1. ᠡᠯ᠎ᠠ ᠵᠥᠢᠯ ᠤᠨ ᠡᠰᠢ ᠰᠥᠷᠠᠯ ᠢ ᠰᠠᠶᠢᠳᠤᠷ ᠰᠢᠢᠳᠪᠤᠷᠢᠯᠠᠬᠦ ᠶᠢ ᠠᠩᠬᠠᠷᠤᠨ᠎ᠠ | ᠲᠤᠳᠤᠷᠭ᠎ᠠ᠂ ᠪᠤᠭᠤᠳᠠᠢ ᠶᠢᠨ ᠰᠥᠷᠠᠯ ᠢ ᠰᠠᠶᠢᠳᠤᠷ ᠰᠢᠪᠳᠤᠷᠵᠢᠬᠦᠯᠤᠨ ᠭᠡᠪ ᠲᠠᠢ ᠰᠠᠶᠢᠬᠠᠨ ᠰᠢᠢᠳᠪᠤᠷᠢᠯᠠᠪᠠᠯ᠂ | ᠬᠠᠭᠤᠷᠠᠢ ᠶᠢ ᠨᠢ ᠨᠦᠢᠳᠠᠨ ᠪᠤᠯᠭᠠᠵᠤ᠂ ᠬᠠᠳᠠᠭᠤ ᠰᠢᠭ᠋ ᠢ ᠨᠢ ᠵᠥᠭᠡᠯᠠᠷᠠᠬᠦᠯᠵᠤ ᠪᠤᠯᠤᠨ᠎ᠠ᠃ ᠰᠢᠢᠳᠪᠤᠷᠢᠯᠠᠬᠦ ᠠᠷᠭ᠎ᠠ | ᠭᠡᠪᠠᠯ᠂ ᠭᠡᠷᠡᠭᠯᠠᠬᠦ ᠪᠤᠭᠤᠳᠠᠢ᠂ ᠲᠤᠳᠤᠷᠭ᠎ᠠ ᠶᠢᠨ ᠰᠥᠷᠠᠯ ᠢᠶᠠᠨ 2~3 ᠰᠡᠨᠲ᠋ᠢᠮᠧᠲᠷ ᠤᠬᠤᠷ ᠭᠡᠷᠴᠢᠵᠤ᠂ 100 | ᠺᠢᠯᠥᠭᠷᠠᠮ ᠭᠡᠷᠴᠢᠭᠰᠡᠨ ᠡᠪᠠᠰᠤᠨ ᠳᠤ 4 ᠺᠢᠯᠥᠭᠷᠠᠮ ᠰᠢᠭᠡᠰᠦᠯᠢᠭ ᠡᠳ᠋ ᠨᠠᠮᠠᠨ᠎ᠠ᠃ ᠤᠷᠢᠳᠠᠪᠠᠷ 40 ᠺᠢᠯᠥᠭᠷᠠᠮ | ᠤᠰᠤ ᠪᠠᠷ ᠰᠢᠭᠡᠰᠦᠯᠢᠭ ᠡᠳ᠋ ᠢ ᠠᠭᠤᠰᠬᠠᠵᠤ ᠪᠤᠭᠤᠳᠠᠢ ᠪᠤᠯᠤᠨ ᠲᠤᠳᠤᠷᠭ᠎ᠠ ᠶᠢᠨ ᠰᠥᠷᠠᠯ ᠤᠨ ᠭᠡᠷᠴᠢᠮᠠᠯ ᠳᠤ | ᠨᠢᠭᠳᠠ ᠬᠤᠯᠢᠵᠤ᠂ ᠲᠠᠷᠠᠭ᠎ᠠ ᠨᠢ ᠼᠧᠮᠧᠨ᠋ᠲ ᠴᠥᠬᠦᠷᠤᠮ ᠪᠤᠶᠤ ᠪᠥᠳᠤᠬᠦᠨ ᠭᠠᠩ ᠳᠤ ᠭᠢᠵᠤ᠂ ᠨᠢᠭᠳᠠ ᠲᠠᠷᠤᠵᠤ | ᠪᠢᠳᠠᠬᠦᠮᠵᠢᠯᠠᠵᠤ ᠭᠡᠢ ᠠᠭᠠᠷ ᠤᠷᠤᠭᠤᠯᠬᠤ ᠥᠭᠡᠢ ᠪᠤᠯᠭᠠᠨ᠎ᠠ᠃ ᠡᠪᠤᠯ ᠤᠨ ᠤᠯᠠᠷᠢᠯ ᠳᠤ ᠨᠢᠭᠡ ᠰᠠᠷ᠎ᠠ | ᠰᠢᠪᠳᠤᠷᠵᠢᠬᠦᠯᠪᠠᠯ ᠲᠠᠷᠤᠢ ᠪᠤᠯᠴᠢᠬᠠᠨ᠎ᠠ᠃ ᠢᠩᠭᠢᠵᠤ ᠰᠢᠪᠳᠤᠷᠵᠢᠬᠦᠯᠥᠭᠰᠠᠨ ᠲᠠᠵᠢᠭᠡᠯ ᠨᠢ ᠵᠥᠭᠡᠯᠠᠨ᠂ ᠥᠭᠡᠷ | ᠢᠳᠠᠰᠢᠯᠠᠬᠦ ᠲᠤᠷᠠᠳᠠᠢ᠂ ᠠᠮᠠᠷᠬᠠᠨ ᠰᠢᠩᠭᠡᠭᠡᠵᠤ᠂ ᠲᠠᠷᠭᠤ ᠠᠪᠬᠤ ᠨᠢ ᠴᠤ ᠰᠠᠶᠢᠨ ᠶᠤᠮ᠃ ᠡᠳᠤᠷ ᠪᠥᠷᠢ ᠥᠭᠡᠷ ᠲᠤ | 10~15 ᠺᠢᠯᠥᠭᠷᠠᠮ ᠲᠠᠵᠢᠭᠡᠪᠠᠯ ᠪᠤᠯᠴᠢᠬᠠᠨ᠎ᠠ᠃ | 2. ᠲᠠᠵᠢᠭᠡᠯ ᠡᠪᠠᠰᠤ ᠪᠤᠷᠳᠤᠭ᠎ᠠ ᠶᠢ ᠰᠠᠶᠢᠳᠤᠷ ᠲᠤᠭᠢᠷᠠᠭᠤᠯᠬᠤ ᠶᠢ ᠠᠩᠬᠠᠷᠤᠨ᠎ᠠ | ᠡᠪᠤᠯ ᠤᠨ ᠤᠯᠠᠷᠢᠯ ᠳᠤ ᠬᠥᠭᠡ ᠡᠪᠠᠰᠤ ᠥᠭᠡᠢ ᠪᠤᠯᠬᠤᠷ ᠲᠠᠵᠢᠭᠡᠯ ᠡᠪᠠᠰᠤ ᠪᠠᠨ ᠤᠯᠠᠨ ᠶᠠᠩᠵᠤ ᠪᠠᠷ | ᠲᠤᠭᠢᠷᠠᠭᠤᠯᠤᠨ ᠲᠠᠵᠢᠭᠡᠵᠤ ᠪᠤᠯᠤᠨ᠎ᠠ᠃ ᠲᠠᠷᠤᠢ ᠤᠬᠤᠷ ᠭᠡᠷᠴᠢᠭᠰᠡᠨ ᠪᠤᠶᠤ ᠤᠬᠤᠷ ᠰᠢᠭ᠋ ᠡᠪᠠᠰᠤᠨ ᠳᠤ ᠤᠷᠳᠤ | ᠡᠪᠠᠰᠤ᠂ ᠰᠠᠶᠢᠨ ᠴᠢᠨᠠᠷ ᠤᠨ ᠡᠪᠠᠰᠤᠨ ᠳᠤ ᠮᠠᠭᠤ ᠰᠢᠭ᠋ ᠡᠪᠠᠰᠤ ᠶᠢ ᠬᠠᠪᠰᠤᠷᠭᠠᠵᠤ᠂ ᠪᠥᠳᠤᠬᠦᠯᠢᠭ ᠤᠭᠤᠷᠠᠭ ᠤᠨ | ᠭᠡᠮᠵᠢᠶ᠎ᠠ 20%~22% ᠲᠤ ᠬᠥᠷᠪᠠᠯ᠂ ᠪᠤᠰᠤᠳ ᠶᠠᠭᠡᠩᠭᠢ ᠡᠪᠠᠰᠤᠨ ᠤ ᠪᠥᠳᠤᠬᠦᠯᠢᠭ ᠤᠭᠤᠷᠠᠭ ᠤᠨ | ᠭᠡᠮᠵᠢᠶ᠎ᠠ ᠶᠢ 4% ~20% ᠶᠢᠨ ᠲᠤᠳᠤᠷ᠎ᠠ ᠪᠠᠶᠢᠯᠭᠠᠪᠠᠯ ᠰᠠᠶᠢᠨ ᠶᠤᠮ᠃ ᠲᠠᠭᠢᠪᠠᠯ᠂ ᠲᠠᠵᠢᠭᠡᠯ ᠡᠪᠠᠰᠤᠨ ᠤ | ᠥᠩᠭᠡ ᠠᠳᠠᠯᠢ ᠪᠤᠰᠤ ᠤᠴᠢᠷ ᠠᠴᠠ ᠲᠠᠬᠦᠨ ᠤ ᠰᠢᠮ᠎ᠠ ᠲᠠᠵᠢᠭᠡᠯ ᠨᠢ ᠪᠠᠰᠨ ᠠᠳᠠᠯᠢ ᠪᠤᠰᠤ ᠪᠠᠶᠢᠳᠠᠭ᠃ ᠡᠩ ᠤᠨ | ᠪᠠᠶᠢᠳᠠᠯ ᠲᠤᠤᠷ᠎ᠠ᠂ ᠨᠤᠭᠤᠭᠠᠨ ᠬᠠᠭᠤᠷᠠᠢ ᠡᠪᠠᠰᠤᠨ ᠤ ᠰᠢᠮ᠎ᠠ ᠲᠠᠵᠢᠭᠡᠯ ᠥᠨᠳᠤᠷ ᠪᠠᠶᠢᠵᠤ᠂ ᠰᠢᠷᠠᠯᠠᠭᠰᠠᠨ ᠬᠠᠭᠤᠷᠠᠢ | ᠡᠪᠠᠰᠤ ᠶᠢᠨ ᠰᠢᠮ᠎ᠠ ᠲᠠᠵᠢᠭᠡᠯ ᠨᠠᠯᠢᠶᠠᠳ ᠮᠠᠭᠤ ᠪᠠᠶᠢᠳᠠᠭ ᠠᠴᠠ ᠴᠠᠭᠠᠨ ᠥᠩᠭᠡ ᠶᠢᠨ ᠬᠠᠭᠤᠷᠠᠢ ᠡᠪᠠᠰᠤ ᠶᠢᠨ ᠰᠢᠮ᠎ᠠ | ᠲᠠᠵᠢᠭᠡᠯ ᠨᠠᠩ ᠮᠠᠭᠤ ᠪᠠᠶᠢᠳᠠᠭ᠃ ᠡᠶᠢᠮᠤ ᠠᠴᠠ ᠭᠤᠷᠪᠠᠨ ᠵᠥᠢᠯ ᠤᠨ ᠥᠩᠭᠡ ᠶᠢᠨ ᠡᠪᠠᠰᠤ ᠶᠢ ᠰᠠᠶᠢᠳᠤᠷ | ᠲᠤᠭᠢᠷᠠᠭᠤᠯᠤᠨ᠎ᠠ᠃ ᠵᠢᠱᠢᠶᠠᠯᠠᠪᠠᠯ᠂ ᠨᠤᠭᠤᠭᠠᠨ ᠥᠩᠭᠡ ᠶᠢᠨ ᠬᠠᠭᠤᠷᠠᠢ ᠡᠪᠠᠰᠤ ᠪᠤᠯᠬᠤ ᠬᠤᠸᠠᠱᠧᠩ ᠤᠨ ᠵᠠᠯ᠎ᠠ᠂ | ᠴᠠᠷᠭᠠᠰᠤ᠂ ᠡᠷᠳᠠᠨᠢ ᠰᠢᠰᠢ ᠶᠢᠨ ᠨᠠᠪᠴᠢ ᠪᠤᠯᠤᠨ ᠴᠠᠭᠠᠨ ᠥᠩᠭᠡ ᠶᠢᠨ ᠬᠠᠭᠤᠷᠠᠢ ᠡᠪᠠᠰᠤ ᠪᠤᠯᠬᠤ ᠪᠤᠭᠤᠳᠠᠢ ᠶᠢᠨ | ᠰᠥᠷᠠᠯ᠂ ᠲᠤᠳᠤᠷᠭ᠎ᠠ ᠶᠢᠨ ᠰᠥᠷᠠᠯ ᠢ ᠲᠤᠰ ᠲᠤᠰ 30% ᠪᠠᠷ ᠡᠵᠠᠯᠠᠬᠦᠯᠵᠤ᠂ ᠰᠢᠷ᠎ᠠ ᠥᠩᠭᠡ ᠶᠢᠨ ᠬᠠᠭᠤᠷᠠᠢ | ᠡᠪᠠᠰᠤ ᠶᠢ 40% ᠡᠵᠠᠯᠠᠬᠦᠯᠵᠤ᠂ ᠭᠤᠷᠪᠠᠨ ᠵᠥᠢᠯ ᠤᠨ ᠡᠪᠠᠰᠤ ᠶᠢ ᠨᠠᠷᠢᠨ ᠭᠡᠷᠴᠢᠵᠤ ᠨᠠᠷᠢᠯᠢᠭ ᠬᠤᠯᠢᠵᠤ | ᠲᠠᠵᠢᠭᠡᠪᠠᠯ ᠥᠭᠡᠷ ᠢᠳᠠᠰᠢᠯᠠᠬᠦ ᠲᠤᠷᠠᠳᠠᠢ ᠪᠥᠭᠡᠳ ᠰᠢᠮ᠎ᠠ ᠲᠠᠵᠢᠭᠡᠯ ᠨᠠᠯᠢᠶᠠᠳ ᠬᠥᠢᠴᠠᠳ ᠪᠤᠯᠬᠤ ᠶᠤᠮ᠃ | | 3. ᠨᠠᠷᠢᠯᠢᠭ ᠪᠤᠷᠳᠤᠭ᠎ᠠ ᠶᠢ ᠰᠠᠶᠢᠳᠤᠷ ᠲᠤᠭᠢᠷᠠᠭᠤᠯᠤᠨ᠎ᠠ | ᠨᠠᠷᠢᠯᠢᠭ ᠪᠤᠷᠳᠤᠭ᠎ᠠ ᠪᠠᠷ ᠲᠠᠵᠢᠭᠡᠬᠦ ᠳᠡᠭᠡᠨ ᠵᠠᠪᠠᠯ ᠵᠥᠭᠡᠯᠠᠨ ᠬᠠᠳᠠᠭᠤ ᠶᠢ ᠵᠤᠭᠢᠰᠳᠠᠢ ᠲᠠᠩᠴᠠᠬᠦᠯᠤᠨᠠ᠃ | ᠵᠢᠱᠢᠶᠠᠯᠠᠪᠠᠯ᠂ ᠡᠷᠳᠠᠨᠢ ᠰᠢᠰᠢ᠂ ᠰᠢᠷ᠎ᠠ ᠪᠤᠷᠴᠠᠭ ᠵᠠᠷᠭᠡ ᠬᠠᠳᠠᠭᠤ ᠪᠤᠷᠳᠤᠭ᠎ᠠ ᠪᠤᠯᠤᠨ ᠪᠤᠭᠤᠳᠠᠢ ᠶᠢᠨ ᠠᠭ᠎ᠠ᠂ | ᠨᠤᠨᠳᠠᠭ ᠪᠤᠷᠳᠤᠭ᠎ᠠ ᠵᠠᠷᠭᠡ ᠵᠥᠭᠡᠯᠠᠨ ᠪᠤᠷᠳᠤᠭ᠎ᠠ ᠪᠠᠷ ᠲᠠᠵᠢᠭᠡᠬᠦ ᠳᠡᠭᠡᠨ ᠰᠠᠶᠢᠳᠤᠷ ᠬᠤᠯᠢᠵᠤ ᠤᠷᠢᠳᠠᠪᠠᠷ ᠡᠪᠠᠰᠤ | ᠥᠭᠴᠤ ᠲᠠᠵᠢᠭᠡᠨ᠂ ᠬᠠᠭᠠᠰ ᠴᠠᠳᠬᠤ ᠥᠶ᠎ᠠ ᠳᠤ ᠪᠠᠭ᠎ᠠ ᠪᠤᠷᠳᠤᠭ᠎ᠠ ᠨᠠᠮᠠᠵᠤ᠂ ᠢᠳᠠᠵᠤ ᠲᠠᠭᠤᠰᠬᠤ ᠥᠶ᠎ᠠ ᠳᠤ | ᠢᠯᠠᠬᠦᠭᠡᠨ ᠪᠤᠷᠳᠤᠭ᠎ᠠ ᠥᠭᠬᠦ ᠶᠢᠨ ᠲᠠᠭᠠᠤ ᠥᠨᠤᠷ ᠲᠠᠢ ᠪᠤᠷᠳᠤᠭ᠎ᠠ ᠶᠢ ᠨᠠᠮᠠᠨ᠎ᠠ᠃ | 4. ᠰᠢᠭᠡᠰᠦᠯᠢᠭ ᠡᠳ᠋ ᠨᠠᠮᠠᠵᠤ ᠲᠠᠵᠢᠭᠡᠨ᠎ᠠ | ᠰᠢᠭᠡᠰᠦᠯᠢᠭ ᠡᠳ᠋ ᠪᠤᠯ ᠤᠭᠤᠷᠠᠭ ᠨᠥᠬᠦᠪᠤᠷᠢᠯᠠᠬᠦ ᠴᠢᠬᠤᠯᠨ ᠠᠷᠭ᠎ᠠ ᠪᠤᠯᠬᠤ ᠶᠤᠮ᠃ 6 ᠰᠠᠷ᠎ᠠ ᠶᠢᠨ | ᠨᠠᠰᠤ ᠠᠴᠠ ᠲᠠᠭᠡᠭᠰᠢᠭᠢ ᠲᠤᠭᠤᠯ ᠳᠤ 40~60 ᠭᠷᠠᠮ ᠥᠭᠴᠤ ᠲᠠᠵᠢᠭᠡᠵᠤ᠂ ᠪᠤᠷᠳᠤᠨ ᠲᠠᠷᠭᠤᠯᠠᠭᠤᠯᠬᠤ | ᠥᠭᠡᠷ ᠲᠤ 70~100 ᠭᠷᠠᠮ᠂ ᠨᠠᠰᠤᠨ ᠳᠤ ᠬᠥᠷᠥᠭᠰᠠᠨ ᠥᠨᠢᠶ᠎ᠠ ᠳᠤ ᠡᠳᠤᠷ ᠪᠥᠷᠢ 150 ᠭᠷᠠᠮ ᠥᠭᠴᠤ | ᠲᠠᠵᠢᠭᠡᠪᠠᠯ ᠰᠠᠶᠢᠨ᠃ ᠰᠢᠭᠡᠰᠦᠯᠢᠭ ᠡᠳ᠋ ᠤᠨ ᠠᠮᠳᠠ ᠮᠠᠭᠤ ᠪᠠᠶᠢᠳᠠᠭ ᠠᠴᠠ 1% ᠪᠠᠷ ᠨᠠᠷᠢᠯᠢᠭ ᠪᠤᠷᠳᠤᠭ᠎ᠠ ᠲᠠᠢ | ᠬᠤᠯᠢᠵᠤ ᠲᠠᠵᠢᠭᠡᠨ᠎ᠠ᠂ ᠲᠠᠵᠢᠭᠡᠭᠰᠠᠨ ᠤ ᠲᠠᠷᠠᠭ᠎ᠠ ᠬᠠᠭᠠᠰ ᠴᠠᠭ ᠤᠨ ᠲᠤᠳᠤᠷ᠎ᠠ ᠤᠰᠤᠯᠠᠵᠤ ᠪᠤᠯᠬᠤ ᠥᠭᠡᠢ᠃ ᠡᠳᠤᠷ | ᠪᠥᠷᠢ 13~15 ᠺᠢᠯᠥᠭᠷᠠᠮ ᠡᠪᠠᠰᠤ ᠥᠭᠴᠤ ᠲᠠᠵᠢᠭᠡᠨ᠎ᠠ᠃ | 5. ᠪᠥᠯᠢᠶᠠᠨ ᠤᠰᠤ ᠪᠷ ᠤᠰᠤᠯᠠᠪᠠᠯ ᠰᠠᠶᠢᠨ | ᠡᠪᠤᠯ ᠴᠠᠭ ᠲᠤ ᠥᠭᠡᠷ ᠢ ᠬᠥᠢᠳᠠᠨ ᠤᠰᠤ ᠪᠠᠷ ᠤᠰᠤᠯᠠᠵᠤ ᠪᠤᠯᠬᠤ ᠥᠭᠡᠢ᠃ 15~25 ᠭᠷᠠᠳᠦ᠋ᠰ ᠤᠨ | ᠪᠥᠯᠢᠶᠠᠨ ᠤᠰᠤ ᠪᠠᠷ ᠤᠰᠤᠯᠠᠬᠤ ᠶᠢᠨ ᠲᠠᠭᠠᠤ ᠪᠥᠯᠢᠶᠠᠨ ᠤᠰᠤᠨ ᠳᠠᠭᠠᠨ ᠲᠠᠪᠤᠰᠤ ᠨᠠᠮᠠᠪᠠᠯ ᠰᠠᠶᠢᠨ᠂ ᠲᠠᠪᠤᠰᠤ | ᠨᠠᠮᠠᠬᠦ ᠭᠡᠮᠵᠢᠶ᠎ᠠ ᠶᠢ ᠡᠳᠤᠷ ᠲᠤ 150 ᠭᠷᠠᠮ ᠪᠤᠯᠪᠠᠯ ᠪᠤᠯᠴᠢᠬᠠᠨ᠎ᠠ᠃ ᠪᠥᠯᠢᠶᠠᠨ ᠤᠰᠤ ᠪᠠᠷ ᠤᠰᠤᠯᠠᠪᠠᠯ ᠬᠠᠯᠠᠭᠤᠨ ᠢ | ᠪᠠᠭᠤᠷᠠᠭᠤᠯᠵᠤ᠂ ᠥᠷᠪᠢᠰᠤᠯ ᠢ ᠲᠠᠷᠤᠬᠤ᠂ ᠢᠳᠠᠭᠡᠨ ᠤ ᠲᠤᠷᠠᠰᠢᠯ ᠢ ᠨᠠᠮᠡᠭᠳᠠᠬᠦᠯᠵᠤ᠂ ᠲᠠᠷᠭᠤ ᠠᠪᠬᠤ ᠳᠤ ᠰᠠᠶᠢᠨ | ᠶᠤᠮ᠃ ᠡᠬᠦᠨ ᠠᠴᠠ ᠭᠠᠳᠠᠨ᠎ᠠ᠂ ᠡᠷᠠᠬᠦᠯ ᠬᠠᠮᠠᠭᠠᠯᠠᠯ ᠢ ᠰᠠᠶᠢᠳᠤᠷ ᠭᠢᠵᠤ᠂ ᠥᠭᠡᠷ ᠤᠨ ᠬᠠᠰᠢᠶ᠎ᠠ ᠬᠤᠷᠤᠭ᠎ᠠ ᠶᠢ | ᠥᠷᠬᠦᠯᠵᠢ ᠴᠠᠪᠠᠷᠯᠠᠵᠤ᠂ ᠬᠠᠭᠤᠷᠠᠢ ᠰᠢᠷᠤᠢ ᠲᠠᠪᠢᠰᠴᠤ᠂ ᠡᠳᠤᠷ ᠪᠥᠷᠢ ᠶᠢᠨ ᠥᠳᠠ ᠳᠤ ᠥᠭᠡᠷ ᠢ ᠨᠠᠷᠠᠨ ᠳᠤ | ᠡᠭᠡᠭᠡᠵᠤ᠂ ᠪᠠᠶ᠎ᠠ ᠶᠢ ᠨᠢ ᠲᠠᠮᠤᠷ ᠱᠤᠸᠠᠰᠨ ᠪᠠᠷ ᠱᠤᠸᠠᠰᠠᠳᠠᠵᠤ᠂ ᠴᠢᠰᠤᠨ ᠤ ᠡᠷᠭᠢᠯᠳᠠ ᠶᠢ ᠠᠭᠢᠭᠤᠯᠤᠨ᠎ᠠ᠃ | |