8 ᠰᠠᠷ᠎ᠠ ᠶᠢᠨ 31 ᠤ ᠣᠷᠣᠢ᠂ ᠠᠷᠪᠠ ᠶᠢᠰᠦᠲᠦᠭᠡᠷ ᠬᠤᠭᠤᠴᠠᠭᠠᠨ ᠤ ᠲᠣᠮᠲᠠᠲᠣ ᠣᠯᠣᠰ · ᠦᠪᠦᠷ | ᠮᠣᠩᠭᠤᠯ ᠤᠨ ᠲᠠᠯ᠎ᠠ ᠨᠣᠲᠤᠬ ᠤᠨ ᠰᠣᠶᠣᠯ ᠤᠨ ᠨᠠᠶᠢᠷ ᠤᠨ ᠲᠡᠬᠦᠰᠬᠦ ᠶᠣᠰᠣᠯᠠᠯ ᠵᠢᠴᠢ ᠪᠦᠬᠦ ᠣᠷᠣᠨ ᠤ ᠠᠷᠪᠠᠨ | ᠲᠠᠪᠣᠲᠣᠭᠠᠷ ᠬᠤᠭᠤᠴᠠᠭᠠᠨ ᠤ ᠣᠶᠣᠨ ᠤ ᠪᠣᠯᠪᠠᠰᠣᠨ ᠤ ᠪᠠᠶᠢᠭᠤᠯᠣᠯᠲᠠ ᠶᠢᠨ ︽ᠲᠠᠪᠣᠨ ᠨᠢᠭᠡ ᠶᠢᠨ ᠢᠨᠵᠧᠨᠧᠷᠢᠩ︾ | ᠤᠨ ᠱᠠᠩᠨᠠᠯ ᠣᠯᠭᠤᠬᠤ ᠶᠣᠰᠣᠯᠠᠯ ᠦᠪᠦᠷ ᠮᠣᠩᠭᠤᠯ ᠤᠨ ᠣᠷᠠᠯᠢᠬ ᠵᠦᠴᠦᠭᠡ ᠶᠢᠨ ᠬᠦᠷᠢᠶᠡᠯᠡᠩ ᠤᠨ ᠲᠠᠭᠤᠣ | ᠬᠦᠭᠵᠢᠮ ᠤᠨ ᠲᠢᠩᠬᠢᠮ ᠳᠤ ᠶᠠᠪᠣᠬᠲᠠᠪᠠ᠃ | ᠦᠪᠡᠷᠲᠡᠭᠡᠨ ᠵᠠᠰᠠᠬᠤ ᠣᠷᠣᠨ ᠤ ᠲᠡᠳ᠋ ᠲᠡᠷᠢᠬᠦᠯᠡᠭᠴᠢ ᠴᠢ᠊ ᠪᠠᠲᠣ ᠲᠡᠬᠦᠰᠬᠦ ᠶᠣᠰᠣᠯᠠᠯ ᠵᠢᠴᠢ ᠱᠠᠩᠨᠠᠯ | ᠣᠯᠭᠤᠬᠤ ᠶᠣᠰᠣᠯᠠᠯ ᠳᠤ ᠣᠷᠣᠯᠴᠠᠵᠤ᠂ ᠡᠯ᠎ᠡ ᠦᠨᠳᠦᠰᠦᠲᠡᠨ ᠡᠯ᠎ᠡ ᠡᠲᠡᠭᠡᠳ ᠤᠨ ᠣᠯᠠᠨ ᠲᠦᠮᠡᠨ ᠲᠠᠢ ᠬᠠᠮᠲᠣ | ᠲᠣᠬᠯᠠᠯᠲᠠ ᠶᠢ ᠰᠤᠨᠢᠷᠬᠠᠪᠠ᠃ ᠲᠡᠬᠦᠰᠬᠦ ᠶᠣᠰᠣᠯᠠᠯ ᠤᠨ ᠦᠳᠡᠰᠢᠯᠡᠭᠡ ᠨᠢ ︽ᠦᠪᠦᠷ ᠮᠣᠩᠭᠤᠯ ᠤᠨ ᠮᠠᠬᠲᠠᠭᠠᠯ | ᠲᠠᠭᠤᠣ︾ ᠪᠠᠷ ᠡᠬᠢᠯᠡᠯᠲᠡ ᠶᠢᠨ ᠬᠦᠰᠢᠭᠡ ᠪᠠᠨ ᠰᠡᠬᠦᠵᠦ᠂ ᠪᠦᠬᠦ ᠣᠷᠣᠨ ᠤ ᠠᠷᠪᠠᠨ ᠲᠠᠪᠣᠲᠣᠭᠠᠷ ᠬᠤᠭᠤᠴᠠᠭᠠᠨ ᠤ | ᠣᠶᠣᠨ ᠤ ᠪᠣᠯᠪᠠᠰᠣᠨ ᠤ ᠪᠠᠶᠢᠭᠤᠯᠣᠯᠲᠠ ᠶᠢᠨ ︽ᠲᠠᠪᠣᠨ ᠨᠢᠭᠡ ᠶᠢᠨ ᠢᠨᠵᠧᠨᠧᠷᠢᠩ︾ ᠤᠨ ᠱᠠᠩᠨᠠᠯ ᠬᠦᠷᠲᠡᠭᠰᠡᠨ | ᠲᠣᠬᠯᠠᠯᠲᠠ ᠪᠣᠯᠬᠤ ︽ᠴᠠᠭᠠᠨ ᠬᠡᠷᠡᠮ ᠤᠨ ᠣᠩᠰᠢᠭᠤ︾ ᠪᠤᠯᠤᠨ ᠲᠣᠰ ᠬᠤᠭᠤᠴᠠᠭᠠᠨ ᠤ ᠲᠠᠯ᠎ᠠ ᠨᠣᠲᠤᠬ ᠤᠨ | ᠰᠣᠶᠣᠯ ᠤᠨ ᠨᠠᠶᠢᠷ ᠠᠴᠠ ᠰᠢᠯᠢᠵᠦ ᠰᠣᠩᠭᠤᠬᠰᠠᠨ ᠰᠢᠯᠢᠲᠡᠭ ᠲᠣᠬᠯᠠᠯᠲᠠ ᠪᠣᠯᠬᠤ ᠱᠠᠨ ᠰᠢ ᠵᠦᠴᠦᠭᠡ ︽ᠦ᠋ ᠬᠠᠨ | ᠳ᠋ᠢᠩ︾ ᠵᠡᠷᠭᠡ ᠶᠢ ᠲᠣᠬᠯᠠᠨ ᠦᠵᠡᠬᠦᠯᠵᠦ᠂ ︽ᠮᠠᠯᠴᠢᠨ ᠲᠦᠮᠡᠨ ᠡᠪ ᠬᠠᠮᠳᠤ ᠨᠠᠮ ᠢᠶᠠᠨ ᠮᠠᠬᠲᠠᠨ ᠲᠠᠭᠤᠯᠠᠨ᠎ᠠ︾ | ᠭᠡᠬᠦ ᠲᠠᠭᠤᠣ ᠪᠠᠷ ᠦᠨᠳᠦᠰᠦᠲᠡᠨ ᠨᠦᠭᠦᠳ ᠤᠨ ᠠᠷᠠᠳ ᠲᠦᠮᠡᠨ ᠤ ᠬᠠᠯᠠᠭᠤᠨ ᠵᠢᠷᠦᠭᠡᠨ ᠤ ᠬᠠᠶᠢᠷ᠎ᠠ ᠶᠢᠨ | ᠣᠶᠠᠩᠭ᠎ᠠ ᠶᠢ ᠬᠠᠩᠬᠢᠨᠠᠭᠤᠯᠵᠦ᠂ ︽ᠣᠷᠢᠬᠠᠨ ᠰᠠᠯᠬᠢ ᠢᠯᠪᠢᠬᠦᠶᠠ ᠦᠩᠭᠡ ᠶᠢᠨ ᠴᠡᠴᠡᠭᠡᠰ ᠮᠢᠷᠠᠯᠵᠠᠨ ᠲᠡᠯᠭᠡᠷᠡᠨᠡᠮ︾ | ᠠᠶ᠎ᠠ ᠲᠠᠭᠤᠣ ᠶᠢᠨ ᠲᠣᠮᠲᠠ ᠦᠨᠳᠦᠷᠯᠡᠭᠰᠨᠨ ᠪᠠᠶᠢᠨ᠎ᠠ᠃ | ᠲᠡᠬᠦᠰᠬᠦ ᠶᠣᠰᠣᠯᠠᠯ ᠲᠡᠭᠡᠷ᠎ᠡ᠂ ᠣᠶᠢᠷ᠎ᠠ ᠶᠢᠨ ᠵᠢᠯ ᠠᠴᠠ ᠨᠠᠭᠠᠰᠢᠬᠢ ᠮᠠᠨ ᠤ ᠣᠷᠣᠨ ᠤ ᠰᠣᠷᠲᠠᠯ ᠣᠬᠠᠭᠤᠯᠭ᠎ᠠ | ᠦᠵᠡᠯ ᠰᠠᠨᠠᠭ᠎ᠠ ᠰᠣᠶᠣᠯ ᠤᠨ ᠹᠷᠣᠨᠲ ᠠᠴᠠ ᠴᠤᠯᠭᠤᠷᠠᠭᠰᠠᠨ ᠶᠡᠷᠦᠩᠬᠡᠢ ᠱᠦᠵᠢ ᠰᠢ ᠶᠢᠨ ᠫᠢᠩ ᠤᠨ ᠰᠢᠨ᠎ᠡ ᠴᠠᠬ | ᠦᠶ᠎ᠡ ᠶᠢᠨ ᠲᠣᠮᠲᠠᠲᠣ ᠣᠯᠣᠰ ᠤᠨ ᠣᠨᠴᠠᠯᠢᠬ ᠲᠠᠢ ᠨᠡᠶᠢᠭᠡᠮ ᠵᠢᠷᠣᠮ ᠤᠨ ᠦᠵᠡᠯ ᠰᠠᠨᠠᠭ᠎ᠠ ᠪᠠᠷ ᠵᠢᠯᠣᠭᠤᠲᠣᠯᠭ᠎ᠠ | ᠪᠣᠯᠭᠠᠵᠦ᠂ ᠲᠤᠬ ᠲᠡᠮᠲᠡᠭ ᠲᠣᠲᠣᠷᠬᠠᠢ᠂ ᠰᠢᠨ᠎ᠡ ᠬᠦᠮᠦᠨ ᠢ ᠬᠦᠮᠦᠵᠢᠬᠦᠯᠣᠨ᠂ ᠰᠣᠶᠣᠯ ᠢ ᠮᠠᠨᠲᠣᠭᠤᠯᠵᠦ᠂ ᠲᠦᠷᠢ | ᠲᠦᠷᠬᠦ ᠶᠢ ᠱᠣᠭᠤᠵᠦ᠂ ᠲᠣᠮᠲᠠᠲᠣ ᠶᠢᠨ ᠦᠨᠳᠦᠰᠦᠲᠡᠨ ᠤ ᠬᠠᠮᠲᠣ ᠶᠢᠨ ᠴᠣᠬᠴᠠ ᠶᠢᠨ ᠣᠬᠠᠮᠰᠠᠷ ᠢ ᠪᠠᠲᠣ | ᠴᠣᠬᠴᠠᠯᠠᠬᠰᠠᠨ ᠰᠢᠯᠢᠲᠡᠭ ᠪᠦᠲᠦᠭᠡᠯ ᠤᠳ ᠲᠤ ᠱᠠᠩᠨᠠᠯ ᠣᠯᠭᠤᠪᠠ᠃ ︽ᠮᠣᠷᠢᠲᠣ ᠴᠡᠷᠢᠭ︾ ᠪᠠ ︽ᠦ᠋ ᠬᠠᠨ | ᠳ᠋ᠢᠩ︾ ᠵᠡᠷᠭᠡ 11 ᠪᠦᠲᠦᠭᠡᠯ ︽ᠲᠠᠪᠣᠨ ᠨᠢᠭᠡ ᠶᠢᠨ ᠢᠨᠵᠧᠨᠧᠷᠢᠩ︾ ᠤᠨ ᠰᠢ ᠵᠦᠴᠦᠭᠡ ᠶᠢᠨ ᠱᠠᠩᠨᠠᠯ᠂ ︽ | ᠲᠣᠮᠲᠠᠲᠣ ᠶᠢᠨ ᠡᠮᠴᠢ︾ ᠪᠠ ︽ᠬᠠᠶᠢᠷ᠎ᠠ ᠶᠢᠨ ᠲᠠᠭᠤᠣ︾ ᠵᠡᠷᠭᠡ 6 ᠪᠦᠲᠦᠭᠡᠯ ︽ᠲᠠᠪᠣᠨ ᠨᠢᠭᠡ ᠶᠢᠨ | ᠢᠨᠵᠧᠨᠧᠷᠢᠩ︾ ᠤᠨ ᠺᠢᠨᠣ᠋ ᠶᠢᠨ ᠱᠠᠩᠨᠠᠯ᠂ ︽ᠣᠯᠣᠰ ᠤᠨ ᠬᠡᠦᠬᠡᠳ︾ ᠪᠠ ︽ᠦᠪᠦᠷ ᠮᠣᠩᠭᠤᠯ ᠤᠨ ᠮᠣᠷᠢᠲᠣ | ᠴᠡᠷᠢᠭ︾ ᠵᠡᠷᠭᠡ 11 ᠪᠦᠲᠦᠭᠡᠯ ︽ᠲᠠᠪᠣᠨ ᠨᠢᠭᠡ ᠶᠢᠨ ᠢᠨᠵᠧᠨᠧᠷᠢᠩ︾ ᠤᠨ ᠲᠧᠯᠸᠢᠰ ᠵᠦᠴᠦᠭᠡ ᠶᠢᠨ ᠱᠠᠩᠨᠠᠯ᠂ | ︽ᠡᠵᠢ︾ ᠵᠡᠷᠭᠡ 8 ᠪᠦᠲᠦᠭᠡᠯ ︽ᠲᠠᠪᠣᠨ ᠨᠢᠭᠡ ᠶᠢᠨ ᠢᠨᠵᠧᠨᠧᠷᠢᠩ︾ ᠤᠨ ᠷᠠᠳᠢᠣ᠋ ᠵᠦᠴᠦᠭᠡ ᠶᠢᠨ ᠱᠠᠩᠨᠠᠯ᠂ ︽ | ᠲᠦᠬᠦ᠋ᠢᠮ᠎ᠡ ᠡᠵᠢ︾ ᠵᠡᠷᠭᠡ 13 ᠪᠦᠲᠦᠭᠡᠯ ︽ᠲᠠᠪᠣᠨ ᠨᠢᠭᠡ ᠶᠢᠨ ᠢᠨᠵᠧᠨᠧᠷᠢᠩ︾ ᠤᠨ ᠲᠠᠭᠤᠣ ᠬᠦᠭᠵᠢᠮ ᠤᠨ | ᠱᠠᠩᠨᠠᠯ᠂ ︽ᠲᠠᠯ᠎ᠠ ᠨᠣᠲᠤᠬ ᠤᠨ ᠲᠡᠮᠦᠷ ᠬᠡᠦᠬᠡᠨᠴᠣᠳ︾ ᠵᠡᠷᠭᠡ 10 ᠪᠦᠲᠦᠭᠡᠯ ︽ᠲᠠᠪᠣᠨ ᠨᠢᠭᠡ ᠶᠢᠨ | ᠢᠨᠵᠧᠨᠧᠷᠢᠩ︾ ᠤᠨ ᠪᠦᠵᠢᠭ ᠤᠨ ᠱᠠᠩᠨᠠᠯ᠂ ︽ᠶᠣᠸᠠᠨ ᠯᠦᠩ ᠫᠢᠩ ᠬᠢᠭᠡᠳ ᠬᠢᠩᠭᠠᠨ ᠲᠣᠲᠣᠷᠭ᠎ᠠ︾ ᠪᠠ ︽ | ᠴᠠᠭᠠᠨ ᠠᠯᠴᠢᠭᠤᠷ︾ ᠵᠡᠷᠭᠡ 17 ᠪᠦᠲᠦᠭᠡᠯ ︽ᠲᠠᠪᠣᠨ ᠨᠢᠭᠡ ᠶᠢᠨ ᠢᠨᠵᠧᠨᠧᠷᠢᠩ︾ ᠤᠨ ᠨᠣᠮ ᠪᠢᠴᠢᠭ ᠤᠨ | ᠱᠠᠩᠨᠠᠯ ᠬᠦᠷᠲᠡᠵᠦ᠂ ᠪᠣᠭᠤᠲᠣ ᠬᠤᠲᠠ ᠶᠢᠨ ᠨᠠᠮ ᠤᠨ ᠬᠤᠷᠢᠶᠠᠨ ᠤ ᠣᠬᠠᠭᠤᠯᠬᠤ ᠬᠡᠯᠲᠡᠰ᠂ ᠬᠦᠬᠡᠬᠤᠲᠠ ᠶᠢᠨ | ᠨᠠᠮ ᠤᠨ ᠬᠤᠷᠢᠶᠠᠨ ᠤ ᠣᠬᠠᠭᠤᠯᠬᠤ ᠬᠡᠯᠲᠡᠰ᠂ ᠣᠷᠲᠣᠰ ᠬᠤᠲᠠ ᠶᠢᠨ ᠨᠠᠮ ᠤᠨ ᠬᠤᠷᠢᠶᠠᠨ ᠤ ᠣᠬᠠᠭᠤᠯᠬᠤ ᠬᠡᠯᠲᠡᠰ | ᠵᠡᠷᠭᠡ 3 ᠨᠢᠭᠡᠴᠢ ︽ᠵᠣᠬᠢᠶᠠᠨ ᠪᠠᠶᠢᠭᠤᠯᠣᠬᠰᠠᠨ ᠠᠵᠢᠯ ᠤᠨ ᠱᠠᠩᠨᠠᠯ︾ ᠬᠦᠷᠲᠡᠵᠠᠢ᠃ | ᠲᠣᠰ ᠬᠤᠭᠤᠴᠠᠭᠠᠨ ᠤ ᠲᠠᠯ᠎ᠠ ᠨᠣᠲᠤᠬ ᠤᠨ ᠰᠣᠶᠣᠯ ᠤᠨ ᠨᠠᠶᠢᠷ ᠨᠢ ᠲᠣᠮᠲᠠᠲᠣ ᠶᠢᠨ ᠰᠣᠶᠣᠯ ᠤᠨ ᠲᠡᠮᠲᠡᠭ | ᠪᠣᠯᠣᠨ ᠲᠣᠮᠲᠠᠲᠣ ᠶᠢᠨ ᠦᠨᠳᠦᠰᠦᠲᠡᠨ ᠤ ᠲᠦᠷᠢ ᠲᠦᠷᠬᠦ ᠶᠢ ᠱᠣᠭᠤᠵᠦ᠂ ᠲᠣᠮᠲᠠᠲᠣ ᠶᠢᠨ ᠦᠨᠳᠦᠰᠦᠲᠡᠨ ᠤ | ᠬᠠᠮᠲᠣ ᠶᠢᠨ ᠣᠶᠣᠨ ᠰᠠᠨᠠᠭᠠᠨ ᠤ ᠭᠡᠷ ᠣᠷᠣᠨ ᠢ ᠴᠤᠭᠴᠠᠯᠠᠬᠤ ᠶᠢ ᠠᠬᠢᠭᠤᠯᠵᠦ᠂ ᠲᠣᠮᠲᠠᠲᠣ ᠶᠢᠨ ᠦᠨᠳᠦᠰᠦᠲᠡᠨ ᠤ | ᠬᠠᠮᠲᠣ ᠶᠢᠨ ᠴᠣᠬᠴᠠ ᠶᠢᠨ ᠣᠬᠠᠮᠰᠠᠷ ᠢ ᠪᠠᠲᠣ ᠴᠣᠬᠴᠠᠯᠠᠬᠤ ᠪᠠᠷ ᠵᠣᠷᠢᠯᠲᠠ ᠪᠣᠯᠭᠠᠨ᠂ ᠰᠠᠷ᠎ᠠ ᠭᠠᠷᠣᠢ ᠶᠢᠨ | ᠬᠤᠭᠤᠴᠠᠭᠠᠨ ᠳᠤ 6 ᠶᠡᠭᠡ ᠬᠡᠰᠡᠭ ᠤᠨ 24 ᠵᠦᠢᠯ ᠤᠨ ᠠᠵᠢᠯᠯᠠᠭ᠎ᠠ ᠶᠢ 38 ᠲᠠᠯᠠᠪᠠᠢ ᠲᠣᠬᠯᠠᠯᠲᠠ ᠪᠠᠷ ᠲᠠᠮᠵᠢᠨ | ᠤᠯᠠᠨ ᠳᠤ ᠦᠵᠡᠬᠦᠯᠵᠦ᠂ ᠠᠬᠤᠢ ᠲᠠᠯᠠᠪᠠᠢ ᠳᠤ ᠲᠤᠭᠯᠠᠯᠳᠠ ᠶᠢ ᠦᠵᠡᠭᠰᠨᠨ ᠬᠦᠮᠦᠨ 1.4 ᠲᠦᠮᠡᠨ ᠬᠦᠮᠦᠨ | ᠣᠲᠠᠭ᠎ᠠ ᠳᠤ ᠬᠦᠷᠴᠦ᠂ ᠣᠶᠠᠩᠭ᠎ᠠ ᠲᠠᠭᠤᠣ᠂ ᠣᠲᠠᠰᠣᠲᠣ ᠬᠤᠭᠤᠷ᠂ ᠣᠷᠠᠨ ᠪᠢᠴᠢᠯᠭᠡ᠂ ᠭᠡᠷᠡᠯ ᠵᠢᠷᠤᠬ᠂ ᠰᠢ | ᠵᠦᠴᠦᠭᠡ ᠵᠡᠷᠭᠡ ᠣᠷᠠᠯᠢᠬ ᠤᠨ ᠣᠯᠠᠨ ᠲᠦᠷᠦᠯ ᠬᠡᠯᠪᠡᠷᠢ ᠪᠠᠷ ᠰᠢᠨ᠎ᠡ ᠴᠠᠬ ᠦᠶ᠎ᠡ ᠶᠢᠨ ᠭᠤᠣᠯ ᠬᠦᠭ ᠠᠶᠠᠰ ᠢ | ᠴᠢᠪᠬᠠᠲᠠᠨ᠂ ᠣᠳᠬ᠎ᠠ ᠣᠷᠠᠯᠢᠬ ᠣᠯᠠᠨ ᠲᠦᠮᠡᠨ ᠳᠤ ᠦᠢᠯᠡᠴᠢᠯᠡᠬᠦ᠂ ᠰᠣᠶᠣᠯ ᠶᠢᠡᠷ ᠠᠷᠠᠳ ᠲᠤ ᠠᠰᠢᠬ | ᠬᠦᠷᠲᠡᠭᠡᠬᠦ ᠶᠢ ᠦᠢᠯᠡᠲᠦᠯᠭᠡᠵᠢᠬᠦᠯᠦᠭᠰᠡᠨ ᠪᠠᠶᠢᠨ᠎ᠠ᠃ |