ᠭᠠᠳᠠᠭᠠᠳᠤ ᠠᠴᠠ ᠤᠷᠤᠭᠤᠯᠤᠭᠰᠠᠨ ᠮᠢᠬᠠᠨ ᠦᠬᠡᠷ ᠤᠨ ᠡᠭᠦᠯᠳᠡᠷ ᠠᠩᠭᠧᠰ ᠦᠬᠡᠷ ᠪᠣᠯ ᠡᠷᠲᠡᠨ ᠤ ᠪᠡᠶ᠎ᠡ | ᠪᠠᠭᠠᠲᠠᠢ ᠢᠳᠡᠰᠢᠨ ᠦᠬᠡᠷ ᠪᠣᠯᠣᠨ᠎ᠠ᠃ ᠠᠩᠭ᠍ᠯᠢ ᠶᠢᠨ ᠰᠺᠦᠳ᠋ᠯᠠᠨᠳ᠋ ᠤᠨ ᠬᠤᠶᠢᠲᠤ ᠬᠡᠰᠡᠭ ᠠᠴᠠ ᠤᠭ ᠭᠠᠷᠤᠯ ᠲᠠᠢ᠃ | ᠠᠯᠢ ᠡᠷᠲᠡ 19 ᠳ᠋ᠦ᠋ᠭᠡᠷ ᠵᠠᠭᠤᠨ ᠤ ᠦᠶ᠎ᠡ ᠳᠤ ᠳᠡᠯᠡᠬᠡᠢ ᠶᠢᠨ ᠡᠯ᠎ᠡ ᠣᠯᠣᠰ ᠲᠤ ᠭᠠᠷᠭᠠᠵᠤ ᠪᠠᠶᠢᠵᠠᠢ᠃ ᠡᠨᠡ ᠦᠬᠡᠷ | ᠪᠣᠯ ᠠᠩᠭ᠍ᠯᠢ᠂ ᠠᠮᠧᠷᠢᠺᠡ᠂ ᠺᠠᠨᠠᠳᠠ᠂ ᠰᠢᠨ᠎ᠡ ᠽᠢᠯᠠᠨᠳ᠋ ᠪᠣᠯᠣᠨ ᠠᠷᠭᠧᠨ᠋ᠲ᠋ᠢᠨ ᠤ ᠭᠤᠤᠯ ᠪᠣᠯᠬᠤ ᠢᠳᠡᠰᠢᠨ ᠦᠬᠡᠷ | ᠶᠣᠮ᠃ ᠮᠠᠨ ᠤ ᠣᠯᠣᠰ 1974 ᠤᠨ ᠳᠤ ᠠᠩᠭ᠍ᠯᠢ᠂ ᠠᠦ᠋ᠰᠳ᠋ᠷᠡᠯᠢᠶᠡ ᠠᠴᠠ ᠠᠩᠭᠧᠰ ᠦᠬᠡᠷ ᠢ ᠤᠷᠤᠭᠤᠯᠤᠨ | ᠠᠪᠴᠢᠷᠠᠵᠠᠢ᠃ ᠤᠳᠣ ᠵᠡᠭᠦᠨ ᠬᠤᠶᠢᠲᠤ ᠤᠷᠤᠨ ᠤ ᠡᠯ᠎ᠡ ᠮᠤᠵᠢ ᠳᠤ ᠲᠠᠷᠬᠠᠵᠤ ᠪᠤᠢ᠃ | ᠠᠩᠭᠧᠰ ᠦᠬᠡᠷ ᠡᠪᠡᠷ ᠦᠭᠡᠢ᠂ ᠪᠦᠬᠦ ᠪᠡᠶ᠎ᠡ ᠨᠢ ᠬᠠᠷ᠎ᠠ ᠪᠣᠯᠬᠤᠷ ︽ᠲᠦᠢᠮᠤᠭ ᠬᠠᠷ᠎ᠠ ᠦᠬᠡᠷ︾ ᠭᠡᠳᠡᠭ᠃ | ᠪᠡᠶ᠎ᠡ ᠨᠢ ᠤᠷᠲᠤ᠂ ᠪᠦᠭᠡᠷᠡᠩᠬᠡᠢ᠂ ᠮᠦᠴᠢ ᠨᠢ ᠪᠤᠭᠤᠨᠢ ᠬᠦᠵᠦᠭᠦᠦ ᠨᠢ ᠤᠬᠤᠷ᠂ ᠵᠣ ᠪᠣᠯᠣᠨ ᠪᠦᠭᠰᠡᠨ ᠤ ᠬᠡᠰᠡᠭ ᠨᠢ | ᠪᠦᠳᠦᠭᠦᠨ ᠵᠤᠵᠠᠭᠠᠨ᠂ ᠢᠳᠡᠰᠢᠨ ᠳᠤ ᠬᠡᠷᠡᠭᠯᠡᠬᠦ ᠰᠠᠶᠢᠨ ᠦᠬᠡᠷ ᠶᠤᠮ᠃ ᠭᠤᠶᠠᠨ ᠤ ᠬᠢᠨᠢ ᠪᠤᠯᠴᠢᠩ ᠮᠢᠬ᠎ᠠ ᠨᠢ | ᠲᠠᠬᠠᠢ ᠶᠢᠨ ᠦᠶ᠎ᠡ ᠳᠤ ᠬᠦᠷᠳᠡᠭ᠃ ᠠᠷᠠᠰᠤ ᠨᠢ ᠰᠣᠯᠠ ᠨᠢᠮᠭᠡᠨ ᠪᠦᠭᠡᠳ ᠬᠠᠷᠢᠮᠠᠬᠠᠢ ᠴᠢᠨᠠᠷ ᠲᠠᠢ᠃ ᠨᠠᠰᠤ | ᠭᠦᠢᠴᠡᠭᠰᠡᠨ ᠡᠷ᠎ᠡ ᠦᠬᠡᠷ ᠤᠨ ᠪᠡᠶ᠎ᠡ ᠶᠢᠨ ᠬᠦᠨᠳᠦ ᠨᠢ 800~900kg᠂ ᠦᠨᠢᠶ᠎ᠡ ᠶᠢᠨ ᠬᠢᠨᠢ | 500~600kg᠂ ᠰᠠᠶ᠋ᠢ ᠭᠠᠷᠤᠭᠰᠠᠨ ᠲᠤᠭᠤᠯ ᠤᠨ ᠪᠡᠶ᠎ᠡ ᠶᠢᠨ ᠬᠦᠨᠳᠦ ᠨᠢ 25~32kg᠂ ᠦᠰᠴᠦ | ᠪᠤᠶᠢᠵᠢᠬᠤ ᠨᠢ ᠲᠦᠷᠭᠡᠨ᠂ ᠲᠤᠷᠨᠢᠬᠤ ᠨᠢ ᠡᠷᠲᠡ᠂ ᠪᠤᠷᠳᠤᠵᠤ ᠪᠤᠶᠢᠵᠢᠭᠤᠯᠬᠤ ᠳᠤ ᠠᠮᠠᠷᠬᠠᠨ᠂ ᠪᠡᠯᠴᠢᠭᠡᠷ ᠰᠠᠶᠢᠲᠠᠢ | ᠭᠠᠵᠠᠷ ᠲᠤ ᠲᠤᠭᠤᠯᠯᠠᠭᠰᠠᠨ ᠠᠴᠠ ᠠᠪᠤᠭᠠᠳ ᠵᠢᠯ ᠤᠨ ᠤᠢ ᠪᠤᠯᠲᠠᠯ᠎ᠠ ᠪᠡᠶ᠎ᠡ ᠶᠢᠨ ᠬᠦᠨᠳᠦ ᠨᠢ ᠡᠳᠦᠷ ᠲᠤ | 900~1000g ᠨᠡᠮᠡᠭᠳᠡᠵᠦ ᠳᠡᠶᠢᠯᠦᠨ᠎ᠡ᠂ ᠨᠢᠲᠤᠯᠭᠠᠨ ᠤ ᠨᠤᠷᠮ᠎ᠠ ᠨᠢ 60%~65% ᠪᠣᠯᠣᠨ᠎ᠠ᠃ ᠡᠨᠡ | ᠦᠬᠡᠷ ᠤᠷᠴᠢᠨ ᠠᠬᠤᠢ ᠳᠠᠭᠠᠨ ᠵᠤᠬᠢᠴᠠᠬᠤ ᠨᠢ ᠰᠠᠶᠢᠨ᠂ ᠦᠯᠴᠢᠷ ᠪᠦᠭᠡᠳ ᠡᠪᠡᠳᠴᠢᠨ ᠭᠡᠮ ᠣᠯᠬᠤ ᠦᠭᠡᠢ᠃ | ᠦᠨᠢᠶ᠎ᠡ ᠨᠢ ᠮᠡᠳᠡᠷᠡᠯ ᠤᠨ ᠭᠡᠮ ᠰᠣᠭᠤᠭ ᠲᠠᠢ᠂ ᠡᠨᠡ ᠪᠣᠯ ᠲᠤᠰ ᠦᠬᠡᠷ ᠤᠨ ᠲᠤᠳᠠᠭᠳᠠᠯ ᠪᠣᠯᠣᠨ᠎ᠠ᠃ ︵ᠢᠷᠡᠯᠲᠡ᠄ | ᠰᠤᠳᠤᠭᠡᠷᠡᠯ᠂ ᠪᠠᠪᠤᠯᠠᠢ᠂ ᠬᠦᠭᠵᠢᠯᠲᠦ ᠶᠢᠨ ᠨᠠᠶᠢᠷᠠᠭᠤᠯᠤᠭᠰᠠᠨ ︽ᠮᠠᠯ ᠤᠨ ᠲᠡᠵᠢᠭᠡᠯᠭᠡ ᠪᠤᠷᠳᠤᠯᠭ᠎ᠠ ᠪᠠ ᠠᠰᠢᠭ | ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | |