ᠰᠢᠨᠵᠢᠯᠡᠭᠡᠨ ᠤ ᠨᠡᠷ᠎ᠡ᠄ Amygdalus pedunculata ‘ Mengbian 4 ] | ᠲᠥᠷᠥᠯ ᠠᠩᠭᠢᠯᠠᠯ᠄ ᠰᠢᠯᠢᠳᠡᠭ ᠡᠭᠦᠯᠳᠡᠷ | ᠪᠠᠲᠤᠯᠠᠭᠰᠠᠨ ᠲᠥᠷᠥᠯ ᠬᠡᠯᠪᠡᠷᠢ᠄ ᠬᠢᠨᠠᠨ ᠲᠤᠭᠲᠠᠭᠠᠯᠳᠠ | ᠡᠭᠦᠯᠳᠡᠷ ᠤᠨ ᠳ᠋ᠤᠭᠠᠷᠯᠠᠯ᠄ ᠮᠣᠩᠭᠤᠯ S - SC - AP - 007 - 2021 | ᠭᠤᠶᠤᠴᠢᠯᠠᠭᠴᠢ᠄ ᠥᠪᠥᠷ ᠮᠣᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ | | | | | | | ᠡᠭᠦᠯᠳᠡᠷ ᠤᠨ ᠣᠨᠴᠠᠯᠢᠭ | ᠮᠤᠳᠤᠨ ᠤ ᠰᠠᠯᠠᠭ᠎ᠠ ᠨᠢ ᠤᠯᠠᠭᠠᠨ ᠬᠦᠷᠡᠩ ᠥᠩᠭᠡ ᠲᠠᠢ᠂ ᠣᠬᠤᠷ ᠰᠠᠯᠠᠭ᠎ᠠ ᠨᠢ ᠠᠷᠪᠢᠨ᠃ ᠴᠡᠴᠡᠭᠯᠡᠬᠦ | ᠬᠤᠭᠤᠴᠠᠭ᠎ᠠ ᠨᠢ 4 ᠰᠠᠷ᠎ᠠ ᠶᠢᠨ ᠰᠡᠭᠦᠯᠴᠢ ᠠᠴᠠ 5 ᠰᠠᠷ᠎ᠠ ᠶᠢᠨ ᠡᠬᠢᠨ᠂ ᠵᠢᠮᠢᠰᠯᠡᠬᠦ ᠬᠤᠭᠤᠴᠠᠭ᠎ᠠ ᠨᠢ 7—8 | ᠰᠠᠷ᠎ᠠ᠃ ᠵᠢᠮᠢᠰ ᠨᠢ ᠵᠤᠤᠪᠠᠩ ᠬᠡᠯᠪᠡᠷᠢ ᠲᠠᠢ᠃ ᠵᠢᠮᠢᠰ ᠤᠨ ᠭᠤᠯᠳᠤ ᠳ᠋ᠢᠶᠠᠮᠧᠲᠷ ᠨᠢ 15.67 mm᠂ ᠵᠢᠮᠢᠰ ᠤᠨ | ᠬᠥᠨᠳᠡᠯᠡᠨ ᠳ᠋ᠢᠶᠠᠮᠧᠲᠷ ᠨᠢ 13.17 mm᠂ ᠵᠢᠮᠢᠰ ᠤᠨ ᠬᠠᠵᠠᠭᠤ ᠳ᠋ᠢᠶᠠᠮᠧᠲᠷ ᠨᠢ 12.24 mm᠂ ᠵᠢᠮᠢᠰ | ᠪᠦᠷᠢ ᠶᠢᠨ ᠳᠤᠮᠳᠠᠴᠢ ᠬᠦᠨᠳᠦ ᠨᠢ 1.67 g᠂ ᠴᠥᠮ᠎ᠡ ᠶᠢᠨ ᠳᠤᠮᠳᠠᠴᠢ ᠬᠦᠨᠳᠦ ᠨᠢ 0.28 g᠃ ᠵᠢᠮᠢᠰ ᠤᠨ | ᠮᠢᠬ᠎ᠠ ᠨᠢ ᠨᠢᠮᠭᠡᠨ ᠮᠥᠷᠲᠡᠭᠡᠨ ᠬᠠᠭᠤᠷᠠᠶᠢᠯᠢᠭ᠃ ᠴᠢᠬᠢ ᠮᠣᠳᠣ ᠶᠢ ᠰᠠᠭᠤᠯᠭᠠᠨ ᠵᠠᠶᠢᠯᠠᠭᠰᠠᠨ ᠤ ᠳᠠᠷᠠᠭ᠎ᠠ 2—3 | ᠵᠢᠯ ᠤᠨ ᠳᠠᠷᠠᠭ᠎ᠠ ᠵᠢᠮᠢᠰᠯᠡᠨ᠎ᠡ᠂ ᠵᠢᠮᠢᠰᠯᠡᠬᠦ ᠨᠣᠷᠮ᠎ᠠ ᠨᠢ 90 % ᠠᠴᠠ ᠳᠡᠭᠡᠭᠰᠢ ᠳᠤ ᠬᠦᠷᠴᠦ᠂ 3—4 ᠵᠢᠯ ᠳᠤ | ᠵᠢᠮᠢᠰᠯᠡᠬᠦ ᠬᠤᠭᠤᠴᠠᠭᠠᠨ ᠳᠤ ᠣᠷᠣᠨ᠎ᠠ᠂ ᠵᠢᠮᠢᠰᠯᠡᠬᠦ ᠬᠤᠭᠤᠴᠠᠭᠠᠨ ᠳᠤ ᠰᠠᠭᠤᠷᠢ ᠪᠦᠷᠢ ᠶᠢᠨ ᠵᠢᠮᠢᠰ ᠤᠨ ᠳᠤᠮᠳᠠᠴᠢ | ᠤᠨᠠᠯᠲᠠ ᠨᠢ 1.21~1.26kg᠂ ᠦᠷ᠎ᠡ ᠶᠢᠨ ᠴᠥᠮ᠎ᠡ ᠶᠢᠨ ᠤᠨᠠᠯᠲᠠ ᠨᠢ 0.19~0.21kg᠂ ᠮᠥ | ᠪᠦᠷᠢ ᠶᠢᠨ ᠴᠦᠮ᠎ᠡ ᠶᠢᠨ ᠤᠨᠠᠯᠲᠠ ᠨᠢ 31. 73~35.07 kg᠃ ᠭᠠᠩ ᠳᠤ ᠳᠠᠭᠠᠭᠠᠴᠠ ᠲᠠᠢ᠂ | ᠬᠦᠢᠲᠡᠨ ᠳᠤ ᠲᠡᠰᠪᠦᠷᠢᠳᠠᠢ᠃ | ᠭᠤᠣᠯ ᠬᠡᠷᠡᠭᠴᠡᠭᠡ ᠴᠢᠳᠠᠮᠵᠢ᠄ | ᠭᠤᠤᠯᠳᠠᠭᠤ ᠠᠵᠤ ᠠᠬᠤᠢ ᠶᠢᠨ ᠣᠢ ᠪᠠ ᠠᠮᠢ ᠠᠬᠤᠢ ᠶᠢᠨ ᠣᠢ ᠶᠢᠨ ᠬᠡᠷᠡᠭᠴᠡᠭᠡ ᠴᠢᠳᠠᠮᠵᠢ ᠲᠠᠢ᠃ | ᠲᠠᠷᠢᠵᠦ ᠠᠷᠠᠴᠢᠯᠠᠬᠤ ᠮᠡᠷᠭᠡᠵᠢᠯ ᠤᠨ ᠭᠤᠣᠯᠳᠠᠯᠭ᠎ᠠ | ᠲᠠᠷᠢᠵᠦ ᠵᠠᠶᠢᠯᠠᠬᠤ ᠦᠶᠡᠰ ᠰᠠᠭᠤᠷᠢ ᠶᠢᠨ ᠮᠥᠷ ᠤᠨ ᠵᠠᠶ ᠶᠢ 2 m × 24 m ᠪᠠᠶᠢᠯᠭᠠᠵᠤ᠂ ᠰᠠᠯᠬᠢ | ᠨᠡᠪᠲᠡᠷᠡᠬᠦ ᠪᠠ ᠮᠠᠰᠢᠨ ᠢᠶᠠᠷ ᠵᠢᠮᠢᠰ ᠢ ᠨᠢ ᠲᠡᠭᠦᠬᠦ ᠳᠤ ᠠᠰᠢᠭᠲᠠᠶ᠃ ᠲᠠᠷᠢᠵᠦ ᠤᠷᠭᠤᠭᠤᠯᠬᠤ ᠮᠤᠳᠤᠨ ᠤ ᠲᠥᠷᠥᠯ | ᠬᠢᠭᠡᠳ ᠲᠣᠭᠤᠰᠣ ᠬᠦᠷᠲᠡᠭᠡᠬᠦ ᠮᠤᠳᠤᠨ ᠤ ᠲᠥᠷᠥᠯ ᠤᠨ ᠬᠠᠷᠢᠴᠠᠯ ᠢ 8᠄ 1 ᠪᠠᠶᠢᠯᠭᠠᠨ᠎ᠠ᠂ ᠲᠣᠭᠤᠰᠣ ᠬᠦᠷᠲᠡᠭᠡᠬᠦ | ᠮᠤᠳᠤᠨ ᠤ ᠲᠥᠷᠥᠯ ᠨᠢ ︿ᠮᠧᠩ ᠪᠢᠶᠠᠨ 1 ᠨᠤᠮᠧᠷᠲᠦ﹀ ᠵᠢᠴᠢ ᠪᠤᠰᠤᠳ ᠲᠤᠭᠤᠷ ᠤᠨ ᠮᠤᠳᠤᠨ ᠤ ᠲᠥᠷᠥᠯ | ᠪᠣᠯᠤᠨ᠎ᠠ᠃ ᠡᠪᠦᠯ ᠤᠨ ᠤᠯᠠᠷᠢᠯ ᠪᠠ ᠵᠣᠨ ᠤ ᠤᠯᠠᠷᠢᠯ ᠳᠤ ᠲᠤᠬᠢᠷᠠᠮᠵᠢᠳᠠᠢ ᠬᠠᠶᠢᠴᠢᠯᠠᠨ ᠵᠠᠰᠠᠵᠤ ᠪᠤᠯᠤᠨ᠎ᠠ᠃ ᠴᠠᠭ | ᠲᠤᠬᠠᠶ ᠳᠤᠨᠢ ᠤᠰᠤᠯᠠᠬᠤ᠂ ᠪᠣᠷᠳᠣᠭᠤᠷ ᠣᠷᠣᠭᠤᠯᠬᠤ᠂ ᠡᠪᠡᠳᠴᠢᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ | ᠵᠠᠰᠠᠬᠤ ᠵᠡᠷᠭᠡ ᠶᠢ ᠶᠠᠪᠤᠭᠳᠠᠭᠤᠯᠤᠨ᠎ᠠ᠃ | ᠲᠠᠷᠢᠬᠤ ᠳᠤ ᠲᠤᠬᠢᠷᠠᠮᠵᠢᠳᠠᠢ ᠤᠷᠤᠨ ᠪᠦᠰᠡ᠄ | ᠲᠣᠰ ᠮᠤᠳᠤᠨ ᠤ ᠲᠦᠷᠦᠯ ᠢ ᠮᠠᠨ ᠤ ᠣᠷᠣᠨ ᠤ ᠵᠢᠯ ᠤᠨ ᠳᠤᠮᠳᠠᠴᠢ ᠬᠤᠷ᠎ᠠ ᠲᠣᠨᠣᠳᠠᠰᠤ ᠶᠢᠨ ᠬᠡᠮᠵᠢᠶ᠎ᠡ | 200 mm ᠠᠴᠠ ᠳᠡᠭᠡᠭᠰᠢᠬᠢ ᠭᠠᠵᠠᠷ ᠣᠷᠣᠨ ᠳᠤ ᠳᠠᠷᠢᠬᠤ ᠳᠤ ᠳᠣᠭᠢᠷᠠᠨ᠎ᠠ᠃ |