ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ 2022 ᠣᠨ ᠤ ᠪᠥᠬᠦ ᠣᠷᠣᠨ ᠤ ᠣᠶ‌‍ᠰᠢᠭᠤᠢ ᠨᠤᠲᠤᠭ ᠪᠡᠯᠴᠢᠭᠡᠷ ᠤᠨ ᠤᠷᠭᠤᠮᠠᠯ ᠤᠨ ᠰᠢᠨ᠎ᠡ ᠡᠭᠦᠯᠳᠡᠷ ᠤᠨ ᠬᠠᠮᠠᠭᠠᠯᠠᠯᠲᠠ ᠵᠢᠴᠢ ᠦᠷ᠎ᠡ ᠴᠢᠬᠢ ᠶᠢᠨ ᠶᠠᠰᠤ ᠴᠢᠨᠠᠷ ᠢ ᠬᠢᠨᠠᠨ ᠬᠠᠮᠢᠶᠠᠷᠬᠤ ᠪᠤᠯᠪᠠᠰᠤᠷᠠᠭᠤᠯᠤᠯ ᠢ ᠵᠣᠬᠢᠶᠠᠨ ᠪᠠᠶᠢᠭᠤᠯᠤᠨ ᠶᠠᠪᠤᠭᠳᠠᠭᠤᠯᠪᠠ
ᠨᠡᠶᠢᠲᠡᠯᠡᠭᠰᠡᠨ ᠴᠠᠭ᠄
2022/9/26
    ︽ᠦᠷ᠎ᠡ ᠶᠢᠨ ᠬᠠᠤᠯᠢ︾᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠶ ᠮᠣᠳᠣᠨ ᠤ ᠦᠷ᠎ᠡ ᠶᠢᠨ ᠳᠦᠷᠢᠮ︾ ᠵᠡᠷᠭᠡ ᠬᠠᠤᠯᠢ ᠴᠠᠭᠠᠵᠠ ᠲᠦᠷᠢᠮ ᠲᠣᠭᠲᠠᠭᠠᠯ ᠢ ᠤᠯᠠᠮ ᠨᠢᠭᠡ ᠠᠯᠬᠤᠮ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠪᠦᠬᠦ ᠣᠷᠣᠨ ᠤ ᠣᠶ ᠰᠢᠭᠤᠶ ᠨᠤᠲᠤᠭ ᠪᠡᠯᠴᠢᠭᠡᠷ ᠤᠨ ᠤᠷᠭᠤᠮᠠᠯ ᠤᠨ ᠰᠢᠨ᠎ᠡ ᠡᠭᠦᠯᠳᠡᠷ ᠢ ᠬᠠᠮᠠᠭᠠᠯᠠᠬᠤ ᠵᠢᠴᠢ ᠦᠷ᠎ᠡ ᠴᠢᠬᠢ ᠶᠢᠨ ᠶᠠᠰᠤ ᠴᠢᠨᠠᠷ ᠢ ᠰᠢᠯᠭᠠᠨ ᠪᠠᠶᠢᠴᠠᠭᠠᠵᠤ ᠬᠠᠤᠯᠢ ᠬᠡᠷᠡᠭᠵᠢᠭᠦᠯᠬᠦ ᠠᠵᠢᠯᠲᠠᠨ ᠤ ᠬᠠᠮᠢᠶᠠᠷᠤᠯᠲᠠ ᠶᠢᠨ ᠬᠢᠷᠢ ᠬᠡᠮᠵᠢᠶ᠎ᠡ ᠪᠣᠯᠤᠨ ᠲᠤᠬᠠᠶᠢᠯᠠᠭᠰᠠᠨ ᠠᠵᠢᠯ ᠤᠨ ᠴᠢᠳᠠᠪᠤᠷᠢ ᠶᠢ ᠳᠡᠭᠡᠭᠰᠢᠯᠡᠭᠦᠯᠬᠦ ᠶᠢᠨ ᠲᠤᠰᠠᠳᠠ᠂ 9 ᠰᠠᠷ᠎ᠠ ᠶᠢᠨ 23᠎ ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠶ ᠰᠢᠭᠤᠶ ᠨᠤᠲᠤᠭ ᠪᠡᠯᠴᠢᠭᠡᠷ ᠤᠨ ᠤᠷᠭᠤᠮᠠᠯ ᠤᠨ ᠰᠢᠨ᠎ᠡ ᠡᠭᠦᠯᠳᠡᠷ ᠢ ᠬᠠᠮᠠᠭᠠᠯᠠᠬᠤ ᠵᠢᠴᠢ ᠦᠷ᠎ᠡ ᠴᠢᠬᠢ ᠶᠢᠨ ᠶᠠᠰᠤ ᠴᠢᠨᠠᠷ ᠢ ᠬᠢᠨᠠᠨ ᠬᠠᠮᠢᠶᠠᠷᠬᠤ ᠪᠣᠯᠪᠠᠰᠤᠷᠠᠭᠤᠯᠤᠯ ᠢ ᠬᠤᠭᠤᠴᠠᠭ᠎ᠠ ᠶᠣᠰᠣᠭᠠᠷ ᠶᠠᠪᠤᠭᠳᠠᠭᠤᠯᠪᠠ᠃ ᠲᠣᠰ ᠤᠳᠠᠭᠠᠨ ᠤ ᠪᠣᠯᠪᠠᠰᠤᠷᠠᠭᠤᠯᠤᠯ ᠨᠢ ᠤᠯᠤᠰ ᠤᠨ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠪᠣᠯᠤᠨ ᠥᠪᠡᠷᠲᠡᠭᠡᠨ ᠵᠠᠰᠠᠬᠤ ᠣᠷᠣᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠳᠡᠭᠡᠳᠦ ᠬᠡᠮᠵᠢᠶᠡᠨ ᠤ ᠴᠢᠬᠤᠯᠠᠴᠢᠯᠠᠭ᠎ᠠ ᠪᠠ ᠬᠦᠴᠦᠲᠡᠶ ᠳᠡᠮᠵᠢᠯᠭᠡ ᠶᠢ ᠣᠯᠵᠤ᠂ ᠥᠪᠡᠷᠲᠡᠭᠡᠨ ᠵᠠᠰᠠᠬᠤ ᠣᠷᠣᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠢᠳᠡᠭᠡᠨ ᠤ ᠠᠮᠤᠷ ᠲᠦᠪᠰᠢᠨ ᠤ ᠶᠡᠷᠦᠩᠬᠡᠶ ᠬᠢᠨᠠᠭᠴᠢ ᠮᠧᠩ ᠲᠧ ᠨᠥᠬᠦᠷ᠂ ᠥᠪᠡᠷᠲᠡᠭᠡᠨ ᠵᠠᠰᠠᠬᠤ ᠣᠷᠣᠨ ᠤ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠶᠢᠨ ᠡᠷᠬᠡ ᠳᠤ ᠬᠠᠯᠳᠠᠭᠰᠠᠨ ᠬᠠᠭᠤᠷᠮᠠᠭ ᠠᠵᠢᠯᠯᠠᠭᠠᠨ ᠳᠤ ᠴᠣᠬᠢᠯᠲᠠ ᠥᠭᠬᠦ ᠠᠵᠢᠯ ᠤᠨ ᠤᠳᠤᠷᠢᠳᠬᠤ ᠳᠤᠭᠤᠶᠢᠯᠠᠩ ᠤᠨ ᠳᠠᠷᠤᠭ᠎ᠠ᠂ ᠲᠣᠪᠴᠢᠶ᠎ᠠ ᠶᠢᠨ ᠳᠡᠳ᠋ ᠳᠠᠷᠤᠭ᠎ᠠ ᠮᠠ ᠴᠢᠶᠠᠩ ᠨᠥᠬᠦᠷ ᠰᠤᠷᠤᠯᠭ᠎ᠠ ᠡᠬᠢᠯᠡᠬᠦ ᠶᠣᠰᠣᠯᠠᠯ ᠳᠤ ᠣᠷᠣᠯᠴᠠᠭᠰᠠᠨ ᠪᠥᠭᠡᠳ ᠶᠠᠷᠢᠶ᠎ᠠ ᠲᠠᠯᠪᠢᠪᠠ᠃      ᠲᠣᠰ ᠤᠳᠠᠭᠠᠨ ᠤ ᠪᠤᠯᠪᠠᠰᠤᠷᠠᠭᠤᠯᠤᠯ ᠳᠤ ᠤᠯᠤᠰ ᠤᠨ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠶᠢᠨ ᠣᠶ ᠰᠢᠭᠤᠶ ᠶᠢᠨ ᠲᠠᠯᠠᠪᠠᠶ ᠶᠢᠨ ᠦᠷ᠎ᠡ ᠴᠢᠬᠢ ᠶᠢᠨ ᠵᠤᠷᠭᠠᠨ ᠤ ᠰᠢᠤᠸᠠᠢ ᠲᠢᠶᠠᠨ ᠶᠢᠩ ᠳᠡᠳ᠋ ᠭᠠᠵᠠᠷ ᠤᠨ ᠳᠠᠷᠤᠭ᠎ᠠ᠂ ᠨᠠᠨᠵᠢᠩ ᠤᠨ ᠣᠶ ᠰᠢᠭᠤᠶ ᠶᠢᠨ ᠶᠡᠭᠡ ᠰᠤᠷᠭᠠᠭᠤᠯᠢ ᠶᠢᠨ ᠱᠢ ᠹᠧᠩ ᠾᠧᠦ ᠫᠷᠤᠹᠧᠰᠰᠤᠷ ᠢ ᠤᠷᠢᠵᠦ ᠲᠣᠰ ᠲᠣᠰ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠦᠷ᠎ᠡ ᠶᠢᠨ ᠬᠠᠤᠯᠢ︾᠎ ᠳᠤ ᠵᠠᠰᠠᠪᠤᠷᠢ ᠣᠷᠣᠭᠤᠯᠬᠤ ᠵᠢᠴᠢ ︽ᠣᠶ ᠰᠢᠭᠤᠶ ᠨᠤᠲᠤᠭ ᠪᠡᠯᠴᠢᠭᠡᠷ ᠤᠨ ᠦᠷ᠎ᠡ ᠶᠢᠨ ᠦᠢᠯᠡᠳᠪᠦᠷᠢᠯᠡᠯ ᠡᠵᠡᠩᠨᠡᠯᠲᠡ ᠶᠢᠨ ᠵᠥᠪᠰᠢᠶᠡᠷᠡᠯ ᠤᠨ ᠲᠦᠷᠢᠮ ᠤᠨ  ᠥᠭᠡᠷᠡᠴᠢᠯᠡᠯᠲᠡ︾ ᠪᠣᠯᠤᠨ ︽ᠣᠶ ᠮᠣᠳᠣᠨ ᠤ ᠦᠷ᠎ᠡ ᠶᠢᠨ ᠱᠣᠰᠢᠭ᠎ᠠ︾ ᠵᠡᠷᠭᠡ ᠠᠭᠤᠯᠭ᠎ᠠ ᠶᠢᠨ ᠲᠤᠬᠠᠶ ᠲᠤᠰᠬᠠᠶ ᠰᠡᠳᠦᠪ ᠢᠶᠠᠷ ᠬᠢᠴ᠊ ᠢᠯᠡᠳᠬᠡᠯ ᠬᠢᠯᠭᠡᠪᠡ᠃ ᠲᠣᠰ ᠤᠳᠠᠭ᠎ᠠ ᠶᠢᠨ ᠪᠤᠯᠪᠠᠰᠤᠷᠠᠭᠤᠯᠤᠯ ᠢ ᠸᠢᠳᠢᠣ᠋ ᠬᠡᠯᠪᠡᠷᠢ ᠪᠠᠷ ᠶᠠᠪᠤᠭᠳᠠᠭᠤᠯᠵᠤ᠂ ᠥᠪᠡᠷᠲᠡᠭᠡᠨ ᠵᠠᠰᠠᠬᠤ ᠣᠷᠣᠨ ᠤ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠳᠤ ᠭᠤᠤᠯ ᠬᠤᠷᠠᠯ ᠤᠨ ᠲᠠᠯᠠᠪᠠᠶ ᠭᠠᠷᠭᠠᠵᠤ᠂ ᠡᠯ᠎ᠡ ᠠᠶᠢᠮᠠᠭ ᠬᠤᠲᠠ ᠶᠢᠨ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠳᠤ ᠬᠤᠪᠢᠶᠠᠷᠢ ᠬᠤᠷᠠᠯ ᠤᠨ ᠲᠠᠯᠠᠪᠠᠶ ᠭᠠᠷᠭᠠᠵᠤ᠂ ᠪᠥᠬᠦ ᠣᠷᠣᠨ ᠤ 12 ᠠᠶᠢᠮᠠᠭ ᠬᠤᠲᠠ᠂ ᠮᠠᠨᠵᠤᠤᠷ ᠬᠤᠲᠠ᠂ ᠡᠷᠢᠶᠡᠨ ᠬᠤᠲᠠ ᠵᠢᠴᠢ ᠡᠯ᠎ᠡ ᠬᠤᠰᠢᠭᠤ ᠰᠢᠶᠠᠨ ᠲᠣᠭᠤᠷᠢᠭ ᠤᠨ ᠤᠷᠭᠤᠮᠠᠯ ᠤᠨ ᠰᠢᠨ᠎ᠡ ᠡᠭᠦᠯᠳᠡᠷ ᠢ ᠬᠠᠮᠠᠭᠠᠯᠠᠬᠤ ᠪᠠ ᠦᠷ᠎ᠡ ᠴᠢᠬᠢ ᠶᠢᠨ ᠶᠠᠰᠤ ᠴᠢᠨᠠᠷ ᠢ ᠬᠢᠨᠠᠨ ᠬᠠᠮᠢᠶᠠᠷᠬᠤ ᠠᠵᠢᠯᠲᠠᠨ ᠪᠣᠯᠤᠨ ᠬᠡᠰᠡᠭ ᠠᠵᠤ ᠠᠬᠤᠶᠢᠯᠠᠯ ᠤᠨ ᠲᠥᠯᠥᠭᠡᠯᠡᠭᠴᠢ ᠨᠡᠶᠢᠲᠡ 240 ᠭᠠᠷᠤᠶ ᠬᠥᠮᠦᠨ ᠪᠤᠯᠪᠠᠰᠤᠷᠠᠭᠤᠯᠤᠯ ᠳᠤ ᠣᠷᠣᠯᠴᠠᠵᠠᠶ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号