎ᠠ᠂ ᠬᠠᠰᠢᠯᠠ ᠪᠤᠰᠤᠳ ᠤᠬᠤᠨ᠎ᠠ ᠨᠢ ᠰᠠᠶᠢᠨ᠂ ᠨᠤᠯᠤᠤᠷ ᠤᠨ ᠭᠠᠷᠤᠯᠲᠠ ᠨᠢ ᠬᠤᠶᠠᠷ ᠵᠢᠩ ᠲᠡᠬᠦᠨ᠎ᠠ᠃      — — ᠲᠡᠷᠡ ᠴᠦ ᠲᠡᠶᠢᠮᠦ᠂ ᠭᠡᠬᠦ ᠳᠤ ᠦᠨ᠎ᠡ ᠨᠢ ᠲᠤᠤᠷ᠎ᠠ᠂ ᠬᠤᠶᠠᠷ ᠪᠤᠭᠲᠠ ᠶᠢᠨ ᠴᠠᠭᠠᠨ ᠢᠮᠠᠭᠠᠨ ᠤ ᠤᠬᠤᠨ᠎ᠠ ᠲᠠᠯᠪᠢᠭᠰᠠᠨ ᠴᠦ ᠵᠢᠩ ᠭᠠᠷᠤᠢ ᠪᠤᠯᠤᠨ᠎ᠠ᠂ ᠮᠦᠨᠴᠦ ᠨᠤᠲᠤᠭ ᠤᠨ ᠰᠢᠯᠢᠲᠡᠭ ᠡᠬᠦᠯᠲᠡᠷ ᠤᠨ ᠤᠬᠤᠨ᠎ᠠ ᠰᠢᠤ᠃ ᠬᠤᠶᠠᠷ ᠪᠤᠭᠲᠠ ᠶᠢᠨ ᠴᠠᠭᠠᠨ ᠢᠮᠠᠭ᠎ᠠ ᠭᠡᠲᠦᠨ ᠵᠠᠭᠤᠨ ᠤ ᠰᠡᠯᠬᠢ ᠪᠤᠷᠤᠭᠠᠨ᠂ ᠬᠠᠯᠠᠭᠤᠨ ᠬᠦᠢᠲᠡᠨ ᠢ ᠦᠩᠭᠡᠷᠡᠭᠡᠵᠦ᠂ ᠮᠠᠨ ᠤ ᠨᠤᠲᠤᠭ ᠤᠨ ᠠᠭᠤᠷ ᠠᠮᠢᠰᠬᠤᠯ ᠲᠠᠢ ᠵᠤᠬᠢᠴᠠᠭᠰᠠᠨ ᠪᠠᠶᠢᠲᠠᠭ ᠰᠢᠤ᠃ ᠪᠤᠰᠤᠳ ᠡᠬᠦᠯᠲᠡᠷ ᠤᠨ ᠤᠬᠤᠨ᠎ᠠ ᠶᠢ ᠭᠡᠲᠦᠨ ᠵᠢᠯ ᠲᠠᠯᠪᠢᠭᠠᠳ ᠢᠷᠡᠬᠦ ᠳᠤ ᠨᠤᠯᠤᠤᠷ ᠤᠨ ᠰᠢᠷᠬᠢᠭ ᠪᠦᠲᠦᠬᠦᠨ ᠪᠤᠯᠵᠤ᠂ ᠨᠤᠯᠤᠤᠷ ᠨᠢ ᠨᠤᠤᠰᠤ ᠰᠢᠭ᠋ ᠪᠤᠯᠤᠨ᠎ᠠ︕ ᠬᠤᠵᠢᠮ ᠢᠶᠠᠨ ᠪᠤᠲᠤᠪᠠᠯ ᠠᠰᠢᠭ ᠦᠭᠡᠢ ᠯᠡ ᠳ᠋ᠡ︕      — — ᠲᠠᠷᠠᠭ᠎ᠠ ᠪᠠᠷ ᠪᠤᠯᠤᠶ᠎ᠠ᠃      ᠡᠷᠦᠭᠡ ᠪᠤᠯᠭᠠᠨ ᠢᠶᠠᠷ ᠤᠷᠤᠵᠤ᠂ ᠠᠶᠠᠭ᠎ᠠ ᠴᠠᠢ ᠪᠠᠷ ᠦᠯ ᠢᠶᠠᠨ ᠲᠠᠷᠤᠨ᠂ ᠶᠤᠰᠤ ᠤᠴᠢᠷ ᠢ ᠭᠡᠯᠡ ᠪᠠᠨ ᠬᠦᠰᠢᠲᠡᠯ᠎ᠡ ᠬᠦᠵᠦᠬᠦᠦ ᠪᠠᠨ ᠰᠤᠨᠲᠠᠯ᠎ᠠ ᠶᠠᠷᠢᠵᠤ ᠶᠠᠪᠤᠭ᠎ᠠ ᠡᠨᠡ ᠬᠦᠮᠦᠨ ᠢ ᠵᠢᠷᠠᠡᠨᠢᠭᠡ ᠭᠡᠲᠡᠭ᠃ ᠬᠦᠷᠦᠰᠦᠯᠢᠭ ᠪᠤᠷᠤ ᠴᠢᠷᠠᠢ ᠲᠠᠢ᠂ ᠦᠳᠭᠡᠨ ᠬᠠᠷ᠎ᠠ ᠬᠦᠮᠦᠰᠭᠡ ᠲᠠᠢ᠂ ᠲᠦᠷᠯᠡᠭᠡᠷ ᠠᠯᠠᠭ ᠨᠢᠲᠤ ᠲᠠᠢ᠂ ᠨᠠᠮ ᠲᠦᠯᠭᠡᠨ ᠶᠠᠷᠢᠶ᠎ᠠ ᠬᠦᠭᠡᠷᠦᠭᠡ ᠲᠠᠢ᠂ ᠪᠦᠭᠡᠴᠢᠨ ᠬᠦᠮᠦᠨ ᠤ ᠲᠦᠯᠦᠪ ᠲᠠᠢ᠂ ᠲᠠᠶᠠᠩ ᠢ ᠲᠤᠭᠤᠷᠢᠨ ᠬᠠᠷᠠᠭ᠎ᠠ ᠦᠷᠭᠡᠵᠢᠵᠦ ᠵᠠᠯᠠᠭᠤ ᠪᠠᠷ ᠢᠶᠠᠨ ᠬᠠᠰᠢᠷᠵᠢᠭᠰᠠᠨ ᠬᠦᠮᠦᠨ ᠤ ᠨᠢᠭᠡ᠂ ᠤᠷᠠᠳ ᠨᠤᠲᠤᠭ ᠤᠨ ᠤᠤᠭᠠᠯ᠃ ᠲᠡᠭᠡᠲᠦ ᠲᠤᠮᠲᠠᠲᠤ ᠪᠠᠨ ᠲᠡᠬᠦᠰᠭᠡᠭᠰᠡᠨ ᠤ ᠲᠠᠷᠠᠭ᠎ᠠ ᠭᠠᠯ ᠵᠠᠯᠠᠭᠤ ᠶᠢᠨ ᠤᠮᠤᠭ ᠢᠶᠠᠷ ᠶᠠᠭᠤ ᠨᠢᠭᠡ ᠶᠢ ᠬᠢᠵᠦ ᠪᠦᠲᠦᠭᠡᠨ᠎ᠡ ᠭᠡᠬᠦ ᠰᠠᠶᠢᠬᠠᠨ ᠬᠦᠰᠡᠯ ᠢ ᠡᠪᠤᠷᠯᠡᠨ ᠨᠡᠶᠢᠭᠡᠮ ᠤᠨ ᠤᠷᠤᠰᠬᠠᠯ ᠳᠤ ᠭᠤᠶᠠᠲᠠᠭᠲᠠᠵᠤ᠂ ᠬᠦᠪᠴᠤ ᠵᠢᠪᠴᠤ ᠶᠠᠪᠤᠭᠰᠠᠨ ᠤᠴᠢᠷ ᠲᠠᠢ᠃ ᠦᠪᠡᠷ ᠤᠨ ᠪᠤᠲᠤᠯ ᠨᠢ ᠦᠷᠦᠭᠡᠯ ᠪᠤᠰᠤᠳ ᠲᠤ ᠲᠠᠭᠠᠯᠠᠭᠲᠠᠬᠤ ᠦᠭᠡᠢ ᠪᠠᠶᠢᠭ᠎ᠠ ᠨᠢ ᠲᠡᠬᠦᠨ ᠳᠤ ᠨᠢᠭᠡ ᠶᠤᠰᠤᠨ ᠳᠤ ᠪᠠᠨ ᠴᠤᠬᠢᠯᠲᠠ ᠪᠤᠯᠤᠭᠰᠠᠨ ᠪᠠᠶᠢᠯ᠎ᠠ᠃ ᠪᠤᠷᠬᠠᠨ ᠲᠡᠭᠷᠢ ᠮᠢᠨᠢ ᠬᠤᠷ᠎ᠠ ᠪᠤᠷᠤᠭᠠᠨ ᠢᠶᠠᠨ ᠬᠠᠶᠢᠷᠠᠯᠠᠭᠠᠰᠠᠢ ᠭᠡᠵᠤ ᠦᠶ᠎ᠡ ᠶᠢᠨ ᠦᠶ᠎ᠡ ᠲᠡᠭᠷᠢ ᠶᠢᠨ ᠴᠢᠷᠠᠢ ᠬᠠᠷᠠᠵᠤ᠂ ᠤᠰᠤᠨ ᠤ ᠲᠤᠩᠭᠠᠯᠠᠭ᠂ ᠡᠪᠡᠰᠤᠨ ᠤ ᠰᠤᠷᠭᠤᠭ ᠢ ᠡᠷᠢᠨ᠂ ᠲᠤᠭᠤᠷᠭ᠎ᠠ ᠪᠠᠭᠲᠠᠬᠤ ᠭᠠᠵᠠᠷ ᠲᠤ ᠭᠡᠷ ᠢᠶᠠᠨ ᠪᠠᠷᠢᠵᠤ᠂ ᠲᠤᠭᠤᠷᠠᠢ ᠪᠠᠭᠲᠠᠬᠤ ᠨᠤᠲᠤᠭ ᠲᠤ ᠮᠠᠯ ᠢᠶᠠᠨ ᠦᠰᠭᠡᠵᠦ ᠶᠠᠪᠤᠭᠰᠠᠨ ᠮᠠᠯᠴᠢᠳ ᠮᠠᠨᠢ ᠶᠠᠭᠠᠬᠢᠨ ᠵᠢᠷᠡᠡᠨᠢᠭᠡ  ᠶᠢᠨ ᠵᠦᠪᠯᠡᠯᠭᠡ ᠶᠢ ᠰᠤᠨᠤᠰᠬᠤ ᠠᠵᠠᠢ᠃ ᠨᠤᠯᠤᠤᠷ ᠠᠯᠲᠠ ᠰᠢᠭ᠋ ᠦᠨ᠎ᠡ ᠬᠦᠷᠴᠦ ᠪᠦᠬᠦᠢ ᠲᠤᠬᠠᠢ ᠶᠢᠨ ᠴᠠᠭ ᠲᠤ ᠡᠶᠢᠮᠦᠷᠬᠦᠦ ᠪᠤᠲᠤᠯ ᠢ ᠬᠦᠮᠦᠰ ᠬᠦᠯᠢᠶᠡᠵᠦ ᠠᠪᠬᠤ ᠦᠭᠡᠢ ᠪᠠᠶᠢᠬᠤ ᠨᠢ ᠲᠠᠮᠵᠢᠭ ᠦᠭᠡᠢ᠃       ︽ᠵᠠ ᠶᠠᠭᠠᠬᠢᠬᠤᠪ᠂ ᠪᠤᠰᠤᠳ ᠬᠦᠮᠦᠰ ᠨᠠᠲᠠ ᠲᠠᠢ ᠰᠡᠳᠬᠢᠯ ᠨᠢᠭᠡᠳᠬᠦ ᠦᠭᠡᠢ ᠶᠤᠮ ᠪᠤᠯ ᠪᠢ ᠦᠪᠡᠷ ᠢᠶᠠᠨ ᠬᠢᠵᠦ᠂ ᠨᠢᠭᠡ ᠲᠤᠷᠰᠢᠵᠤ ᠦᠵᠡᠶ᠎ᠠ︾ ᠭᠡᠮᠡᠨ ᠵᠤᠷᠢᠭ ᠰᠢᠭᠤᠲᠤᠯ᠎ᠠ᠃ ᠵᠢᠷᠡᠡᠨᠢᠭᠡ ᠤᠯᠠᠨ ᠲᠠᠯ᠎ᠠ ᠠᠴᠠ ᠮᠦᠩᠬᠦ ᠬᠤᠷᠠᠮᠲᠤᠭᠤᠯᠵᠤ 40 ᠭᠠᠷᠤᠢ ᠲᠦᠮᠡᠨ ᠲᠦᠬᠦᠷᠢᠭ ᠤᠨ ᠬᠦᠷᠦᠩᠭᠡ ᠤᠷᠤᠭᠤᠯᠤᠨ ᠬᠤᠲᠠ ᠤᠷᠤᠭᠰᠠᠨ ᠮᠠᠯᠴᠢᠳ ᠤᠨ ᠪᠡᠯᠴᠢᠭᠡᠷ ᠢ ᠲᠦᠷᠢᠶᠡᠰᠦᠯᠠᠨ ᠠᠪᠴᠤ᠂ ᠨᠤᠲᠤᠭ ᠪᠡᠯᠴᠢᠭᠡᠷ᠂ ᠡᠪᠡᠰᠤ ᠤᠷᠭᠤᠮᠠᠯ ᠤᠨ ᠤᠨᠴᠠᠯᠢᠭ ᠰᠢᠨᠵᠢ ᠶᠢ ᠦᠨᠲᠦᠰᠤᠯᠡᠨ᠂ ᠭᠡᠲᠤ ᠭᠡᠲᠦᠨ ᠭᠡᠰᠡᠭ ᠬᠤᠪᠢᠶᠠᠵᠤ᠂ ᠬᠤᠷᠤᠭ᠎ᠠ ᠬᠤᠲᠠ ᠪᠠᠨ ᠲᠦᠪᠬᠢᠨᠡᠬᠦᠯᠦᠯ᠎ᠡ᠃ ᠲᠤᠬᠤᠮ ᠤᠨ ᠴᠢᠨᠡᠭᠡᠨ ᠪᠡᠯᠴᠢᠭᠡᠷ ᠲᠤ ᠮᠠᠯ ᠤᠨ ᠲᠤᠭ᠎ᠠ ᠪᠠᠨ ᠬᠤᠶᠠᠷ ᠮᠢᠩᠭ᠎ᠠ ᠪᠠᠷ ᠲᠤᠭᠠᠯᠠᠭᠤᠯᠵᠤ ᠪᠠᠶᠢᠭᠰᠠᠨ ᠵᠢᠷᠡᠡᠨᠢᠭᠡ ᠦᠪᠡᠷ ᠤᠨ ᠨᠤᠲᠤᠭ ᠪᠡᠯᠴᠢᠭᠡᠷ ᠡᠲᠦᠷ ᠢᠷᠡᠬᠦᠶ᠎ᠡ ᠮᠠᠭᠤᠲᠠᠵᠤ ᠪᠠᠶᠢᠭ᠎ᠠ ᠶᠢ ᠰᠡᠷᠭᠡᠭ ᠢᠶᠠᠷ ᠮᠡᠲᠡᠷᠡᠭᠰᠡᠨ ᠲᠡᠷᠡ ᠴᠠᠭ ᠠᠴᠠ ᠮᠠᠯ  ᠢᠶᠠᠨ ᠴᠦᠭᠡᠴᠢᠯᠡᠵᠦ᠂ ᠮᠠᠯ ᠤᠨ ᠠᠰᠢᠭ ᠰᠢᠮ᠎ᠠ ᠪᠠᠨ ᠦᠨ᠎ᠡ ᠳᠤ ᠬᠦᠷᠭᠡᠨ᠂ ᠤᠯᠠᠨ ᠲᠠᠯ᠎ᠠ ᠪᠠᠷ ᠡᠵᠡᠩᠨᠡᠬᠦ ᠶᠢ ᠬᠠᠶᠢᠨ ᠰᠦᠪᠡᠭᠴᠢᠯᠡᠵᠦ ᠡᠬᠢᠯᠡᠭᠰᠡᠨ ᠁      ᠡᠰᠨᠢᠯ ᠲᠦᠯᠵᠢᠯ ᠤᠨ ᠤᠷᠢᠬᠠᠨ ᠬᠠᠪᠤᠷ ᠪᠤᠯᠬᠤ ᠪᠠᠷ ᠰᠦᠬᠦᠯᠡᠭᠰᠡᠨ ᠴᠠᠰᠤ ᠤᠶᠠᠷᠠᠨ ᠬᠠᠶᠢᠯᠵᠤ᠂ ᠰᠤᠵᠢᠭ ᠤᠨ ᠨᠤᠭᠤᠭ᠎ᠠ ᠴᠤᠬᠤᠶᠢᠨ᠂ ᠢᠰᠢᠭᠡ ᠬᠤᠷᠠᠭ᠎ᠠ ᠮᠠᠶᠢᠯᠠᠯᠲᠤᠵᠤ᠂ ᠰᠦᠷᠦᠭ ᠠᠴᠠ ᠰᠦᠷᠦᠭ ᠦᠷᠡᠵᠢᠨ᠂ ᠮᠠᠯᠴᠢᠨ ᠲᠦᠮᠡᠨ ᠤ᠂ ᠮᠠᠩᠨᠠᠢ ᠲᠡᠨᠢᠢᠳᠡᠭ ᠰᠠᠶᠢᠬᠠᠨ ᠤᠯᠠᠷᠢᠯ᠃ ᠲᠦᠯ ᠲᠤᠰᠬᠤ ᠠᠵᠢᠯ ᠰᠢᠪᠲᠤᠷᠭᠠᠨ ᠳᠤ  ᠪᠠᠨ ᠤᠷᠤᠬᠤ ᠳᠤ ᠢᠮᠠᠭ᠎ᠠ ᠰᠠᠮᠨᠠᠵᠤ ᠬᠤᠨᠢ ᠬᠠᠶᠢᠴᠢᠯᠠᠬᠤ ᠠᠵᠢᠯ ᠵᠠᠯᠭᠠᠯᠲᠤᠵᠤ᠂ ᠰᠢᠨᠠ ᠲᠠᠭᠠᠨ ᠬᠦᠯᠦᠰᠤ ᠤᠷᠤᠰᠤᠭᠰᠠᠨ ᠴᠦ ᠨᠢᠭᠤᠷ ᠲᠤᠨᠢ ᠪᠠᠶᠠᠷ ᠤᠨ ᠢᠨᠢᠶᠡᠲᠤ ᠪᠢᠯᠬᠠᠮ᠎ᠠ ᠪᠠᠶᠢᠲᠠᠭ᠃ ᠡᠪᠤᠯ ᠤᠨ ᠡᠬᠢ ᠪᠤᠯᠬᠤ ᠪᠠᠷ ᠶᠠᠲᠠᠷ ᠲᠤᠷᠤᠢ ᠮᠠᠯ ᠢᠶᠠᠨ ᠬᠤᠲᠠᠯᠲᠤᠨ ᠡᠪᠡᠰᠤ ᠪᠤᠷᠲᠤᠭ᠎ᠠ ᠨᠦᠭᠡᠴᠡᠯᠡᠭᠡᠳ ᠶᠠᠭᠠᠷᠠᠯᠲᠤᠨ᠎ᠠ᠂ ᠮᠠᠯᠴᠢᠳ ᠮᠢᠨᠢ ᠲᠠᠰᠤᠯ ᠪᠤᠯᠤᠭᠰᠠᠨ ᠠᠭᠤᠯᠠ ᠬᠠᠶᠢᠷᠬᠠᠨ ᠲᠠᠯ᠎ᠠ ᠬᠦᠨᠲᠡᠢ ᠪᠠᠨ ᠪᠠᠷᠠᠲᠠᠨ ᠡᠭᠡᠯᠵᠢᠯᠡᠬᠦ ᠲᠦᠷᠪᠡᠨ ᠤᠯᠠᠷᠢᠯ ᠢ ᠡᠷᠬᠢᠵᠤ ᠤᠯᠠᠷᠢᠬᠤ ᠤᠨ ᠵᠢᠯ ᠢ ᠰᠦᠷᠦᠭ ᠤᠨ ᠢᠶᠠᠨ ᠲᠡᠷᠭᠡᠲᠡ ᠨᠦᠭᠴᠢᠭᠡᠵᠦ᠂ ᠪᠤᠭᠲᠠ ᠶᠢᠨ ᠭᠡᠰᠢᠭ ᠲᠠᠢ ᠪᠤᠷᠤ ᠠᠮᠢᠲᠤᠷᠠᠯ ᠢᠶᠠᠨ ᠲᠠᠪᠲᠠᠨ᠎ᠠ᠃      ᠭᠡᠲᠦᠨ ᠵᠢᠯ ᠪᠤᠯᠤᠭ᠎ᠠ ᠦᠭᠡᠢ ᠪᠠᠶᠢᠬᠤ ᠳᠤ ᠤᠶᠢᠷ᠎ᠠ ᠬᠠᠪᠢ ᠶᠢᠨ ᠠᠶᠢᠯ ᠠᠶᠢᠮᠠᠭ᠂ ᠲᠦᠷᠦᠯ ᠰᠠᠲᠤᠨ ᠨᠢ ᠵᠢᠷᠡᠡᠨᠢᠭᠡ ᠠᠲᠤᠭᠤ ᠲᠠᠢ ᠪᠤᠯᠴᠢᠬᠠᠭᠰᠠᠨ ᠢ ᠰᠡᠷᠡᠵᠦ ᠮᠡᠲᠡᠯ᠎ᠡ᠃      — — ᠦᠭᠡᠢ᠂ ᠡᠨᠡ ᠴᠢᠨᠢ ᠶᠠᠭᠤ ᠪᠤᠯᠤᠭᠠᠳ ᠪᠠᠶᠢᠨ᠎ᠠ᠂ ᠬᠤᠶᠠᠷ ᠪᠤᠭᠲᠠ ᠶᠢᠨ ᠨᠤᠯᠤᠤᠷ ᠤᠨ ᠴᠠᠭᠠᠨ ᠢᠮᠠᠭ᠎ᠠ ᠮᠠᠯᠵᠢ ᠭᠡᠵᠤ ᠶᠠᠷᠢᠭᠠᠳ ᠶᠠᠪᠤᠵᠤ ᠪᠠᠶᠢᠭᠰᠠᠨ ᠬᠦᠮᠦᠨ ᠴᠢᠨᠢ ᠤᠲᠤ ᠶᠠᠭᠠᠬᠢᠭᠠᠳ ᠠᠲᠤᠭᠤ ᠦᠰᠭᠡᠬᠦ ᠪᠤᠯᠴᠢᠬᠠᠪᠠᠤ︖      — — ᠤᠲᠤ ᠴᠢᠨᠢ ᠠᠲᠤᠭᠤ ᠦᠨ᠎ᠡ ᠳᠤ ᠤᠷᠤᠵᠤ ᠪᠠᠶᠢᠭ᠎ᠠ ᠶᠤᠮ ᠭᠡᠨ᠎ᠡ᠃      — — ᠰᠠᠶᠢᠨ ᠮᠤᠷᠢ ᠲᠦᠮᠡ ᠬᠦᠷᠴᠦ ᠪᠠᠶᠢᠭ᠎ᠠ ᠶᠤᠮ ᠰᠢᠤ᠂ ᠵᠤᠭᠤᠰ ᠢ ᠬᠤᠭ ᠢᠶᠠᠷ ᠦᠵᠡᠬᠦ ᠦᠭᠡᠢ ᠭᠦᠮᠦᠨ ᠡᠨᠡ ᠬᠤᠷᠸ᠎ᠠ ᠳᠤ ᠴᠦᠭᠡᠨ ᠪᠠᠶᠢᠬ᠎ᠠ ᠡ ᠭᠡᠵᠤ ᠲᠦᠮᠡᠨ ᠤ ᠶᠠᠷᠢᠶ᠎ᠠ ᠵᠢᠬᠦᠷ ᠤᠷᠭᠤᠭᠰᠠᠨ ᠶᠤᠮ ᠰᠢᠭ᠋ ᠨᠢᠭᠡ ᠠᠴᠠ ᠠᠷᠪᠠ ᠳᠤ᠂ ᠨᠢᠭᠡ ᠬᠤᠭᠤᠴᠠᠭᠠᠨ ᠳᠤ ᠬᠤᠶᠠᠷ ᠭᠤᠷᠪᠠᠭᠤᠯᠠ ᠠᠭᠤᠯᠵᠠᠭᠠᠳ ᠰᠠᠭᠤᠬᠤ  ᠳᠤ ᠴᠠᠢ ᠶᠢᠨ ᠵᠤᠭᠤᠭ ᠪᠤᠯᠤᠭᠰᠠᠨ ᠪᠠᠶᠢᠯ᠎ᠠ᠃ ᠤᠴᠢᠷ ᠤᠬᠠᠭᠠᠨ ᠢ ᠨᠢ ᠤᠯᠤᠭ᠎ᠠ ᠦᠭᠡᠢ ᠨᠢᠭᠡ ᠨᠢ ︽ᠪᠠᠰᠠ ᠶᠠᠭᠠᠬᠢᠬᠤ ᠭᠡᠵᠤ ᠪᠠᠶᠢᠭ᠎ᠠ ᠪᠤᠯ︖︾ ᠭᠡᠵᠤ ᠲᠦᠮᠡᠨ ᠤ ᠶᠠᠷᠢᠶ᠎ᠠ ᠶᠢ ᠴᠢᠩᠨᠠᠨ ᠪᠠᠷᠠᠯᠠᠵᠤ ᠰᠠᠭᠤᠨ᠎ᠠ᠃ ᠨᠡᠬᠦᠲᠡᠯ ᠰᠤᠶᠤᠯ ᠭᠡᠵᠤ ᠡᠪᠦᠭᠡ ᠲᠠᠭᠡᠲᠦᠰ ᠮᠠᠨᠢ ᠭᠡᠲᠦᠨ ᠮᠢᠩᠭᠠᠨ ᠤ ᠰᠢᠷᠭᠠᠭᠤ ᠬᠦᠲᠡᠯᠮᠦᠷᠢ᠂ ᠬᠠᠲᠠᠭᠤᠵᠢᠯᠲᠠᠢ ᠠᠮᠢᠲᠤᠷᠠᠯ ᠤᠨ ᠲᠤᠮᠲᠠ ᠢᠲᠡᠭ ᠢᠲᠡᠭ  ᠢᠶᠠᠷ ᠪᠦᠷᠢᠯᠲᠦᠭᠰᠡᠨ ᠶᠤᠮ᠃ ᠡᠨᠡᠬᠦ ᠮᠠᠯᠵᠢᠯ ᠠᠷᠭ᠎ᠠ ᠨᠢ ᠤᠲᠤ ᠴᠦ ᠭᠡᠰᠡᠨ ᠨᠡᠶᠢᠲᠡ ᠲᠦᠮᠡᠨ ᠳᠤ ᠮᠡᠲᠡᠷᠡᠭᠲᠡᠵᠦ᠂ ᠠᠮᠢ ᠠᠬᠤᠢ ᠪᠠᠨ ᠬᠠᠶᠢᠷᠠᠯᠠᠨ ᠬᠠᠮᠠᠭᠠᠯᠠᠭᠰᠠᠨ ᠲᠡᠷᠢᠬᠦᠨ ᠤ ᠰᠤᠶᠤᠯ ᠪᠤᠯᠤᠭᠰᠠᠨ ᠨᠢ ᠶᠠᠷᠢᠶᠠᠨ ᠦᠭᠡᠢ᠃ ᠡᠭᠡ ᠪᠠᠶᠢᠭᠠᠯᠢ ᠲᠠᠢ ᠪᠠᠨ ᠵᠤᠬᠢᠴᠠᠬᠤ ᠤᠨᠴᠠ ᠶᠢᠨ ᠴᠢᠲᠠᠪᠤᠷᠢ ᠲᠠᠢ ᠮᠠᠯᠴᠢᠨ ᠲᠦᠮᠡᠨ ᠮᠠᠨᠢ ᠨᠤᠲᠤᠭ ᠤᠰᠤᠨ ᠤ ᠪᠠᠨ ᠤᠪᠤᠭ᠎ᠠ ᠬᠠᠶᠢᠷᠬᠠᠨ ᠨᠠᠪᠲᠠᠭ ᠰᠠᠪᠲᠠᠭ ᠢᠶᠠᠨ ᠲᠡᠭᠡᠲᠦᠯᠡᠨ ᠲᠡᠬᠢᠵᠦ᠂ ᠨᠡᠬᠦᠭᠡᠳ ᠶᠠᠪᠤᠬᠤ ᠳᠤ ᠪᠠᠨ ᠴᠦ ᠦᠨᠡᠰᠤ ᠪᠠᠨ ᠪᠤᠯᠠᠭᠠᠳ ᠭᠠᠷᠲᠠᠭ ᠲᠠᠷᠬᠠᠨ ᠶᠤᠰᠤ ᠲᠠᠢ᠃      ᠨᠡᠬᠦᠲᠡᠯ ᠰᠤᠶᠤᠯ ᠭᠡᠭᠴᠢ ᠬᠦᠮᠦᠨ ᠪᠠᠶᠢᠭᠠᠯᠢ ᠶᠢᠨ ᠡᠩ ᠦᠭᠡᠢ ᠵᠣᠬᠢᠯᠳᠣᠯ ᠤᠨ ᠪᠤᠲᠠᠲᠤ ᠢᠯᠡᠷᠡᠯ᠂ ᠭᠠᠩᠭᠠᠩ ᠪᠠᠶᠢᠭᠠᠯᠢ ᠪᠠᠨ ᠬᠠᠶᠢᠷᠠᠯᠠᠨ ᠬᠠᠮᠠᠭᠠᠯᠭ᠍ᠰᠠᠨ ᠬᠦᠨᠵᠠᠬᠡᠢ ᠶᠣᠰᠤ᠂ ᠨᠠᠬᠦᠳᠠᠯᠴᠢᠠ ᠦᠠᠳᠣᠰᠣᠳᠠᠠ ᠤ ᠤᠢ ᠪᠢᠯᠢᠭ ᠪᠠ ᠠᠭᠤᠳᠠᠮ ᠬᠡᠩᠬᠦᠳᠡᠭ ᠤᠨ ᠢᠯᠡᠷᠡᠯ᠂ ᠮᠤᠩᠭᠤᠯ ᠰᠤᠶᠤᠯ ᠴᠡᠴᠡᠭᠯᠡᠨ ᠬᠦᠭᠵᠢᠬᠦ ᠡᠷᠠᠮᠠᠯᠵᠠᠯ ᠤᠨ ᠳᠦᠯᠤ ᠲᠡᠷᠡ ᠪᠠᠶᠢᠭ᠎ᠠ ᠶᠣᠮ᠃ ᠤᠰᠤᠨ ᠤ ᠲᠤᠩᠭᠠᠯᠠᠭ ᠡᠪᠡᠰᠤᠨ ᠤ ᠰᠤᠷᠭᠤᠭ ᠢ ᠳᠠᠭᠠᠬᠰᠠᠠ ᠨᠡᠬᠦᠲᠡᠯ ᠠᠮᠢᠲᠤᠷᠠᠯ ᠭᠡᠵᠤ ᠲᠠᠯ᠎ᠠ ᠨᠤᠲᠤᠭ ᠤᠨ ᠠᠮᠢ ᠠᠬᠤᠢ ᠪᠠᠨ ᠬᠠᠮᠠᠭᠠᠯᠠᠭᠰᠠᠨ ᠠᠮᠢ ᠨᠠᠰᠤᠨ ᠤ ᠦᠷᠬᠦᠯᠵᠢᠯᠡᠯ᠂ ᠡᠪᠤᠭᠡᠳ ᠠᠴᠠ ᠦᠪᠯᠡᠭᠰᠡᠨ ᠤᠤᠭᠠᠯ ᠰᠤᠶᠤᠯ ᠤᠨ ᠤᠷᠬᠢᠯᠤᠮᠠᠯ ᠪᠤᠯᠠᠭ ᠪᠠᠶᠢᠭ᠎ᠠ ᠶᠤᠮ᠃ ᠡᠨᠡ ᠪᠦᠬᠦᠨ ᠢ ᠤᠲᠤᠮ ᠵᠠᠯᠭᠠᠭᠰᠠᠨ ᠮᠠᠯᠴᠢᠨ ᠵᠢᠷᠨ᠋ᠡᠨᠢᠭᠡ ᠶᠠᠭᠤᠨ ᠠᠨᠲᠠᠬᠤ ᠪᠢᠯᠡ᠃ ︽ᠲᠠᠯ᠎ᠠ ᠨᠤᠲᠤᠭ ᠲᠤ ᠶᠠᠭᠤᠨ ᠤ ᠤᠴᠢᠷ ᠲᠠᠪᠤᠨ ᠬᠤᠰᠢᠭᠤ ᠮᠠᠯ ᠲᠠᠢ ᠪᠠᠶᠢᠲᠠᠭ ᠶᠤᠮ︖ ᠶᠠᠭᠠᠬᠢᠭᠠᠳ ᠲᠦᠷᠪᠠᠨ ᠬᠤᠰᠢᠭᠤ ᠡᠰᠡᠬᠦᠯ᠎ᠠ ᠵᠢᠷᠭᠤᠭᠠᠨ ᠬᠤᠰᠢᠭᠤ ᠮᠠᠯ ᠮᠠᠯᠵᠢᠲᠠᠭ ᠦᠭᠡᠢ ᠶᠤᠮ︖︾ ᠡᠬᠦᠨ ᠤ ᠤᠴᠢᠷ ᠢ ᠤᠯᠵᠤ ᠮᠡᠲᠡᠬᠦ ᠭᠡᠵᠤ ᠡᠪᠤᠭᠡᠳ ᠪᠤᠭᠤᠷᠤᠯᠴᠤᠳ ᠠᠴᠠ ᠠᠰᠠᠭᠤᠵᠤ ᠰᠤᠷᠠᠯ᠎ᠠ᠂ ᠨᠤᠮ ᠰᠤᠲᠤᠷ  ᠠᠴᠠ ᠡᠷᠢᠵᠦ ᠰᠠᠭᠤᠯ᠎ᠠ᠃ ᠡᠴᠦᠰ ᠲᠤ ᠪᠠᠨ ᠠᠭᠤᠲᠠᠮ ᠲᠠᠯ᠎ᠠ ᠪᠠᠨ ᠴᠢᠮᠡᠭᠰᠡᠨ ᠡᠪᠡᠰᠣ ᠤᠷᠭᠤᠮᠠᠯ ᠲᠡᠬᠦᠨ ᠳᠤ ᠬᠠᠮᠤᠭ ᠤᠨ ᠰᠠᠶᠢᠨ ᠬᠠᠷᠢᠭᠤᠯᠲᠠ ᠦᠭᠬᠦᠭᠰᠡᠨ ᠶᠤᠮ᠃      ︽ᠲᠠᠯ᠎ᠠ ᠨᠤᠲᠤᠭ ᠴᠦ ᠠᠮᠢ ᠲᠠᠢ᠂ ᠬᠠᠶᠢᠷᠠᠯᠠᠨ ᠬᠠᠮᠠᠭᠠᠯᠠᠲᠠᠭ ᠯᠠ ᠶᠤᠮ ᠪᠤᠯ᠂ ᠡᠭᠡ ᠪᠠᠶᠢᠭᠠᠯᠢ ᠡᠷᠬᠢᠭᠡᠳ ᠴᠢᠮ᠎ᠠ ᠳᠤ ᠪᠠᠷᠠᠭᠲᠠᠰᠢ ᠦᠭᠡᠢ ᠡᠬᠢ ᠪᠠᠶᠠᠯᠢᠭ  ᠢᠶᠠᠨ ᠦᠭᠬᠦ ᠶᠤᠮ ᠡ︾ ᠭᠡᠵᠤ ᠪᠠᠲᠤ ᠢᠲᠡᠭᠡᠲᠡᠭ ᠵᠢᠷᠡᠡᠨᠢᠭᠡ ᠲᠠᠪᠤᠨ ᠬᠤᠰᠢᠭᠤ ᠮᠠᠯ ᠪᠦᠷᠢᠲᠦᠬᠦᠯᠬᠦ ᠰᠠᠨᠠᠭ᠎ᠠ ᠲᠠᠢ ᠪᠠᠶᠢᠭᠰᠠᠨ᠃ ᠶᠠᠭᠤ ᠨᠢᠭᠡ ᠶᠢ ᠤᠬᠠᠭᠰᠠᠨ ᠢᠶᠠᠨ ᠪᠠᠭ᠎ᠠ ᠠᠴᠠ ᠪᠠᠨ ᠮᠤᠷᠢ ᠤᠨᠤᠭᠠᠨ ᠳᠤ ᠪᠠᠬ᠎ᠠ ᠲᠠᠢ ᠪᠠᠶᠢᠲᠠᠭ ᠢᠶᠠᠷ ᠢᠶᠠᠨ ᠠᠲᠤᠭᠤ ᠬᠤᠲᠠᠯᠲᠤᠨ ᠠᠪᠴᠢᠷᠠᠵᠤ ᠬᠠᠷᠢᠭᠤᠯᠤᠭᠰᠠᠨ ᠨᠢ ᠡᠨᠡ ᠪᠢᠯᠡ᠃      — — ᠴᠢ ᠴᠢᠨᠢ ᠨᠤᠲᠤᠭ ᠪᠡᠯᠴᠢᠭᠡᠷ ᠢᠶᠠᠨ ᠬᠠᠮᠠᠭᠠᠯᠠᠵᠤ ᠪᠠᠶᠢᠨ᠎ᠠ ᠭᠡᠲᠡᠭ ᠪᠢᠰᠢᠤ᠂ ᠶᠠᠭᠠᠬᠢᠭᠠᠳ ᠪᠠᠰᠠ ᠠᠲᠤᠭᠤ ᠠᠪᠴᠢᠷᠠᠭᠠᠳ ᠬᠠᠷᠢᠭᠤᠯᠵᠤ ᠪᠠᠶᠢᠭ᠎ᠠ ᠶᠤᠮ ᠳ᠋ᠠ︖      — — ᠠᠲᠤᠭᠤ ᠬᠠᠲᠤᠵᠤ ᠪᠠᠶᠢᠬᠤ ᠰᠢᠭ᠋ ᠨᠢᠭᠡ ᠲᠠᠯ᠎ᠠ ᠠᠴᠠ ᠨᠢ ᠨᠦᠬᠦᠭᠡ ᠲᠠᠯ᠎ᠠ ᠳᠤᠨᠢ ᠬᠦᠷᠲᠡᠯ᠎ᠠ ᠬᠢᠷᠠᠭᠠᠵᠤ ᠢᠲᠡᠲᠡᠭ ᠰᠢᠤ᠂ ᠭᠡᠬᠦ ᠳᠤ ᠢᠮᠠᠭ᠎ᠠ ᠬᠦᠶᠦᠲᠡᠯ ᠲᠤᠮᠲᠠ ᠪᠠᠨ ᠢᠲᠡᠲᠡᠭ ᠳ᠋ᠠ᠂ ᠠᠲᠤᠭᠤ ᠪᠡᠯᠴᠢᠭᠡᠷ ᠲᠤ ᠨᠡᠩ ᠬᠠᠯᠠ ᠲᠠᠢ᠃      — — ᠪᠤᠭ ᠮᠠᠯ ᠬᠠᠷᠢᠭᠤᠯᠤᠭᠰᠠᠨ ᠬᠦᠮᠦᠨ ᠶᠠᠭᠤ ᠭᠡᠵᠤ ᠪᠤᠲᠠ ᠮᠠᠯ ᠢ ᠤᠶᠢᠯᠠᠭᠠᠬᠤ ᠪᠤᠢ ᠳ᠋ᠠ ᠭᠡᠰᠡᠨ ᠲᠠᠮ ᠶᠠᠷᠢᠶ᠎ᠠ ᠶᠠᠪᠤᠵᠤ ᠪᠠᠶᠢᠬᠤ ᠳᠤ      — — ᠤᠬᠠᠭᠠᠨ ᠲᠠᠢ ᠵᠠᠯᠠᠭᠤ ᠪᠠᠶᠢᠨ᠎ᠠ᠂ ᠬᠤᠵᠢᠮ ᠶᠠᠭᠤ ᠨᠢᠭᠡ ᠶᠢ ᠪᠦᠲᠦᠭᠡᠵᠦ ᠮᠡᠲᠡᠨ᠎ᠡ ᠭᠡᠵᠤ ᠬᠠᠶᠠ ᠨᠢᠭᠡ ᠨᠢ ᠡᠷᠡᠭᠡᠢ ᠭᠤᠵᠦ᠋ᠢᠯᠭᠠᠨ᠎ᠠ᠃ ︽ᠰᠠᠨᠠᠵᠤ ᠶᠠᠪᠤᠪᠠᠯ ᠪᠦᠲᠦᠨ᠎ᠡ᠂ ᠰᠠᠵᠢᠯᠠᠵᠤ ᠶᠠᠪᠤᠪᠠᠯ ᠬᠦᠷᠦᠨ᠎ᠡ︾ ᠭᠡᠲᠡᠭ ᠢᠶᠠᠷ ᠵᠢᠷᠡᠡᠨᠢᠭᠡ ᠦᠪᠡᠷ ᠤᠨ ᠪᠤᠲᠤᠯ ᠢᠶᠠᠨ ᠲᠠᠰᠤ ᠪᠠᠷᠢᠮᠲᠠᠯᠠᠵᠤ᠂ ᠤᠯᠠᠨ ᠤ ᠶᠠᠷᠢᠶ᠎ᠠ ᠶᠢ ᠶᠠᠭᠤᠮᠠᠨ ᠳᠤ ᠪᠤᠲᠤᠭ᠎ᠠ ᠦᠭᠡᠢ᠂ ᠴᠢᠬᠢ ᠦᠭᠡᠢ ᠲᠤᠯᠤᠭᠠᠢ ᠰᠢᠭ᠋ ᠬᠢᠲᠡᠭ ᠢᠶᠠᠨ ᠬᠢᠭᠰᠡᠭᠡᠷ ᠯᠡ ᠪᠠᠶᠢᠯ᠎ᠠ᠃ ᠦᠨᠡᠨ ᠳᠤ ᠪᠠᠨ ᠲᠡᠷᠡ ᠮᠤᠩᠭᠤᠯ ᠤᠬᠠᠭᠠᠨ  ᠢᠶᠠᠷ ᠠᠮᠢ ᠠᠬᠤᠢ ᠪᠠᠨ ᠬᠠᠮᠠᠭᠠᠯᠠᠬᠤ ᠪᠠᠷ ᠬᠦᠴᠦᠯᠡᠵᠦ ᠪᠠᠶᠢᠭ᠎ᠠ ᠨᠢ ᠡᠨᠡ ᠶᠤᠮ᠃ ᠠᠲᠤᠭᠤ ᠬᠠᠲᠠᠭᠤ ᠡᠪᠡᠰᠣ ᠶᠢ ᠢᠲᠡᠵᠦ᠂ ᠪᠤᠭ ᠮᠠᠯ ᠰᠢᠨ᠎ᠠ ᠰᠤᠷᠭᠤᠭ ᠵᠦᠭᠡᠯᠡᠨ ᠡᠪᠡᠰᠤ ᠶᠢ ᠢᠲᠡᠲᠡᠭ ᠠᠴᠠ ᠬᠠᠷᠢᠯᠴᠠᠨ ᠤᠶᠠᠯᠲᠤᠵᠤ᠂ ᠬᠠᠷᠢᠯᠴᠠᠨ ᠨᠦᠬᠦᠪᠦᠷᠢᠯᠡᠭᠰᠡᠨ ᠨᠢ ᠭᠠᠶᠢᠬᠠᠯᠲᠠᠢ᠃      ᠮᠣᠩᠭᠤᠯ ᠦᠠᠳᠣᠰᠣᠳᠠᠠ ᠭᠡᠭᠴᠢ ᠠᠮᠢ ᠠᠬᠤᠢ ᠪᠠᠨ ᠬᠠᠶᠢᠷᠠᠯᠠᠨ ᠬᠠᠮᠠᠭᠠᠯᠠᠲᠠᠭ ᠦᠠᠳᠣᠰᠣᠳᠠᠠ᠃ ᠮᠣᠩᠭᠤᠯᠴᠣᠣᠠ ᠤᠨ ᠠᠮᠢ ᠠᠬᠤᠢ ᠶᠢᠨ ᠰᠣᠶᠣᠯ ᠨᠢ ᠪᠦᠬᠦ ᠴᠢᠭᠯᠡᠯ ᠢᠶᠠᠷ ᠢᠶᠠᠨ ᠠᠮᠢ ᠠᠬᠤᠢ ᠪᠠᠨ ᠬᠠᠮᠠᠭᠠᠯᠠᠭᠰᠠᠨ ᠰᠣᠶᠣᠯ ᠭᠡᠲᠡᠭ ᠢ ᠤᠨ ᠡᠯᠡᠭᠡᠭᠰᠡᠨ ᠲᠡᠤᠭᠡ ᠭᠡᠷᠡᠴᠢᠯᠡᠭᠰᠡᠨ ᠪᠠᠶᠢᠭ᠎ᠠ ᠶᠤᠮ᠃ ᠨᠡᠬᠦᠲᠡᠯ ᠠᠮᠢᠲᠤᠷᠠᠯ  ᠠᠴᠠ ᠰᠠᠭᠤᠷᠢᠰᠢᠯ ᠠᠮᠢᠲᠤᠷᠠᠯ ᠳᠤ ᠰᠢᠯᠵᠢᠭᠰᠡᠨ ᠦᠨᠦᠲᠦᠷ᠂ ᠠᠮᠢ ᠠᠬᠤᠢ ᠪᠠᠨ ᠬᠠᠮᠠᠭᠠᠯᠠᠬᠤ᠂ ᠠᠲᠠᠯ ᠠᠮᠢᠲᠤᠷᠠᠯ ᠢᠶᠠᠨ ᠲᠡᠭᠡᠭᠰᠢ ᠨᠢ ᠲᠠᠲᠠᠬᠤ ᠤᠬᠠᠭᠠᠨ ᠮᠠᠯᠴᠢᠳ  ᠤᠨ ᠡᠮᠦᠨ᠎ᠡ ᠲᠠᠯᠪᠢᠭᠲᠠᠭᠰᠠᠨ ᠪᠠᠶᠢᠨ᠎ᠠ᠃ ᠵᠢᠷᠡᠡᠨᠢᠭᠡ ᠪᠡᠯᠴᠢᠭᠡᠷ ᠢᠶᠠᠨ ᠵᠦᠪ ᠢᠶᠠᠷ ᠠᠰᠢᠭᠯᠠᠨ᠂ ᠨᠤᠲᠤᠭ ᠪᠠᠯᠴᠢᠭᠡᠷ ᠤᠨ ᠵᠢᠮ᠎ᠠ ᠶᠤᠰᠤᠨ ᠳᠤ ᠨᠡᠶᠢᠴᠠᠬᠦᠯᠵᠤ᠂ ᠠᠲᠤᠭᠤ ᠮᠠᠯᠵᠢᠭᠰᠠᠨ ᠨᠢ ᠡᠨᠡ ᠪᠠᠶᠢᠵᠠᠢ᠃      ︽ᠤᠯᠪᠤᠭ ᠢᠶᠠᠨ ᠴᠤᠭᠤᠷᠠᠲᠠᠯ᠎ᠠ ᠰᠠᠭᠤᠭᠰᠠᠨ ᠮᠡᠷᠭᠡᠨ ᠠᠴᠠ ᠤᠯᠠᠨ ᠢ ᠲᠤᠭᠤᠷᠢᠭᠰᠠᠨ ᠮᠤᠩᠬᠠᠭ ᠲᠡᠭᠡᠷ᠎ᠡ︾ ᠭᠡᠬᠦ ᠦᠭᠡ ᠵᠢᠷᠡᠡᠨᠢᠭᠡ ᠳᠤ ᠶᠠᠪ ᠴᠠᠪ ᠦᠭᠡᠢ ᠵᠤᠬᠢᠷᠠᠨ᠎ᠠ᠃ ᠠᠷᠤ ᠭᠡᠷ ᠤᠨ ᠠᠵᠢᠯ ᠬᠤᠢ ᠨᠢ ᠵᠦᠭ ᠲᠤ ᠪᠠᠨ ᠤᠷᠤᠬᠤᠯᠠᠷ ᠲᠠᠶᠠᠩ ᠢ ᠲᠤᠭᠤᠷᠢᠨ᠂ ᠠᠶᠢᠯ ᠤᠨ ᠨᠤᠬᠠᠢ ᠶᠢ ᠦᠢᠮᠡᠬᠦᠯᠵᠦ᠂ ᠲᠦᠮᠡᠨ ᠤ ᠶᠠᠷᠢᠶ᠎ᠠ ᠶᠢ ᠰᠡᠳᠬᠢᠯ ᠲᠠᠯᠪᠢᠨ ᠰᠤᠨᠤᠰᠴᠦ ᠶᠠᠪᠤᠨ᠎ᠠ᠃ 2005 ᠤᠨ ᠤ ᠬᠠᠪᠤᠷ᠂ ᠤᠩᠭᠤᠨ ᠠᠭᠤᠯᠠ ᠶᠢᠨ ᠦᠪᠦᠷ ᠲᠤ ᠤᠯᠠᠭᠠᠨ ᠪᠠᠶᠢᠪᠠᠩ ︵ᠳᠠᠪᠬᠤᠷ ᠡᠾᠷᠤᠮ ᠬᠦᠴᠢᠯ ᠤᠨ ᠺᠠᠯᠢ︶᠎ ᠤᠨ ᠦᠢᠯᠡᠳᠪᠦᠷᠢ ᠪᠠᠶᠢᠭᠤᠯᠬᠤ ᠭᠡᠰᠡᠨ ᠴᠢᠮᠡᠭᠡ ᠵᠢᠬᠦᠷ ᠲᠠᠢ ᠶᠤᠮ ᠰᠢᠭ᠋ ᠤᠲᠠᠵᠤ ᠲᠦᠲᠡᠯ ᠦᠭᠡᠢ ᠮᠠᠯᠴᠢᠳ ᠤᠨ ᠲᠤᠮᠲᠠ ᠲᠡᠯᠭᠡᠷᠡᠯ᠎ᠠ᠃       — — 200 ᠲᠦᠮᠡᠨ ᠲᠤᠨ ᠦᠢᠯᠡᠳᠪᠦᠷᠢᠯᠡᠬᠦ ᠴᠢᠲᠠᠪᠤᠷᠢ ᠲᠠᠢ ᠤᠯᠠᠭᠠᠨ ᠪᠠᠶᠢᠪᠠᠩ ᠤᠨ ᠦᠢᠯᠡᠳᠪᠦᠷᠢ ᠶᠢ ᠤᠩᠭᠤᠨ ᠠᠭᠤᠯᠠ ᠶᠢᠨ ᠡᠮᠦᠨ᠎ᠠ ᠬᠤᠷᠮᠤᠢ ᠳᠤ ᠪᠠᠶᠢᠭᠤᠯᠬᠤ ᠶᠤᠮ ᠭᠡᠨ᠎ᠠ᠃      — — ᠲᠡᠨᠲᠡ ᠰᠠᠭᠤᠭ᠎ᠠ ᠠᠶᠢᠯ ᠲᠠᠢ ᠨᠤᠲᠤᠭ ᠪᠡᠯᠴᠢᠭᠡᠷ ᠢ ᠨᠢ ᠡᠵᠡᠯᠡᠭᠰᠡᠨ ᠨᠦᠬᠦᠪᠦᠷᠢ ᠮᠦᠩᠬᠦ ᠭᠡᠲᠦᠢ ᠭᠡᠲᠦᠢ ᠦᠭᠬᠦ ᠪᠠᠨ ᠴᠦ ᠪᠦᠷ ᠭᠡᠯᠡᠯᠴᠡᠨ ᠲᠤᠬᠢᠷᠠᠭᠠᠳ ᠪᠠᠶᠢᠭ᠎ᠠ ᠶᠤᠮ ᠭᠡᠨ᠎ᠡ᠃      — — ᠤᠯᠠᠭᠠᠨ ᠪᠠᠶᠢᠪᠠᠩ ᠤᠨ ᠦᠢᠯᠡᠳᠪᠦᠷᠢ ᠠᠴᠠ ᠭᠠᠲᠠᠨ᠎ᠠ ᠪᠠᠰᠠ ᠨᠡᠭᠦᠷᠡᠰᠦ ᠭᠡᠤᠷᠰᠢᠬᠦᠯᠬᠦ ᠦᠢᠯᠡᠳᠪᠦᠷᠢ ᠪᠠᠶᠢᠭᠤᠯᠬᠤ ᠶᠤᠮ ᠭᠡᠨ᠎ᠠ᠃      — — ᠠ᠂ ᠬᠤᠶᠠᠷ ᠶᠤᠮ ᠤᠤ︖      — — ᠲᠡᠷᠡ ᠠᠶᠢᠯ ᠴᠦ ᠨᠢᠭᠡ ᠯᠠ ᠰᠦᠨᠢ ᠶᠢᠨ ᠬᠤᠭᠤᠷᠤᠨᠲᠤ ᠭᠠᠵᠠᠷ ᠲᠠᠭᠠᠭᠠᠬᠤ ᠦᠭᠡᠢ ᠪᠠᠶᠠᠵᠢᠬᠤ ᠨᠢ ᠁      ᠵᠢᠷᠡᠡᠨᠢᠭᠡ ᠰᠤᠴᠢᠰᠬᠢᠵᠦ ᠠᠪᠤᠪᠠ᠃ ᠤᠯᠠᠭᠠᠨ ᠪᠠᠶᠢᠪᠠᠩ ᠶᠠᠭᠤ ᠭᠡᠲᠡᠭ ᠢ ᠲᠡᠷᠡ ᠲᠤᠩ ᠲᠤᠲᠤᠷᠬᠠᠢ ᠮᠡᠲᠡᠨ᠎ᠡ᠃ ᠤᠯᠭᠠᠨ ᠪᠠᠶᠢᠪᠠᠩ ᠨᠢ ᠬᠦᠷᠦᠰᠤ ᠰᠢᠷᠦᠢ  ᠶᠢ ᠪᠤᠬᠢᠷᠲᠠᠭᠤᠯᠤᠨ ᠡᠪᠡᠰᠤ ᠤᠷᠭᠤᠮᠠᠯ ᠤᠨ ᠤᠷᠭᠤᠴᠠ ᠶᠢ ᠨᠦᠯᠦᠭᠡᠯᠡᠵᠦ᠂ ᠭᠠᠵᠠᠷ ᠤᠨ ᠬᠦᠨ ᠳᠠᠬᠢ ᠤᠰᠤᠨ ᠰᠤᠷᠪᠤᠯᠵᠢ ᠶᠢ ᠬᠦᠨᠲᠦ ᠨᠤᠴᠢᠲᠠᠢ ᠪᠤᠬᠢᠷᠲᠠᠭᠤᠯᠲᠠᠭ᠃ ᠬᠦᠮᠦᠨ ᠬᠤᠤᠷᠲᠠᠭᠲᠠᠪᠠᠯ ᠬᠠᠮᠠᠷ ᠠᠴᠠ ᠨᠢ ᠴᠢᠰᠤ ᠭᠤᠭᠤᠵᠢᠬᠤ᠂ ᠤᠭᠰᠢᠭᠤᠯᠬᠤ᠂ ᠪᠦᠭᠡᠯᠵᠢᠬᠦ᠂ ᠭᠡᠲᠡᠰᠤ ᠡᠪᠡᠳᠬᠦ᠂ ᠴᠢᠰᠤ ᠪᠠᠷ ᠪᠠᠭᠠᠬᠤ ᠵᠡᠷᠭᠡ ᠢᠯᠡᠷᠡᠯ ᠲᠠᠢ ᠪᠠᠶᠢᠵᠤ᠂ ᠬᠦᠨᠲᠦᠲᠦᠪᠡᠯ᠂ ᠠᠮᠢᠰᠬᠤᠬᠤ ᠳᠤ ᠬᠦᠴᠢᠷᠲᠡᠬᠦ᠂ ᠮᠠᠨᠠᠷᠠᠬᠤ᠂ ᠪᠦᠭᠡᠷ᠎ᠡ ᠶᠢᠨ ᠴᠢᠲᠠᠪᠤᠷᠢ ᠮᠠᠭᠤᠲᠠᠬᠤ᠂ ᠴᠢᠨᠠᠭᠰᠢᠯᠠᠭᠠᠳ ᠦᠮᠡᠨ ᠡᠪᠡᠳᠴᠢᠨ ᠤᠷᠤᠲᠠᠭ ᠪᠠᠶᠢᠨ᠎ᠠ᠂ ᠡᠬᠦᠨ ᠠᠴᠠ ᠭᠠᠲᠠᠨ᠎ᠠ ᠪᠠᠰᠠ ᠬᠠᠮᠠᠷ ᠤᠨ ᠦᠷᠪᠢᠰᠤᠯ᠂ ᠠᠮᠢᠰᠬᠤᠯ ᠤᠨ ᠰᠢᠰᠲ᠋ᠧᠮ ᠤᠨ ᠦᠷᠪᠢᠰᠦᠯ᠂ ᠠᠷᠠᠰᠤᠨ ᠦᠷᠪᠢᠰᠦᠯ᠂ ᠡᠾᠷᠤᠮ ᠰᠢᠷᠬᠠᠯᠠᠭ᠎ᠠ ᠵᠡᠷᠭᠡ ᠤᠲᠠᠭᠠᠨ ᠴᠢᠨᠠᠷᠲᠠᠢ ᠡᠪᠡᠳᠴᠢᠨ ᠲᠤᠰᠲᠠᠭ᠃ ᠨᠡᠭᠦᠷᠡᠰᠦ ᠭᠡᠤᠷᠰᠢᠬᠦᠯᠬᠦ ᠶᠠᠪᠤᠴᠠ ᠳᠤ ᠬᠠᠶᠠᠭᠲᠠᠮᠠᠯ ᠤᠰᠤᠨ ᠳᠤᠨᠢ ᠪᠧᠨ᠋ᠽᠧᠠ ᠤ ᠲᠦᠷᠦᠯ ᠠᠭᠤᠯᠤᠭᠳᠠᠵᠤ᠂ ᠮᠠᠲᠡᠷᠡᠯ ᠮᠠᠭᠤᠲᠠᠬᠤ᠂ ᠴᠢᠰᠤᠨ ᠤ ᠤᠯᠠᠭᠠᠨ ᠴᠠᠭᠠᠨ ᠡᠰ ᠪᠠᠭᠠᠰᠬᠤ᠂ ᠴᠢᠮᠦᠭᠡ ᠳᠤ ᠬᠤᠤᠷ ᠤᠴᠠᠷᠠᠭᠤᠯᠬᠤ᠂ ᠰᠠᠷ᠎ᠠ ᠶᠢᠨ ᠭᠬᠢᠷ ᠲᠡᠭᠰᠢ ᠦᠭᠡᠢ ᠪᠤᠯᠬᠤ᠂ ᠨᠢᠯᠬ᠎ᠠ ᠭᠡᠤᠭᠡᠳ ᠤᠨ ᠦᠰᠦᠯᠲᠠ ᠶᠢ ᠬᠠᠷᠰᠢᠯᠠᠬᠤ ᠵᠡᠷᠭᠡ ᠤᠯᠠᠨ ᠡᠪᠡᠳᠴᠢᠨ ᠢ ᠡᠬᠦᠰᠭᠡᠵᠦ᠂ ᠤᠯᠠᠨ ᠤᠯᠤᠰ ᠤᠨ ᠦᠮᠡᠨ ᠤ ᠰᠤᠲᠤᠯᠭᠠᠨ ᠤ ᠲᠦᠪ ᠠᠴᠠ ᠮᠡᠲᠡᠷᠡᠭᠰᠡᠨ ᠦᠮᠡᠨ ᠡᠬᠦᠰᠭᠡᠬᠦ ᠪᠤᠲᠠᠰ ᠪᠤᠯᠤᠨ᠎ᠠ᠂ ᠲᠡᠬᠦᠨ ᠤ ᠨᠢᠭᠤᠭᠲᠠᠮᠠᠯ ᠬᠤᠤᠷᠲᠠᠭᠤᠯᠬᠤ ᠬᠤᠭᠤᠴᠠᠭ᠎ᠠ ᠨᠢ 12 — — 15 ᠵᠢᠯ ᠪᠠᠶᠢᠵᠤ᠂ ᠤᠷᠴᠢᠨ ᠲᠤᠭᠤᠷᠢᠨ ᠤ ᠡᠪᠡᠰᠤ ᠤᠷᠭᠤᠮᠠᠯ᠂ ᠭᠠᠵᠠᠷ ᠰᠢᠷᠤᠢ ᠶᠢ ᠶᠡᠭᠡ ᠪᠠᠷ ᠨᠦᠯᠦᠭᠡᠯᠡᠲᠡᠭ᠃ ᠦᠢᠯᠡᠳᠪᠦᠷᠢ ᠠᠴᠠ ᠭᠠᠷᠬᠤ ᠤᠲᠤᠭᠠᠨ ᠳᠤ ᠬᠦᠬᠦᠷ᠂ ᠬᠦᠬᠦᠷᠲᠦ ᠤᠰᠤᠲᠥ᠋ᠷᠥᠭᠴᠢ ᠵᠡᠷᠭᠡ ᠡᠯᠧᠮᠧᠨ᠋ᠲ ᠠᠭᠤᠯᠤᠭᠲᠠᠵᠤ᠂ ᠬᠦᠮᠦᠨ ᠮᠠᠯ ᠢ ᠬᠤᠤᠷᠲᠠᠭᠤᠯᠬᠤ ᠪᠠᠷ ᠪᠠᠷᠠᠬᠤ ᠦᠭᠡᠢ ᠠᠭᠠᠷ ᠢ ᠪᠤᠬᠢᠷᠲᠠᠭᠤᠯᠲᠠᠭ᠃      ᠬᠤᠶᠠᠷ ᠦᠢᠯᠡᠳᠪᠦᠷᠢ ᠨᠢ ᠲᠦᠷᠪᠡᠨ ᠬᠦᠨ ᠬᠤᠳᠲᠤᠭ ᠮᠠᠯᠲᠠᠵᠤ᠂ ᠦᠢᠯᠡᠳᠪᠦᠷᠢ ᠨᠢ ᠪᠦᠷᠢᠨ ᠠᠵᠢᠯᠯᠠᠵᠤ ᠡᠬᠢᠯᠡᠪᠡᠯ ᠪᠠᠷᠤᠭ 8000 ᠲᠦᠮᠡᠨ ᠲᠤᠨ ᠤᠰᠤ ᠭᠡᠷᠡᠭᠰᠡᠬᠦ ᠴᠢᠬᠤᠯᠠᠲᠠᠢ᠃ ︽ᠡᠨᠡ ᠴᠢᠨᠢ ᠶᠠᠭᠤ ᠭᠡᠰᠡᠨ ᠤᠴᠢᠷ ᠪᠤᠢ᠂ ᠪᠤᠷᠬᠠᠨᠲᠤ ᠶᠢᠨ ᠭᠤᠤᠯ ᠰᠢᠷᠬᠢᠨ᠎ᠡ ᠭᠡᠰᠡᠨ ᠤᠴᠢᠷ︾᠃ ᠪᠠᠶᠢᠲᠠᠯ ᠦᠨᠡᠨ ᠮᠥᠨ ᠪᠤᠯᠤᠭᠰᠠᠨ  ᠢ ᠮᠡᠲᠡᠭᠰᠡᠨ ᠵᠢᠷᠡᠡᠨᠢᠭᠡ ᠬᠤᠶᠠᠷ ᠦᠢᠯᠡᠳᠪᠦᠷᠢ ᠶᠢ ᠵᠤᠭᠰᠤᠭᠠᠬᠤ ᠡᠷᠬᠦᠲᠡᠯ ᠢᠶᠠᠨ ᠠᠪᠤᠭᠠᠳ ᠴᠠᠭ ᠢ ᠵᠠᠪᠲᠤᠨ ᠡᠲᠦᠷ ᠰᠦᠨᠢ ᠢᠯᠭᠠᠯ ᠦᠭᠡᠢ ᠮᠠᠯᠴᠢᠳ ᠢᠶᠠᠷ ᠭᠠᠷ  ᠤᠨ ᠦᠰᠦᠭ ᠵᠢᠷᠤᠭᠤᠯᠵᠤ ᠬᠤᠷᠤᠭᠤ ᠲᠠᠷᠤᠭᠤᠯᠤᠭᠠᠳ ᠶᠠᠭᠠᠷᠠᠯ᠎ᠠ᠃      ᠤᠩᠭᠤᠨ ᠠᠭᠤᠯᠠ ᠶᠢᠨ ᠪᠠᠷᠠᠭᠤᠨ ᠰᠤᠭᠤ ᠪᠠᠷ ᠪᠤᠷᠬᠠᠨᠲᠤ ᠶᠢᠨ ᠭᠤᠤᠯ ᠮᠤᠷᠤᠯᠵᠠᠨ ᠤᠷᠤᠰᠤᠨ᠎ᠠ᠃ ᠭᠤᠤᠯ ᠤᠨ ᠵᠡᠬᠦᠨ ᠲᠤᠪᠤ ᠲᠡᠭᠡᠷ᠎ᠡ ᠵᠢᠷᠡᠡᠨᠢᠭᠡ ᠡᠲᠦᠷ ᠠᠯᠭᠠᠰᠠᠯ ᠦᠭᠡᠢ ᠲᠤᠰ ᠠᠶᠢᠯ ᠤᠨ ᠪᠠᠶᠢᠲᠠᠯ ᠢ ᠠᠵᠢᠭᠯᠠᠨ ᠰᠠᠭᠤᠵᠤ ᠪᠠᠶᠢᠲᠠᠯ᠎ᠠ᠂ ᠬᠤᠶᠠᠷ ᠭᠤᠷᠪᠠᠨ ᠪᠠᠭ᠎ᠠ ᠮᠠᠰᠢᠨ ᠡᠨᠡ ᠠᠶᠢᠯ ᠢ ᠴᠢᠭᠯᠡᠯ᠎ᠠ᠃ ᠲᠤᠰᠤᠨ ᠬᠦᠯᠢᠶᠡᠵᠦ ᠪᠠᠶᠢᠭᠰᠠᠨ ᠵᠢᠷᠡᠡᠨᠢᠭᠡ ᠰᠢᠭᠤᠳ ᠲᠠᠯᠪᠢᠭᠠᠳ ᠬᠦᠷᠬᠦ ᠳᠤ᠂ ᠡᠨᠡ ᠠᠶᠢᠯ ᠤᠨ ᠤᠶᠢᠷ᠎ᠠ ᠬᠠᠪᠢ ᠳᠤ ᠴᠠᠭᠠᠨ ᠴᠤᠬᠤᠢ ᠪᠠᠷ ᠭᠠᠵᠠᠷ ᠲᠦᠬᠦᠷᠡᠩ ᠬᠦᠨᠲᠡᠯᠡᠨ ᠭᠤᠯᠲᠤ ᠵᠢᠷᠤᠭᠠᠰᠤ ᠵᠢᠷᠤᠵᠠᠢ᠃ ᠠᠮᠤᠷ ᠮᠡᠨᠲᠤ ᠲᠠᠢ ᠭᠡᠷ ᠲᠤ ᠤᠷᠤᠬᠤ ᠳᠤ᠂ ᠰᠤᠮᠤᠨ ᠤ ᠱᠦᠵᠢ ᠲᠦᠷᠦᠬᠦᠦ ᠲᠠᠢ ᠲᠠᠨᠢᠬᠤ ᠲᠠᠨᠢᠬᠤ ᠦᠭᠡᠢ ᠠᠷᠪᠠᠭᠠᠳ ᠬᠦᠮᠦᠨ ᠴᠠᠢ ᠤᠤᠭᠤᠴᠢᠬᠠᠭᠰᠠᠨ ᠢᠨᠢᠶᠡᠲᠦ ᠲᠠᠢ ᠬᠠᠨᠢᠶᠠᠲᠤ ᠲᠠᠢ ᠵᠤᠭᠤᠭ ᠲᠡᠯᠭᠡᠨ ᠰᠠᠭᠤᠵᠤ ᠪᠠᠶᠢᠯ᠎ᠠ᠃ ᠬᠦᠮᠦᠰ ᠤᠨ ᠮᠠᠩᠨᠠᠢ ᠲᠠᠨᠠᠶᠢᠵᠤ᠂ ᠬᠤᠤᠰ ᠨᠢᠲᠤᠨ ᠠᠴᠠ ᠨᠢ ᠪᠠᠶᠠᠷ ᠤᠨ ᠤᠴᠢ ᠬᠠᠷᠪᠤᠨ᠎ᠠ᠃      — — ᠲᠠᠷᠤᠭ᠎ᠠ ᠠᠴᠠ ᠠᠰᠠᠭᠤᠬᠤ ᠨᠢ ᠶᠠᠭᠤ ᠭᠡᠵᠤ ᠠᠲᠡ ᠡᠨᠡ ᠬᠤᠶᠠᠷ ᠦᠢᠯᠡᠳᠪᠦᠷᠢ ᠶᠢ ᠪᠠᠶᠢᠭᠤᠯᠬᠤ ᠶᠤᠮ︖      — — ᠤᠲᠤ ᠪᠦᠬᠦ ᠨᠡᠶᠢᠭᠡᠮ ᠢᠶᠠᠷ ᠢᠶᠠᠨ ᠠᠵᠤ ᠠᠬᠤᠢ ᠶᠢ ᠬᠦᠭᠵᠢᠬᠦᠯᠵᠦ ᠪᠠᠶᠢᠨ᠎ᠠ᠂ ᠦᠢᠯᠡᠳᠪᠦᠷᠢ ᠪᠠᠶᠢᠭᠤᠯᠬᠤ ᠦᠭᠡᠢ ᠪᠠᠷ ᠶᠠᠭᠠᠬᠢᠵᠤ ᠠᠵᠤ ᠠᠬᠤᠢ  ᠪᠠᠨ ᠬᠦᠭᠵᠢᠬᠦᠯᠦᠨ᠎ᠡ⁈      — — ᠮᠠᠯᠴᠢᠨ ᠪᠢ ᠬᠦᠷᠲᠡᠯ᠎ᠠ ᠡᠨᠡ ᠬᠤᠶᠠᠷ ᠦᠢᠯᠡᠳᠪᠤᠷᠢ ᠭᠡᠲᠦᠢ ᠪᠤᠬᠢᠷᠲᠤᠯ ᠲᠠᠢ ᠭᠡᠲᠡᠭ ᠢ ᠮᠡᠲᠡᠵᠦ ᠪᠠᠶᠢᠲᠠᠯ᠎ᠠ᠂ ᠠᠯᠲᠠ ᠰᠢᠷᠡᠭᠡᠨ ᠤ ᠠᠷᠤ ᠳᠤ ᠠᠯᠴᠠᠶᠢᠵᠤ ᠰᠠᠭᠤᠭᠠᠳ ᠠᠯᠪᠠᠨ ᠪᠢᠴᠢᠭ ᠦᠵᠡᠵᠦ᠂ ᠠᠮᠢ ᠠᠬᠤᠢ ᠭᠡᠵᠤ ᠤᠩᠰᠢᠲᠠᠭ ᠲᠠ ᠨᠠᠷ ᠮᠡᠲᠡᠬᠦ ᠦᠭᠡᠢ ᠭᠡᠵᠢ ᠤᠤ︖ ᠪᠤᠷᠬᠠᠨᠲᠤ ᠶᠢᠨ ᠭᠤᠤᠯ ᠲᠠᠭᠠᠭᠰᠠᠨ 2000 ᠭᠠᠷᠤᠢ ᠬᠦᠮᠦᠨ᠂ 30000 ᠭᠠᠷᠤᠢ ᠮᠠᠯ ᠤᠨ ᠤᠤᠭᠤᠬᠤ ᠤᠰᠤ ᠪᠤᠬᠢᠷᠲᠤᠵᠤ ᠰᠢᠷᠬᠢᠪᠡᠯ ᠲᠡᠲᠡᠨ ᠤ ᠠᠮᠢᠲᠤᠷᠠᠯ ᠶᠠᠭᠤ ᠪᠤᠯᠬᠤ ᠶᠢ ᠮᠡᠲᠡᠬᠦ ᠦᠭᠡᠢ ᠭᠡᠵᠢ ᠤᠤ︖      — — ᠭᠡᠨ ᠮᠡᠲᠡᠬᠦ ᠦᠭᠡᠢ ᠭᠡᠵᠤ ᠪᠠᠶᠢᠭ᠎ᠠ ᠶᠤᠮ⁉ ᠤᠲᠤ ᠶᠢᠨ ᠮᠡᠷᠭᠡᠵᠢᠯ ᠢᠶᠠᠷ ᠲᠡᠬᠦᠨ ᠢ ᠴᠢᠨᠢ ᠪᠤᠬᠢᠷᠲᠤᠯ ᠦᠭᠡᠢ ᠰᠠᠶᠢᠬᠠᠨ ᠰᠢᠢᠳᠪᠦᠷᠢᠯᠡᠴᠢᠭᠡᠨ᠎ᠡ᠃ ᠪᠠᠶᠠᠨᠬᠢᠷ᠎ᠠ ᠭᠠᠴᠠᠭ᠎ᠠ ᠪᠡ ᠰᠢᠷᠠᠴᠢᠯᠠᠭᠤ ᠭᠠᠴᠠᠭᠠᠨ ᠤ ᠭᠡᠰᠡᠭ ᠮᠠᠯᠴᠢᠳ ᠢ ᠰᠢᠨ᠎ᠠ ᠰᠠᠭᠤᠷᠢᠰᠢᠯ ᠳᠤ ᠨᠡᠬᠦᠯᠭᠡᠨ ᠲᠤᠬᠢᠷᠠᠭᠤᠯᠤᠨ᠎ᠠ᠃      — — ᠭᠡᠨ ᠵᠦᠪᠰᠢᠶᠡᠷᠡᠭᠰᠡᠨ ᠶᠤᠮ︖ ᠬᠦᠷᠦᠮᠲᠤ᠂ ᠬᠠᠷᠠᠴᠢᠯᠠᠭᠤ᠂ ᠪᠠᠶᠠᠨᠬᠢᠷ᠎ᠠ᠂ ᠰᠢᠷᠠᠴᠢᠯᠠᠭᠤ ᠭᠠᠴᠠᠭᠠᠨ ᠤ 2000 ᠭᠠᠷᠤᠢ ᠮᠠᠯᠴᠢᠳ ᠵᠦᠪᠰᠢᠶᠡᠷᠡᠬᠦ ᠦᠭᠡᠢ᠂ ᠭᠠᠷ ᠤᠨ ᠦᠰᠦᠭ ᠢᠶᠠᠨ ᠵᠢᠷᠤᠵᠤ ᠬᠤᠷᠤᠭᠤ ᠲᠠᠷᠤᠭᠰᠠᠨ ᠡᠷᠬᠦᠲᠡᠯ ᠠᠲᠠ ᠪᠠᠶᠢᠨ᠎ᠠ᠃      — — ᠬᠤᠰᠢᠭᠤᠨ ᠠᠴᠠ ᠵᠦᠪᠰᠢᠶᠡᠷᠡᠭᠰᠡᠨ᠂ ᠡᠨᠡ ᠪᠠᠶᠢᠨ᠎ᠠ ᠭᠡᠳ ᠤᠯᠠᠭᠠᠨ ᠲᠦᠷᠦᠬᠦᠦ ᠲᠠᠢ ᠠᠯᠪᠠᠨ ᠪᠢᠴᠢᠭ ᠢ ᠭᠠᠷᠭᠠᠵᠤ ᠦᠭᠬᠦᠯ᠎ᠡ᠃ ︽ᠭᠡ᠂ ᠭᠡ︾ ᠭᠡᠵᠤ ᠵᠢᠷᠡᠡᠨᠢᠭᠡ ᠬᠦᠢᠲᠡᠨ ᠢᠶᠠᠷ ᠢᠨᠢᠶᠡᠭᠰᠡᠨ ᠢᠶᠠᠨ      — — ᠲᠠᠮᠠᠭ᠎ᠠ ᠮᠠᠮᠠᠭ᠎ᠠ ᠪᠠᠶᠢᠲᠠᠭ ᠦᠭᠡᠢ ᠪᠢᠴᠢᠭ ᠢ ᠴᠢᠨᠢ ᠠᠯᠪᠠᠨ ᠪᠢᠴᠢᠭ ᠭᠡᠲᠡᠭ ᠤᠤ︖ ᠲᠠᠨᠤᠰ ᠭᠡᠨ ᠢ ᠮᠡᠭᠡᠯᠡᠵᠦ ᠪᠠᠶᠢᠭ᠎ᠠ ᠶᠤᠮ᠂ ᠲᠠ ᠨᠠᠷ ᠰᠢᠭ᠋ ᠮᠠᠯᠴᠢᠳ ᠢᠶᠠᠨ ᠪᠤᠲᠤᠯᠬᠢᠯᠠᠬᠤ ᠦᠭᠡᠢ ᠨᠤᠶᠠᠳ ᠢᠶᠠᠷ ᠶᠠᠭᠤ ᠬᠢᠬᠦ ᠶᠤᠮ ᠭᠡᠳ ᠭᠠᠷ ᠲᠤ ᠪᠠᠨ ᠪᠠᠷᠢᠭᠰᠠᠨ ᠴᠠᠭᠠᠨ ᠲᠡᠷᠡᠰᠤ ᠪᠠᠷ ᠲᠠᠷᠤᠭ᠎ᠠ ᠶᠢᠨ ᠬᠠᠮᠠᠷ ᠢ ᠵᠢᠭᠠᠨ ᠬᠠᠷᠢᠶᠠᠯ᠎ᠠ᠃      ᠵᠢᠷᠡᠡᠨᠢᠭᠡ ᠲᠠᠮᠠᠭ᠎ᠠ ᠦᠭᠡᠢ ᠠᠯᠪᠠᠨ ᠪᠢᠴᠢᠭ ᠢ ᠡᠪᠭᠡᠭᠡᠳ ᠰᠢᠭᠤᠳ ᠦᠪᠡᠷ ᠤᠨ ᠬᠠᠷᠮᠠᠨ ᠳᠤ ᠪᠠᠨ ᠬᠢᠴᠢᠭᠡᠯ᠎ᠡ᠃ ᠲᠠᠷᠤᠭ᠎ᠠ ᠶᠢᠨ ᠴᠢᠷᠡᠢ ᠨᠢ ᠦᠶ᠎ᠡ ᠴᠠᠶᠢᠵᠦ᠂ ᠦᠶ᠎ᠡ ᠬᠦᠭᠡᠷᠠᠨ ᠪᠡᠶ᠎ᠡ ᠨᠢ ᠴᠡᠴᠡᠷᠡᠵᠦ ᠪᠠᠶᠢᠭᠰᠠᠨ ᠴᠦ ᠬᠦᠲᠡᠯᠦᠯ ᠦᠭᠡᠢ ᠰᠠᠭᠤᠨ᠎ᠠ᠃ ᠠᠭᠤᠷ ᠤᠮᠤᠭ ᠨᠢ ᠭᠡᠲᠦᠢ ᠶᠡᠭᠡ ᠪᠠᠶᠢᠭᠰᠠᠨ ᠴᠦ ᠶᠠᠭᠠᠬᠢᠵᠦ ᠴᠢᠲᠠᠭ᠎ᠠ ᠦᠭᠡᠢ᠂ ᠤᠬᠠᠭᠠᠨ ᠲᠠᠢ ᠬᠤᠶᠠᠷ ᠨᠢ ᠠᠯᠢ ᠭᠡᠲᠦ᠋ᠢᠨᠡᠢ ᠭᠡᠷ ᠠᠴᠠ ᠭᠠᠷᠴᠤ᠂ ᠭᠡᠢ ᠭᠠᠷᠤᠭᠰᠠᠨ ᠪᠦᠮᠪᠦᠭᠡ ᠰᠢᠭ ᠭᠡᠷ ᠤᠨ ᠰᠡᠬᠦᠲᠡᠷ ᠲᠠᠭᠠᠨ ᠨᠠᠭᠠᠰᠢ ᠴᠠᠭᠠᠰᠢ ᠲᠡᠮᠡᠢ ᠯᠠ ᠬᠤᠯᠬᠢᠵᠤ᠂ ᠭᠡᠷ ᠲᠤ ᠶᠠᠭᠤ ᠪᠤᠯᠤᠭᠰᠠᠨ ᠪᠤᠯ ᠭᠡᠵᠤ ᠴᠢᠬᠢ ᠲᠠᠯᠪᠢᠨ᠎ᠠ᠃ ᠪᠤᠰᠤᠳ ᠬᠦᠮᠦᠰ ᠪᠠᠭᠰᠢ ᠳᠤ ᠪᠠᠨ ᠰᠢᠬᠦᠮᠵᠢᠯᠡᠭᠲᠡᠭᠰᠡᠨ ᠪᠠᠭ᠎ᠠ ᠰᠤᠷᠭᠠᠭᠤᠯᠢ ᠶᠢᠨ ᠰᠤᠷᠤᠭᠴᠢ ᠰᠢᠭ᠋ ᠤᠷᠤ ᠤᠷᠤᠨ ᠳᠤ ᠪᠠᠨ ᠨᠠᠮ ᠰᠠᠭᠤᠵᠠᠭᠠᠨ᠎ᠠ᠃      — — ᠠᠯᠪᠠᠨ ᠪᠢᠴᠢᠭ ᠢ ᠦᠭ᠂ ᠴᠢ ᠶᠠᠭᠠᠬᠢᠬᠤ ᠰᠠᠨᠠᠭ᠎ᠠ ᠲᠠᠢ ᠶᠤᠮ︖      — — ᠪᠢ ᠴᠢᠮ᠎ᠠ ᠳᠤ ᠦᠭᠬᠦ ᠦᠭᠡᠢ᠂ ᠴᠢᠲᠠᠯ ᠴᠢᠨᠢ ᠬᠦᠷᠪᠡᠯ ᠢᠷᠡᠭᠡᠳ ᠠᠪ ᠁ ᠡᠴᠦᠰ ᠲᠤ ᠪᠠᠨ ᠭᠡᠨ ᠨᠢ ᠴᠦ ᠰᠠᠨᠠᠭᠠᠨ ᠳᠤ ᠬᠦᠷᠴᠦ ᠴᠢᠲᠠᠯ ᠦᠭᠡᠢ ᠪᠤᠵᠢᠬᠢᠨᠠᠯᠲᠤᠭᠠᠳ ᠪᠤᠲᠠᠷᠠᠯ᠎ᠠ᠃ ︽ᠰᠠᠶᠢᠨ ᠬᠦᠮᠦᠨ ᠰᠠᠨᠠᠭ᠎ᠠ ᠪᠠᠷ᠂ ᠰᠠᠷᠠᠯ ᠮᠤᠷᠢ ᠵᠢᠷᠤᠭ᠎ᠠ ᠪᠠᠷ︾ ᠭᠡᠭᠴᠢ᠂ ᠡᠨᠡ ᠦᠶ᠎ᠠ ᠠᠶᠢᠮᠠᠭ ᠤᠨ ᠱᠠᠲᠤᠨ ᠳᠤ ᠲᠠᠷᠤᠭ᠎ᠠ ᠪᠠᠶᠢᠭᠰᠠᠨ ᠡᠷᠳᠡᠨᠢᠭᠡᠰᠢᠭ᠂ ᠰᠤᠮᠢᠶ᠎ᠠ ᠤᠷᠠᠳ ᠤᠨ ᠲᠤᠮᠲᠠᠲᠤ ᠬᠤᠰᠢᠭᠤᠨ ᠳᠤ ᠠᠵᠢᠯ ᠪᠠᠶᠢᠴᠠᠭᠠᠬᠤ ᠪᠠᠷ ᠢᠷᠡᠭᠰᠡᠨ ᠪᠦᠭᠡᠳ ᠶᠠᠭ ᠯᠠ ᠡᠲᠡᠨ ᠤ ᠵᠡᠬᠦᠨ ᠠᠶᠢᠯ ᠳᠤ ᠪᠠᠶᠢᠬᠤ ᠪᠠᠲᠦᠲᠠᠢ ᠰᠤᠷᠠᠭ ᠢ ᠵᠢᠷᠡᠡᠨᠢᠭᠡ ᠶᠢᠨ ᠡᠭᠡᠨᠡᠷ ᠤᠳᠬᠠᠨᠰᠸ᠎ᠠ ᠨᠢ ᠤᠯᠵᠤ ᠰᠤᠨᠤᠰᠤᠮᠠᠭᠴᠠ ᠨᠦᠬᠦᠷ ᠲᠤ ᠪᠠᠨ ᠤᠲᠠᠰᠤ ᠵᠠᠯᠭᠠᠯ᠎ᠠ᠃      — — ᠡᠨᠡ ᠶᠠᠭᠤᠮ᠎ᠠ ᠬᠠᠮᠢᠭᠠᠭᠤᠷ ᠲᠠᠪᠬᠢᠵᠦ ᠪᠠᠶᠢᠭᠰᠠᠨ ᠢ ᠮᠡᠲᠡᠭᠰᠡᠨ ᠦᠭᠡᠢ᠂ ᠤᠲᠠᠰᠤ ᠲᠤᠰᠤᠭᠠᠳ ᠲᠡᠮᠡᠢ ᠤᠲᠠᠭᠰᠠᠨ ᠦᠭᠡᠢ ᠵᠡᠬᠦᠨ ᠠᠶᠢᠯ ᠳᠤ ᠲᠤᠭᠤᠰᠤ ᠲᠠᠲᠠᠭᠤᠯᠤᠨ ᠤᠷᠤᠬᠤ ᠬᠠᠷᠠᠭᠲᠠᠭᠰᠠᠨ ᠭᠡᠵᠤ ᠤᠳᠬᠠᠨᠰᠸ᠎ᠠ ᠭᠠᠶᠢᠬᠠᠰᠢ ᠠᠯᠲᠠᠨ ᠭᠡᠯᠡᠯ᠎ᠠ᠃      ᠵᠢᠷᠡᠡᠨᠢᠭᠡ ︽ᠭᠡᠨ ᠢ ᠡᠷᠢᠵᠦ ᠶᠠᠭᠠᠬᠢᠵᠤ ᠵᠤᠭᠰᠤᠭᠠᠬᠤ ᠪᠢᠯᠡ︾ ᠭᠡᠵᠤ ᠪᠤᠲᠤᠯᠭ᠎ᠠ ᠪᠤᠯᠵᠤ ᠪᠠᠶᠢᠭᠰᠠᠨ ᠤᠴᠢᠷ᠂ ᠡᠨᠡᠬᠦ ᠰᠠᠶᠢᠨ ᠵᠠᠪᠰᠢᠶᠠᠨ ᠢ ᠭᠡᠷᠬᠢᠨ ᠠᠯᠲᠠᠬᠤ ᠠᠵᠠᠢ᠃ ᠬᠠᠮᠢᠶ᠎ᠠ ᠪᠦᠬᠦᠢ ᠮᠠᠲ᠋ᠧᠷᠢᠶᠠᠯ ᠢᠶᠠᠨ ᠭᠠᠷᠭᠠᠨ ᠦᠭᠴᠦ ᠪᠠᠶᠢᠲᠠᠯ ᠢ ᠲᠤᠰᠬᠠᠯ᠎ᠠ᠃ ᠬᠤᠶᠠᠷ ᠲᠠᠷᠤᠭ᠎ᠠ ᠵᠢᠷᠠᠡᠨᠢᠭᠡ ᠶᠢᠨ ᠭᠡᠯᠡᠬᠦ ᠶᠢ ᠠᠩᠬᠠᠷᠤᠯᠲᠠᠢ ᠰᠤᠨᠤᠰᠴᠤ ᠪᠠᠷᠠᠭᠠᠳ᠂ ᠲᠡᠷᠡ ᠲᠤᠤᠷ᠎ᠠ ᠨᠢ ᠬᠤᠰᠢᠭᠤᠨ ᠤ ᠵᠠᠰᠠᠭ ᠤᠨ ᠤᠷᠲᠤᠨ ᠳᠤ ᠤᠲᠠᠰᠤ ᠵᠠᠯᠭᠠᠵᠤ      — — ᠡᠨᠡ ᠴᠢᠨᠢ ᠶᠠᠮᠠᠷ ᠤᠴᠢᠷ ᠪᠤᠯᠤᠭᠠᠳ ᠪᠠᠶᠢᠨ᠎ᠠ᠂ ᠲᠦᠯ ᠲᠤᠰᠴᠤ ᠢᠮᠠᠭ᠎ᠠ ᠰᠠᠮᠨᠠᠭᠠᠳ ᠶᠠᠭᠠᠷᠠᠵᠤ ᠪᠠᠶᠢᠬᠤ ᠴᠠᠭ ᠲᠤ ᠮᠠᠯᠴᠢᠳ ᠢ ᠦᠢᠮᠡᠬᠦᠯᠦᠭᠡᠳ ᠪᠠᠶᠢᠲᠠᠭ ᠴᠢᠨᠢ᠂ ᠲᠡᠷᠡ ᠬᠤᠶᠠᠷ ᠦᠢᠯᠡᠳᠪᠦᠷᠢ ᠪᠠᠶᠢᠭᠤᠯᠬᠤ ᠶᠢ ᠭᠡᠨ ᠵᠦᠪᠰᠢᠶᠡᠷᠡᠭᠰᠡᠨ ᠶᠤᠮ︖ ᠠᠮᠢ ᠠᠬᠤᠢ ᠤᠷᠴᠢᠨ ᠲᠤᠭᠤᠷᠢᠨ ᠶᠠᠭᠤ ᠪᠤᠯᠤᠨ᠎ᠠ ᠭᠡᠲᠡᠭ ᠢ ᠲᠠ ᠨᠠᠷ ᠪᠤᠲᠤᠯᠬᠢᠯᠠᠭᠰᠠᠨ ᠤᠤ︖ ᠲᠡᠨᠲᠡᠬᠢ ᠮᠠᠯᠴᠢᠳ ᠶᠠᠭᠠᠬᠢᠵᠤ ᠠᠮᠢᠲᠤᠷᠠᠬᠤ ᠶᠢ ᠲᠠ ᠨᠠᠷ ᠪᠤᠲᠤᠭᠰᠠᠨ ᠤᠤ︖ ᠦᠲᠡ ᠶᠢᠨ ᠬᠤᠶᠢᠨ᠎ᠠ  ᠶᠢᠨ 3 ᠴᠠᠭ ᠲᠤ ᠡᠷᠭᠡᠪᠰᠢ ᠵᠢᠷᠡᠡᠨᠢᠭᠡ ᠳᠤ ᠬᠠᠷᠢᠭᠤ ᠦᠭᠬᠦ ᠭᠡᠷᠡᠭᠲᠡᠢ ᠭᠡᠲᠡᠭ ᠬᠠᠲᠠᠭᠤ ᠵᠠᠷᠯᠢᠭ ᠪᠤᠯᠪᠠ᠃      ︽ᠲᠠᠭ ᠵᠤᠭᠰᠤᠭᠠᠬᠤ ᠭᠡᠷᠡᠭᠲᠡᠢ︾ ᠭᠡᠰᠡᠨ ᠤᠯᠠᠭᠠᠨ ᠲᠠᠮᠠᠭ᠎ᠠ ᠲᠠᠢ ᠠᠯᠪᠠᠨ ᠪᠢᠴᠢᠭ ᠭᠠᠩ ᠲᠠᠶᠢᠯᠦᠭᠰᠡᠨ ᠬᠤᠷ᠎ᠠ ᠰᠢᠭ᠋ ᠪᠤᠷᠬᠠᠨᠲᠤ ᠶᠢᠨ ᠭᠤᠤᠯ ᠢ ᠲᠠᠭᠠᠭᠰᠠᠨ ᠲᠦᠮᠡᠨ ᠤᠯᠠᠨ ᠳᠤ ᠲᠠᠭᠠᠯᠠᠭᠲᠠᠯ᠎ᠠ᠃      ᠡᠵᠢ ᠶᠢᠨ ᠬᠠᠶᠢᠷ᠎ᠠ ᠭᠡᠵᠤ ᠠᠭᠤᠤ ᠶᠡᠭᠡ᠂ ᠶᠠᠭᠤ ᠪᠦᠬᠦᠨ ᠢᠶᠠᠨ ᠦᠷ᠎ᠡ ᠳᠤ ᠪᠠᠨ ᠦᠭᠬᠦ ᠠᠴᠠ ᠪᠤᠴᠠᠲᠠᠭ ᠦᠭᠡᠢ᠃ ᠲᠡᠶᠢᠮᠦ ᠳᠤ ᠪᠠᠨ ᠬᠦᠮᠦᠰ ᠡᠭᠡ ᠨᠤᠲᠤᠭ᠂ ᠡᠵᠢ ᠨᠠᠭᠤᠷ ᠭᠡᠵᠤ ᠪᠠᠶᠢᠭᠠᠯᠢ ᠤᠷᠴᠢᠨ ᠢᠶᠠᠨ ᠬᠠᠶᠢᠷᠠᠯᠠᠨ ᠲᠠᠭᠤᠲᠠᠲᠠᠭ ᠤᠴᠢᠷ ᠲᠠᠢ᠃ ᠪᠠᠶᠢᠭᠠᠯᠢ ᠤᠷᠴᠢᠨ ᠢᠶᠠᠨ ᠬᠦᠮᠦᠨ ᠲᠦᠷᠦᠯᠬᠢᠲᠡᠨ ᠡᠵᠢ ᠲᠠᠢ  ᠪᠠᠨ ᠠᠲᠠᠯᠢ ᠪᠠᠷ ᠦᠵᠡᠵᠦ ᠬᠠᠶᠢᠷᠠᠯᠠᠨ ᠬᠠᠮᠠᠭᠠᠯᠠᠬᠤ ᠶᠤᠰᠤᠲᠠᠢ᠃ ᠨᠡᠬᠦᠲᠡᠯ ᠰᠤᠶᠤᠯ ᠨᠢ ᠡᠭᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠭᠰᠠᠨ ᠮᠠᠯᠴᠢᠨ ᠤᠬᠠᠭᠠᠨ ᠪᠠᠶᠢᠭ᠎ᠠ ᠶᠤᠮ᠃ ᠨᠤᠲᠤᠭ ᠢᠶᠠᠨ ᠡᠭᠡ ᠪᠠᠶᠢᠭᠠᠯᠢ ᠡᠮᠵᠡᠭᠨᠡᠬᠦ ᠪᠠᠷ ︽ᠲᠠᠷᠭᠤᠨ ᠮᠢᠬ᠎ᠠ ᠢᠲᠡᠵᠦ ᠲᠤᠷᠭᠠᠨ ᠲᠡᠭᠡᠷ᠎ᠡ ᠦᠩᠬᠦᠷᠢᠲᠦᠨ᠎ᠡ︾ ᠭᠡᠵᠤ ᠲᠤᠭ᠎ᠠ ᠶᠢ ᠬᠦᠭᠡᠭᠡᠴᠡᠯᠲᠦᠭᠰᠡᠨ ᠲᠤᠬᠢᠯᠠᠭ ᠰᠠᠶᠢᠬᠠᠨ ᠰᠠᠭᠤᠷᠢᠰᠢᠯ ᠠᠮᠢᠲᠤᠷᠠᠯ ᠲᠠᠢ ᠰᠢᠨ᠎ᠠ ᠡᠷᠡᠨ ᠤ ᠮᠠᠯᠴᠢᠳ ᠮᠢᠨᠢ ᠵᠢᠷᠡᠡᠨᠢᠭᠡ ᠶᠢᠨ ᠠᠵᠢᠯᠯᠠᠭ᠎ᠠ ᠶᠢ ᠲᠠᠨᠢᠨ ᠤᠬᠠᠭᠠᠷᠠᠵᠤ᠂ ᠮᠠᠯ  ᠤᠨ ᠢᠶᠠᠨ ᠲᠤᠭ᠎ᠠ ᠶᠢ ᠵᠤᠬᠢᠰᠲᠠᠢ ᠪᠠᠶᠢᠯᠭᠠᠬᠤ ᠪᠠᠷ ᠬᠦᠴᠦᠯᠡᠵᠦ ᠡᠬᠢᠯᠡᠭᠰᠡᠨ ᠨᠢ ᠪᠠᠶᠠᠷᠯᠠᠭᠤᠰᠢᠲᠠᠢ ᠶᠠᠪᠤᠲᠠᠯ᠃      2013 ᠤᠨ ᠳᠤ᠂ ᠰᠢ ᠶᠢᠨ ᠫᠢᠩ ᠶᠡᠷᠦᠩᠭᠡᠢ ᠱᠦᠵᠢ ᠪᠥᠬᠦᠳᠡ ᠨᠠᠶᠢᠷᠠᠮᠳᠠᠬᠤ ᠺᠠᠽᠬᠠᠰᠲ᠋ᠠᠨ ᠤᠯᠤᠰ ᠲᠤ ᠠᠶᠢᠯᠴᠢᠯᠠᠵᠤ ᠪᠠᠶᠢᠬᠤ ᠬᠤᠭᠤᠴᠠᠭᠠᠨ ᠳᠤ ᠪᠠᠨ ᠨᠠᠵᠠᠷᠪᠠᠶᠧᠹ ᠶᠡᠭᠡ ᠰᠤᠷᠭᠠᠭᠤᠯᠢ ᠶᠢᠨ ᠤᠶᠤᠲᠠᠳ ᠲᠠᠢ ᠤᠷᠴᠢᠨ ᠲᠤᠭᠤᠷᠢᠨ ᠢᠶᠠᠨ ᠬᠠᠮᠠᠭᠠᠯᠠᠬᠤ ᠲᠤᠬᠠᠢ ᠶᠠᠷᠢᠯᠴᠠᠭ᠎ᠠ ᠪᠤᠯᠬᠤ ᠳᠤ ᠪᠠᠨ ︽ᠬᠦᠭᠡ ᠠᠭᠤᠯᠠ ᠬᠦᠭᠡᠮᠲᠦᠭ ᠤᠰᠤ ᠪᠤᠯ ᠲᠠᠷᠤᠢ ᠠᠯᠲᠠ ᠮᠦᠩᠬᠦᠨ ᠠᠭᠤᠯᠠ ᠮᠦᠨ︾ ᠭᠡᠵᠤ ᠠᠩᠬ᠎ᠠ ᠲᠤᠷᠠᠳᠴᠤ᠂ ᠨᠠᠮ ᠤᠨ ᠠᠷᠪᠠ ᠶᠢᠰᠦᠲᠦᠭᠡᠷ ᠪᠦᠬᠦᠲᠡ ᠬᠤᠷᠠᠯ ᠳᠤ ᠵᠠᠰᠠᠪᠤᠷᠢ ᠤᠷᠤᠭᠤᠯᠤᠭᠰᠠᠨ ︽ᠨᠠᠮ ᠤᠨ ᠲᠦᠷᠢᠮ︾᠎ ᠳᠤ ᠪᠢᠴᠢᠵᠦ ᠤᠷᠤᠭᠤᠯᠤᠭᠰᠠᠨ ᠨᠢ ᠨᠠᠮ ᠤᠯᠤᠰ ᠠᠴᠠ ᠠᠮᠢ ᠠᠬᠤᠢ ᠶᠢᠨ ᠪᠤᠯᠪᠠᠰᠤᠨ ᠤ ᠪᠦᠲᠦᠭᠡᠨ ᠪᠠᠶᠢᠭᠤᠯᠤᠯᠲᠠ  ᠶᠢᠨ ᠤᠯᠤᠰ ᠤᠨ ᠲᠦᠪᠰᠢᠨ ᠤ ᠪᠤᠲᠤᠯᠭ᠎ᠠ ᠪᠤᠯᠭᠠᠵᠠᠢ᠃      ᠡᠯᠡᠰᠦᠷᠭᠡᠭᠵᠢᠵᠦ ᠪᠦᠬᠦᠢ ᠤᠷᠠᠳ ᠨᠤᠲᠤᠭ ᠲᠤ ᠠᠭᠤᠷᠬᠠᠢ ᠶᠢ ᠬᠠᠭᠠᠵᠤ᠂ ᠡᠭᠡ ᠪᠠᠶᠢᠭᠠᠯᠢ ᠶᠢ ᠰᠡᠷᠬᠦᠭᠡᠬᠦ ᠠᠵᠢᠯᠯᠠᠭ᠎ᠠ ᠡᠷᠴᠢᠮᠲᠡᠢ ᠶᠠᠪᠤᠭᠲᠠᠨ᠂ ᠦᠩᠭᠡ  ᠶᠢᠨ ᠴᠡᠴᠡᠭ ᠪᠤᠯᠢᠶᠠᠯᠲᠤᠨ ᠲᠡᠯᠭᠡᠷᠡᠭᠰᠡᠨ ᠤᠷᠠᠳ ᠨᠤᠲᠤᠭ ᠲᠤᠷᠠᠳᠬᠠᠯ ᠳᠤ ᠪᠢᠰᠢ ᠬᠠᠷᠠᠭᠠᠨ ᠳᠤ ᠲᠤᠲᠤᠷᠠᠬᠤ ᠶᠤᠮ᠃      ᠵᠠᠬ᠎ᠠ ᠬᠠᠶᠢᠭᠰᠠᠨ ᠤᠬᠠᠭᠠᠨ      ᠵᠠᠬ᠎ᠠ ᠲᠡᠯᠭᠡᠬᠦᠷ ᠤᠨ ᠠᠵᠤ ᠠᠬᠤᠢ ᠳᠤ ᠰᠢᠯᠵᠢᠭᠰᠡᠡ ᠦᠨᠦᠲᠦᠷ᠂ ᠮᠠᠯ ᠤᠨ ᠠᠰᠢᠭ ᠰᠢᠮ᠎ᠠ ᠴᠦ ᠲᠤᠮᠤ ᠲᠠᠯᠠᠢ ᠳᠤ ᠤᠷᠤᠭᠰᠠᠨ ᠪᠢᠴᠢᠬᠠᠨ ᠵᠠᠪᠢ ᠰᠢᠭ᠋ ᠵᠠᠬ᠎ᠠ ᠲᠡᠯᠭᠡᠬᠦᠷ ᠤᠨ ᠦᠨ᠎ᠡ ᠬᠠᠩᠰᠢ ᠶᠢᠨ ᠲᠤᠩᠰᠤᠯᠤᠯᠳᠠ ᠳᠤ ᠤᠴᠠᠷᠠᠵᠤ᠂ ᠵᠦᠲᠡᠬᠦᠭᠡᠨ ᠲᠡᠮᠡᠤᠯᠦᠨ᠎ᠡ᠃ ᠮᠠᠯ ᠤᠨᠤᠭ᠎ᠠ ᠶᠢᠨ ᠦᠨ᠎ᠠ ᠬᠠᠩᠰᠢ ᠬᠢᠮᠲᠠᠷᠠᠵᠤ᠂ ᠮᠠᠯᠵᠢᠬᠤ ᠤᠶᠢᠯᠡᠳᠪᠤᠷᠢᠯᠠᠯ ᠬᠦᠴᠢᠷᠲᠠᠯ ᠳᠤ ᠲᠤᠯᠭᠠᠷᠠᠭᠰᠠᠨ ᠴᠠᠭ ᠲᠤ ᠮᠠᠯᠴᠢᠳ ᠭᠠᠷ ᠢᠶᠠᠨ ᠨᠤᠬᠤᠯᠠᠨ ᠭᠠᠴᠢᠭᠲᠠᠬᠤ ᠭᠡᠵᠤ ᠶᠠᠷᠢᠶᠠᠨ ᠦᠭᠡᠢ ᠤᠴᠢᠷ᠃ ᠵᠢᠷᠠᠡᠨᠢᠭᠡ ᠴᠦ ᠡᠨᠡᠬᠦ ᠠᠵᠤ ᠠᠬᠤᠢ ᠶᠢᠨ ᠬᠦᠴᠦᠲᠤ ᠲᠠᠪᠠᠯᠭᠠᠨ ᠠᠴᠠ ᠵᠠᠶᠢᠯᠠᠵᠤ ᠴᠢᠲᠠᠭ᠎ᠠ ᠦᠭᠡᠢ᠂ ᠠᠳᠬᠤ ᠠᠳᠬᠤ ᠪᠠᠷ ᠤᠯᠲᠠᠭ ᠠᠷᠠᠳ ᠤᠨ ᠵᠤᠭᠤᠰ ᠨᠢ ᠦᠵᠡᠵᠦ ᠬᠠᠷᠠᠵᠤ ᠪᠠᠶᠢᠲᠠᠯ᠎ᠠ ᠮᠠᠯ ᠤᠨᠤᠭᠠᠨ ᠤ ᠪᠠᠨ ᠡᠪᠡᠰᠣ ᠪᠤᠷᠲᠤᠭᠠᠨ ᠳᠤ ᠴᠦ ᠬᠦᠷᠬᠦ ᠪᠠᠨ ᠪᠤᠯᠢᠵᠤ᠂ ᠭᠠᠲᠠᠭᠰᠢ ᠵᠠᠬ᠎ᠠ ᠬᠠᠶᠢᠨ᠂ ᠭᠠᠷᠬᠤ ᠵᠠᠮ ᠢᠶᠠᠨ ᠡᠷᠢᠯᠬᠢᠯᠡᠨ᠎ᠡ᠃      ᠬᠠᠲᠠᠭᠠᠭᠰᠠᠨ ᠮᠢᠬ᠎ᠠ ᠭᠡᠪᠡᠯ ᠮᠤᠩᠭᠤᠯᠴᠤᠳ ᠪᠦᠷ ᠮᠡᠲᠡᠲᠡᠭ᠂ ᠭᠡᠯᠡ ᠤᠷᠤᠭ᠎ᠠ ᠭᠡᠤᠭᠡᠳ ᠠᠴᠠ ᠡᠬᠢᠯᠡᠨ ᠬᠦᠭᠰᠢᠨ ᠪᠤᠭᠤᠷᠤᠯᠴᠤᠳ ᠬᠦᠷᠲᠡᠯ᠎ᠠ ᠢᠲᠡᠬᠦ ᠲᠤᠷᠠᠲᠠᠢ᠃ ᠲᠡᠤᠭᠡᠨ ᠠᠴᠠ ᠠᠪᠤᠭᠠᠳ ᠮᠤᠩᠭᠤᠯᠴᠤᠳ ᠭᠠᠴᠢᠭ ᠬᠠᠪᠤᠷ ᠢ ᠦᠩᠭᠡᠷᠡᠭᠡᠬᠦ᠂ ᠲᠠᠶᠢᠨ ᠪᠠᠶᠢᠯᠲᠤᠭᠠᠨ ᠳᠤ ᠮᠤᠷᠲᠠᠬᠤ᠂ ᠤᠲᠤᠷ ᠨᠡᠬᠦᠲᠡᠯ ᠳᠤ ᠲᠤᠲᠠᠭᠲᠠᠵᠤ ᠪᠤᠯᠤᠰᠢ ᠦᠭᠡᠢ ᠬᠦᠨᠡᠰᠤ ᠪᠤᠯᠤᠭᠰᠠᠨ ᠪᠠᠶᠢᠲᠠᠭ᠃      — — ᠨᠠᠰᠤ ᠪᠠᠷ ᠢᠶᠠᠨ ᠬᠠᠲᠠᠭᠠᠭᠰᠠᠨ ᠮᠢᠬ᠎ᠠ ᠢᠲᠡᠯ᠎ᠡ᠂ ᠶᠡᠷᠦ ᠨᠢ ᠬᠤᠲᠠᠯᠲᠤᠨ᠎ᠠ ᠭᠡᠵᠤ ᠪᠤᠲᠤᠭ᠎ᠠ ᠦᠭᠡᠢ᠃      — — ᠬᠠᠲᠠᠭᠠᠭᠰᠠᠨ ᠮᠢᠬ᠎ᠠ ᠬᠠᠩᠬᠢ ᠦᠨ᠎ᠡ ᠬᠦᠷᠴᠦ ᠪᠠᠶᠢᠭ᠎ᠠ ᠶᠤᠮ ᠪᠠᠶᠢᠨ᠎ᠠ᠃      — — ᠵᠠ᠂ ᠲᠡᠭᠡᠭᠡᠳ ᠵᠢᠷᠠᠡᠨᠢᠭᠡ ᠶᠢ ᠬᠠᠷᠠᠵᠤ ᠪᠠᠶᠢᠶ᠎ᠠ᠂ ᠲᠡᠷᠡ ᠯᠠ ᠬᠢᠭᠡᠳ ᠪᠦᠲᠦᠬᠦ ᠶᠤᠮ ᠪᠤᠯ ᠪᠢᠲᠠ ᠴᠦ ᠬᠢᠵᠦ ᠪᠤᠯᠬᠤ ᠪᠠᠶᠢᠬ᠎ᠠ᠃      — — ᠦᠭᠡᠢ ᠶᠡᠷᠦ ᠨᠢ ᠡᠨᠡ ᠵᠠᠯᠠᠭᠤ ᠠᠷᠪᠢᠨ ᠶᠠᠭᠤᠮ᠎ᠠ ᠰᠡᠲᠦᠵᠦ ᠶᠠᠪᠤᠲᠠᠭ ᠶᠤᠮ ᠪᠠᠶᠢᠨ᠎ᠠ᠃ ᠬᠦᠮᠦᠨ ᠠᠴᠠ ᠤᠨᠲᠤᠤ ᠶᠠᠭᠤᠮ᠎ᠠ ᠪᠤᠲᠤᠵᠦ ᠶᠠᠪᠤᠲᠠᠭ ᠪᠠᠶᠢᠬᠤ ᠦᠭᠡᠢ ᠤᠤ⁈      — — ᠮᠠᠨᠤᠰ ᠢ ᠢᠩᠬᠢ᠂ ᠴᠢᠩᠬᠢ ᠭᠡᠳ ᠪᠠᠶᠢᠲᠠᠭ ᠨᠢ ᠪᠦᠷ ᠰᠠᠶᠢᠨ ᠤᠴᠢᠷ ᠪᠠᠶᠢᠵᠠᠢ᠃ ᠬᠦᠭᠡᠷᠦᠬᠦᠢ ᠭᠠᠵᠠᠷ ᠡᠯᠡᠭᠡᠭᠰᠡᠨ ᠬᠦᠮᠦᠨ ᠪᠤᠯᠬᠤᠷ ᠤᠯᠠᠨ ᠶᠠᠭᠤᠮ᠎ᠠ ᠦᠵᠡᠵᠦ ᠨᠢᠲᠤ ᠨᠡᠭᠡᠭᠡᠭᠰᠡᠨ ᠪᠠᠶᠢᠵᠤ ᠳ᠋ᠠ᠃      ︽ᠮᠠᠯ ᠤᠨ ᠮᠦᠷ ᠢᠶᠠᠷ ᠳᠤᠰᠤ︾ ᠬᠡᠳᠡᠭ᠃ ᠮᠠᠯ ᠤᠨ ᠢᠶᠠᠨ ᠠᠰᠢᠭ ᠰᠢᠮ᠎ᠠ ᠶᠢ ᠰᠠᠶᠢᠬᠠᠨ ᠠᠰᠢᠭᠯᠠᠵᠤ ᠴᠢᠲᠠᠲᠠᠭ ᠯᠠ ᠶᠤᠮ ᠪᠤᠯ᠂ ᠮᠠᠯᠴᠢᠳ ᠤᠨ ᠠᠮᠢᠲᠤᠷᠠᠯ ᠡᠲᠦᠷ ᠠᠴᠠ ᠡᠲᠦᠷ ᠰᠠᠶᠢᠨ ᠪᠤᠯᠬᠤ ᠨᠢ ᠶᠠᠷᠢᠶᠠᠨ ᠦᠭᠡᠢ᠃      ᠵᠢᠷᠡᠡᠨᠢᠭᠡ 2012 ᠤᠨ ᠳᠤ᠂ ᠲᠠᠪᠢᠭᠠᠳ ᠢᠮᠠᠭᠠᠨ ᠮᠢᠬ᠎ᠠ ᠬᠠᠲᠠᠭᠠᠭᠠᠳ ᠬᠤᠲᠠᠯᠲᠤᠭᠰᠠᠨ ᠳᠤ ᠪᠤᠷᠤᠯᠠᠭᠤᠯᠭ᠎ᠠ ᠶᠡᠭᠡ ᠵᠦᠭᠡᠷ ᠪᠠᠶᠢᠭᠰᠠᠨ ᠪᠦᠭᠡᠳ ᠠᠰᠢᠭ ᠤᠷᠤᠯᠭ᠎ᠠ ᠴᠦ ᠤᠤᠯ ᠤᠨ ᠬᠢ ᠠᠴᠠ ᠦᠨᠲᠤᠷ ᠪᠠᠶᠢᠵᠤ᠂ ᠮᠤᠩᠭᠤᠯᠴᠤᠳ ᠤᠨ ᠤᠯᠠᠮᠵᠢᠯᠠᠯᠲᠤ ᠢᠲᠠᠭᠡᠨ ᠢ ᠵᠠᠬ᠎ᠠ ᠲᠡᠯᠭᠡᠬᠦᠷ ᠲᠤ ᠭᠠᠷᠭᠠᠬᠤ ᠰᠠᠨᠠᠭ᠎ᠠ ᠲᠠᠢ ᠠᠩᠬ᠎ᠠ ᠲᠤᠷᠰᠢᠵᠤ ᠬᠢᠭᠡᠳ ᠠᠮᠵᠢᠯᠲᠠ ᠤᠯᠤᠯ᠎ᠠ᠃ ᠮᠠᠯ ᠤᠨ ᠦᠨ᠎ᠠ ᠬᠠᠩᠰᠢ ᠭᠡᠵᠢᠶ᠎ᠠ ᠦᠰᠲᠡᠭ ᠪᠤᠯ ᠭᠡᠵᠤ ᠰᠠᠨᠠᠭᠠᠰᠢᠷᠠᠨ ᠰᠠᠭᠤᠭᠰᠠᠨ ᠮᠠᠯᠴᠢᠳ ᠲᠤ ᠦᠪᠡᠷ ᠤᠨ ᠠᠵᠢᠯᠯᠠᠭ᠎ᠠ ᠪᠠᠷ ᠲᠠᠭᠤᠷᠢᠶᠠᠯ ᠪᠤᠯᠵᠤ᠂ ᠲᠡᠲᠡᠨ ᠳᠤ ᠭᠠᠷᠬᠤ ᠵᠠᠮ ᠢ ᠵᠢᠭᠠᠵᠤ ᠦᠭᠬᠦᠭᠰᠡᠨ ᠪᠠᠶᠢᠨ᠎ᠠ᠃ ᠲᠡᠷᠡ ᠮᠠᠯᠴᠢᠳ ᠤᠨ ᠠᠮᠢᠲᠤᠷᠠᠯ ᠦᠢᠯᠡᠳᠪᠦᠷᠢᠯᠡᠯ ᠢ ᠤᠶᠢᠯᠠᠭᠠᠵᠤ ᠶᠠᠪᠤᠬᠤ ᠳᠤ ᠪᠠᠨ ︽ᠨᠠᠮᠤᠷ ᠮᠠᠯ ᠢᠶᠠᠨ ᠲᠦᠪᠯᠡᠷᠠᠬᠦᠯᠤᠨ ᠬᠤᠲᠠᠯᠲᠤᠪᠠᠯ ᠮᠠᠯ ᠤᠨ ᠦᠨ᠎ᠠ ᠪᠠᠭᠤᠷᠠᠬᠤ ᠪᠤᠶᠤ ᠬᠤᠲᠠᠯᠲᠤᠵᠤ ᠭᠠᠷᠬᠤ ᠦᠭᠡᠢ ᠪᠠᠶᠢᠲᠠᠯ ᠭᠠᠷᠤᠨ᠎ᠠ᠃ ᠠᠷᠭ᠎ᠠ ᠪᠦᠬᠦᠨ ᠢ ᠰᠦᠪᠡᠭᠴᠢᠯᠠᠨ ᠡᠬᠦᠨ ᠠᠴᠠ ᠵᠠᠶᠢᠯᠠᠰᠬᠢᠪᠠᠯ ᠵᠤᠬᠢᠨ᠎ᠠ᠂ ᠮᠠᠯ ᠬᠤᠲᠠᠯᠲᠤᠲᠠᠭ ᠵᠤᠷᠰᠢᠯ ᠢ ᠡᠪᠲᠡᠬᠦ ᠦᠭᠡᠢ ᠶᠤᠮ ᠪᠤᠯ ᠭᠠᠷᠬᠤ ᠵᠠᠮ ᠴᠢᠬᠤᠯ ᠪᠤᠯᠤᠨ᠎ᠠ ᠰᠢᠤ︾ ᠭᠡᠵᠤ ᠬᠦᠮᠦᠰ ᠤᠨ ᠡᠪ ᠵᠦᠢ ᠢ ᠬᠠᠷᠠᠵᠤ ᠪᠤᠲᠤᠭᠰᠠᠨ ᠰᠡᠳᠬᠢᠭᠰᠡᠨ ᠦᠵᠡᠭᠰᠡᠨ ᠬᠠᠷᠠᠭᠰᠠᠨ ᠢᠶᠠᠨ ᠬᠠᠷᠠᠮ ᠦᠭᠡᠢ ᠬᠤᠪᠢᠶᠠᠯᠴᠠᠵᠤ ᠶᠠᠪᠤᠨ᠎ᠠ᠃      ᠬᠦᠮᠦᠨ ᠪᠤᠯᠭᠠᠨ ᠤ ᠠᠮᠢᠲᠤᠷᠠᠬᠤᠢ ᠶᠢᠨ ᠤᠬᠠᠭᠠᠨ ᠵᠦᠷᠢᠶ᠎ᠡ ᠲᠠᠢ ᠪᠠᠶᠢᠲᠠᠭ᠃ ᠵᠠᠷᠢᠮ ᠬᠦᠮᠦᠨ ᠬᠠᠷ᠎ᠠ ᠴᠠᠢ ᠪᠠᠨ ᠤᠭᠤᠴᠠᠵᠤ᠂ ᠭᠠᠲᠠᠨᠠᠬᠢ ᠶᠢᠷᠲᠢᠨᠴᠦ  ᠶᠢᠨ ᠬᠦᠭᠵᠢᠯᠲᠡ ᠶᠢ ᠶᠠᠭᠤᠮᠠᠨ ᠳᠤ ᠪᠤᠲᠤᠯ ᠦᠭᠡᠢ᠂ ᠲᠡᠭᠷᠢ ᠨᠤᠷᠠᠭᠰᠠᠨ ᠴᠦ ᠲᠡᠬᠦᠨ ᠳᠤ ᠬᠠᠮᠢᠶ᠎ᠠ ᠦᠭᠡᠢ ᠰᠢᠭ᠂ ᠲᠤᠭᠲᠠᠮᠠᠯ ᠤᠰᠤ ᠭᠡᠮᠡᠷᠭᠡᠨ ᠨᠢᠭᠡ ᠨᠠᠰᠤ ᠶᠢ ᠡᠯᠡᠭᠡᠨ᠎ᠡ᠃ ᠵᠠᠷᠢᠮ ᠬᠦᠮᠦᠨ ᠨᠡᠶᠢᠭᠡᠮ ᠤᠨ ᠲᠠᠪᠰᠢᠯᠲᠠ ᠬᠦᠭᠵᠢᠯᠲᠡ ᠶᠢᠨ ᠦᠷ᠎ᠡ ᠪᠦᠲᠦᠭᠡᠯ ᠢ ᠡᠳ᠋ᠯᠡᠬᠦ ᠭᠡᠵᠤ ᠤᠬᠠᠭᠠᠨ ᠢᠶᠠᠨ ᠰᠢᠪᠬᠠᠨ ᠴᠢᠷᠮᠠᠶᠢᠵᠤ ᠶᠠᠪᠤᠨ᠎ᠠ᠃ ︽ᠴᠠᠭᠠᠰᠤ ᠬᠡᠲᠦᠢ ᠨᠢᠮᠭᠡᠨ ᠴᠦ ᠴᠢᠴᠢᠬᠦ ᠦᠭᠡᠢ ᠪᠤᠯ ᠴᠤᠭᠤᠷᠠᠬᠤ ᠦᠭᠡᠢ᠂ ᠬᠦᠮᠦᠨ ᠭᠡᠲᠦᠢ ᠮᠡᠷᠭᠡᠨ ᠴᠦ ᠭᠡᠯᠡᠬᠦ ᠦᠭᠡᠢ ᠪᠤᠯ ᠮᠡᠲᠡᠬᠦ ᠦᠭᠡᠢ︾ ᠭᠡᠲᠡᠭ᠂ ᠵᠠᠷᠢᠮ ᠲᠤᠭᠤᠢ ᠰᠠᠭᠤᠵᠤ ᠪᠤᠰᠤᠳ ᠤᠨ ᠦᠭᠡ ᠶᠢ ᠴᠢᠩᠨᠠᠵᠤ ᠪᠠᠶᠢᠭᠰᠠᠨ ᠢᠶᠠᠨ ᠠᠷᠭ᠎ᠠ ᠤᠬᠠᠭᠠᠨ ᠢᠶᠠᠨ ᠤᠯᠤᠭᠰᠠᠨ ᠴᠦ ᠪᠠᠶᠢᠲᠠᠭ᠃      ᠮᠠᠯᠴᠢᠨ ᠬᠦᠮᠦᠨ ᠵᠠᠬ᠎ᠠ ᠲᠡᠯᠭᠡᠬᠦᠷ ᠤᠨ ᠦᠷᠢᠰᠦᠯᠲᠦᠭᠡᠨ ᠳᠤ ᠬᠦᠯ ᠲᠤᠭᠲᠠᠬᠤ ᠭᠡᠵᠤ ᠬᠢᠯᠪᠡᠷ ᠶᠠᠪᠤᠲᠠᠯ ᠪᠢᠰᠢ᠃ ᠵᠠᠯᠠᠭᠤ ᠭᠠᠩᠭᠠᠩ ᠨᠠᠰᠤᠨ ᠳᠤ ᠪᠠᠨ ᠵᠠᠬ᠎ᠠ ᠲᠡᠯᠭᠡᠬᠦᠷ ᠤᠨ ᠵᠠᠢ ᠳᠤ ᠤᠬᠠᠭᠠᠨ ᠰᠦᠢᠵᠤ᠂ ᠤᠨᠠᠵᠤ ᠲᠤᠰᠴᠦ ᠠᠯᠲᠠᠵᠤ ᠤᠯᠵᠤ ᠶᠠᠪᠤᠭᠰᠠᠨ ᠵᠢᠷᠠᠡᠨᠢᠭᠡ ᠬᠤᠵᠢᠮ ᠢᠶᠠᠨ ᠪᠤᠲᠤᠨ ᠬᠤᠯᠠ ᠶᠢ ᠬᠠᠷᠠᠲᠠᠭ ᠪᠤᠯᠵᠠᠢ᠃ ᠠᠩᠬᠠᠨ ᠤ ᠵᠢᠯ ᠳᠤ ᠪᠠᠨ ᠠᠮᠵᠢᠯᠲᠠ ᠤᠯᠤᠭᠰᠠᠨ ᠵᠢᠷᠡᠡᠨᠢᠭᠡ ᠮᠢᠬ᠎ᠠ ᠬᠠᠲᠠᠭᠠᠵᠤ ᠬᠤᠲᠠᠯᠲᠤᠬᠤ ᠪᠠᠷ ᠤᠷᠤᠯᠭ᠎ᠠ ᠪᠠᠨ ᠨᠡᠮᠡᠭᠲᠡᠬᠦᠯᠬᠦ ᠨᠢᠭᠡ ᠵᠠᠮ ᠢᠶᠠᠨ ᠪᠤᠯᠭᠠᠨ᠂ ᠬᠤᠪᠢ ᠪᠠᠷ ᠢᠶᠠᠨ 500 ᠲᠡᠭᠰᠢ ᠲᠦᠷᠪᠡᠯᠵᠢᠨ  ᠮᠧᠲᠷ ᠲᠠᠯᠠᠪᠠᠢ ᠪᠦᠬᠦᠢ ᠮᠢᠬ᠎ᠠ ᠬᠠᠲᠠᠭᠠᠬᠤ ᠬᠦᠮᠤᠷᠭᠡ ᠪᠠᠷᠢᠵᠤ᠂ ᠢᠮᠡᠭᠠᠨ ᠮᠢᠬ᠎ᠠ ᠬᠠᠲᠠᠭᠠᠬᠤ ᠦᠢᠯᠡᠰ  ᠢᠶᠠᠨ ᠦᠷᠭᠡᠵᠢᠬᠦᠯᠦᠭᠰᠡᠨ ᠪᠠᠶᠢᠨ᠎ᠠ᠃      ᠵᠢᠷᠠᠡᠨᠢᠭᠡ ᠮᠠᠯ ᠪᠡᠯᠴᠢᠭᠡᠷ ᠤᠨ ᠵᠠᠢ ᠳᠤ ᠴᠠᠭ ᠮᠦᠴᠨ ᠶᠢ ᠡᠯᠡᠭᠡᠵᠤ ᠵᠦᠭᠡᠷ ᠰᠠᠭᠤᠲᠠᠭ ᠦᠭᠡᠢ᠂ ᠬᠠᠷᠢᠨ ᠬᠦᠲᠡᠭᠡ ᠶᠢᠨ ᠠᠵᠢᠯ ᠤᠨ ᠶᠠᠭᠠᠷᠠᠤ ᠴᠠᠭ ᠢ ᠦᠩᠭᠡᠷᠠᠪᠠᠯ᠂ ᠭᠡᠲᠤᠨ ᠲᠦᠮᠠᠨ ᠲᠦᠬᠦᠷᠢᠭ ᠢᠶᠠᠨ ᠬᠠᠶᠢᠷᠠᠯᠠᠯ ᠦᠭᠡᠢ ᠭᠠᠭᠴᠠᠭᠠᠷ ᠢᠶᠠᠨ ᠭᠠᠲᠠᠭᠰᠢ ︽ᠰᠤᠷᠤᠯᠴᠠᠬᠤ︾᠎ ᠪᠠᠷ ᠭᠠᠲᠠᠭᠤᠷ ᠶᠠᠪᠤᠲᠠᠭ᠃ ᠨᠢᠭᠡ ᠵᠢᠯ ᠳᠤ ᠪᠠᠷᠤᠭ ᠵᠠᠭᠤᠨ ᠬᠤᠨᠤᠭ ᠢ ᠪᠡᠭᠡᠵᠢᠩ᠂ ᠰᠢᠨᠵᠢᠶᠠᠩ᠂ ᠯᠢᠶᠤᠤᠨᠢᠩ᠂ ᠬᠦᠭᠡᠨᠠᠭᠤᠷ ᠤᠨ ᠲᠠᠯᠠᠭᠡᠢ ᠬᠤᠲᠠ᠂ ᠲᠤᠯᠠᠭᠠᠨ ᠰᠢᠶᠠᠨ᠂ ᠬᠠᠶᠢᠰᠢ ᠵᠸᠤ᠂ ᠮᠠᠨ ᠤ ᠤᠷᠤᠨ ᠤ ᠡᠯ᠎ᠠ ᠠᠶᠢᠮᠠᠭ ᠬᠤᠲᠠ ᠬᠤᠰᠢᠭᠤ ᠪᠠᠷ ᠪᠠᠶᠢᠩᠭᠤ ᠶᠠᠪᠤᠵᠤ᠂ ᠭᠠᠵᠠᠷ ᠪᠤᠯᠭᠠᠨ ᠤ ᠰᠢᠨ᠎ᠠ ᠮᠠᠯᠵᠢᠯ ᠤᠨ ᠠᠷᠭ᠎ᠠ ᠲᠤᠷᠰᠢᠯᠭ᠎ᠠ ᠪᠤᠶᠤ ᠮᠠᠯ ᠠᠵᠤ ᠠᠬᠤᠢ ᠪᠠᠨ ᠰᠠᠶᠢᠬᠠᠨ ᠡᠵᠡᠩᠨᠠᠵᠤ ᠪᠠᠶᠢᠭ᠎ᠠ ᠬᠦᠮᠤᠰ ᠤᠨ ᠠᠷᠭ᠎ᠠ ᠲᠤᠷᠰᠢᠯᠭ᠎ᠠ ᠶᠢ ᠦᠵᠠᠨ ᠰᠤᠷᠤᠯᠴᠠᠲᠠᠭ ᠨᠢ ᠲᠠᠳᠬᠠᠯ ᠪᠤᠯᠵᠠᠢ᠃ ᠲᠡᠶᠢᠮᠦ ᠳᠤ ᠪᠠᠨ ᠲᠡᠬᠦᠨ ᠳᠤ ᠲᠠᠨᠢᠯ ᠤᠯᠠᠨᠲᠠᠢ᠃ ᠤᠤᠯ ᠠᠴᠠ ᠪᠠᠨ ᠰᠠᠶᠢᠬᠠᠨ ᠬᠠᠷᠢᠯᠴᠠᠲᠠᠭ ᠰᠢ ᠪᠸᠢ ᠮᠢᠬᠠᠨ ᠤ ᠲᠦᠷᠤᠯ ᠤᠨ ᠺᠤᠮᠫᠠᠨᠢ ᠪᠤᠯᠤᠨ ᠪᠡᠭᠡᠵᠢᠩ ᠤᠨ ᠨᠢᠭᠡᠨ ᠮᠢᠬᠠᠨ ᠤ ᠺᠤᠮᠫᠠᠨᠢ ᠲᠠᠢ ᠭᠡᠲᠤᠨ ᠵᠢᠯ ᠤᠨ ᠬᠤᠭᠤᠴᠠᠭᠠᠨ ᠳᠤ ᠬᠠᠮᠲᠤᠷᠠᠨ ᠠᠵᠢᠯᠯᠠᠵᠤ᠂ ᠬᠠᠲᠠᠭᠠᠭᠰᠠᠨ ᠮᠢᠬ᠎ᠠ ᠪᠠᠨ ᠰᠢᠭᠤᠳ ᠪᠤᠷᠤᠯᠠᠭᠤᠯᠤᠭᠰᠠᠭᠠᠷ ᠢᠷᠠᠵᠠᠢ᠃ ᠲᠠᠷᠨ ᠤᠶᠢᠷ᠎ᠠ ᠬᠠᠪᠢ ᠶᠢᠨ ᠮᠠᠯᠴᠢᠳ ᠤᠨ ᠬᠤᠲᠠᠯᠲᠤᠬᠤ ᠬᠤᠨᠢ ᠮᠠᠯ ᠢ ᠴᠦ ᠺᠤᠮᠫᠠᠨᠢ ᠲᠠᠢ ᠬᠠᠷᠢᠴᠠᠵᠤ ᠦᠭᠲᠡᠭ ᠠᠴᠠ ᠮᠠᠯᠴᠢᠳ ᠤᠨ ᠮᠠᠯ ᠤᠨ ᠭᠠᠷᠭᠠᠯᠲᠠ ᠶᠢᠨ ᠠᠵᠢᠯ ᠢ ᠲᠡᠮᠵᠢᠭᠰᠡᠨ ᠪᠦᠭᠡᠳ ᠪᠦᠭᠡᠮ ᠢᠶᠠᠷ ᠪᠤᠷᠤᠯᠠᠭᠤᠯᠵᠤ ᠬᠠᠩᠭᠠᠯᠭ᠎ᠠ ᠶᠢ ᠪᠠᠲᠤᠯᠠᠵᠤ ᠴᠢᠲᠠᠭᠰᠠᠨ ᠪᠠᠶᠢᠨ᠎ᠠ᠃      2017 ᠤᠨ ᠤ ᠡᠪᠤᠯ᠃      ᠪᠤᠷᠬᠠᠨᠲᠤ ᠶᠢᠨ ᠭᠤᠤᠯ ᠢ ᠲᠠᠭᠠᠭᠰᠠᠨ ᠮᠠᠯᠴᠢᠨ ᠲᠦᠮᠡᠨ ᠤ ᠲᠦᠰᠢᠭ ᠪᠤᠯᠵᠤ ᠤᠩᠭᠤᠨ ᠠᠭᠤᠯᠠ ᠬᠦᠭᠡᠷᠡᠨ ᠰᠦᠨᠲᠡᠷᠯᠡᠨ᠎ᠡ᠃ ᠡᠨᠡ ᠵᠢᠯ ᠤᠷᠠᠳ ᠨᠤᠲᠤᠭ ᠴᠠᠰᠤ ᠪᠠᠭᠠᠲᠠᠢ᠂ 11 ᠰᠠᠷ᠎ᠠ ᠶᠢᠨ ᠲᠤᠮᠲᠠᠴᠢ ᠪᠤᠯᠴᠢᠬᠭ᠍ᠰᠠᠨ ᠪᠠᠶᠢᠲᠠᠯ᠎ᠠ ᠬᠦᠢᠲᠡᠷᠡᠬᠦ ᠰᠢᠨᠵᠢ ᠠᠯᠠᠭ᠎ᠠ᠃ ᠡᠲᠦᠷ ᠪᠤᠯᠭᠠᠨ ᠵᠢᠵᠢᠭ ᠠᠴᠢᠶᠠᠨ ᠤ ᠮᠠᠰᠢᠨ ᠲᠠᠯ᠎ᠠ ᠶᠢᠨ ᠰᠢᠷ᠎ᠠ ᠵᠠᠮ ᠢᠶᠠᠷ ᠲᠤᠭᠤᠰᠤ ᠲᠠᠲᠠᠭᠤᠯᠤᠨ ᠲᠠᠪᠬᠢᠵᠦ ᠠᠶᠢᠯ ᠦᠵᠡᠪᠡᠯ ᠤᠷᠤᠬᠤ ᠬᠠᠷᠠᠭᠳᠠᠨ᠎ᠠ᠃ ᠮᠠᠯ ᠤᠨ ᠮᠢᠬ᠎ᠠ ᠦᠨ᠎ᠡ ᠬᠦᠷᠦᠭᠰᠡᠨ ᠢᠶᠠᠷ ᠵᠠᠪᠰᠠᠷ ᠤᠨ ᠮᠠᠶᠢᠮᠠᠶᠢᠴᠢᠳ ᠤᠨ ᠵᠢᠷᠭᠠᠯ ᠪᠤᠯᠵᠤ ᠪᠠᠶᠢᠭ᠎ᠠ ᠨᠢ ᠡᠨᠡ᠃ ︽ᠡᠬᠦᠨ ᠲᠠᠢ ᠴᠢᠨᠢ ᠨᠠᠶᠢᠵᠠ᠂ ᠲᠡᠬᠦᠨ ᠲᠠᠢ ᠴᠢᠨᠢ ᠬᠠᠮᠲᠤ ᠰᠤᠷᠤᠭᠴᠢ︾ ᠭᠡᠵᠤ ᠲᠦᠷᠦᠯ ᠰᠠᠲᠤᠨ ᠤ ᠬᠢᠨᠢ ᠨᠡᠷ᠎ᠡ ᠶᠢ ᠵᠢᠭᠠᠵᠤ᠂ ᠠᠰᠢᠭ ᠢᠶᠠᠨ ᠶᠡᠭᠡᠰᠭᠡᠬᠦ ᠤᠬᠠᠭᠠᠨ ᠵᠠᠷᠤᠵᠤ ᠶᠠᠪᠤᠨ᠎ᠠ ᠁      — — ᠵᠢᠷᠡᠡᠨᠢᠭᠡ ᠢᠮᠠᠭ᠎ᠠ ᠬᠤᠲᠠᠯᠲᠤᠵᠤ ᠠᠪᠬᠤ ᠶᠤᠮ ᠭᠡᠨ᠎ᠡ᠃      — — ᠵᠠᠬ᠎ᠠ ᠲᠯᠡᠭᠡᠬᠦᠷ ᠤᠨ ᠦᠨ᠎ᠡ ᠠᠴᠠ ᠨᠢᠭᠡ ᠲᠦᠬᠦᠷᠢᠭ ᠢᠯᠡᠬᠦᠦ ᠦᠭᠬᠦ ᠭᠡᠵᠤ ᠪᠠᠶᠢᠨ᠎ᠠ᠃      — — ᠨᠢᠭᠡ ᠲᠦᠬᠦᠷᠢᠭ ᠢᠯᠡᠬᠦᠦ ᠴᠦ ᠦᠭᠬᠦᠭᠰᠡᠨ ᠪᠤᠯᠤᠨ᠎ᠠ ᠰᠢᠲᠠ᠂ ᠠᠪᠲᠠᠭ ᠯᠠ ᠶᠤᠮ ᠪᠤᠯ ᠵᠠᠬ᠎ᠠ ᠲᠡᠯᠭᠡᠬᠦᠷ ᠤᠨ ᠦᠨ᠎ᠡ ᠴᠦ ᠪᠤᠯᠤᠨ᠎ᠠ᠃ ᠬᠦᠢᠲᠡᠨ ᠬᠦᠮᠦᠷᠭᠡ ᠳᠤ ᠤᠴᠢᠬᠤ ᠶᠤᠮ ᠪᠤᠯ᠂ ᠠᠶ᠎ᠠ ᠦᠭᠡᠶᠢᠲᠡᠪᠡᠯ ᠬᠤᠶᠠᠷ ᠭᠤᠷᠪᠠᠨ ᠬᠤᠨᠤᠭ ᠬᠦᠯᠢᠶᠡᠬᠦ ᠪᠤᠯᠤᠨ᠎ᠠ᠂ ᠭᠡᠲᠦᠢ ᠶᠠᠷᠰᠢᠭ ᠲᠠᠢ ᠪᠤᠢ︖      — — ᠰᠤᠨᠤᠰᠬᠤ ᠳᠤ ᠡᠨᠡ ᠵᠢᠯ ᠨᠠᠯᠢᠶᠠᠳ ᠮᠢᠬ᠎ᠠ ᠬᠠᠲᠠᠭᠠᠬᠤ ᠭᠡᠵᠤ ᠪᠠᠶᠢᠭ᠎ᠠ ᠶᠤᠮ ᠭᠡᠨ᠎ᠡ᠃ ᠲᠠᠮ ᠤᠨ ᠦᠭᠡ ᠲᠠᠯᠠᠨ ᠬᠤᠲᠠᠯ᠂ ᠵᠠᠮ ᠤᠨ ᠦᠭᠡ ᠵᠢᠷᠠᠨ ᠬᠤᠲᠠᠯ ᠪᠤᠯᠤᠭ᠎ᠠ ᠦᠭᠡᠢ᠃ ᠵᠢᠷᠡᠡᠨᠢᠭᠡ ᠦᠬᠦᠴᠨ ᠶᠢᠨ ᠴᠠᠭ ᠤᠶᠢᠷᠠᠳᠬᠤ ᠪᠠᠷ ᠭᠡᠲᠦᠨ ᠵᠠᠭᠤᠨ ᠢᠮᠠᠭ᠎ᠠ ᠬᠤᠲᠠᠯᠲᠤᠨ ᠠᠪᠤᠯ᠎ᠠ᠃ ᠢᠮᠠᠭ᠎ᠠ ᠪᠠᠨ ᠵᠢᠷᠡᠡᠨᠢᠭᠡ ᠳᠤ ᠬᠤᠲᠠᠯᠲᠤᠵᠤ ᠦᠭᠬᠦᠶ᠎ᠡ ᠭᠡᠰᠡᠨ ᠠᠶᠢᠯ ᠲᠠᠢ ᠡᠲᠦᠷ ᠪᠤᠯᠵᠤᠵᠤ᠂ ᠲᠤᠭᠲᠠᠭᠰᠠᠨ ᠴᠠᠭ ᠲᠤ ᠡᠲᠡᠨ ᠤ ᠳᠤ ᠬᠦᠷᠭᠡᠭᠡᠳ ᠢᠷᠡᠪᠡᠯ ᠪᠤᠯᠴᠢᠬᠠᠨ᠎ᠠ᠃      — — ᠪᠤᠯᠵᠤᠭᠰᠠᠨ ᠴᠠᠭ ᠲᠤ ᠪᠢ ᠡᠬᠦᠲᠡᠨ ᠳᠤ ᠪᠠᠨ ᠮᠠᠯ ᠢ ᠤᠯᠠᠮᠵᠢᠯᠠᠯᠲᠤ ᠠᠷᠭ᠎ᠠ ᠪᠠᠷ ᠦᠷᠦᠴᠡᠯᠡᠵᠦ ᠨᠢᠲᠦᠯᠡᠲᠡᠭ᠃ ᠴᠠᠭ ᠪᠤᠯᠵᠤᠵᠤ ᠪᠠᠶᠢᠬᠤ ᠨᠢ ᠮᠠᠯ ᠢᠶᠠᠨ ᠬᠦᠷᠭᠡᠵᠦ ᠢᠷᠡᠭᠰᠡᠨ ᠮᠠᠯᠴᠢᠳ ᠬᠦᠯᠢᠶᠡᠬᠦ ᠭᠡᠷᠡᠭ ᠦᠭᠡᠢ᠂ ᠮᠢᠨᠤ ᠠᠲᠡ ᠠᠪᠴᠢᠷᠠᠪᠠᠯ ᠠᠯᠠᠵᠤ ᠨᠢᠲᠦᠯᠡᠬᠦ ᠬᠦᠯᠦᠰᠤ ᠭᠡᠵᠤ ᠠᠪᠬᠤ ᠦᠭᠡᠢ᠂ ᠡᠨᠡ ᠨᠢ ᠪᠠᠭ᠎ᠠ ᠴᠦ ᠭᠡᠰᠠᠨ ᠪᠠᠰᠠ ᠯᠠ ᠤᠷᠤᠯᠭ᠎ᠠ ᠭᠡᠰᠡᠨ ᠦᠭᠡ᠃ ᠦᠷᠦᠴᠡᠯᠡᠵᠦ ᠠᠯᠠᠪᠠᠯ ᠴᠢᠰᠤ ᠨᠢ ᠬᠦᠢᠴᠡᠳ ᠲᠠᠯᠪᠢᠭᠲᠠᠬᠤ ᠦᠭᠡᠢ ᠪᠠᠶᠢᠵᠤ ᠬᠠᠲᠠᠭᠠᠭᠰᠠᠨ ᠮᠢᠬᠠᠨ ᠤ ᠦᠩᠭᠡ ᠠᠮᠲᠠ ᠨᠢ ᠰᠠᠶᠢᠬᠠᠨ ᠪᠤᠯᠲᠠᠭ᠃ ᠬᠤᠭᠤᠯᠠᠢ ᠶᠢ ᠬᠢᠷᠦᠭᠡᠳᠡᠵᠤ ᠠᠯᠠᠪᠠᠯ ᠠᠲᠠᠭ ᠲᠤ ᠪᠠᠨ 3 ᠵᠢᠩ ᠪᠠᠭᠤᠷᠠᠨ᠎ᠠ᠃ 40 ᠵᠢᠩ ᠠᠯᠠᠬᠤ ᠶᠤᠰᠤᠲᠠᠢ ᠢᠮᠠᠭ᠎ᠠ ᠴᠢᠨᠢ 37 ᠵᠢᠩ ᠪᠤᠯᠴᠢᠬᠠᠨ᠎ᠠ᠃ ᠡᠨᠡ ᠵᠢᠯ ᠤᠨ ᠦᠨ᠎ᠡ ᠪᠠᠷ ᠪᠤᠲᠤᠪᠠᠯ᠂ 3 ᠵᠢᠩ ᠴᠢᠨᠢ 90 ᠰᠢᠬᠠᠮ ᠲᠦᠬᠦᠷᠢᠭ᠂ ᠲᠠᠬᠢᠭᠠᠳ ᠵᠢᠩ ᠪᠦᠷᠢ ᠳᠤ ᠢᠯᠡᠬᠦᠦ ᠦᠭᠬᠦ‍ ᠨᠢᠭᠡ ᠲᠦᠬᠦᠷᠢᠭ ᠢ ᠨᠢ ᠪᠤᠲᠤᠪᠠᠯ ᠨᠢᠭᠡ ᠢᠮᠠᠭ᠎ᠠ ᠠᠲᠠᠭ ᠲᠤ ᠪᠠᠨ 130 ᠭᠠᠷᠤᠢ ᠲᠦᠬᠦᠷᠢᠭ ᠢᠯᠡᠬᠦᠦ ᠦᠨ᠎ᠡ ᠬᠦᠷᠦᠯ᠎ᠠ ᠭᠡᠰᠡᠨ ᠦᠭᠡ᠃ ᠤᠰᠤ ᠤᠤᠭᠤᠯᠭᠠᠬᠤ ᠦᠭᠡᠢ ᠡᠪᠡᠰᠤ ᠢᠲᠡᠬᠦᠯᠬᠦ ᠦᠭᠡᠢ ᠭᠡᠲᠦᠨ ᠡᠲᠦᠷ ᠬᠦᠯᠢᠶᠡᠯᠭᠡᠪᠡᠯ ᠮᠠᠯ ᠤᠨ ᠵᠢᠩ ᠪᠠᠭ᠎ᠠ ᠦᠭᠡᠢ ᠪᠠᠭᠤᠷᠠᠨ᠎ᠠ᠂ ᠭᠡᠲᠦᠨ ᠵᠢᠩ ᠢᠶᠠᠷ ᠪᠠᠭᠤᠷᠠᠨ᠎ᠠ ᠰᠢᠤ᠂ ᠡᠨᠡ ᠨᠢ ᠮᠠᠯᠴᠢᠳ ᠲᠤ ᠠᠪᠴᠤ ᠭᠡᠯᠡᠪᠡᠯ ᠦᠵᠡᠭᠲᠡᠬᠦ ᠦᠭᠡᠢ ᠬᠤᠬᠢᠷᠠᠯ᠂ ᠲᠡᠬᠢᠭᠠᠳ ᠪᠦᠷ ᠲᠡᠷᠭᠡ ᠤᠨᠤᠭᠠᠨ ᠤ ᠬᠦᠯᠦᠰᠤ᠂ ᠠᠷᠠᠰᠤᠨ ᠳᠤᠨᠢ ᠭᠠᠷᠭᠠᠭᠰᠠᠨ ᠮᠢᠬ᠎ᠠ᠂ ᠬᠠᠭᠠᠰ ᠰᠡᠬᠦᠯ ᠢ ᠨᠢ ᠴᠦ ᠪᠤᠲᠤᠭ᠎ᠠ ᠦᠭᠡᠢ ᠰᠢᠤ᠂ ᠲᠡᠭᠡᠷ᠎ᠡ ᠨᠢ ᠲᠠᠬᠢᠭᠠᠳ 20 ᠵᠢᠩ ᠠᠴᠠ ᠲᠤᠷᠤᠭᠰᠢ᠂ 30 ᠵᠢᠩ ᠠᠴᠠ ᠲᠤᠷᠤᠭᠰᠢ ᠭᠡᠬᠦᠴᠢᠯᠡᠨ ᠭᠡᠲᠦᠨ ᠲᠡᠰ ᠬᠤᠪᠢᠶᠠᠨ ᠠᠲᠠᠯᠢ ᠪᠤᠰᠤ ᠦᠨ᠎ᠡ ᠪᠠᠷ ᠬᠤᠲᠠᠯᠲᠤᠨ ᠠᠪᠤᠨ᠎ᠠ᠂ ᠡᠨᠡ ᠴᠢᠨᠢ ᠪᠠᠰᠠ ᠪᠠᠭ᠎ᠠ ᠪᠤᠰᠤ ᠭᠠᠷᠤᠵᠠ᠂ ᠨᠠᠷᠢᠨ ᠲᠠᠩᠰᠠ ᠲᠤᠭᠠᠴᠢᠬᠤ ᠶᠤᠮ ᠪᠤᠯ ᠪᠠᠭ᠎ᠠ ᠦᠭᠡᠢ ᠲᠤᠭ᠎ᠠ ᠰᠢᠤ ᠭᠡᠵᠤ ᠵᠢᠷᠡᠡᠨᠢᠭᠡ ᠮᠢᠬ᠎ᠠ ᠴᠢᠨᠠᠬᠤ ᠶᠢᠨ ᠲᠠᠭᠠᠤ ᠦᠬᠦᠴᠨ ᠳᠤ ᠬᠠᠪᠰᠤᠷᠬᠤ ᠪᠠᠷ ᠢᠷᠡᠭᠰᠡᠨ ᠬᠦᠮᠦᠰ ᠲᠤ ᠶᠠᠷᠢᠨ᠎ᠠ᠃      — — ᠡᠨᠡ ᠤᠯᠠᠨ ᠨᠠᠷᠢᠨ ᠲᠠᠩᠰᠠ ᠶᠢ ᠶᠡᠷᠦ ᠨᠢ ᠪᠤᠲᠤᠵᠤ ᠦᠵᠡᠭᠡ ᠦᠭᠡᠢ ᠯᠠ ᠳ᠋ᠠ᠃ ᠶᠠᠪᠤᠭᠤᠯ ᠮᠠᠶᠢᠮᠠᠶᠢᠴᠢᠨ ᠳᠤ ᠬᠤᠲᠠᠯᠲᠤᠵᠤ ᠦᠭᠬᠦᠭᠡᠳ ᠭᠡᠲᠦᠢ ᠴᠦ ᠬᠤᠨᠵᠢᠭᠲᠠᠭᠰᠠᠨ ᠢ ᠪᠤᠤ ᠮᠡᠲᠡ᠃ ᠬᠦᠢᠲᠡᠨ ᠬᠦᠮᠦᠷᠭᠡ ᠭᠠᠷᠤᠭᠠᠳ ᠨᠡᠯᠢᠶᠡᠳ ᠦᠨ᠎ᠡ ᠬᠦᠷᠭᠡᠯ᠎ᠡ ᠭᠡᠰᠡᠨ ᠴᠢᠨᠢ ᠪᠠᠰᠠ ᠯᠠ ᠬᠤᠰᠤᠭᠤᠯᠵᠤ ᠪᠠᠶᠢᠭ᠎ᠠ ᠶᠤᠮ ᠪᠠᠶᠢᠨ᠎ᠠ᠃      — — ᠮᠠᠨ ᠰᠢᠭ᠋ ᠮᠠᠯᠴᠢᠨ ᠬᠦᠮᠦᠨ ᠡᠬᠦᠨ ᠢ ᠶᠠᠭᠠᠬᠢᠵᠦ ᠮᠡᠲᠡᠨ᠎ᠡ ᠳ᠋ᠠ᠂ ᠵᠢᠷᠡᠡᠨᠢᠭᠡ ᠢᠩᠬᠢᠵᠦ ᠭᠡᠯᠡᠬᠦ ᠦᠭᠡᠢ ᠶᠤᠮ ᠪᠤᠯ ᠪᠢᠲᠠ ᠴᠢᠨᠢ ᠮᠡᠲᠡᠬᠦ ᠴᠦ ᠦᠭᠡᠢ᠃ — — ᠲᠡᠬᠢᠭᠠᠳ ᠭᠡᠯᠡᠪᠡᠯ᠂ ᠮᠡᠲᠡᠯ᠎ᠡ ᠭᠡᠳ ᠶᠠᠭᠠᠬᠢᠨ᠎ᠠ ᠳ᠋ᠠ⁈ ᠁ ᠁      — — ᠵᠠ ᠵᠠ᠂ ᠦᠨᠦ ᠤᠷᠤᠢ ᠪᠠᠰᠠ ᠮᠢᠬ᠎ᠠ ᠢᠲᠡᠬᠦ ᠶᠤᠮ ᠪᠠᠶᠢᠨ᠎ᠠ᠃      — — ᠪᠠᠰᠠ ᠬᠤᠶᠠᠷ ᠰᠢᠯ ᠲᠤᠭᠰᠢᠨ ᠬᠠᠷ᠎ᠠ ᠪᠠᠷ ᠶᠠᠲᠠᠷᠠᠭ᠎ᠠ ᠪᠠᠨ ᠲᠠᠶᠢᠯᠴᠢᠬᠠᠨ᠎ᠠ᠃      — — ᠶᠠᠭᠤ ᠴᠦ ᠭᠡᠰᠠᠨ ᠰᠢᠪᠲᠤᠷᠤᠭᠠᠨ ᠳᠤ ᠪᠠᠨ ᠤᠷᠤᠬᠤ ᠶᠤᠮ ᠪᠠᠶᠢᠨ᠎ᠠ᠃ ᠶᠡᠷᠦ ᠨᠢ ᠲᠤᠯᠠᠭᠠᠨ ᠡᠪᠤᠯ ᠪᠤᠯᠬᠤ ᠰᠢᠨᠵᠢᠲᠠᠢ ᠪᠠᠶᠢᠭᠰᠠᠨ ᠶᠤᠮ᠂ ᠭᠡᠲᠡᠯ᠎ᠡ ᠡᠨᠡ ᠭᠡᠲᠦᠨ ᠡᠲᠦᠷ ᠤᠨ ᠬᠦᠢᠲᠡᠨ ᠭᠡᠭᠴᠢ᠂ ᠶᠢᠰᠤ ᠡᠬᠢᠯᠡᠭᠡ ᠦᠭᠡᠢ ᠪᠠᠷ ᠭᠤᠨᠠᠨ ᠤ ᠡᠪᠡᠷ ᠲᠠᠰᠤ ᠬᠦᠯᠲᠡᠬᠦ ᠨᠢ ᠡ᠃      — — ᠮᠠᠨ ᠤ ᠬᠦᠮᠦᠨ ᠲᠡᠭᠡᠭᠡᠳ ᠭᠡᠲᠦᠢ ᠮᠦᠩᠬᠦ ᠡᠪᠤᠷᠯᠡᠴᠢᠭᠡ ᠤᠤ︖      — — ᠪᠠᠷᠤᠭ ᠲᠦᠮᠡ ᠦᠩᠭᠡᠷᠡᠬᠦ ᠪᠠᠶᠢᠬ᠎ᠠ᠃      — — ᠮᠠᠨ ᠤ ᠬᠠᠷ᠎ᠠ ᠴᠦ ᠮᠤᠨᠲᠠᠭ ᠪᠠᠶᠢᠨ᠎ᠠ᠂ ᠰᠠᠷ᠎ᠠ ᠠᠵᠢᠯᠯᠠᠬᠤ ᠦᠭᠡᠢ ᠪᠠᠷ ᠲᠦᠮᠡ ᠰᠢᠪᠬᠠᠷᠠᠨ᠎ᠠ ᠭᠡᠭᠴᠢ᠂ ᠪᠢ ᠴᠦ ᠪᠠᠰᠠ ᠭᠠᠶᠢᠭᠤᠢ ᠴᠢᠷᠮᠠᠶᠢᠭᠰᠠᠨ ᠰᠢᠲᠠ᠂ ᠠᠷᠠᠢ ᠯᠠ ᠲᠦᠮᠡ ᠬᠦᠷᠬᠦ ᠦᠭᠡᠢ ᠪᠠᠶᠢᠨ᠎ᠠ᠃ ᠭᠡᠲᠡᠰᠤ ᠠᠷᠴᠢᠭᠰᠠᠨ ᠪᠦᠰᠡᠬᠦ᠋ᠢᠴᠤᠳ ᠲᠡᠭᠡᠭᠡᠳ ᠭᠠᠨᠵᠤᠭ᠎ᠠ ᠲᠦᠬᠦᠷᠡᠩ ᠤᠤ︖      — — ᠤᠯᠲᠠᠭ ᠢᠶᠠᠨ ᠤᠯᠵᠤ ᠯᠠ ᠪᠠᠶᠢᠨ᠎ᠠ᠂ ᠲᠤᠷ᠎ᠠ ᠨᠢ ᠬᠦᠷᠪᠡᠯ ᠬᠢᠴᠢᠲᠡᠭ ᠰᠢᠷ᠎ᠠ ᠨᠢ ᠬᠦᠷᠪᠡᠯ ᠠᠮᠠᠷᠠᠴᠢᠬᠠᠲᠠᠭ ᠴᠢᠮ᠎ᠠ ᠠᠴᠠ ᠯᠠ ᠬᠤᠯᠠ ᠢᠯᠡᠬᠦᠦ ᠤᠯᠤᠨ᠎ᠠ ᠳ᠋ᠠ᠃      — — ᠠᠶᠢᠯ ᠤᠨ ᠪᠡᠷᠭᠡᠨ ᠴᠦ ᠮᠠᠭᠤ ᠡᠷ᠎ᠡ ᠶᠢ ᠴᠢᠴᠠᠭ᠎ᠠ ᠠᠯᠲᠠᠭᠤᠯᠤᠨ᠎ᠠ ᠰᠢᠤ᠃      — — ᠰᠠᠬᠠᠯᠲᠤ ᠭᠤᠸᠠᠢ ᠦᠮᠦᠲᠦᠨ ᠳᠤ ᠪᠠᠨ ᠠᠯᠲᠠᠴᠢᠬᠠᠭᠰᠠᠨ ᠴᠦ ᠦᠭᠡᠢ ᠪᠢᠵᠡ︖      — — ᠰᠠᠬᠠᠯᠲᠤ ᠰᠢᠷ᠎ᠠ ᠴᠦ ᠡᠨᠡ ᠤᠲᠠᠭ᠎ᠠ ᠬᠠᠷᠢᠨ ᠤᠬᠠᠭ᠎ᠠ ᠤᠷᠤᠭᠰᠠᠨ ᠲᠦᠯᠦᠪ ᠲᠠᠢ᠂ ᠦᠪᠡᠷ ᠤᠨ ᠠᠵᠢᠯ ᠠᠴᠠ ᠪᠠᠨ ᠢᠯᠡᠬᠦᠦ ᠰᠠᠶᠢᠨ ᠬᠢᠵᠤ ᠪᠠᠶᠢᠨ᠎ᠠ ᠰᠢᠣ᠂ ᠭᠡᠷ ᠲᠤ ᠪᠠᠨ ᠢᠩᠬᠢᠵᠦ ᠬᠢᠲᠡᠭ ᠨᠢ ᠰᠤᠨᠤᠰᠲᠠᠭ᠎ᠠ ᠦᠭᠡᠢ ᠳ᠋ᠠ᠂ ᠦᠭᠡᠷ᠎ᠡ ᠠᠶᠢᠯ ᠳᠤ ᠪᠠᠶᠢᠭᠰᠠᠨ ᠪᠤᠯ ᠪᠠᠷᠤᠭ ᠠᠯᠢ ᠭᠡᠲᠦ᠋ᠢᠨᠠᠢ ᠲᠠᠤᠯᠠᠢ ᠶᠢᠨ ᠮᠦᠷ ᠢᠶᠠᠨ ᠭᠠᠷᠭᠠᠴᠢᠬᠠᠭᠰᠠᠨ ᠪᠠᠶᠢᠬᠤ ᠳ᠋ᠠ᠂ ᠬᠠ ᠬᠠ      — — ᠰᠠᠬᠠᠯᠲᠤ ᠠᠬ᠎ᠠ ᠤᠷᠵᠢᠲᠦᠷ ᠲᠠᠪᠤ ᠬᠦᠷᠬᠦ ᠭᠡᠵᠤ ᠪᠠᠶᠢᠨ᠎ᠠ ᠭᠡᠴᠢᠭᠡᠭᠰᠡᠨ ᠬᠢᠲᠤᠭ᠎ᠠ ᠪᠠᠨ ᠪᠢᠯᠡᠬᠦᠲᠡᠵᠦ ᠪᠠᠶᠢᠭᠰᠠᠨ ᠰᠢᠤ᠃      — — ᠲᠠᠷᠭᠤᠨ ᠮᠢᠬ᠎ᠠ ᠪᠠᠷ ᠠᠮᠠ ᠪᠠᠨ ᠲᠤᠰᠤᠯᠠᠵᠤ᠂ ᠲᠤᠭᠰᠢᠨ ᠬᠠᠷ᠎ᠠ ᠪᠠᠷ ᠬᠤᠲᠤᠭᠤᠲᠤ ᠪᠠᠨ ᠮᠢᠯᠢᠶᠠᠬᠤ ᠭᠡᠵᠤ ᠪᠠᠰᠠ ᠴᠦ ᠵᠢᠷᠭᠠᠯ ᠳ᠋ᠠ᠃      — — ᠦᠭᠡᠢ ᠶᠡᠷᠦ ᠨᠢ ᠮᠢᠬ᠎ᠠ ᠢᠲᠡᠭᠡᠳ ᠮᠠᠩᠰᠢᠭᠤᠷᠠᠴᠢᠯ᠎ᠠ ᠭᠡᠲᠡᠭ᠂ ᠮᠠᠨ ᠤ ᠡᠨᠡ ᠭᠡᠲᠦᠨ ᠬᠦᠮᠦᠨ ᠭᠤᠤᠯ ᠦᠲᠡ ᠳᠤ ᠴᠦ ᠮᠠᠩᠰᠢᠭᠤᠷᠬᠠᠤ ᠨᠢ ᠦᠵᠡᠭᠲᠡᠭᠡ ᠦᠭᠡᠢ᠃ ᠭᠡᠷ ᠤᠨ ᠡᠵᠡᠨ ᠠᠯᠪᠠᠲᠠᠭ᠎ᠠ ᠦᠭᠡᠢ ᠪᠠᠶᠢᠬᠤ ᠳᠤ ᠠᠮᠠᠷᠠᠬᠤ ᠪᠠᠨ ᠪᠦᠷ ᠮᠠᠷᠲᠠᠴᠢᠬᠠᠲᠠᠭ ᠰᠤᠨᠢᠨ ᠤᠯᠤᠰ ᠡ⁉      — — ᠵᠤᠭᠤᠰ ᠭᠡᠪᠡᠯ ︽ᠨᠦᠢᠷ ᠢ ᠨᠢ ᠨᠤᠬᠠᠢ ᠢᠲᠡᠴᠢᠭᠡᠨ᠎ᠠ︾ ᠰᠢᠤ᠃ ᠡᠪᠤᠯ ᠤᠨ ᠡᠲᠦᠷ ᠶᠠᠭᠠᠬᠢᠬᠤ ᠶᠢᠨ ᠠᠷᠭ᠎ᠠ ᠦᠭᠡᠢ ᠤᠬᠤᠷ ᠪᠠᠶᠢᠵᠤ᠂ ᠴᠠᠶᠢᠪᠤᠷ ᠨᠠᠷᠠ ᠤᠩᠭᠤᠨ ᠠᠭᠤᠯᠠ ᠶᠢᠨ ᠨᠤᠶᠠᠨ ᠤᠷᠬᠢᠯ ᠤᠨ ᠵᠤᠯᠠᠢ ᠦᠨᠦᠰᠤᠨ᠂ ᠭᠡᠤᠭᠡᠨ ᠵᠢᠰᠤ ᠪᠠᠨ ᠤᠯᠠᠭᠠᠨ ᠱᠠ ᠪᠠᠷ ᠪᠦᠷᠬᠦᠨ ᠠᠭᠤᠯᠠ ᠶᠢᠨ ᠴᠠᠭᠠᠨ᠎ᠠ ᠨᠢᠭᠤᠭᠲᠠᠯ᠎ᠠ᠃ ᠴᠠᠬᠢᠯᠭᠠᠨ ᠳ᠋ᠧᠩ ᠤᠨ ᠭᠡᠷᠡᠯ ᠳᠤ ᠬᠦᠮᠦᠰ ᠶᠠᠭᠠᠷᠠᠯᠲᠤᠨ᠎ᠠ᠃ ᠬᠠ ᠬᠠ᠂ ᠬᠢ᠂ ᠬᠢ ᠁ ᠮᠠᠯ ᠢᠶᠠᠨ ᠠᠮᠢᠲᠤ ᠪᠠᠷ ᠨᠢ ᠬᠤᠲᠠᠯᠲᠤᠪᠠᠯ ᠵᠠᠪᠰᠠᠷ ᠤᠨ ᠮᠠᠶᠢᠮᠠᠶᠢᠴᠢᠨ ᠢᠯᠡᠬᠦᠤ ᠠᠰᠢᠭ ᠬᠦᠷᠲᠠᠵᠤ ᠮᠠᠯᠴᠢᠳ ᠲᠤᠲᠠᠭᠤ ᠤᠷᠤᠯᠭ᠎ᠠ ᠲᠠᠢ ᠪᠤᠯᠤᠨ᠎ᠠ ᠭᠡᠲᠡᠭ ᠢ ᠵᠢᠷᠠᠡᠨᠢᠭᠡ ᠲᠤᠪ ᠲᠤᠲᠤ ᠮᠡᠲᠡᠲᠡᠭ᠃ ᠮᠠᠯ ᠠᠵᠤ ᠠᠬᠤᠢ ᠶᠢᠨ ᠵᠠᠬ᠎ᠠ ᠲᠡᠯᠭᠡᠬᠦᠷ ᠤᠨ ᠪᠠᠶᠢᠲᠠᠯ ᠢ ᠰᠠᠶᠢᠨ ᠤᠶᠢᠯᠠᠭᠠᠲᠠᠭ ᠲᠡᠷᠡ ᠮᠠᠨᠢ ᠭᠡᠵᠤ ᠮᠠᠯ ᠢᠶᠠᠨ ᠶᠠᠷᠤᠨᠢ ᠠᠮᠢᠲᠤ  ᠪᠠᠷ ᠨᠢ ᠬᠤᠲᠠᠯᠲᠤᠲᠠᠭ ᠦᠭᠡᠢ᠃      ︽ᠮᠠᠯ ᠤᠨ ᠮᠢᠬ᠎ᠠ ᠶᠢᠨ ᠴᠢᠨᠠᠷ ᠢ ᠪᠠᠲᠤᠯᠠᠭᠰᠠᠨ ᠰᠠᠭᠤᠷᠢᠨ ᠲᠡᠭᠡᠷ᠎ᠠ ᠪᠤᠷᠤᠯᠠᠭᠤᠯᠬᠤ ᠠᠷᠭ᠎ᠠ ᠵᠠᠮ ᠢᠶᠠᠨ ᠤᠯᠪᠠᠯ ᠬᠠᠲᠠᠭᠠᠭᠰᠠᠨ ᠮᠢᠬ᠎ᠠ ᠪᠤᠯᠤᠨ ᠦᠪᠡᠷ ᠢᠶᠠᠨ ᠠᠯᠠᠵᠤ ᠬᠤᠲᠠᠯᠲᠤᠬᠤ ᠶᠢᠨ ᠠᠯᠢᠨ ᠤ ᠬᠢᠨ ᠴᠦ ᠪᠤᠷᠤᠯᠠᠭᠤᠯᠭ᠎ᠠ ᠨᠢ ᠪᠦᠷ ᠰᠠᠶᠢᠨ ᠰᠢᠤ᠂ ᠲᠠ ᠨᠠᠷ ᠵᠠᠬ᠎ᠠ ᠪᠠᠨ ᠤᠯᠬᠤ ᠦᠭᠡᠢ ᠪᠤᠯ ᠪᠢ ᠬᠠᠷᠢᠯᠴᠠᠵᠤ ᠦᠭᠬᠦᠭᠰᠡᠨ ᠴᠦ ᠪᠤᠯᠤᠨ᠎ᠠ︾ ᠲᠡᠷᠨ ᠦᠪᠠᠷ ᠤᠨ ᠲᠤᠷᠰᠢᠯᠭ᠎ᠠ ᠪᠠᠨ ᠮᠠᠯᠴᠢᠨ ᠲᠦᠮᠡᠨ ᠲᠠᠢ ᠪᠠᠨ ᠬᠠᠷᠠᠮ ᠦᠭᠡᠢ ᠬᠤᠪᠢᠶᠠᠯᠴᠠᠵᠤ᠂ ᠬᠠᠮᠲᠤ ᠪᠠᠷ ᠪᠠᠶᠠᠵᠢᠨ ᠴᠢᠨᠡᠭᠡᠯᠢᠭᠵᠢᠬᠦ ᠶᠢ ᠰᠠᠨᠠᠭᠠᠴᠢᠯᠠᠭᠰᠠᠨ ᠪᠠᠶᠢᠨ᠎ᠠ᠃ ᠡᠪᠤᠯ ᠤᠨ ᠬᠦᠢᠲᠠᠨ ᠡᠲᠤᠷ ᠢ ᠲᠠᠭᠠᠷᠠᠭᠤᠯᠵᠤ ᠮᠢᠬ᠎ᠠ ᠬᠠᠲᠠᠭᠠᠬᠤ ᠨᠢ ᠬᠠᠮᠤᠭ ᠰᠠᠶᠢᠨ ᠪᠠᠶᠢᠲᠠᠭ᠃ ᠪᠤᠷᠴᠠᠯᠠᠭᠰᠠᠨ ᠮᠢᠬ᠎ᠠ ᠲᠠᠷᠦ᠋ᠢᠬᠠᠨ ᠬᠦᠯᠲᠡᠬᠦ ᠨᠢ ᠴᠢᠰᠤᠨ ᠤ ᠱᠦᠬᠦᠷᠡᠯᠲᠡ ᠶᠢ ᠪᠠᠭᠠᠰᠬᠠᠨ᠂ ᠬᠠᠲᠠᠭᠠᠭᠰᠠᠨ ᠮᠢᠬ᠎ᠠ ᠨᠢ ᠦᠩᠭᠡ ᠰᠠᠶᠢᠲᠠᠢ᠂ ᠠᠮᠲᠠ ᠨᠢ ᠭᠤᠶᠢᠲᠠ ᠰᠠᠶᠢᠬᠠᠨ ᠪᠤᠯᠲᠠᠭ᠃ ᠵᠤᠨ ᠳᠤ ᠪᠠᠨ ᠮᠢᠬ᠎ᠠ ᠬᠠᠲᠠᠭᠠᠬᠤ ᠳᠤ ᠪᠤᠷᠴᠠ ᠪᠠᠨ ᠨᠠᠷᠢᠨ ᠵᠦᠰᠦᠵᠤ᠂ ᠠᠷᠭᠠᠯ ᠤᠨ ᠤᠲᠤᠭ᠎ᠠ ᠪᠠᠷ ᠤᠲᠤᠪᠠᠯ ᠠᠮᠠᠷᠬᠠᠨ ᠦᠲᠦᠬᠦ ᠦᠭᠡᠢ ᠪᠦᠭᠡᠳ ᠦᠨᠦᠷ ᠠᠮᠲᠠ ᠨᠢ ᠰᠠᠶᠢᠬᠠᠨ ᠪᠤᠯᠲᠠᠭ᠃ ᠮᠢᠬ᠎ᠠ ᠬᠠᠲᠠᠭᠠᠬᠤ ᠳᠤ ᠬᠤᠨᠢᠨ ᠮᠢᠬ᠎ᠠ ᠪᠤᠯᠬᠤ ᠦᠭᠡᠢ᠂ ᠮᠤᠩᠭᠤᠯ ᠠᠨᠠᠭᠠᠬᠤ ᠤᠬᠠᠭᠠᠨ ᠳᠤ ᠬᠤᠨᠢᠨ ᠮᠢᠬ᠎ᠠ ᠵᠠᠭᠤᠨ ᠡᠲᠤᠷ ᠦᠩᠭᠡᠷᠠᠪᠠᠯ ᠰᠢᠮ᠎ᠠ ᠠᠯᠲᠠᠭᠲᠠᠵᠤ᠂ ᠢᠮᠠᠭᠠᠨ ᠮᠢᠬ᠎ᠠ ᠵᠠᠭᠤᠨ ᠡᠲᠤᠷ ᠦᠩᠭᠡᠷᠠᠪᠠᠯ ᠡᠮ ᠪᠤᠯᠤᠨ᠎ᠠ ᠭᠡᠲᠡᠭ᠃      2017 ᠤᠨ ᠳᠤ᠂ ᠵᠢᠷᠡᠡᠨᠢᠭᠡ ᠰᠢᠪᠸᠢ ᠢᠲᠡᠭᠡᠨ ᠤᠮᠲᠠᠭᠠᠨ ᠤ ᠺᠤᠮᠫᠠᠨᠢ ᠳᠤ ᠬᠠᠲᠠᠭᠠᠭᠰᠠᠨ ᠮᠢᠬ᠎ᠠ ᠬᠠᠩᠭᠠᠬᠤ ᠲᠤᠬᠠᠢ ᠭᠡᠷ᠎ᠡ ᠲᠤᠭᠲᠠᠭᠰᠠᠨ ᠠᠴᠠ ᠮᠢᠩᠭ᠎ᠠ ᠭᠠᠷᠤᠢ ᠢᠮᠠᠭᠠᠨ ᠤ ᠮᠢᠬ᠎ᠠ ᠶᠢ ᠬᠠᠲᠠᠭᠠᠵᠤ᠂ ᠦᠪᠡᠷ ᠢᠶᠠᠨ ᠠᠰᠢᠭ ᠬᠦᠷᠲᠡᠭᠰᠡᠨ ᠢᠶᠠᠷ ᠪᠠᠷᠠᠬᠤ ᠦᠭᠡᠢ ᠮᠠᠯᠴᠢᠨ ᠲᠦᠮᠡᠨ ᠳᠤ ᠪᠠᠨ ᠴᠦ ᠠᠰᠢᠭ ᠬᠦᠷᠲᠡᠭᠡᠭᠰᠡᠨ ᠪᠠᠶᠢᠨ᠎ᠠ᠃ ᠢᠯᠡᠩᠭᠤᠶ᠎ᠠ ᠲᠡᠬᠦᠨ ᠤ ᠲᠠᠭᠠᠭᠤᠯᠭ᠎ᠠ ᠪᠠᠷ ᠤᠶᠢᠷ᠎ᠠ ᠶᠢᠨ ᠭᠡᠲᠦᠨ ᠮᠠᠯᠴᠢᠳ ᠤᠨ ᠦᠵᠡᠯ ᠤᠬᠠᠮᠰᠠᠷ ᠲᠤ ᠶᠡᠭᠡᠭᠡᠨ ᠬᠤᠪᠢᠷᠠᠯᠲᠠ ᠭᠠᠷᠴᠤ᠂ ᠦᠪᠡᠷ ᠢᠶᠠᠨ ᠠᠯᠠᠵᠤ ᠬᠤᠲᠠᠯᠲᠤᠬᠤ᠂ ᠮᠢᠬ᠎ᠠ ᠬᠠᠲᠠᠭᠠᠵᠤ ᠬᠤᠲᠠᠯᠲᠤᠬᠤ ᠬᠦᠮᠦᠨ ᠤᠯᠠᠰᠢᠷᠠᠵᠤ ᠡᠬᠢᠯᠡᠭᠰᠡᠨ ᠰᠠᠶᠢᠨ ᠤᠴᠢᠷ ᠬᠠᠶᠠ ᠦᠭᠡᠢ ᠲᠤᠭᠤᠯᠲᠠᠬᠤ ᠪᠤᠯᠵᠠᠢ᠃ ᠢᠷᠡᠬᠦ ᠵᠢᠯ ᠠᠴᠠ ᠮᠠᠯ ᠤᠨ ᠮᠢᠬ᠎ᠠ ᠪᠠᠨ ᠨᠢᠭᠡ ᠡᠷᠢᠨ ᠤ ᠬᠤᠭᠤᠯᠠᠨ ᠳᠤ ᠴᠢᠨᠠᠵᠤ ᠢᠲᠠᠬᠦ ᠭᠡᠮᠵᠢᠶ᠎ᠠ ᠪᠠᠷ ᠤᠭᠤᠲᠠᠯᠠᠵᠤ᠂ ᠵᠠᠬ᠎ᠠ ᠲᠡᠯᠭᠡᠬᠦᠷ ᠲᠤ ᠪᠤᠷᠤᠯᠠᠭᠤᠯᠬᠤ ᠠᠷᠭ᠎ᠠ ᠶᠢ ᠪᠤᠲᠤᠵᠤ ᠪᠤᠢ᠃ ︽ᠤᠲᠤ ᠶᠢᠨ ᠬᠦᠮᠤᠰ ᠴᠢᠨᠢ ᠪᠦᠷ ᠪᠡᠯᠠᠨ ᠶᠠᠭᠤᠮᠠᠨ ᠳᠤ ᠲᠤᠷᠠᠲᠠᠢ︕ ᠦᠶᠡᠴᠢᠯᠡᠨ ᠰᠠᠯᠭᠠᠭᠠᠳ ᠶᠠᠰᠤ ᠶᠢ ᠨᠢ ᠬᠢᠷᠤᠭᠡᠲᠡᠵᠤ ᠪᠡᠯᠠᠨ ᠪᠤᠯᠭᠠᠴᠢᠬᠠᠪᠠᠯ ᠬᠦᠮᠦᠰ ᠤᠨ ᠰᠠᠨᠠᠭᠠᠨ ᠳᠤ ᠨᠡᠶᠢᠴᠡᠴᠢᠭᠡᠨ᠎ᠡ᠃ ᠢᠩᠬᠢᠪᠡᠯ ᠪᠤᠷᠤᠯᠠᠭᠤᠯᠭ᠎ᠠ ᠤᠯᠠᠮ ᠰᠠᠶᠢᠵᠢᠷᠠᠬᠤ ᠶᠤᠮ︾ ᠭᠡᠵᠤ ᠵᠢᠷᠠᠡᠨᠢᠭᠡ ᠮᠠᠯ  ᠤᠨ ᠮᠢᠬ᠎ᠠ ᠪᠠᠨ ᠪᠤᠷᠤᠯᠠᠭᠤᠯᠬᠤ ᠰᠢᠨ᠎ᠠ ᠠᠷᠭ᠎ᠠ ᠤᠬᠠᠭᠠᠨ ᠢᠶᠠᠨ ᠠᠰᠠᠭᠤᠭᠰᠠᠨ ᠬᠦᠮᠦᠨ ᠪᠦᠬᠦᠨ ᠳᠤ ᠰᠢᠭᠤᠳ ᠭᠡᠯᠡᠴᠢᠭᠡᠨ᠎ᠡ᠃ ᠵᠢᠷᠡᠡᠨᠢᠭᠡ ᠭᠡᠵᠤ ᠪᠤᠲᠤᠭᠰᠠᠨ ᠰᠠᠨᠠᠭᠰᠠᠨ ᠢᠶᠠᠨ ᠶᠡᠷᠦ ᠠᠴᠠ ᠨᠢᠭᠤᠵᠤ ᠬᠠᠪᠴᠢᠲᠠᠭ ᠦᠭᠡᠢ᠂ ᠢᠩᠬᠢᠵᠦ ᠪᠠᠶᠢᠭ᠎ᠠ ᠨᠢ ︽ᠮᠠᠯᠴᠢᠨ ᠲᠦᠮᠡᠨ ᠶᠠᠭᠤ ᠨᠢᠭᠡ ᠶᠢ ᠤᠬᠠᠭᠠᠷᠭᠠᠠᠰᠠᠢ︾ ᠭᠡᠰᠡᠨ ᠰᠠᠨᠠᠭ᠎ᠠ ᠴᠠᠭᠠᠨ᠎ᠠ ᠨᠢ ᠪᠠᠶᠢᠭ᠎ᠠ ᠠᠵᠠᠢ᠃      — — ᠪᠢᠲᠠᠨ ᠤ ᠠᠵᠤ ᠦᠢᠯᠡᠰ ᠤᠲᠤ ᠨᠢᠭᠡᠨᠲᠡ ᠭᠡᠪᠴᠢᠶᠡᠵᠢᠬᠦ ᠬᠠᠨᠲᠤᠰᠢ ᠲᠠᠢ ᠪᠤᠯᠵᠠᠢ᠃ ᠲᠠᠸᠠᠷ ᠤᠨ ᠲᠠᠮᠲᠡᠭ ᠢᠶᠠᠨ ᠴᠦ ᠭᠤᠶᠤᠴᠢᠯᠠᠭᠠᠳ ᠪᠠᠶᠢᠭ᠎ᠠ ᠶᠤᠮ᠂ ᠤᠲᠠᠬᠤ ᠦᠭᠡᠢ ᠪᠠᠭᠤᠵᠤ ᠢᠷᠡᠬᠦ ᠪᠠᠶᠢᠬ᠎ᠠ᠃ ᠪᠢᠲᠠ ᠰᠢᠨ᠎ᠠ ᠴᠠᠭ ᠦᠶ᠎ᠠ ᠶᠢᠨ ᠲᠤᠬᠠᠶᠢᠯᠠᠭᠰᠠᠨ ᠠᠵᠢᠯ ᠤᠨ ᠮᠠᠯᠴᠢᠨ ᠪᠤᠯᠬᠤ ᠪᠠᠷ ᠴᠢᠷᠮᠠᠶᠢᠵᠤ ᠪᠠᠶᠢᠨ᠎ᠠ ᠰᠢᠤ ᠭᠡᠵᠤ ᠶᠡᠭᠡ ᠰᠤᠷᠭᠠᠭᠤᠯᠢ ᠪᠠᠨ ᠲᠡᠬᠦᠰᠭᠡᠭᠡᠳ ᠨᠤᠲᠤᠭ ᠲᠤ ᠪᠠᠨ ᠪᠤᠴᠠᠵᠤ ᠮᠠᠯᠴᠢᠨ ᠪᠤᠯᠤᠭᠰᠠᠨ ᠵᠢᠷᠡᠡᠨᠢᠭᠡ ᠶᠢᠨ ᠬᠦᠦ ᠠᠰᠠᠷ ᠨᠢ ᠤᠷᠮ᠎ᠠ ᠲᠠᠢ ᠶᠠᠷᠢᠨ᠎ᠠ᠃ ᠬᠠᠯᠠᠭᠤᠨ ᠬᠦᠢᠲᠡᠨ ᠡᠭᠡᠯᠵᠢᠯᠡᠭᠰᠡᠨ ᠲᠠᠯ᠎ᠠ ᠨᠤᠲᠤᠭ ᠬᠤᠷ᠎ᠠ ᠲᠤᠨᠤᠲᠠᠰᠤ ᠲᠡᠩᠴᠡᠬᠦ ᠪᠠᠷ᠂ ᠲᠦᠷᠪᠡᠨ ᠤᠯᠠᠷᠢᠯ ᠦᠪᠡᠷ ᠦᠪᠡᠷ ᠤᠨ ᠦᠩᠭᠡ ᠪᠠᠷ ᠢᠯᠭᠠᠷᠠᠵᠤ᠂ ᠲᠠᠪᠤᠨ ᠬᠤᠰᠢᠭᠤ ᠮᠠᠯ ᠲᠠᠷᠬᠠᠨ ᠪᠡᠯᠴᠢᠬᠦ ᠪᠠᠷ ᠨᠡᠩ ᠦᠵᠡᠰᠬᠦᠯᠡᠩ ᠭᠤᠶᠤ ᠪᠤᠯᠲᠠᠭ ᠰᠠᠨ᠃ ᠲᠠᠪᠤᠨ ᠬᠤᠰᠢᠭᠤ ᠮᠠᠯ ᠲᠠᠢ ᠪᠠᠶᠢᠲᠠᠭ ᠢᠶᠠᠷ ᠲᠠᠯ᠎ᠠ ᠨᠢ ᠬᠠᠨᠠᠭᠠᠷ ᠲᠡᠨᠢᠬᠦᠨ ᠲᠡᠭᠡᠷ᠎ᠠ ᠨᠢ ᠠᠮᠢᠲᠤᠷᠠᠭ᠎ᠠ ᠬᠦᠮᠦᠨ ᠨᠢ ᠲᠠᠶᠢᠪᠤᠩ ᠠᠮᠤᠭᠤᠯᠠᠩ᠃ ᠮᠠᠯᠴᠢᠳ ᠤᠨ ᠠᠮᠢᠲᠤᠷᠠᠯ ᠮᠠᠯ ᠤᠨ ᠢᠶᠠᠨ ᠪᠤᠶᠠᠨ ᠢᠶᠠᠷ ᠭᠡᠲᠦᠨ ᠮᠢᠩᠭᠠᠨ ᠵᠢᠯ ᠦᠷᠬᠦᠯᠵᠢᠯᠡᠵᠦ᠂ ᠦᠨᠦᠲᠦᠷ ᠪᠤᠯᠬᠤ ᠳᠤ ᠭᠡᠲᠦᠨ ᠲᠦᠬᠦᠷᠢᠭ ᠤᠨ ᠠᠷᠠᠰᠤ ᠶᠢ ᠭᠡᠲᠦᠨ ᠵᠠᠭᠤ ᠬᠦᠷᠭᠡᠬᠦ ᠤᠬᠠᠭᠠᠨ ᠭᠡᠷᠡᠭ ᠲᠠᠢ ᠪᠤᠯᠤᠭᠰᠠᠨ ᠪᠠᠶᠢᠨ᠎ᠠ᠃ ᠲᠠᠷᠬᠠᠨ ᠡᠬᠦᠷᠭᠡ ᠬᠠᠷᠢᠭᠤᠴᠠᠯᠭ᠎ᠠ ᠬᠤᠶᠠᠷ ᠪᠤᠭᠲᠠ ᠶᠢᠨ ᠨᠤᠶᠠᠨ ᠤᠷᠬᠢᠯ ᠳᠤ ᠤᠷᠭᠤᠬᠤ ᠨᠠᠷᠠ ᠤᠤᠭᠠᠨ ᠰᠠᠴᠤᠷᠠᠭ ᠲᠤᠰᠬᠤ ᠪᠠᠷ᠂ ᠤᠷᠠᠳ ᠨᠤᠲᠤᠭ ᠲᠤ ᠰᠢᠨ᠎ᠠ ᠡᠲᠦᠷ ᠡᠬᠢᠯᠡᠵᠦ ᠪᠠᠶᠢᠭ᠎ᠠ  ᠨᠢ ᠡᠨᠡ᠃ ᠦᠨᠲᠦᠷ ᠰᠦᠷᠯᠢᠭ ᠬᠤᠶᠠᠷ ᠪᠤᠭᠲᠠ ᠶᠢᠨ ᠠᠭᠤᠯᠠ ᠨᠢ ᠲᠠᠯᠠᠢ ᠶᠢᠨ ᠲᠦᠪᠰᠢᠨ ᠠᠴᠠ 1850 ᠮᠧᠲᠷ ᠦᠨᠲᠦᠷ ᠡᠷᠬᠦᠭᠲᠡᠵᠦ᠂ ᠡᠬᠦᠯᠡ ᠮᠠᠨᠠᠨ ᠤᠭᠠᠯᠵᠠᠷᠠᠭᠰᠠᠨ ᠰᠠᠶᠢᠬᠠᠨ ᠭᠠᠵᠠᠷ ᠡ᠃ ᠠᠲᠡ ᠬᠠᠯᠢᠯ ᠬᠠᠲᠠ᠂ ᠠᠰᠬ᠎ᠠ ᠭᠠᠴᠠᠭ᠎ᠠ ᠤᠯᠠᠨᠲᠠᠢ᠂ ᠨᠠᠷᠠᠰᠤ᠂ ᠠᠭᠠᠷᠤ᠂ ᠬᠠᠶᠢᠯᠠᠰᠤ ᠪᠠᠷ ᠴᠢᠮᠡᠭᠲᠡᠨ ᠂ ᠠᠷᠭᠠᠯᠢ ᠤᠭᠠᠯᠵᠠ᠂ ᠶᠠᠩᠬᠢᠷ᠂ ᠦᠨᠡᠭᠡ ᠴᠢᠨ᠋ᠸ᠎ᠠ᠂ ᠡᠯᠢᠶ᠎ᠡ᠂ ᠲᠠᠰ᠂ ᠪᠦᠷᠬᠦᠳ᠂ ᠶᠤᠯᠤ ᠮᠡᠲᠦ ᠶᠢᠨ ᠭᠡᠭᠡᠷ᠎ᠡ ᠶᠢᠨ ᠡᠪᠡᠰᠤ ᠤᠷᠭᠤᠮᠠᠯ᠂ ᠠᠮᠢᠲᠠᠨ ᠵᠢᠬᠦᠷᠲᠡᠨ ᠤ ᠲᠠᠷᠬᠠᠨ ᠦᠯᠦᠭᠡᠢ᠃ ᠡᠶᠢᠮᠦᠷᠬᠦᠦ ᠤᠷᠴᠢᠨ ᠳᠤ ᠡᠪᠡᠰᠤᠨ ᠲᠡᠵᠢᠭᠡᠯᠲᠦ ᠠᠮᠢᠲᠠᠨ ᠮᠢᠬᠠᠴᠢᠨ ᠠᠮᠢᠲᠠᠨ ᠤ ᠲᠤᠮᠲᠠ ᠤᠷᠤᠰᠢᠨ ᠲᠤᠭᠲᠠᠨᠢᠨ᠎ᠠ ᠭᠡᠭᠴᠢ ᠲᠡᠶᠢᠮᠦ ᠴᠦ ᠬᠢᠯᠪᠡᠷ ᠶᠠᠪᠤᠲᠠᠯ ᠪᠢᠰᠢ᠃      — — ᠢᠮᠠᠭ᠎ᠠ ᠬᠠᠷᠢᠭᠤᠯᠤᠭᠰᠠᠨ ᠬᠦᠮᠦᠰ ᠲᠤ ᠨᠦᠬᠦᠪᠦᠷᠢ ᠦᠭᠬᠦ ᠶᠤᠮ ᠭᠡᠨ᠎ᠡ᠃      — — ᠢᠮᠠᠭ᠎ᠠ ᠬᠠᠷᠢᠭᠤᠯᠤᠭᠰᠠᠨ ᠬᠦᠮᠦᠨ ᠳᠤ ᠪᠢᠰᠢ ᠰᠢᠤ᠂ ᠢᠮᠡᠭᠠᠨ ᠳᠤ ᠦᠭᠬᠦ ᠶᠤᠮ ᠭᠡᠨ᠎ᠠ᠃        — — ᠢᠮᠠᠭ᠎ᠠ ᠪᠤᠯᠭᠠᠨ ᠳᠤ ᠦᠭᠬᠦ ᠪᠢᠰᠢ᠂ ᠬᠠᠷᠢᠨ ᠬᠤᠶᠠᠷ ᠪᠤᠭᠲᠠ ᠶᠢᠨ ᠴᠠᠭᠠᠨ ᠢᠮᠠᠭᠠᠨ ᠳᠤ ᠨᠦᠬᠦᠪᠦᠷᠢ ᠦᠭᠬᠦᠨ᠎ᠡ ᠭᠡᠵᠤ ᠪᠢ ᠰᠤᠨᠤᠰᠤᠭᠰᠠᠨ᠃      — — ᠪᠢᠰᠢ ᠪᠢᠰᠢ᠂ ᠬᠤᠶᠠᠷ ᠪᠤᠭᠲᠠ ᠶᠢᠨ ᠴᠠᠭᠠᠨ ᠢᠮᠠᠭ᠎ᠠ ᠪᠤᠯᠭᠠᠨ ᠳᠤ ᠦᠭᠬᠦ ᠪᠢᠰᠢ᠂ ᠲᠡᠭᠡᠬᠦ ᠮᠦᠷᠲᠡᠭᠡᠨ ᠵᠠᠪᠠᠯ ᠪᠠᠷᠢᠮᠵᠢᠶᠠᠨ ᠳᠤ ᠬᠦᠷᠦᠭᠰᠡᠨ ᠵᠠᠭᠤᠨ ᠢᠮᠠᠭᠠᠨ ᠳᠤ ᠯᠠ ᠦᠭᠬᠦ ᠶᠤᠮ ᠭᠡᠵᠤ ᠵᠢᠷᠡᠡᠨᠢᠭᠡ ᠨᠠᠲᠠ ᠳᠤ ᠨᠠᠷᠢᠨ ᠶᠠᠷᠢᠵᠦ ᠪᠠᠶᠢᠭᠰᠠᠨ᠂ ᠭᠡᠪᠡᠴᠣ ᠪᠢ ᠴᠢᠨᠢ ᠨᠠᠰᠤ ᠶᠠᠪᠤᠭᠠᠳ ᠴᠡᠭᠡᠵᠢ ᠮᠠᠭᠤᠲᠠᠵᠠᠢ᠂ ᠲᠡᠬᠦᠨ ᠤ ᠭᠡᠯᠡᠭᠰᠡᠨ ᠢ ᠬᠦᠢᠴᠡᠳ ᠲᠤᠭᠲᠠᠭᠠᠵᠤ ᠴᠢᠲᠠᠭᠰᠠᠨ ᠦᠭᠡᠢ᠃      — — ᠶᠠᠭᠤ ᠴᠦ ᠭᠡᠰᠡᠠ ᠬᠤᠶᠠᠷ ᠪᠤᠭᠲᠠ ᠶᠢᠨ ᠴᠠᠭᠠᠨ ᠢᠮᠠᠭᠠᠨ ᠳᠤ ᠯᠠ ᠨᠦᠬᠦᠪᠦᠷᠢ ᠦᠭᠬᠦ ᠨᠢ ᠪᠠᠲᠤᠲᠠᠢ ᠪᠤᠯᠤᠯ᠎ᠠ ᠁        ᠮᠠᠯᠴᠢᠨ ᠤ ᠦᠷ᠎ᠡ ᠪᠤᠯᠤᠭᠰᠠᠨ ᠵᠢᠷᠡᠡᠨᠢᠭᠡ ᠮᠠᠯᠵᠢᠬᠤ ᠠᠮᠢᠲᠤᠷᠠᠯ ᠢ ᠰᠠᠶᠢᠨ ᠤᠶᠢᠯᠠᠭᠠᠬᠤ ᠪᠠᠷ ᠪᠠᠷᠠᠬᠤ ᠦᠭᠡᠢ ᠮᠠᠯᠴᠢᠨ ᠲᠦᠮᠡᠨ ᠤ ᠵᠤᠪᠠᠭᠤᠷᠢ ᠵᠦᠲᠡᠬᠦᠷᠢ  ᠶᠢ ᠴᠦ ᠰᠠᠶᠢᠨ ᠮᠡᠲᠡᠲᠡᠭ᠃ ᠨᠡᠩ ᠴᠦ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠪᠤᠯᠤᠭᠰᠠᠨ ᠠᠴᠠ ᠨᠠᠭᠠᠰᠢ᠂ ᠬᠤᠭᠤᠰᠤᠨ ᠨᠠᠷ᠎ᠠ ᠮᠠᠨᠲᠤᠭᠤᠯᠵᠤ ᠬᠤᠩᠬᠤ ᠲᠠᠮᠠᠷᠤ ᠴᠤᠬᠢᠭ᠎ᠠ ᠦᠭᠡᠢ᠃ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠪᠤᠯᠤᠭᠰᠠᠨ ᠠᠵᠠ ᠵᠠᠪᠰᠢᠶᠠᠨ ᠢᠶᠠᠨ ᠪᠦᠷᠢᠨ ᠠᠰᠢᠭᠯᠠᠵᠤ᠂ ᠤᠷᠢᠳ ᠬᠤᠵᠢᠳ ᠲᠠᠯ᠎ᠠ ᠨᠤᠲᠤᠭ ᠤᠨ ᠠᠮᠢ ᠠᠬᠤᠢ ᠶᠢᠨ ᠱᠠᠩᠨᠠᠯ ᠨᠦᠬᠦᠪᠦᠷᠢ ᠶᠢᠨ ᠮᠦᠩᠬᠦ ᠶᠢ ᠲᠡᠭᠡᠭᠰᠢᠯᠡᠬᠦᠯᠬᠦ᠂ ᠰᠠᠶᠢᠨ ᠡᠬᠦᠯᠲᠡᠷ ᠤᠨ ᠮᠠᠯ ᠳᠤ ᠨᠦᠬᠦᠪᠦᠷᠢ ᠦᠭᠬᠦ᠂ ᠬᠤᠷᠤᠭ᠎ᠠ ᠰᠠᠷᠠᠪᠴᠢ ᠡᠪᠡᠰᠤᠨ ᠬᠠᠰᠢᠶ᠎ᠠ ᠪᠠᠷᠢᠬᠤ ᠳᠤ ᠨᠦᠬᠦᠪᠦᠷᠢ ᠦᠭᠬᠦ᠂ ᠪᠠᠯᠴᠢᠭᠡᠷᠯᠡᠬᠦ ᠶᠢ ᠬᠤᠷᠢᠭᠯᠠᠭᠠᠳ ᠬᠤᠭᠤᠴᠠᠭ᠎ᠠ ᠨᠢ ᠲᠤᠯᠤᠭᠠᠳ ᠲᠡᠬᠢᠨ ᠮᠠᠯᠵᠢᠭᠤᠯᠬᠤ ᠦᠶ᠎ᠡ ᠮᠠᠯ ᠤᠨ ᠲᠤᠭ᠎ᠠ ᠶᠢ ᠵᠤᠬᠢᠮᠵᠢᠲᠡᠢ ᠪᠠᠷ ᠨᠡᠮᠡᠭᠲᠡᠬᠦᠯᠬᠦ᠂ ᠮᠠᠯᠵᠢᠬᠤ ᠤᠷᠤᠨ ᠤ ᠤᠤᠭᠤᠬᠤ ᠤᠰᠤᠨ ᠤ ᠠᠰᠠᠭᠤᠲᠠᠯ ᠢ ᠰᠢᠢᠳᠪᠦᠷᠢᠯᠡᠬᠦ᠂ ᠤᠯᠠᠭᠠᠨ ᠢᠲᠡᠭᠡᠨ ᠤ ᠵᠠᠬ᠎ᠠ ᠲᠡᠯᠭᠡᠬᠦᠷ ᠢ ᠴᠡᠭᠴᠡᠯᠡᠬᠦ᠂ ᠰᠤᠮᠤᠨ ᠳᠤ ᠮᠤᠩᠭᠤᠯ ᠦᠨᠲᠤᠰᠤᠲᠠᠨ ᠤ ᠭᠡᠤᠭᠡᠳ ᠤᠨ ᠴᠡᠴᠡᠷᠯᠢᠭ ᠢ ᠪᠠᠶᠢᠭᠤᠯᠬᠤ᠂ ᠦᠨ᠎ᠠ ᠲᠦᠯᠤᠪᠤᠷᠢ ᠦᠭᠡᠢ ᠪᠠᠷ ᠬᠢᠵᠢᠭ ᠢ ᠰᠡᠷᠭᠡᠶᠢᠯᠡᠬᠦ ᠲᠠᠷᠢᠯᠭ᠎ᠠ ᠲᠠᠷᠢᠬᠤ ᠵᠡᠷᠭᠡ ᠮᠠᠯᠴᠢᠳ ᠤᠨ ᠠᠮᠢᠲᠤᠷᠠᠯ ᠳᠤ ᠬᠤᠯᠪᠤᠭᠲᠠᠭᠰᠠᠨ ᠠᠯᠢ ᠤᠯᠠᠨ ᠠᠰᠠᠭᠤᠲᠠᠯ ᠳᠤ ᠰᠡᠳᠬᠢᠯ ᠢᠶᠠᠨ ᠵᠦᠲᠡᠭᠡᠨ᠂ ᠵᠢᠯ ᠪᠦᠷᠢ ᠭᠡᠲᠦᠨ ᠬᠤᠪᠢ ᠰᠠᠨᠠᠭᠤᠯᠭ᠎ᠠ ᠪᠠᠨ ᠲᠠᠪᠰᠢᠬᠦᠯᠵᠦ᠂ ᠡᠲᠦᠢ ᠲᠡᠲᠦᠢ ᠰᠠᠨᠠᠭᠤᠯᠭ᠎ᠠ ᠨᠢ ᠨᠢᠭᠡᠨᠲᠡ ᠪᠡᠶᠡᠯᠡᠯ  ᠢᠶᠠᠨ ᠤᠯᠵᠤ᠂ ᠮᠠᠯᠴᠢᠨ ᠲᠦᠮᠠᠨ ᠳᠡᠭᠡᠨ ᠠᠴᠢ ᠲᠤᠰᠨ ᠲᠠᠢ ᠠᠵᠢᠯ ᠬᠢᠵᠤ ᠶᠠᠪᠤᠨ᠎ᠠ᠃      ᠵᠢᠷᠡᠡᠨᠢᠭᠡ ᠶᠢᠨ ᠲᠠᠪᠰᠢᠬᠦᠯᠦᠭᠰᠡᠨ ︽ᠬᠤᠶᠠᠷ ᠪᠤᠭᠲᠠ ᠶᠢᠨ ᠨᠤᠯᠤᠤᠷ ᠤᠨ ᠴᠠᠭᠠᠨ ᠢᠮᠠᠭ᠎ᠠ ᠳᠤ ᠨᠦᠬᠦᠪᠦᠷᠢ ᠦᠭᠬᠦ ᠲᠤᠬᠠᠢ ᠰᠠᠨᠠᠭᠤᠯᠭ᠎ᠠ︾᠎ ᠨᠢ ᠤᠷᠠᠳ ᠤᠨ ᠲᠤᠮᠲᠠᠲᠤ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠲᠤᠨ ᠤ ᠬᠦᠨᠲᠦᠳᠭᠡᠯ ᠢ ᠤᠯᠵᠤ᠂ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠨᠢ ᠲᠠᠷᠦ᠋ᠢᠬᠠᠨ ᠬᠦᠲᠡᠯᠦᠯᠴᠡᠨ ᠬᠤᠶᠠᠷ ᠪᠤᠭᠲᠠ ᠶᠢᠨ ᠨᠤᠯᠤᠤᠷ ᠤᠨ ᠴᠠᠭᠠᠨ ᠢᠮᠠᠭᠠᠨ ᠤ ᠲᠠᠷᠬᠠᠯᠲᠠ ᠶᠢᠨ ᠪᠠᠶᠢᠲᠠᠯ᠂ ᠴᠢᠨᠠᠷ ᠴᠢᠨᠰᠠᠭ᠎ᠠ ᠳᠤ ᠪᠠᠶᠢᠴᠠᠭᠠᠯᠲᠠ ᠬᠢᠭᠰᠡᠨ ᠪᠦᠭᠡᠳ ᠲᠡᠭᠡᠲᠦ ᠱᠠᠲᠤᠨ ᠳᠤ ᠮᠡᠲᠡᠬᠦᠯᠦᠨ᠂ ᠨᠦᠬᠦᠪᠦᠷᠢ ᠤᠯᠭᠤᠬᠤ ᠶᠢ ᠵᠦᠪᠰᠢᠶᠡᠷᠡᠭᠰᠡᠨ ᠢᠶᠠᠷ ᠭᠡᠷᠡᠭᠵᠢᠬᠦᠯᠵᠦ ᠡᠬᠢᠯᠡᠭᠰᠡᠨ ᠪᠠᠶᠢᠨ᠎ᠠ᠃      ᠤᠷᠠᠳ ᠨᠤᠲᠤᠭ ᠠᠭᠤᠯᠠ ᠤᠯᠠᠨᠲᠠᠢ᠂ ᠲᠠᠯ᠎ᠠ᠂ ᠭᠤᠪᠢ ᠭᠡᠳ ᠭᠠᠵᠠᠷ ᠤᠨ ᠪᠠᠶᠢᠴᠠ ᠬᠡᠯᠪᠡᠷᠢ ᠨᠢ ᠨᠠᠷᠢᠨ ᠪᠤᠳᠣᠯᠢᠶᠠᠨᠳᠠᠢ᠂ ᠭᠠᠩ ᠬᠠᠭᠤᠷᠢ ᠪᠠᠶᠢᠲᠠᠭ ᠠᠴᠠ ᠡᠪᠡᠰᠦ ᠣᠷᠭᠤᠮᠠᠯ ᠨᠢ ᠲᠡᠮᠡᠢ ᠦᠨᠲᠦᠷ ᠤᠷᠭᠤᠵᠤ ᠴᠢᠲᠠᠲᠠᠭ ᠦᠭᠡᠢ ᠴᠦ ᠰᠢᠮ᠎ᠡ ᠲᠡᠵᠢᠭᠡᠯ ᠢᠶᠠᠷ ᠰᠠᠶᠢᠨ᠂ ᠡᠪᠡᠰᠣ ᠤᠷᠭᠤᠮᠠᠯ ᠤᠨ ᠲᠦᠷᠦᠯ ᠵᠦᠢᠯ ᠴᠦ ᠤᠯᠠᠨ ᠪᠠᠶᠢᠳᠠᠭ᠃ ᠤᠷᠲᠤ ᠤᠲᠠᠭᠠᠨ ᠲᠡᠤᠭᠡ ᠶᠢᠨ ᠰᠢᠯᠢᠭᠲᠡᠯ ᠢᠶᠠᠷ ᠬᠤᠶᠠᠷ ᠪᠤᠭᠳᠠ ᠶᠢᠨ ᠴᠠᠭᠠᠨ ᠢᠮᠠᠭ᠎ᠠ ᠬᠡᠮᠡᠬᠦ ᠡᠨᠡᠬᠦ ᠪᠦᠬᠦ ᠣᠯᠣᠰ ᠴᠢᠨᠠᠭᠰᠢᠯᠠᠨ ᠲᠡᠯᠡᠬᠡᠢ ᠳᠤ ᠬᠤᠪᠤᠷ ᠴᠣᠬᠠᠭ ᠰᠢᠯᠢᠳᠡᠭ ᠡᠬᠦᠯᠳᠡᠷ ᠢ ᠪᠤᠢ ᠪᠤᠯᠭᠠᠭᠰᠠᠨ ᠪᠠᠶᠢᠨ᠎ᠠ᠃ ᠬᠤᠶᠠᠷ ᠪᠤᠭᠲᠠ ᠶᠢᠨ ᠴᠠᠭᠠᠨ ᠢᠮᠠᠭ᠎ᠠ ᠨᠢ ᠪᠠᠶᠢᠭᠠᠯᠢ ᠲᠠᠢ ᠪᠠᠨ ᠵᠤᠬᠢᠴᠠᠬᠤ ᠴᠢᠲᠠᠪᠤᠷᠢ ᠪᠠ ᠡᠪᠡᠳᠴᠢᠨ ᠢ ᠡᠰᠡᠷᠬᠦᠴᠡᠬᠦ ᠴᠢᠲᠠᠪᠤᠷᠢ ᠨᠢ ᠴᠢᠩᠭ᠎ᠠ᠂ ᠪᠡᠶ᠎ᠠ ᠪᠠᠶᠢᠳᠠᠯ ᠨᠢ ᠲᠡᠭᠰᠢᠬᠡᠨ᠂ ᠮᠢᠬ᠎ᠠ ᠰᠠᠶᠢᠨᠲᠡᠢ᠂ ᠠᠵᠦ ᠠᠬᠤᠢ ᠶᠢᠨ ᠡᠷᠬᠢᠯᠳᠡ ᠶᠢᠨ ᠬᠤᠭᠤᠴᠠᠭ᠎ᠠ ᠨᠢ ᠣᠬᠤᠷ᠂ ᠦᠷ᠎ᠠ ᠠᠰᠢᠭ ᠨᠢ ᠰᠠᠶᠢᠨ ᠵᠡᠷᠭᠡ ᠦᠪᠡᠷᠮᠢᠴᠡ ᠤᠨᠴᠠᠯᠢᠭ ᠲᠠᠢ᠃ ᠬᠤᠶᠠᠷ ᠪᠤᠭᠲᠠ ᠶᠢᠨ ᠴᠠᠭᠠᠨ ᠢᠮᠡᠭᠠᠨ ᠤ ᠰᠤᠷ ᠨᠢ ᠤᠷᠲᠤ᠂ ᠲᠡᠭᠰᠢᠳᠭᠡᠭᠡᠳ 15  ᠰᠡᠨᠲ᠋ᠢᠮᠧᠲᠷ ᠠᠴᠠ ᠲᠡᠭᠡᠭᠰᠢ ᠪᠠᠶᠢᠵᠤ᠂ ᠨᠤᠯᠤᠤᠷ ᠨᠢ ᠤᠷᠲᠤ ᠪᠦᠭᠡᠳ ᠵᠦᠭᠡᠯᠡᠨ᠂ ᠬᠠᠷᠢᠮᠠᠬᠠᠢ ᠴᠢᠨᠠᠷ ᠢᠶᠠᠷ ᠴᠢᠩᠭ᠎ᠠ᠂ ᠦᠩᠭᠡ ᠨᠢ ᠭᠢᠯᠳᠠᠭᠠᠨᠠᠮ᠎ᠠ᠂ ᠨᠤᠯᠤᠤᠷ ᠤᠨ ᠰᠢᠷᠬᠢᠭ ᠨᠢ 13 — — 15 ᠮᠢᠺᠷᠦᠮᠧᠲᠷ ᠪᠦᠲᠦᠬᠦᠨ ᠪᠠᠶᠢᠲᠠᠭ᠃ ᠲᠡᠶᠢᠮᠦ ᠳᠤ ᠪᠠᠨ ︽ᠲᠡᠯᠡᠬᠡᠢ ᠶᠢᠨ ᠰᠢᠷᠬᠡᠭᠯᠢᠭ ᠤᠨ ᠲᠣᠳᠣᠷᠠᠬᠢ ᠠᠯᠮᠠᠰ︾᠂ ︽ᠵᠦᠬᠡᠯᠡᠨ ᠠᠯᠳᠠ︾ ᠬᠡᠮᠡᠨ ᠠᠯᠳᠠᠨ ᠲᠡᠯᠡᠬᠡᠢ ᠳᠤ ᠠᠯᠳᠠᠷᠰᠢᠭᠰᠠᠨ ᠶᠣᠮ      1999 ᠤᠨ ᠳᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠠᠴᠠ ᠬᠤᠶᠠᠷ ᠪᠤᠭᠲᠠ ᠶᠢᠨ ᠴᠠᠭᠠᠨ ᠢᠮᠠᠭ᠎ᠠ ᠶᠢ ᠨᠤᠯᠤᠤᠷ ᠤᠨ ᠴᠠᠭᠠᠨ ᠢᠮᠠᠭ᠎ᠠ ᠭᠡᠮᠡᠨ ᠨᠡᠷᠡᠶᠢᠳᠪᠠ᠃ 2006 ᠤᠨ ᠳᠤ ᠤᠯᠤᠰ ᠤᠨ ᠮᠠᠯ ᠲᠡᠵᠢᠭᠡᠪᠦᠷᠢ ᠵᠢᠬᠦᠷᠲᠡᠨ ᠤ ᠤᠲᠤᠮᠰᠢᠯ ᠤᠨ ᠡᠬᠢ ᠪᠠᠶᠠᠯᠢᠭ ᠤᠨ ᠬᠠᠮᠠᠭᠠᠯᠠᠯᠲᠠ ᠶᠢᠨ ᠦᠪ ᠤᠨ ᠵᠢᠭᠰᠠᠭᠠᠯᠳᠠ ᠳᠤ ᠵᠢᠬᠰᠠᠭᠠᠭᠲᠠᠪᠠ᠃ 2018 ᠤᠨ ᠤ 2 ᠰᠠᠷ᠎ᠠ ᠳᠤ᠂ ᠲᠠᠷᠢᠶᠠᠯᠠᠩ ᠤᠨ ᠶᠠᠮᠤᠨ ᠠᠴᠠ ᠲᠠᠷᠢᠶᠠᠯᠠᠩ ᠮᠠᠯ ᠠᠵᠤ ᠠᠬᠤᠢ ᠶᠢᠨ ᠪᠦᠲᠦᠭᠡᠭᠲᠡᠬᠦᠨ ᠤ ᠤᠷᠤᠨ ᠨᠤᠲᠤᠭ ᠤᠨ ᠲᠠᠮᠲᠡᠭᠲᠦ ᠪᠦᠲᠦᠭᠡᠭᠲᠡᠬᠦᠨ ᠢᠶᠠᠷ ᠲᠠᠩᠰᠠᠯᠠᠨ ᠬᠠᠮᠠᠭᠠᠯᠠᠪᠠ᠃ ᠭᠤᠷᠪᠠᠨ ᠵᠢᠯ ᠲᠠᠷᠠᠭᠠᠯᠠᠨ ᠢᠲ᠋ᠠᠯᠢ ᠶᠢᠨ ᠵᠠᠶᠢᠭ᠍ᠸᠡᠨᠡ ᠶᠢᠨ ᠤᠯᠠᠨ ᠤᠯᠤᠰ ᠤᠨ ᠢᠮᠠᠭᠠᠨ ᠨᠤᠯᠤᠤᠷ ᠤᠨ ᠠᠯᠲᠠᠨ ᠮᠧᠲᠠᠯ ᠢ ᠲᠤᠰᠪᠠ ᠁ ᠬᠡᠳᠡᠯ᠎ᠠ ᠮᠠᠯᠴᠢᠨ ᠲᠦᠮᠡᠨ ᠮᠠᠨᠢ ᠤᠷᠤᠯᠭ᠎ᠠ ᠪᠠᠨ ᠪᠤᠲᠤᠵᠤ ᠨᠣᠯᠤᠣᠷ ᠤᠨ ᠭᠠᠷᠣᠯᠳᠠ ᠪᠠᠷ ᠶᠡᠭᠡ ᠭᠠᠳᠠᠷ ᠣᠷᠣᠨ ᠤ ᠨᠣᠯᠤᠣᠷ ᠤᠨ ᠢᠮᠠᠭ᠎ᠠ ᠶᠢ ᠣᠷᠣᠭᠤᠯᠣᠨ ᠠᠪᠴᠢᠷᠠᠵᠦ ᠡᠷᠯᠢᠰᠠᠵᠢᠬᠦᠯᠦᠭᠰᠡᠨ ᠢᠶᠠᠷ ᠬᠤᠶᠠᠷ ᠪᠤᠭᠳᠠ ᠶᠢᠨ ᠴᠠᠭᠠᠨ ᠢᠮᠠᠭᠠᠨ ᠤ ᠡᠬᠦᠯᠳᠡᠷ ᠶᠠᠪᠤᠬᠤ ᠲᠣᠳᠣᠮ ᠮᠠᠭᠤᠵᠢᠷᠠᠵᠦ᠂ ᠣᠨᠴᠠᠭᠠᠢᠢᠯᠠᠨ ᠨᠣᠯᠤᠣᠷ ᠤᠨ ᠶᠠᠰᠣ ᠴᠢᠨᠠᠷ ᠨᠢ ᠡᠪᠲᠡᠭᠲᠡᠨ᠂ ᠰᠢᠷᠬᠢᠯᠢᠭ ᠨᠢ ᠪᠦᠲᠦᠬᠦᠷᠡᠨ ᠭᠡᠪᠡᠷᠢᠭᠵᠢᠵᠦ᠂ ᠬᠠᠷᠢᠮᠠᠬᠠᠢ ᠴᠢᠨᠠᠷ ᠨᠢ ᠪᠠᠭᠤᠷᠠᠨ᠂ ᠡᠨᠡᠬᠦ ᠴᠡᠪᠡᠷ ᠡᠬᠦᠯᠳᠡᠷ ᠨᠢ ᠠᠪᠤᠷᠠᠬᠤ ᠦᠬᠡᠢ ᠪᠤᠯ ᠣᠰᠠᠳᠬᠤ ᠬᠡᠮᠵᠢᠶᠡᠨ ᠳᠤ ᠬᠦᠷᠪᠡ᠃ ᠨᠡᠶᠢᠭᠡᠮ ᠦᠳᠲᠡᠷ ᠲᠦᠷᠭᠡᠨ ᠬᠦᠭᠵᠢᠵᠦ᠂ ᠲᠦᠯᠦᠪᠯᠡᠭᠡᠲᠦ ᠠᠵᠤ ᠠᠬᠤᠢ ᠠᠴᠠ ᠵᠠᠬ᠎ᠠ ᠲᠠᠯᠭᠡᠬᠦᠷ ᠤᠨ ᠠᠵᠤ ᠠᠬᠤᠢ ᠳᠤ ᠰᠢᠯᠵᠢᠭᠰᠡᠨ ᠡᠨᠡ ᠡᠷᠢᠨ ᠳᠤ ᠢᠯᠡᠬᠦᠦ ᠮᠦᠩᠬᠦ ᠤᠯᠵᠤ᠂ ᠠᠮᠢᠲᠤᠷᠠᠯ ᠢᠶᠠᠨ ᠲᠡᠭᠡᠭᠰᠢ ᠨᠢ ᠲᠠᠲᠠᠨ ᠪᠠᠶᠠᠵᠢᠨ ᠴᠢᠨᠠᠭᠡᠯᠢᠭᠵᠢᠶ᠎ᠠ ᠭᠡᠰᠡᠨ ᠮᠠᠯᠴᠢᠨ ᠲᠦᠮᠡᠨ ᠤ ᠮᠢᠨᠢ ᠪᠤᠲᠤᠯ ᠪᠤᠷᠤᠭᠤᠲᠠᠭ᠎ᠠ ᠦᠭᠡᠢ᠃ ᠭᠡᠲᠦᠨ ᠵᠢᠯ ᠨᠤᠯᠤᠤᠷ ᠤᠨ ᠺᠤᠮᠫᠡᠨᠢ ᠳᠤ ᠨᠤᠯᠤᠤᠷ ᠬᠤᠷᠢᠶᠠᠭᠴᠢ ᠪᠠᠷ ᠠᠵᠢᠯᠯᠠᠵᠤ᠂ ᠲᠤᠮᠲᠠᠲᠤ ᠮᠤᠩᠭᠤᠯ ᠬᠤᠶᠠᠷ ᠤᠯᠤᠰ ᠤᠨ ᠤᠯᠠᠨ ᠭᠠᠵᠠᠷ ᠢ ᠡᠯᠡᠭᠡᠵᠦ ᠶᠠᠪᠤᠭᠰᠠᠨ ᠵᠢᠷᠡᠡᠨᠢᠭᠡ ᠨᠤᠯᠤᠤᠷ ᠤᠨ ᠴᠢᠨᠠᠷ ᠴᠢᠨᠰᠠᠭ᠎ᠠ᠂ ᠠᠯᠢ ᠨᠤᠲᠤᠭ ᠤᠨ ᠶᠠᠮᠠᠷ ᠡᠬᠦᠯᠲᠡᠷ ᠤᠨ ᠢᠮᠠᠭᠠᠨ ᠤ ᠨᠤᠯᠤᠤᠷ ᠪᠤᠯᠬᠤ ᠶᠢ ᠦᠵᠡᠮᠡᠭᠴᠡ ᠮᠡᠲᠡᠲᠡᠭ ᠬᠢᠷᠠᠬᠠᠢ ᠨᠢᠲᠤ ᠲᠠᠢ ᠪᠤᠯᠤᠭᠰᠠᠨ ᠶᠤᠮ᠃ ᠮᠦᠨ ᠴᠦ ᠬᠤᠶᠠᠷ ᠪᠤᠭᠲᠠ ᠶᠢᠨ ᠴᠠᠭᠠᠨ ᠢᠮᠠᠭᠠᠨ ᠤ ᠨᠤᠯᠤᠤᠷ ᠤᠨ ᠴᠢᠨᠠᠷ ᠶᠠᠮᠠᠷ ᠭᠡᠲᠡᠭ ᠢ ᠠᠯᠠᠭᠠᠨ ᠵᠢᠷᠤᠭᠠᠰᠤ ᠪᠠᠨ ᠰᠢᠭ᠋ ᠰᠠᠶᠢᠨ ᠮᠡᠲᠡᠲᠡᠭ ᠢᠶᠠᠷ ᠬᠤᠶᠠᠷ ᠪᠤᠭᠲᠠ ᠶᠢᠨ ᠴᠠᠭᠠᠨ ᠢᠮᠠᠭ᠎ᠠ ᠶᠢ ᠦᠰᠭᠡᠵᠦ ᠦᠷᠡᠵᠢᠬᠦᠯᠬᠦ᠂ ᠡᠬᠦᠯᠲᠡᠷ ᠢ ᠨᠢ ᠰᠠᠶᠢᠵᠢᠷᠠᠭᠤᠯᠬᠤ᠂ ᠠᠪᠤᠷᠠᠨ ᠬᠠᠮᠠᠭᠠᠯᠠᠬᠤ ᠪᠠᠷ ᠵᠤᠷᠢᠭ ᠰᠢᠭᠤᠲᠤᠨ᠂ 2002 ᠤᠨ ᠳᠤ ᠠᠯᠢᠪᠠ ᠠᠵᠢᠯ ᠢᠶᠠᠨ ᠲᠠᠶᠠᠭᠲᠠᠵᠤ᠂ ᠨᠢᠭᠡ ᠯᠠ ᠰᠡᠳᠬᠢᠯ ᠢᠶᠠᠷ ᠰᠢᠭᠤᠷᠬᠠᠶᠢᠯᠠᠨ ᠠᠵᠢᠯᠯᠠᠵᠤ ᠡᠬᠢᠯᠡᠵᠡᠢ ᠁      — — ᠮᠠᠨ ᠤ ᠳᠤ ᠬᠦᠮᠦᠨ ᠢᠷᠡᠭᠰᠡᠨ ᠲᠦᠯᠦᠪ ᠲᠠᠢ᠂ ᠭᠠᠲᠠᠨ᠎ᠠ ᠨᠢᠭᠡ ᠬᠦᠮᠦᠨ ᠶᠠᠪᠤᠵᠤ ᠪᠠᠶᠢᠨ᠎ᠠ᠃      — — ᠡᠨᠡ ᠬᠠᠯᠠᠭᠤᠨ ᠡᠲᠦᠷ ᠶᠠᠭᠤᠨ ᠤ ᠬᠦᠮᠦᠨ ᠪᠤᠯᠴᠢᠬᠠᠪᠠ ᠤᠤ︖       — — ᠨᠤᠯᠤᠤᠷ ᠠᠪᠬᠤ ᠬᠦᠮᠦᠨ ᠶᠠᠪᠤᠵᠤ ᠪᠠᠶᠢᠭ᠎ᠠ ᠶᠤᠮ ᠤᠤ︖ ᠮᠡᠲᠡᠬᠦ ᠦᠭᠡᠢ ᠮᠡᠲᠡᠬᠦ ᠦᠭᠡᠢ᠃ ᠭᠡᠷ ᠲᠤ ᠤᠷᠤᠬᠤ ᠳᠤ ᠬᠠᠨᠵᠤᠨ ᠲᠡᠭᠡᠷ᠎ᠡ ᠨᠢ ᠨᠢᠭᠡ ᠬᠦᠮᠦᠨ ᠵᠠᠪᠢᠯᠠᠵᠤ ᠰᠠᠭᠤᠴᠢᠬᠠᠭᠠᠳ ᠴᠠᠢ ᠤᠤᠭᠤᠵᠤ ᠪᠠᠶᠢᠯ᠎ᠠ᠃ ᠭᠡᠷ ᠤᠨ ᠡᠵᠡᠨ ᠤᠷᠤᠵᠤ ᠢᠷᠡᠬᠦᠯᠡᠷ  ᠨᠢ      — — ᠰᠠᠶᠢᠨ ᠤᠤ︖ ᠲᠠᠷᠭᠤᠨ ᠲᠠᠪᠠᠲᠠᠢ ᠵᠤᠰᠠᠵᠤ ᠪᠠᠶᠢᠨ᠎ᠠ︖ ᠬᠠᠮᠢᠭ᠎ᠠ ᠪᠠᠷ ᠶᠠᠪᠤᠭᠠᠳ ᠢᠷᠡᠪᠠ ᠤᠤ ᠭᠡᠵᠤ ᠭᠡᠷ ᠤᠨ ᠡᠵᠡᠨ ᠶᠤᠮ ᠰᠢᠭ᠋ ᠮᠡᠨᠲᠦᠴᠢᠯᠡᠯ᠎ᠠ᠃ ᠡᠨᠡ ᠬᠦᠮᠦᠨ ᠦᠭᠡᠷ᠎ᠡ ᠬᠦᠮᠦᠨ ᠪᠢᠰᠢ᠂ ᠲᠤᠬᠠᠢ ᠶᠢᠨ ᠦᠶ᠎ᠠ ᠳᠤ ᠬᠤᠰᠢᠭᠤᠨ ᠤ ᠮᠠᠯ ᠠᠵᠤ ᠠᠬᠤᠢ ᠶᠢᠨ ᠲᠤᠪᠴᠢᠶᠠᠨ ᠤ ᠲᠠᠷᠤᠭ᠎ᠠ ᠪᠠᠶᠢᠭᠰᠠᠨ ᠰᠤᠶᠤᠯᠲᠤ ᠪᠠᠶᠢᠵᠠᠢ᠃      — — ᠰᠠᠶᠢᠨ ᠰᠠᠶᠢᠨ᠂ ᠰᠠᠶᠢᠨ ᠪᠠᠶᠢᠨ᠎ᠠ ᠤᠤ︖ ᠵᠠ ᠲᠡᠭᠡᠭᠡᠳ ᠲᠠᠷᠤᠭ᠎ᠠ ᠭᠤᠸᠠᠢ᠂ ᠶᠠᠮᠠᠷ ᠠᠵᠢᠯ ᠠᠯᠪᠠ ᠪᠠᠷ ᠶᠠᠪᠤᠵᠤ ᠪᠠᠶᠢᠨ᠎ᠠ ᠤᠤ︖       — — ᠢᠮᠠᠭᠠᠨ ᠤ ᠤᠴᠢᠷ ᠢᠶᠠᠷ ᠶᠠᠪᠤᠨ᠎ᠠ᠂ ᠬᠤᠶᠠᠷ ᠪᠤᠭᠲᠠ ᠶᠢᠨ ᠴᠠᠭᠠᠨ ᠢᠮᠠᠭ᠎ᠠ ᠶᠢ ᠬᠠᠮᠠᠭᠠᠯᠠᠵᠤ ᠬᠦᠭᠵᠢᠬᠦᠯᠬᠦ ᠳᠤ ᠯᠠ ᠴᠢᠮ᠎ᠠ ᠰᠢᠭ᠋ ᠬᠦᠮᠦᠨ ᠲᠤᠰᠠ ᠪᠤᠯᠤᠨ᠎ᠠ᠃       — — ᠶᠤᠰᠤᠲᠠᠢ ᠰᠠᠶᠢᠨ ᠠᠵᠢᠯ ᠢᠶᠠᠷ ᠶᠠᠪᠤᠵᠤ ᠪᠠᠶᠢᠭ᠎ᠠ ᠶᠤᠮ ᠪᠠᠶᠢᠨ᠎ᠠ᠃ ︽ᠭᠠᠭᠴᠠ ᠮᠤᠲᠤ ᠭᠠᠯ ᠪᠤᠯᠬᠤ ᠦᠭᠡᠢ᠂ ᠭᠠᠭᠴᠠ ᠬᠦᠮᠦᠨ ᠠᠶᠢᠯ ᠪᠤᠯᠬᠤ ᠦᠭᠡᠢ︾ ᠭᠡᠲᠡᠭ ᠢᠶᠠᠷ ᠪᠢ ᠴᠦ ᠭᠠᠭᠴᠠᠭᠠᠷ ᠢᠶᠠᠨ ᠭᠡᠲᠦᠨ ᠵᠢᠯ ᠴᠢᠷᠮᠠᠶᠢᠵᠤ ᠶᠠᠪᠤᠯ᠎ᠠ᠂ ᠨᠤᠯᠤᠤᠷ ᠤᠨ ᠭᠠᠷᠤᠯᠲᠠ ᠲᠤᠤᠷ᠎ᠠ ᠪᠠᠶᠢᠲᠠᠭ ᠠᠴᠠ ᠪᠦᠬᠦᠲᠡᠭᠡᠷ ᠢᠶᠠᠨ ᠰᠡᠳᠬᠢᠯ ᠨᠢᠭᠡᠳᠬᠦ ᠦᠭᠡᠢ ᠭᠡᠲᠡᠭ ᠴᠢᠨᠢ ᠠᠮᠠᠷ ᠦᠭᠡᠢ᠃ ᠵᠠᠰᠠᠭ ᠤᠨ ᠤᠷᠲᠤᠨ ᠠᠴᠠ ᠬᠦᠨᠲᠤᠳᠭᠡᠨ ᠦᠵᠡᠵᠦ᠂ ᠬᠠᠪᠰᠤᠷᠲᠠᠭ ᠶᠤᠮ ᠪᠤᠯ ᠲᠡᠭᠡᠭᠡᠳ ᠠᠮᠠᠷᠬᠠᠨ ᠪᠤᠯᠤᠨ᠎ᠠ ᠳ᠋ᠠ᠂ ᠪᠢ ᠴᠦ ᠶᠠᠭᠠᠬᠢᠮᠠᠢ᠂ ᠴᠢᠲᠠᠯ ᠢᠶᠠᠷ ᠬᠠᠮᠵᠢᠨ ᠬᠢᠨ᠎ᠠ ᠳ᠋ᠠ᠃      — — ᠡᠶᠢᠮᠦ ᠰᠠᠶᠢᠨ ᠢᠮᠠᠭ᠎ᠠ ᠪᠠᠨ ᠪᠢᠲᠠ ᠦᠪᠡᠷᠲᠡᠭᠡᠨ ᠬᠠᠮᠠᠭᠠᠯᠠᠵᠤ ᠬᠦᠭᠵᠢᠬᠦᠯᠬᠦ ᠦᠭᠡᠢ ᠶᠤᠮ ᠪᠤᠯ᠂ ᠦᠭᠡᠷ᠎ᠡ ᠬᠦᠮᠦᠨ ᠶᠠᠭᠤᠮ᠎ᠠ ᠪᠤᠯᠭᠠᠬᠤ ᠦᠭᠡᠢ ᠰᠢᠤ᠂ ︽ᠲᠡᠮ ᠲᠡᠮ ᠳᠤ ᠪᠠᠨ ᠲᠠᠭᠡᠰᠤ ᠡᠷᠴᠢᠮ ᠳᠤ ᠪᠠᠨ︾ ᠭᠡᠲᠡᠭ᠂ ᠪᠢᠲᠠ ᠪᠦᠬᠦᠲᠡᠭᠡᠷ ᠢᠶᠠᠨ ᠴᠢᠷᠮᠠᠶᠢᠪᠠᠯ ᠪᠦᠲᠦᠬᠦ ᠶᠤᠮ᠃ ᠪᠢᠲᠠᠨ ᠤ ᠴᠢᠷᠮᠠᠶᠢᠯᠭ᠎ᠠ ᠬᠠᠷᠢᠭᠤ ᠲᠠᠢ ᠪᠤᠯᠤᠨ᠎ᠠ᠃ ᠨᠤᠯᠤᠤᠷ ᠤᠨ ᠭᠠᠷᠤᠯᠲᠠ ᠲᠤᠤᠷ᠎ᠠ ᠪᠠᠶᠢᠲᠠᠭ ᠨᠢ ᠦᠨᠡᠨ᠂ ᠤᠲᠤ ᠪᠢᠲᠠ ᠬᠠᠮᠢᠶ᠎ᠠ ᠪᠦᠬᠦᠢ ᠮᠡᠷᠭᠡᠵᠢᠯᠲᠡᠨ ᠢ ᠤᠷᠢᠵᠤ᠂ ᠬᠤᠶᠠᠷ ᠪᠤᠬᠲᠠ  ᠶᠢᠨ ᠴᠠᠭᠠᠨ ᠢᠮᠠᠭᠠᠨ ᠤ ᠨᠤᠯᠤᠤᠷ ᠢ ᠨᠡᠮᠡᠭᠲᠡᠬᠦᠯᠬᠦ ᠲᠤᠬᠠᠢ ᠰᠤᠲᠤᠯᠭᠠᠨ ᠬᠢᠵᠦ ᠪᠤᠢ᠃ ᠡᠨᠡ ᠲᠠᠯ᠎ᠠ ᠳᠤ ᠴᠦ ᠲᠠᠨ ᠤ ᠲᠠᠮᠵᠢᠯᠭᠡ ᠴᠢᠬᠤᠯᠠ ᠲᠠᠢ ᠪᠤᠯᠤᠭᠠᠳ ᠪᠠᠶᠢᠨ᠎ᠠ᠃ ᠮᠡᠷᠭᠡᠵᠢᠯᠲᠠᠳ ᠬᠢᠭᠡᠳ ᠵᠢᠷᠡᠡᠨᠢᠭᠡ ᠲᠦᠷᠦᠬᠦᠲᠡᠢ ᠭᠡᠰᠡᠭ ᠮᠠᠯᠴᠢᠳ ᠭᠡᠲᠦᠨ ᠵᠢᠯ ᠤᠨ ᠴᠠᠭ ᠵᠠᠷᠤᠴᠠᠭᠤᠯᠤᠨ ᠴᠢᠷᠮᠠᠶᠢᠭᠰᠠᠨ ᠢᠶᠠᠷ᠂ ᠬᠤᠶᠠᠷ ᠪᠤᠭᠲᠠ ᠶᠢᠨ ᠴᠠᠭᠠᠨ ᠢᠮᠠᠭ᠎ᠠ ᠨᠢ ᠲᠡᠭᠰᠢᠳᠭᠡᠭᠡᠳ ᠭᠡᠲᠦᠭᠡᠨ ᠯᠠᠩ ᠨᠤᠯᠤᠤᠷ ᠲᠠᠢ ᠪᠠᠶᠢᠭᠰᠠᠨ ᠠᠴᠠ ᠪᠠᠨ ᠤᠲᠤ ᠪᠤᠯᠬᠤ ᠳᠤ ᠡᠮ᠎ᠡ ᠢᠮᠠᠭ᠎ᠠ ᠨᠢ ᠬᠦᠷᠲᠡᠯ᠎ᠠ ᠵᠢᠩ ᠲᠠᠪᠤᠨ ᠯᠠᠩ ᠨᠤᠯᠤᠤᠷ ᠪᠠᠭᠤᠬᠤ ᠪᠤᠯᠵᠠᠢ᠃      2013 ᠣᠨ ᠤ ᠰᠡᠬᠦᠯᠴᠢ ᠪᠤᠯᠬᠤ ᠳᠤ᠂ ᠣᠯᠣᠰ ᠠᠴᠠ ︽ᠪᠤᠳᠣᠯᠭ᠎ᠠ ᠶᠢᠨ ᠴᠢᠨᠠᠷᠲᠠᠢ ᠲᠣᠮᠣ ᠪᠡᠯᠡᠭ︾᠎ ᠢᠶᠠᠷ ᠬᠤᠶᠠᠷ ᠪᠤᠭᠲᠠ ᠶᠢᠨ ᠨᠤᠯᠤᠤᠷ ᠤᠨ ᠴᠠᠭᠠᠨ ᠢᠮᠠᠭ᠎ᠠ ᠳᠤ ᠨᠦᠬᠦᠪᠦᠷᠢ ᠦᠭᠬᠦ ᠪᠠᠶᠠᠷ ᠤᠨ ᠴᠢᠮᠡᠭᠡ ᠤᠷᠠᠳ ᠨᠤᠲᠤᠭ ᠲᠤ ᠴᠠᠬᠢᠯᠭᠠᠨ ᠴᠠᠬᠢᠯᠠᠭᠰᠠᠨ ᠶᠤᠮ ᠰᠢᠭ᠋ ᠨᠢᠭᠡ ᠠᠴᠠ ᠠᠷᠪᠠ ᠳᠤ᠂ ᠨᠢᠭᠡ ᠮᠡᠲᠡᠬᠦ ᠳᠤ ᠪᠦᠬᠦᠨ ᠢᠶᠠᠷ ᠢᠶᠠᠨ ᠮᠡᠲᠡᠴᠢᠭᠡᠭᠰᠡᠨ ᠪᠠᠶᠢᠯ᠎ᠠ᠃ ︽ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠲᠤᠨ ᠨᠣᠯᠤᠣᠷ ᠤᠨ ᠢᠮᠠᠭ᠎ᠠ ᠶᠢᠨ ᠠᠵᠦ ᠦᠢᠯᠡᠰ ᠢ ᠮᠠᠨᠳᠣᠭᠤᠯᠣᠨ ᠬᠦᠭᠵᠢᠬᠦᠯᠬᠦ ᠲᠤᠬᠠᠢ ᠰᠠᠨᠠᠯ︾ ︵ᠦᠪᠦᠷ ᠵᠠᠰᠠᠭ ᠲᠠᠷᠬᠠᠭᠠᠬᠤ ﹇2013﹈ 71 ᠨᠤᠮᠧᠷ︶ ᠪᠠ ᠦᠪᠡᠷᠳᠡᠬᠡᠨ ᠵᠠᠰᠠᠬᠤ ᠣᠷᠣᠨ ᠤ ᠵᠠᠰᠠᠭ ᠤᠨ ᠣᠷᠳᠣᠨ ᠠᠴᠠ ︽ᠴᠠᠭᠠᠨ ᠨᠣᠯᠤᠣᠷ ᠤᠨ ᠢᠮᠠᠭ᠎ᠠ ᠶᠢ ᠬᠠᠮᠠᠭᠠᠯᠠᠬᠤ ᠬᠡᠷᠡᠭᠵᠢᠬᠦᠯᠬᠦ ᠲᠦᠰᠦᠯ︾᠎ ᠢ ᠲᠣᠭᠳᠠᠭᠠᠵᠦ᠂ ᠬᠤᠶᠠᠷ ᠪᠤᠭᠳᠠ ᠶᠢᠨ ᠨᠣᠯᠤᠣᠷ ᠤᠨ ᠴᠠᠭᠠᠨ ᠢᠮᠠᠭ᠎ᠠ ᠶᠢ ᠬᠠᠮᠠᠭᠠᠯᠠᠯᠳᠠ ᠶᠢᠨ ᠢᠨᠵᠧᠨᠧᠷᠢᠩ ᠤᠨ ᠨᠡᠷ᠎ᠠ ᠶᠢᠨ ᠵᠢᠭᠰᠠᠭᠠᠯ ᠳᠤ ᠣᠷᠣᠭᠤᠯᠣᠭᠰᠠᠨ ᠪᠦᠬᠡᠳ ᠰᠠᠶᠢᠨ ᠡᠬᠦᠯᠳᠡᠷ ᠤᠨ ᠬᠠᠮᠠᠭᠠᠯᠠᠯᠳᠠ ᠶᠢᠨ ᠲᠦᠷᠦᠯ ᠵᠦᠢᠯ ᠤᠨ ᠪᠡᠯᠡ ᠮᠦᠡᠭᠬᠦ ᠶᠢ 149 ᠲᠦᠮᠡᠨ ᠲᠦᠬᠦᠷᠢᠭ ᠪᠠᠭᠤᠯᠭᠠᠪᠠ᠃ ᠪᠠᠶᠢᠴᠠᠭᠠᠯᠲᠠ ᠪᠠᠷ ᠲᠠᠮᠵᠢᠨ ᠪᠠᠷᠢᠮᠵᠢᠶᠠᠨ ᠳᠤ ᠬᠢᠷᠢ ᠲᠡᠩᠴᠡᠭᠰᠡᠨ ᠬᠤᠶᠠᠷ ᠪᠤᠭᠲᠠ ᠶᠢᠨ ᠤᠬᠤᠨ᠎ᠠ ᠪᠦᠷᠢ ᠳᠤ 800 ᠲᠦᠬᠦᠷᠢᠭ ᠤᠨ ᠨᠦᠬᠦᠪᠦᠷᠢ ᠦᠭᠬᠦ ᠶᠢᠨ ᠬᠠᠮᠲᠤ᠂ ᠡᠮ᠎ᠡ ᠢᠮᠠᠭ᠎ᠠ ᠨᠢ 100᠎ ᠠᠴᠠ ᠲᠡᠭᠡᠭᠰᠢ ᠪᠠᠶᠢᠬᠤ ᠡᠷᠦᠭᠡ ᠪᠠᠷ ᠭᠤᠤᠯᠲᠠᠭᠤᠯᠤᠨ᠂ ᠡᠷᠦᠭᠡ ᠪᠦᠷᠢ ᠠᠴᠠ 10 ᠡᠮ᠎ᠡ ᠢᠮᠠᠭ᠎ᠠ ᠶᠢ ᠰᠤᠩᠭᠤᠨ ᠪᠠᠶᠢᠴᠠᠭᠠᠵᠤ᠂ ᠨᠢᠭᠡ ᠡᠮ᠎ᠡ ᠢᠮᠠᠭ᠎ᠠ ᠶᠢ ᠠᠷᠪᠠ ᠪᠠᠷ ᠪᠤᠲᠤᠨ᠂ ᠨᠣᠯᠣᠣᠷ ᠤᠨ ᠨᠠᠷᠢᠳᠡᠴᠡ ᠶᠢᠨ ᠬᠡᠮᠵᠢᠶ᠎ᠠ ᠨᠢ 14.5 ᠮᠢᠺᠷᠦᠮᠧᠲᠷ ᠠᠴᠠ ᠲᠤᠷᠤᠭᠰᠢ ᠪᠦᠬᠦᠢ ᠪᠠᠷᠢᠮᠵᠢᠶᠠᠨ ᠳᠤ ᠬᠦᠷᠦᠭᠰᠡᠨ ᠡᠮ᠎ᠡ ᠢᠮᠠᠭ᠎ᠠ ᠪᠦᠷᠢ ᠳᠤ ᠵᠠᠭᠤᠨ ᠲᠦᠬᠦᠷᠢᠭ ᠨᠦᠬᠦᠪᠦᠷᠢᠯᠡᠵᠦ᠂ ᠬᠠᠮᠤᠭ ᠤᠯᠠᠨ ᠳᠤ ᠪᠠᠨ ᠡᠷᠦᠭᠡ ᠪᠦᠷᠢ ᠲᠦᠮᠡᠨ ᠲᠦᠬᠦᠷᠢᠭ ᠤᠨ ᠨᠦᠬᠦᠪᠦᠷᠢ ᠤᠯᠬᠤ ᠪᠤᠯᠤᠮᠵᠢ ᠲᠠᠢ ᠪᠤᠯᠪᠡ᠃ ᠮᠠᠯᠴᠢᠳ ᠡᠨᠡᠬᠦ ᠲᠦᠷᠦ ᠶᠢᠨ ᠪᠤᠳᠣᠯᠭ᠎ᠠ ᠠᠴᠠ ᠠᠰᠢᠭ ᠬᠦᠷᠳᠡᠭᠰᠡᠨ ᠪᠦᠬᠡᠳ ᠨᠡᠩ ᠴᠢᠬᠤᠯᠠ ᠨᠢ ᠬᠤᠶᠠᠷ ᠪᠤᠭᠳᠠ ᠶᠢᠨ ᠴᠠᠭᠠᠨ ᠢᠮᠠᠭ᠎ᠠ ᠶᠢ ᠬᠠᠮᠠᠭᠠᠯᠠᠬᠤ ᠡᠬᠦᠷᠬᠡ ᠬᠠᠷᠢᠭᠤᠴᠠᠯᠭ᠎ᠠ ᠶᠢᠨ ᠲᠣᠬᠠᠢ ᠬᠦᠨ ᠲᠠᠨᠢᠯᠳᠠ ᠲᠠᠢ ᠪᠤᠯᠣᠭᠰᠠᠨ ᠪᠠᠶᠢᠨ᠎ᠠ᠃      ᠵᠢᠷᠡᠡᠨᠢᠭᠡ ᠦᠪᠡᠷ ᠢᠶᠠᠨ ᠪᠠᠶᠠᠵᠢᠭᠠᠳ ᠦᠷᠦᠭᠡᠯ ᠢᠶᠠᠨ ᠮᠡᠷᠲᠠᠭ᠎ᠠ ᠦᠭᠡᠢ᠃ ᠲᠡᠷᠢᠬᠦᠨ ᠤ ᠮᠡᠷᠭᠡᠵᠢᠯ᠂ ᠬᠠᠮᠢᠶᠠᠷᠤᠯᠲᠠ ᠶᠢᠨ ᠠᠷᠭ᠎ᠠ ᠪᠠᠨ ᠮᠠᠯᠴᠢᠨ ᠲᠦᠮᠡᠨ  ᠳᠤ ᠪᠠᠨ ᠬᠠᠷᠠᠮ ᠦᠭᠡᠢ ᠬᠤᠪᠢᠶᠠᠯᠴᠠᠵᠤ᠂ ᠲᠡᠲᠡᠨ ᠢ ᠬᠠᠪᠰᠤᠷᠤᠨ ᠬᠠᠮᠲᠤ ᠪᠠᠷ ᠪᠠᠶᠠᠵᠢᠨ ᠴᠢᠨᠡᠭᠡᠯᠢᠭᠵᠢᠬᠦ ᠶᠢ ᠰᠠᠨᠠᠭᠠᠴᠢᠯᠠᠭᠰᠠᠨ ᠪᠠᠶᠢᠲᠠᠭ᠃ ᠲᠡᠬᠦᠨ ᠤ ᠲᠠᠭᠠᠭᠤᠯᠭ᠎ᠠ ᠪᠠᠷ ᠰᠢᠷᠠᠴᠢᠯᠠᠭᠤ ᠭᠠᠴᠠᠭᠠᠨ ᠤ ᠨᠤᠯᠤᠤᠷ ᠤᠨ ᠢᠮᠡᠭᠠᠨ ᠤ ᠡᠬᠦᠯᠲᠡᠷ ᠰᠠᠶᠢᠵᠢᠷᠠᠭᠤᠯᠤᠯᠲᠠ ᠨᠢ 90%᠎ ᠠᠴᠠ ᠲᠡᠭᠡᠭᠰᠢ ᠪᠤᠯᠵᠤ᠂ 2017 ᠤᠨ ᠳᠤ ᠭᠠᠴᠠᠭᠠᠨ ᠤ ᠠᠷᠠᠳ ᠤᠨ ᠲᠡᠭᠰᠢᠳᠭᠡᠯ ᠤᠷᠤᠯᠭ᠎ᠠ 1.6 ᠲᠦᠮᠡᠨ ᠲᠦᠬᠦᠷᠢᠭ ᠲᠤ ᠬᠦᠷᠦᠭᠰᠡᠨ ᠪᠠᠶᠢᠨ᠎ᠠ᠃      ᠮᠠᠯᠴᠢᠨ ᠲᠦᠮᠡᠨ ᠤ ᠠᠮᠢᠲᠤᠷᠠᠯ ᠤᠨ ᠰᠠᠶᠢᠵᠢᠷᠠᠯᠲᠠ ᠳᠤ ᠠᠯᠢ ᠤᠯᠠᠨ ᠠᠵᠢᠯ ᠢ ᠬᠢᠭᠰᠡᠨ ᠵᠢᠷᠠᠡᠨᠢᠭᠡ ᠲᠦᠮᠡᠨ ᠤ ᠢᠲᠡᠭᠡᠯ ᠢ ᠤᠯᠵᠤ᠂ ᠭᠤᠷᠪᠠᠨ ᠬᠤᠭᠤᠴᠠᠭ᠎ᠠ ᠲᠠᠷᠠᠭᠠᠯᠠᠨ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢ ᠪᠠᠷ ᠰᠤᠩᠭᠤᠭᠲᠠᠯ᠎ᠠ᠃ ᠡᠨᠡ ᠨᠢ ᠲᠡᠬᠦᠨ ᠳᠤ ᠠᠪᠴᠤ ᠭᠡᠯᠡᠪᠡᠯ ᠦᠩᠭᠡ ᠭᠡᠷᠡᠯᠲᠡᠢ ᠶᠠᠪᠤᠲᠠᠯ᠂ ᠮᠥᠨ ᠴᠦ ᠠᠷᠠᠳ ᠲᠦᠮᠡᠨ ᠤ ᠬᠦᠰᠡᠯ ᠡᠷᠡᠮᠡᠯᠵᠠᠯ ᠢ ᠵᠠᠰᠠᠭ ᠤᠨ ᠤᠷᠲᠤᠨ ᠳᠤ ᠲᠤᠰᠬᠠᠬᠤ ᠡᠬᠦᠷᠭᠡ ᠶᠢ ᠬᠦᠯᠢᠶᠡᠭᠰᠡᠨ ᠶᠤᠮ᠃ ᠡᠨᠡᠬᠦ ᠲᠠᠷᠬᠠᠨ ᠡᠬᠦᠷᠭᠡ ᠲᠤᠰᠢᠶᠠᠯ ᠢᠶᠠᠨ ᠲᠡᠬᠦᠰ ᠠᠮᠵᠢᠯᠲᠠ ᠲᠠᠢ ᠪᠡᠶᠡᠯᠡᠬᠦᠯᠬᠦ ᠭᠡᠵᠤ ᠮᠠᠷᠡᠶᠢᠵᠤ ᠶᠠᠪᠤᠨ᠎ᠠ᠃ ᠤᠩᠭᠤᠨ ᠠᠭᠤᠯᠠ ᠬᠦᠭᠡᠷᠡᠨ ᠰᠦᠨᠲᠡᠷᠯᠡᠵᠦ᠂ ᠪᠤᠷᠬᠠᠨᠲᠤ ᠶᠢᠨ ᠭᠤᠤᠯ ᠮᠢᠷᠡᠯᠵᠡᠨ ᠤᠷᠤᠰᠤᠨ᠎ᠠ᠂ ᠬᠤᠷᠸ᠎ᠠ ᠳᠤ ᠠᠯᠲᠠᠷᠰᠢᠭᠰᠠᠨ ᠬᠤᠨ ᠤ ᠨᠤᠲᠤᠭ ᠲᠤ ᠬᠤᠰᠢᠭᠤᠴᠢ ᠬᠤᠨ ᠬᠠᠯᠢᠨ ᠨᠢᠰᠦᠭᠰᠡᠭᠡᠷ ᠁       ᠰᠤᠷᠪᠤᠯᠵᠢᠯᠠᠭᠴᠢ᠂ ᠵᠤᠬᠢᠶᠠᠯᠴᠢ ᠪᠠ᠊ ᠪᠦᠭᠡ      
 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号