ᠲᠡᠯᠡᠬᠡᠢ ᠳᠡᠭᠡᠷ᠎ᠡ ᠬᠡᠲᠦ ᠬᠡᠳᠦᠨ ᠲᠦᠷᠦᠯ ᠤᠨ ᠬᠡᠭᠡᠷ᠎ᠡ ᠶᠢᠨ ᠬᠤᠨᠢ ᠪᠠᠶᠢᠳᠠᠭ᠃ ᠠᠽᠢᠶ᠎ᠠ᠂ ᠡᠸᠦ᠋ᠷᠦᠫᠠ᠂ | ᠤᠮᠠᠷᠠᠲᠦ ᠠᠮᠧᠷᠢᠺᠠ ᠶᠢᠨ ᠬᠡᠭᠡᠷ᠎ᠡ ᠶᠢᠨ ᠴᠠᠭᠠᠨ ᠬᠤᠨᠢ ᠴᠦᠮ ᠳᠡᠯᠡᠬᠡᠢ ᠳᠤ ᠠᠯᠳᠠᠷᠳᠠᠢ ᠶᠤᠮ᠃ ᠭᠡᠳᠡᠯ᠎ᠡ ᠲᠡᠳᠡᠭᠡᠷ ᠢ | ᠮᠠᠨ ᠤ ᠮᠤᠩᠭᠤᠯ ᠤᠨ ᠦᠨᠳᠦᠷᠯᠢᠭ ᠤᠨ ᠠᠷᠭᠠᠯᠢ ᠲᠠᠢ ᠠᠳᠠᠯᠢᠳᠬᠠᠬᠤ ᠶᠤᠮ ᠪᠤᠯ ᠪᠤᠭᠳᠠ ᠶᠢᠨ ᠳᠡᠷᠭᠡᠳᠡ ᠪᠠᠨᠳᠢ | ᠵᠤᠭᠰᠤᠭᠰᠠᠨ ᠠᠳᠠᠯᠢ ᠶᠤᠮ᠃ | ᠠᠷᠭᠠᠯᠢ ᠭᠡᠳᠡᠭ ᠨᠢ ᠡᠮ ᠬᠤᠨᠢ ᠶᠢ ᠬᠡᠯᠡᠨ᠎ᠡ᠃ ᠡᠷ᠎ᠡ ᠶᠢ ᠤᠭᠠᠯᠵᠠ ᠭᠡᠨ᠎ᠡ᠃ ᠬᠤᠶᠠᠭᠤᠯᠠ ᠶᠢ | ᠬᠠᠮᠳᠤᠷᠠᠭᠤᠯᠤᠨ ᠠᠷᠭᠠᠯᠢ ᠬᠡᠮᠡᠨ ᠨᠡᠷᠡᠶᠢᠳᠦᠳᠡᠭ᠃ ᠪᠡᠶ᠎ᠡ ᠶᠢᠨ ᠲᠤᠮᠤ ᠬᠢᠭᠡᠳ ᠡᠪᠡᠷ ᠤᠨ ᠲᠤᠮᠤ ᠪᠠᠷ ᠠᠷᠭᠠᠯᠢ ᠨᠢ | ᠤᠭᠠᠯᠵᠠ ᠶᠢ ᠬᠤᠯᠠ ᠬᠦᠷᠬᠦ ᠦᠭᠡᠢ ᠪᠠᠶᠢᠳᠠᠭ᠃ ᠵᠦᠪᠬᠡᠨ ᠵᠢᠷᠤᠭ ᠠᠴᠠ ᠠᠷᠭᠠᠯᠢ ᠶᠢ ᠲᠠᠨᠢᠭᠰᠠᠨ ᠬᠦᠮᠦᠰ ᠦᠨᠡᠨ | ᠳᠡᠭᠡᠨ ᠤᠭᠠᠯᠵᠠ ᠶᠢ ᠠᠷᠭᠠᠯᠢ ᠪᠤᠯᠭᠠᠨ ᠲᠠᠰᠢᠶ᠎ᠠ ᠳᠠᠭᠤᠳᠠᠵᠦ ᠪᠠᠶᠢᠭ᠎ᠠ ᠠᠵᠠᠢ᠃ ᠠᠪᠤᠷᠭᠤ ᠲᠤᠮᠤ ᠪᠡᠶ᠎ᠡ᠂ | ᠢᠯᠠᠩᠭᠤᠶ᠎ᠠ ᠤᠭᠠᠯᠵᠠᠯᠠᠭᠰᠠᠨ ᠲᠤᠮᠤ ᠡᠪᠡᠷ ᠢᠶᠠᠷ ᠢᠶᠠᠨ ᠬᠦᠮᠦᠰ ᠲᠤ ᠬᠦᠨ ᠰᠠᠭᠤᠭᠳᠠᠯ ᠦᠭᠭᠦᠭᠰᠡᠨ ᠨᠢ ᠤᠭᠠᠯᠵᠠ | ᠶᠤᠮ᠃ | ᠮᠤᠩᠭᠤᠯ ᠨᠤᠲᠤᠭ ᠤᠨ ᠤᠭᠠᠯᠵᠠ ᠪᠤᠯ ᠲᠡᠯᠡᠭᠡᠢ ᠳᠡᠭᠡᠷᠡᠬᠢ ᠬᠡᠭᠡᠷ᠎ᠡ ᠶᠢᠨ ᠬᠤᠨᠢᠨ ᠤ ᠲᠦᠷᠦᠯ ᠤᠨ ᠠᠪᠤᠷᠭᠤ | ᠠᠵᠤᠭᠤ᠃ ᠤᠭᠠᠯᠵᠠ ᠶᠢᠨ ᠪᠡᠶ᠎ᠡ ᠬᠦᠯ ᠠᠴᠠ ᠮᠤᠨᠳᠠᠭ᠎ᠠ ᠬᠦᠷᠳᠡᠯ᠎ᠡ 115—120 ᠰᠡᠨᠲ᠋ᠢᠮᠧᠲᠷ᠂ ᠪᠡᠶ᠎ᠡ ᠶᠢᠨ | ᠤᠷᠲᠦ 160—180 ᠰᠡᠨᠲ᠋ᠢᠮᠧᠲᠷ᠂ ᠬᠦᠨᠳᠦ ᠨᠢ 125—150 ᠺᠢᠯᠤᠭ᠍ᠷᠠᠮ᠂ ᠴᠢᠨᠠᠭᠰᠢᠯᠠᠨ 200 ᠺᠢᠯᠤᠭ᠍ᠷᠠᠮ | ᠬᠦᠷᠳᠡᠭ᠃ ᠡᠭᠦᠨ ᠳᠤ ᠲᠡᠭᠦᠨ ᠤ ᠲᠤᠯᠤᠭᠠᠢ ᠨᠢ ᠡᠪᠡᠷ ᠲᠠᠢ ᠪᠠᠨ ᠨᠡᠶᠢᠯᠡᠭᠡᠳ 40 ᠺᠢᠯᠤᠭ᠍ᠷᠠᠮ ᠢ ᠡᠵᠡᠯᠡᠳᠡᠭ᠃ | ᠲᠤᠯᠤᠭᠠᠢ ᠶᠢᠨ ᠡᠶᠢᠮᠦ ᠬᠦᠨᠳᠦ ᠨᠢ ᠲᠡᠭᠦᠨ ᠤ ᠡᠪᠡᠷ ᠤᠨ ᠲᠤᠮᠤ ᠠᠴᠠ ᠪᠤᠯᠤᠭᠰᠠᠨ ᠠᠵᠠᠢ᠃ ᠮᠤᠩᠭᠤᠯ | ᠤᠭᠠᠯᠵᠠ ᠶᠢᠨ ᠡᠪᠡᠷ ᠤᠨ ᠤᠷᠲᠦ ᠨᠢ ᠤᠯᠵᠦ ᠮᠡᠳᠡᠭᠰᠡᠨ ᠢᠶᠠᠷ ᠬᠠᠮᠤᠭ ᠤᠷᠲᠦ ᠨᠢ 160—180 ᠰᠡᠨᠲ᠋ᠢᠮᠧᠲᠷ | ᠬᠦᠷᠳᠡᠭ᠃ ᠪᠦᠳᠦᠬᠦᠨ ᠨᠢ 50—60 ᠰᠡᠨᠲ᠋ᠢᠮᠧᠲᠷ ᠪᠤᠢ᠃ ᠤᠭᠠᠯᠵᠠ ᠭᠡᠳᠡᠭ ᠨᠡᠷ᠎ᠡ ᠨᠢ ᠴᠤ ᠲᠡᠭᠦᠨ ᠤ | ᠡᠪᠡᠷ ᠤᠨ ᠬᠡᠯᠪᠡᠷᠢ ᠲᠦᠷᠰᠦ ᠠᠴᠠ ᠡᠰᠢᠯᠠᠨ ᠨᠡᠷᠡᠶᠢᠳᠦᠭᠰᠡᠨ ᠪᠢᠯᠡ᠃ | ᠠᠷᠭᠠᠯᠢ ᠶᠢᠨ ᠪᠡᠶ᠎ᠡ ᠪᠠᠶᠢᠳᠠᠯ ᠬᠤᠨᠢ ᠲᠠᠢ ᠲᠦᠰᠳᠡᠢ ᠪᠤᠯᠪᠠᠴᠤ ᠪᠠᠶᠢᠭᠠᠯᠢ ᠶᠢᠨ ᠨᠦᠬᠦᠴᠡᠯ ᠳᠤ ᠵᠤᠬᠢᠯᠳᠤᠵᠤ | ᠬᠦᠯ ᠨᠢ ᠨᠠᠷᠢᠬᠠᠨ ᠤᠷᠳᠦ᠃ ᠦᠰᠦ ᠨᠢ ᠲᠠᠴᠢᠷ ᠰᠢᠷᠦᠬᠦᠨ᠂ ᠭᠤᠳᠤᠭᠤᠷ ᠵᠢᠵᠢᠭ ᠰᠡᠭᠦᠯ ᠲᠠᠢ ᠪᠤᠯᠵᠠᠢ᠃ ᠵᠢᠰᠦ | ᠨᠢ ᠭᠠᠵᠠᠷ ᠤᠷᠤᠨ ᠤ ᠪᠠᠶᠢᠳᠠᠯ ᠠᠴᠠ ᠪᠤᠯᠵᠤ᠂ ᠬᠤᠪᠢᠷᠠᠮᠠᠳᠠᠭᠠᠢ ᠪᠤᠯᠪᠠᠴᠤ ᠶᠡᠷᠦᠩᠭᠡᠢ ᠳᠡᠭᠡᠨ ᠶᠠᠭᠠᠪᠳᠤᠷ ᠬᠦᠷᠡᠩ᠂ | ᠪᠤᠷᠤ ᠬᠦᠷᠡᠩ᠂ ᠡᠪᠤᠯ ᠬᠠᠪᠤᠷ ᠪᠦᠳᠡᠬᠢ ᠴᠠᠶᠢᠪᠤᠷ ᠪᠤᠯᠤᠨ᠎ᠠ᠃ ᠬᠡᠪᠡᠯᠢ ᠬᠤᠩᠰᠢᠶᠠᠷ᠂ ᠲᠠᠩ ᠨᠢ ᠴᠠᠭᠠᠨ᠃ | ᠠᠷᠭᠠᠯᠢ ᠠᠭᠤᠯᠠ ᠶᠢᠨ ᠠᠮᠢᠲᠠᠨ ᠪᠤᠯᠪᠠᠴᠤ ᠶᠠᠩᠭᠢᠷ ᠰᠢᠭ᠋ ᠶᠠᠩ ᠰᠠᠷᠢᠳᠠᠭ᠂ ᠬᠠᠳᠠ ᠠᠰᠬ᠎ᠠ ᠪᠠᠷᠢᠵᠦ ᠶᠠᠪᠤᠳᠠᠭ | ᠦᠭᠡᠢ᠂ ᠬᠠᠷᠢᠨ ᠲᠠᠭᠠᠨ᠎ᠠ᠂ ᠬᠢᠯᠭᠠᠨ᠎ᠠ ᠤᠷᠭᠤᠭᠰᠠᠨ ᠵᠢᠵᠢᠭ ᠲᠤᠯᠤᠭᠠᠶᠢᠲᠦ ᠰᠠᠶᠢᠷ ᠬᠦᠨᠳᠡᠢ ᠪᠤᠯ ᠲᠡᠭᠦᠨ ᠤ | ᠬᠠᠮᠤᠭ ᠤᠨ ᠢᠳᠡᠭᠡᠰᠢᠯᠲᠦ ᠨᠤᠲᠤᠭ ᠶᠤᠮ᠃ ᠵᠤᠨ ᠤ ᠴᠠᠭ ᠲᠤ ᠦᠷᠯᠦᠭᠡ ᠦᠳᠡᠰᠢ ᠰᠦᠨᠢ ᠶᠢᠨ ᠰᠡᠷᠢᠬᠦᠨ ᠢᠶᠠᠷ | ᠪᠡᠯᠴᠢᠭᠡᠷᠯᠡᠵᠦ ᠦᠳᠡ ᠶᠢᠨ ᠬᠠᠯᠠᠭᠤᠨ ᠳᠤ ᠰᠡᠭᠦᠳᠡᠷ ᠭᠠᠵᠠᠷ ᠬᠤᠷᠭᠤᠳᠠᠨ᠎ᠠ᠃ ᠰᠡᠷᠢᠬᠦᠨ ᠤᠯᠠᠷᠢᠯ ᠳᠤ ᠡᠳᠦᠷ ᠤᠨ | ᠴᠠᠭ ᠢᠶᠠᠷ ᠪᠡᠯᠴᠢᠭᠡᠷᠯᠡᠨ᠎ᠡ᠃ ᠠᠷᠭᠠᠯᠢ ᠤᠭᠠᠯᠵᠠ 1—2᠂ 4—5᠂ ᠵᠠᠷᠢᠮ ᠳᠠᠭᠠᠨ ᠭᠤᠴᠢ ᠲᠦᠴᠢ ᠪᠠᠷ | ᠰᠦᠷᠦᠭᠯᠡᠨ ᠪᠡᠯᠴᠢᠳᠡᠭ᠃ ᠠᠷᠭᠠᠯᠢ ᠬᠡᠭᠡᠯ ᠢᠶᠠᠨ ᠲᠡᠭᠡᠭᠡᠵᠦ ᠲᠤᠯᠤᠭᠠᠨ ᠰᠠᠷ᠎ᠠ ᠤᠷᠴᠢᠮ ᠠᠴᠢᠵᠦ᠂ 9—10 | ᠰᠠᠷ᠎ᠠ ᠳᠤ ᠭᠤᠤᠯᠳᠠᠭᠤ ᠨᠢᠭᠡ᠂ ᠬᠠᠶᠠ ᠢᠬᠡᠷ᠎ᠡ ᠬᠤᠷᠠᠭ᠎ᠠ ᠭᠠᠷᠭᠠᠨ᠎ᠠ᠃ | ᠪᠡᠯᠴᠢᠭᠡᠷᠯᠡᠬᠦ ᠦᠶᠡᠰ᠂ ᠢᠯᠠᠩᠭᠤᠶ᠎ᠠ ᠡᠪᠤᠯ ᠤᠨ ᠶᠡᠭᠡ ᠴᠠᠰᠤᠨ ᠳᠤ ᠤᠰᠦ ᠪᠡᠯᠴᠢᠭᠡᠷ ᠡᠷᠢᠵᠦ᠂ ᠠᠭᠤᠯᠠ | ᠳᠠᠪᠠᠭ᠎ᠠ ᠳᠠᠪᠠᠨ ᠭᠤᠤ ᠭᠠᠩ ᠲᠤᠭᠤᠯᠤᠨ ᠰᠦᠷᠦᠭᠯᠡᠨ ᠶᠠᠪᠤᠬᠤ ᠦᠶᠡᠰ ᠪᠠᠶᠢᠨ ᠪᠠᠶᠢᠨ ᠴᠢᠨ᠋ᠸ᠎ᠠ ᠶᠢᠨ | ᠳᠠᠭᠠᠷᠢᠯᠳᠠ ᠳᠤ ᠤᠴᠠᠷᠠᠳᠠᠭ᠃ ᠡᠨᠡ ᠦᠶᠡᠰ ᠤᠭᠠᠯᠵᠠ ᠶᠢᠨ ᠡᠪᠡᠷ ᠨᠢ ᠲᠤᠰᠠ ᠪᠤᠯᠵᠤ ᠴᠢᠳᠠᠬᠤ ᠦᠭᠡᠢ ᠪᠠᠷ | ᠦᠯᠦ ᠪᠠᠷᠠᠮ ᠳᠠᠷᠤᠭᠠᠰᠤ ᠪᠤᠯᠳᠠᠭ᠃ ᠠᠷᠭᠠᠯᠢ ᠪᠠᠨ ᠪᠤᠯᠢᠶᠠᠯᠳᠤᠨ ᠦᠬᠦᠵᠦ ᠰᠡᠭᠡᠬᠦ ᠶᠢᠨ ᠲᠡᠮᠡᠴᠡᠯ ᠬᠢᠵᠦ ᠬᠤᠶᠠᠷ | ᠬᠦᠲᠦᠯ ᠠᠴᠠ ᠬᠦᠶᠦᠨ ᠢᠷᠡᠵᠦ ᠬᠠᠮᠤᠭ ᠬᠦᠴᠦ ᠪᠠᠷ ᠮᠦᠷᠬᠦᠯᠳᠡᠳᠡᠭ ᠤᠭᠠᠯᠵᠠ ᠶᠢᠨ ᠲᠤᠮᠤ ᠡᠪᠡᠷ ᠡᠨᠡ ᠦᠶᠡᠰ | ᠬᠠᠷᠢᠨ ᠳᠠᠷᠤᠭᠠᠰᠤ ᠪᠤᠯᠵᠦ ᠬᠤᠷᠳᠤᠨ ᠬᠦᠶᠦᠬᠦ ᠳᠤ ᠨᠢ ᠬᠠᠷᠰᠢ ᠪᠤᠯᠵᠤ ᠤᠯᠠᠨ ᠠᠴᠠ ᠬᠤᠴᠤᠷᠤᠨ ᠴᠢᠨ᠋ᠸ᠎ᠠ ᠳᠤ | ᠪᠠᠷᠢᠭᠳᠠᠳᠠᠭ ᠵᠢᠱᠢᠶ᠎ᠡ ᠴᠤ ᠪᠤᠢ᠃ | | | | | |