ᠰᠠᠮᠤᠷ ᠤᠨ ᠵᠦᠢᠯ ᠤᠨ ᠭᠠᠶᠢᠬᠠᠮᠰᠢᠬᠳᠤ ᠦᠢᠯᠡᠳᠦᠯ
ᠨᠡᠶᠢᠲᠡᠯᠡᠭᠰᠡᠨ ᠴᠠᠭ᠄
2023/1/2
     ᠬᠤᠯᠠᠨᠳ᠋ ᠤᠨ ᠰᠤᠳᠤᠯᠭᠠᠳᠠᠳ ᠤᠨ ︽ᠤᠯᠠᠨ ᠤᠯᠤᠰ ᠤᠨ ᠤᠷᠤᠨ ᠨᠤᠳᠤᠭ ᠤᠨ ᠡᠪᠡᠳᠴᠢᠨ ᠤ ᠰᠤᠳᠤᠯᠤᠯ ᠤᠨ ᠰᠡᠳᠭᠦᠯ︾ ᠳᠡᠭᠡᠷ᠎ᠡ ᠨᠡᠶᠢᠳᠡᠯᠡᠭᠰᠡᠨ᠂ 12 ᠳᠦᠮᠡᠨ 55 — 69 ᠨᠠᠰᠤᠨ ᠤ ᠬᠦᠮᠦᠨ ᠳᠤ ᠬᠢᠭᠰᠡᠨ ᠬᠠᠮᠤᠭ ᠤᠨ ᠰᠢᠨ᠎ᠠ ᠰᠤᠳᠤᠯᠭᠠᠨ ᠤ ᠳ᠋ᠦᠩ ᠠᠴᠠ ᠦᠵᠡᠪᠡᠯ᠂ ᠰᠠᠮᠤᠷ ᠤᠨ ᠵᠦᠢᠯ ᠨᠢ ᠬᠦᠮᠦᠨ ᠤ ᠪᠡᠶ᠎ᠡ ᠶᠢᠨ ᠡᠷᠡᠭᠦᠯ ᠮᠡᠨᠳᠦ ᠳᠤ ᠪᠦᠬᠦ ᠳᠠᠯ᠎ᠠ ᠶᠢᠨ ᠬᠠᠮᠠᠭᠠᠯᠠᠬᠤ ᠦᠢᠯᠡᠳᠦᠯ ᠦᠵᠡᠭᠦᠯᠳᠡᠭ ᠪᠠᠶᠢᠨ᠎ᠠ᠃ ᠡᠳᠦᠷ ᠲᠤ ᠵᠦᠪᠬᠡᠨ 10 ᠭᠷᠡᠮ ᠰᠠᠮᠤᠷ ᠢᠳᠡᠬᠦ ᠳᠤ ᠬᠦᠮᠦᠨ ᠤ ᠦᠷᠭᠦᠯᠵᠢ ᠳᠤᠬᠢᠶᠠᠯᠳᠤᠳᠠᠭ ᠡᠪᠡᠳᠴᠢᠨ ᠢᠶᠠᠷ ᠦᠬᠦᠬᠦ ᠠᠶᠤᠯ ᠢᠯᠡᠷᠭᠡᠢ ᠪᠠᠭᠠᠰᠴᠤ᠂ ᠵᠢᠷᠦᠭᠡᠨ ᠡᠪᠡᠳᠴᠢᠨ᠂ ᠦᠮᠡᠨ᠂ ᠰᠢᠬᠢᠷ ᠰᠢᠵᠢᠩ ᠡᠪᠡᠳᠴᠢᠨ ᠪᠠ ᠮᠡᠳᠡᠷᠡᠯ ᠤᠨ ᠳᠤᠷᠦ᠋ᠢᠳᠠᠯ ᠤᠨ ᠴᠢᠨᠠᠷᠳᠠᠢ ᠡᠪᠡᠳᠴᠢᠨ ︵ᠭᠤᠤᠯᠳᠠᠭᠤ ᠠᠯᠽᠧᠶ᠋ᠢᠮᠧᠷ ᠡᠪᠡᠳᠴᠢᠨ ᠢ ᠪᠠᠭᠳᠠᠭᠠᠨ᠎ᠠ︶᠎ ᠤ ᠠᠶᠤᠯ ᠳᠤᠰ ᠳᠤᠰ 17%᠂ 21%᠂ 30% ᠪᠠ 47%᠎ ᠪᠠᠷ ᠪᠠᠭᠤᠷᠠᠬᠤ ᠪᠤᠯᠤᠮᠵᠢ ᠲᠠᠢ ᠭᠡᠳᠡᠭ ᠢ ᠢᠯᠡᠷᠡᠭᠦᠯᠦᠯ᠎ᠠ ᠭᠡᠰᠡᠨ ᠪᠠᠶᠢᠨ᠎ᠠ᠃      ᠳᠤᠮᠳᠠᠳᠤ ᠤᠯᠤᠰ ᠤᠨ ᠰᠢᠮ᠎ᠠ ᠳᠡᠵᠢᠭᠡᠯ ᠤᠨ ᠰᠤᠳᠤᠯᠭᠠᠨ ᠤ ᠬᠤᠷᠠᠯ ᠤᠨ ᠳᠡᠳ᠋ ᠭᠡᠷᠡᠭ ᠡᠷᠭᠢᠯᠡᠭᠴᠢᠳ ᠤᠨ ᠳᠠᠷᠤᠭ᠎ᠠ ᠮᠠ ᠭᠤᠸᠠᠨ ᠱᠧᠩ᠄ ︽ᠰᠠᠮᠤᠷ ᠤᠨ ᠵᠦᠢᠯ ᠳᠤ ᠮᠤᠳᠤᠨ ᠳᠡᠭᠡᠷ᠎ᠡ ᠤᠷᠭᠤᠳᠠᠭ ᠰᠠᠮᠤᠷ ᠤᠨ ᠵᠦᠢᠯ ᠪᠠ ᠤᠷᠭᠤᠮᠠᠯ ᠤᠨ ᠦᠷ᠎ᠡ ᠪᠠᠭᠳᠠᠨ᠎ᠠ᠂ ᠤᠯᠠᠨ ᠤ ᠮᠡᠳᠡᠳᠡᠭ ᠢᠶᠠᠷ ᠬᠤᠰᠢᠭ᠎ᠠ᠂ ᠪᠦᠭᠡᠷᠡᠨ ᠵᠢᠮᠢᠰ᠂ ᠨᠠᠷᠠᠰᠤᠨ ᠰᠠᠮᠤᠷ᠂ ᠬᠦᠢᠯᠡᠰᠦᠨ ᠴᠦᠮ᠎ᠠ᠂ ᠫᠢᠰᠲ᠋ᠠᠴ᠂ ᠰᠢᠳ᠂ ᠯᠤᠬᠠᠱᠧᠩ᠂ ᠨᠠᠷᠠᠨ ᠬᠤᠸᠠᠷ ᠤᠨ ᠦᠷ᠎ᠡ᠂ ᠳᠠᠷᠪᠤᠰ ᠤᠨ ᠦᠷ᠎ᠡ ᠭᠡᠬᠦ ᠮᠡᠳᠦ᠃ ᠡᠳᠡᠭᠡᠷ ᠤᠨ ᠳᠤᠳᠤᠷ᠎ᠠ ︿ᠦᠰᠪᠦᠷᠢ ᠶᠢᠨ ᠵᠢᠮᠢᠰ﹀᠂ ︿ᠤᠷᠳᠤ ᠨᠠᠰᠤᠯᠠᠬᠤ ᠵᠢᠮᠢᠰ﹀ ᠭᠡᠳᠡᠭ ᠰᠠᠶᠢᠬᠠᠨ ᠨᠡᠷ᠎ᠡ ᠲᠠᠢ ᠨᠢ ᠴᠤ ᠤᠯᠠᠨ ᠪᠠᠶᠢᠳᠠᠭ᠃ ᠰᠢᠮ᠎ᠠ ᠳᠡᠵᠢᠭᠡᠯ ᠤᠨ ᠪᠦᠷᠢᠯᠳᠦᠭᠦᠨ ᠤ ᠳᠠᠯ᠎ᠠ ᠠᠴᠠ ᠵᠠᠳᠠᠯᠵᠤ ᠦᠵᠡᠬᠦ ᠳᠤ ᠰᠠᠮᠤᠷ ᠤᠨ ᠦᠭᠡᠬᠦ ᠶᠢᠨ ᠠᠭᠤᠯᠤᠭᠳᠠᠴᠠ ᠨᠢ 44% — 70% ᠪᠠᠶᠢᠳᠠᠭ ᠪᠦᠭᠡᠳ ᠳᠤᠳᠠᠭᠤ ᠦᠭᠡᠭᠦᠨ ᠬᠦᠴᠢᠯ ᠢᠶᠠᠷ ᠭᠤᠤᠯᠳᠠᠵᠤ᠂ ᠴᠢᠰᠦᠨ ᠳᠤᠳᠤᠷᠠᠬᠢ ᠦᠨᠳᠦᠷ ᠨᠢᠬᠳᠠᠴᠠᠳᠤ ᠦᠭᠡᠬᠦᠨ ᠤᠭᠤᠷᠠᠭ ᠤᠨ ᠴᠢᠯᠠᠭᠤᠯᠢᠬ ᠠᠯᠺᠤᠤᠯ ︵ᠰᠠᠶᠢᠨ ᠴᠢᠯᠠᠭᠤᠯᠢᠬ ᠠᠯᠺᠤᠤᠯ︶᠎ ᠤᠨ ᠳᠦᠪᠰᠢᠨ ᠢ ᠳᠡᠭᠡᠭᠰᠢᠯᠡᠭᠦᠯᠬᠦ ᠳᠤ ᠠᠰᠢᠬᠳᠠᠢ᠃ ᠤᠭᠤᠷᠠᠭ ᠤᠨ ᠠᠭᠤᠯᠤᠭᠳᠠᠴᠠ ᠨᠢ 5.3% — 25% ᠪᠠᠶᠢᠳᠠᠭ︔ ᠤᠯᠠᠨ ᠵᠦᠢᠯ ᠤᠨ ᠸᠢᠲ᠋ᠠᠮᠢᠨ ᠪᠠ ᠡᠷᠦᠳᠡᠰᠦ ᠶᠢ ᠡᠯᠪᠡᠭ ᠠᠭᠤᠯᠳᠠᠭ᠂ ᠳᠡᠭᠦᠨ ᠤ ᠳᠤᠳᠤᠷ᠎ᠠ ᠮᠠᠬᠨᠢ᠂ ᠺᠠᠯᠢ᠂ ᠵᠡᠰ ᠵᠡᠷᠭᠡ ᠨᠢ ᠤᠯᠠᠨ ᠳᠠᠯ᠎ᠠ ᠶᠢᠨ ᠹᠢᠽᠢᠦᠯᠦᠭᠢ ᠶᠢᠨ ᠴᠢᠳᠠᠪᠬᠢ ᠶᠢ ᠳᠤᠬᠢᠷᠠᠭᠤᠯᠬᠤ ᠦᠢᠯᠡᠳᠦᠯ ᠲᠠᠢ ᠪᠠᠶᠢᠳᠠᠭ᠂ ᠸᠢᠲ᠋ᠠᠮᠢᠨ E ᠪᠠ ᠰᠧᠯᠧᠨ ᠨᠢ ᠳᠤᠩ ᠰᠠᠶᠢᠨ ᠢᠰᠦᠯᠳᠦᠬᠦ ᠶᠢ ᠬᠤᠷᠢᠬᠯᠠᠬᠤ ᠦᠢᠯᠡᠳᠦᠯ ᠲᠠᠢ ᠪᠠᠶᠢᠳᠠᠭ︾ ᠭᠡᠵᠦ ᠶᠠᠷᠢᠬᠰᠠᠨ ᠪᠠᠶᠢᠨ᠎ᠠ᠃      ᠨᠠᠷᠠᠰᠤᠨ ᠤ ᠰᠠᠮᠤᠷ ᠳᠠᠷᠢᠬᠢ ᠶᠢ ᠨᠦᠬᠦᠵᠦ ᠤᠢ ᠪᠢᠯᠢᠭ ᠢ ᠬᠤᠷᠴᠠᠯᠠᠳᠠᠭ      ᠳᠠᠷᠢᠬᠢᠨ ᠤ ᠡᠰ ᠨᠢ ᠭᠤᠤᠯᠳᠠᠭᠤ ᠳᠤᠳᠠᠭᠤ ᠦᠭᠡᠬᠦᠨ ᠬᠦᠴᠢᠯ ᠪᠠ ᠤᠭᠤᠷᠠᠭ ᠠᠴᠠ ᠪᠦᠷᠢᠯᠳᠦᠳᠡᠭ᠂ ᠰᠠᠮᠤᠷ ᠤᠨ ᠵᠦᠢᠯ ᠨᠢ ᠶᠠᠬ ᠰᠠᠶᠢᠬᠠᠨ ᠡᠨᠡ ᠬᠤᠶᠠᠷ ᠵᠦᠢᠯ ᠤᠨ ᠰᠢᠮ᠎ᠠ ᠳᠡᠵᠢᠭᠡᠯᠳᠦ ᠪᠤᠳᠠᠰ ᠤᠨ ᠬᠠᠮᠤᠭ ᠤᠨ ᠰᠠᠶᠢᠨ ᠢᠷᠡᠯᠳᠡ ᠪᠤᠯᠤᠨ᠎ᠠ᠃ ᠰᠠᠮᠤᠷ ᠤᠨ ᠵᠦᠢᠯ ᠳᠤ ᠠᠭᠤᠯᠤᠭᠳᠠᠬᠤ ᠸᠢᠲ᠋ᠠᠮᠢᠨ B1᠂ B2᠂ B6᠂ ᠸᠢᠲ᠋ᠠᠮᠢᠨ E ᠵᠢᠴᠢ ᠺᠠᠯᠼ᠂ ᠹᠤᠰᠹᠤᠷ᠂ ᠳᠡᠮᠦᠷ᠂ ᠴᠠᠶᠢᠷ ᠵᠡᠷᠭᠡ ᠨᠢ ᠮᠦᠨ ᠶᠡᠭᠡ ᠳᠠᠷᠢᠬᠢᠨ ᠤ ᠮᠡᠳᠡᠷᠡᠯ ᠤᠨ ᠡᠰ ᠲᠤ ᠠᠰᠢᠬᠳᠠᠢ ᠪᠠᠶᠢᠳᠠᠭ᠃ ᠨᠠᠷᠠᠰᠤᠨ ᠤ ᠰᠠᠮᠤᠷ ᠲᠤ ᠹᠤᠰᠹᠤᠷ᠂ ᠮᠠᠩᠭᠠᠨ᠂ ᠠᠮᠤᠨ ᠰᠢᠪᠳᠤᠷᠳᠤ ᠬᠦᠴᠢᠯ ᠨᠡᠯᠢᠶᠡᠳ ᠡᠯᠪᠡᠭ ᠠᠭᠤᠯᠤᠭᠳᠠᠵᠤ᠂ ᠡᠳᠡᠭᠡᠷ ᠨᠢ ᠪᠦᠷ ᠳᠠᠷᠢᠬᠢᠨ ᠤ ᠡᠰ ᠤᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠰᠠᠶᠢᠵᠢᠷᠠᠭᠤᠯᠬᠤ᠂ ᠳᠠᠷᠢᠬᠢᠨ ᠤ ᠴᠢᠳᠠᠪᠬᠢ ᠶᠢ ᠨᠦᠬᠦᠪᠦᠷᠢᠯᠡᠬᠦ ᠦᠢᠯᠡᠳᠤᠯ ᠲᠠᠢ ᠪᠠᠶᠢᠳᠠᠭ ᠠᠵᠢ᠃      ᠯᠤᠬᠠᠱᠧᠩ ᠬᠦᠭᠰᠢᠷᠡᠬᠦ ᠶᠢ ᠬᠤᠷᠢᠬᠯᠠᠬᠤ ᠦᠢᠯᠡᠳᠦᠯ ᠲᠠᠢ      ᠰᠠᠮᠤᠷ ᠤᠨ ᠵᠦᠢᠯ ᠳᠤ ᠡᠯᠪᠡᠭ ᠠᠭᠤᠯᠤᠭᠳᠠᠳᠠᠭ ᠸᠢᠲ᠋ᠠᠮᠢᠨ E᠎ ᠨᠢ ᠨᠡᠯᠢᠶᠡᠳ ᠴᠢᠩᠭ᠎ᠠ ᠴᠢᠯᠦᠭᠡᠳᠦ ᠪᠦᠯᠦᠭ ᠢ ᠠᠷᠢᠯᠭᠠᠬᠤ ᠦᠢᠯᠡᠳᠦᠯ ᠲᠠᠢ ᠪᠠᠶᠢᠳᠠᠭ ᠨᠢ ᠪᠡᠶ᠎ᠡ ᠮᠠᠬᠠᠪᠤᠳ ᠤᠨ ᠭᠡᠳᠦ ᠡᠷᠳᠡ ᠬᠦᠭᠰᠢᠷᠡᠬᠦ ᠶᠢ ᠪᠦᠳᠦᠮᠵᠢᠳᠠᠢ ᠰᠡᠷᠭᠡᠶᠢᠯᠡᠬᠦ ᠦᠢᠯᠡᠳᠦᠯ ᠲᠠᠢ᠃ ᠳᠡᠳᠡᠭᠡᠷ ᠤᠨ ᠳᠤᠳᠤᠷ᠎ᠠ ᠬᠤᠰᠢᠭ᠎ᠠ ᠪᠠ ᠯᠤᠬᠠᠱᠧᠩ ᠤᠨ ᠸᠢᠲ᠋ᠠᠮᠢᠨ E᠎ ᠶᠢᠨ ᠠᠭᠤᠯᠤᠭᠳᠠᠴᠠ ᠨᠢ ᠬᠠᠷᠢᠴᠠᠩᠭᠤᠢ ᠦᠨᠳᠦᠷ ᠪᠠᠶᠢᠵᠤ ᠠᠷᠠᠰᠤᠨ ᠤ ᠡᠷᠡᠭᠦᠯ ᠮᠡᠨᠳᠦ ᠳᠤ ᠰᠠᠶᠢᠨ ᠪᠠᠶᠢᠳᠠᠭ᠃       ᠫᠢᠰᠲ᠋ᠠᠴ ᠢᠳᠡᠪᠡᠯ ᠰᠡᠳᠭᠢᠯ ᠰᠡᠷᠭᠦᠳᠡᠭ       ᠰᠤᠳᠤᠯᠭᠠᠨ ᠳᠤ ᠭᠡᠷᠡᠴᠢᠯᠡᠭᠰᠡᠨ ᠢᠶᠠᠷ᠂ ᠸᠢᠲ᠋ᠠᠮᠢᠨ B1᠎ ᠨᠢ ᠮᠡᠳᠡᠷᠡᠯ ᠤᠨ ᠰᠢᠰᠲ᠋ᠧᠮ ᠤᠨ ᠴᠢᠳᠠᠪᠬᠢ ᠲᠠᠢ ᠨᠢᠬᠳᠠ ᠬᠠᠷᠢᠴᠠᠭ᠎ᠠ ᠲᠠᠢ ᠪᠠᠶᠢᠵᠤ᠂ ᠪᠡᠶ᠎ᠡ ᠳᠠᠬᠢ ᠸᠢᠲ᠋ᠠᠮᠢᠨ B1᠎ ᠶᠢᠨ ᠦᠳᠭᠡᠴᠡ ᠳᠤᠤᠷ᠎ᠠ ᠪᠤᠯᠪᠠᠯ ᠭᠠᠩᠰᠠᠷᠠᠬᠤ ᠠᠶᠤᠯ ᠨᠡᠮᠡᠭᠳᠡᠳᠡᠭ᠃ ᠰᠢᠳ ᠪᠠ ᠫᠢᠰᠲ᠋ᠠᠴ ᠤᠨ ᠸᠢᠲ᠋ᠠᠮᠢᠨ B1᠎ ᠶᠢᠨ ᠠᠭᠤᠯᠤᠭᠳᠠᠴᠠ ᠦᠨᠳᠦᠷ ᠪᠠᠶᠢᠵᠤ᠂ ᠤᠷᠮ᠎ᠠ ᠮᠠᠭᠤᠳᠠᠢ ᠪᠠᠶᠢᠭ᠎ᠠ ᠬᠦᠮᠦᠰ ᠰᠤᠯᠠ ᠢᠳᠡᠵᠦ ᠪᠤᠯᠤᠨ᠎ᠠ᠃ᠬᠤᠰᠢᠭ᠎ᠠ ᠵᠢᠷᠦᠭᠡ ᠳᠠᠷᠢᠬᠢ ᠴᠢᠰᠦᠨ ᠰᠤᠳᠠᠯ ᠢ ᠬᠠᠮᠠᠭᠠᠯᠠᠬᠤ ᠦᠢᠯᠡᠳᠦᠯ ᠲᠠᠢ      ᠠᠮᠧᠷᠢᠺᠠ ᠶᠢᠨ ᠬᠠᠷᠹᠦᠷᠳ᠋ ᠶᠡᠭᠡ ᠰᠤᠷᠭᠠᠭᠤᠯᠢ ᠶᠢᠨ 8.6 ᠲᠦᠮᠡᠨ ᠡᠮᠡᠭᠳᠡᠶᠢᠴᠤᠳ ᠢ ᠤᠷᠤᠯᠴᠠᠭᠤᠯᠤᠭᠰᠠᠨ ᠨᠢᠭᠡ ᠤᠳᠠᠭᠠᠨ ᠤ ᠰᠤᠳᠤᠯᠭᠠᠨ ᠳᠤ᠂ 10 ᠵᠢᠯ ᠤᠨ ᠳᠤᠳᠤᠷ᠎ᠠ ᠰᠠᠮᠤᠷ ᠤᠨ ᠵᠦᠢᠯ ᠨᠡᠯᠢᠶᠡᠳ ᠠᠷᠪᠢᠨ ᠢᠳᠡᠭᠰᠡᠳ ᠤᠨ ᠵᠢᠷᠦᠭᠡᠨ ᠡᠪᠡᠳᠴᠢᠨ ᠳᠤ ᠨᠡᠷᠪᠡᠭᠳᠡᠬᠦ ᠠᠶᠤᠯ ᠨᠡᠯᠢᠶᠡᠳ ᠳᠤᠤᠷ᠎ᠠ ᠪᠠᠶᠢᠨ᠎ᠠ ᠭᠡᠰᠡᠨ ᠳ᠋ᠦᠩᠨᠡᠯᠳᠡ ᠶᠢ ᠤᠯᠤᠭᠰᠠᠨ ᠪᠠᠶᠢᠨ᠎ᠠ᠃ ᠪᠠᠰᠠ ᠨᠢᠭᠡᠨ ᠰᠤᠳᠤᠯᠭᠠᠨ ᠳᠤ᠂ ᠭᠠᠷᠠᠭ ᠲᠤ 5 ᠤᠳᠠᠭ᠎ᠠ ᠰᠠᠮᠤᠷ ᠤᠨ ᠵᠦᠢᠯ ᠢᠳᠡᠭᠰᠡᠨ ᠰᠤᠳᠤᠯᠭᠠᠨ ᠳᠤ ᠤᠷᠤᠯᠴᠠᠭᠰᠠᠳ ᠤᠨ ᠵᠢᠷᠦᠭᠡᠨ ᠡᠪᠡᠳᠴᠢᠨ ᠳᠤ ᠨᠡᠷᠪᠡᠭᠳᠡᠬᠦ ᠠᠶᠤᠯ ᠨᠢ ᠰᠠᠮᠤᠷ ᠤᠨ ᠵᠦᠢᠯ ᠪᠠᠷᠤᠭ ᠢᠳᠡᠳᠡᠭ ᠦᠭᠡᠢ ᠬᠦᠮᠦᠨ ᠤ ᠬᠢ ᠠᠴᠠ ᠬᠠᠭᠠᠰ᠋ ᠢᠶᠠᠷ ᠳᠤᠤᠷ᠎ᠠ ᠪᠠᠶᠢᠵᠠᠢ᠃ ᠫᠢᠰᠲ᠋ᠠᠴ ᠢ ︽ᠵᠢᠷᠦᠭᠡᠨ ᠤ ᠨᠠᠶᠢᠵᠠ︾ ᠭᠡᠳᠡᠭ᠂ ᠴᠢᠰᠦᠨ ᠤ ᠦᠭᠡᠬᠦ ᠶᠢᠨ ᠠᠭᠤᠯᠤᠭᠳᠠᠴᠠ ᠭᠡᠪ ᠤᠨ ᠪᠤᠰᠤ ᠪᠤᠯᠬᠤ ᠪᠠ ᠯᠤᠬᠰᠢᠭᠤᠨ ᠰᠤᠳᠠᠯ ᠬᠠᠳᠠᠭᠤᠷᠠᠬᠤ ᠶᠢ ᠰᠡᠷᠭᠡᠶᠢᠯᠡᠳᠡᠭ︔ ᠨᠠᠷᠠᠰᠤᠨ ᠤ ᠰᠠᠮᠤᠷ ᠲᠤ ᠠᠭᠤᠯᠤᠭᠳᠠᠳᠠᠭ ᠮᠠᠬᠨᠢ ᠪᠠ ᠺᠠᠯᠢ ᠨᠢ ᠴᠢᠰᠦᠨ ᠳᠠᠷᠤᠯᠳᠠ ᠶᠢ ᠪᠠᠭᠤᠷᠠᠭᠤᠯᠬᠤ ᠪᠠ ᠵᠢᠷᠦᠭᠡᠨ ᠤ ᠡᠷᠡᠭᠦᠯ ᠮᠡᠨᠳᠦ ᠳᠤ ᠳᠤᠰᠠᠳᠠᠢ ᠪᠠᠶᠢᠳᠠᠭ︔ ᠬᠤᠰᠢᠭ᠎ᠠ ᠳᠤ ᠤᠮᠧᠭ᠎ᠠ 3 ᠦᠭᠡᠭᠦᠨ ᠬᠦᠴᠢᠯ᠂ ᠳᠤᠳᠠᠭᠤ ᠮᠠᠭᠠᠵᠢ ᠶᠢᠨ ᠬᠦᠴᠢᠯ ᠵᠢᠴᠢ ᠤᠷᠭᠤᠮᠠᠯ ᠤᠨ ᠭᠤᠨᠠᠨ ᠠᠯᠺᠤᠤᠯ ᠡᠯᠪᠡᠭ ᠠᠭᠤᠯᠤᠭᠳᠠᠵᠤ ᠰᠦᠰᠦᠨ ᠤ ᠴᠢᠯᠠᠭᠤᠯᠢᠬ ᠠᠯᠺᠤᠤᠯ ᠤᠨ ᠳᠦᠪᠰᠢᠨ ᠢ ᠪᠠᠭᠤᠷᠠᠭᠤᠯᠬᠤ ᠳᠤ ᠳᠤᠰᠠᠳᠠᠢ ᠪᠠᠶᠢᠳᠠᠭ᠃     ᠪᠷᠠᠽᠢᠯ ᠤᠨ ᠰᠠᠮᠤᠷ ᠤᠷᠤᠭ ᠤᠨ ᠪᠤᠯᠴᠢᠷᠬᠠᠢ ᠶᠢᠨ ᠦᠮᠡᠨ ᠢ ᠰᠡᠷᠭᠡᠶᠢᠯᠡᠬᠦ ᠦᠢᠯᠡᠳᠦᠯ ᠲᠠᠢ      ᠢᠰᠫᠠᠨᠢ ᠶᠢᠨ ᠨᠢᠭᠡ ᠶᠡᠭᠡ ᠰᠤᠷᠭᠠᠭᠤᠯᠢ ᠶᠢᠨ ᠬᠢᠭᠰᠡᠨ ᠰᠤᠳᠤᠯᠭᠠᠨ ᠳᠤ᠂ ᠭᠠᠷᠠᠭ ᠲᠤ 3 ᠤᠳᠠᠭ᠎ᠠ ᠰᠠᠮᠤᠷ ᠤᠨ ᠵᠦᠢᠯ ᠢᠳᠡᠭᠰᠡᠨ ᠬᠦᠮᠦᠨ ᠤ ᠦᠮᠡᠨ ᠤᠯᠬᠤ ᠠᠶᠤᠯ 55%᠎ ᠪᠠᠷ ᠪᠠᠭᠤᠷᠠᠵᠤ ᠪᠠᠶᠢᠨ᠎ᠠ ᠭᠡᠰᠡᠨ ᠳ᠋ᠦᠩ ᠤᠯᠵᠠᠢ᠃ ᠠᠮᠧᠷᠢᠺᠠ ᠶᠢᠨ ᠬᠢᠨ ᠤ ᠰᠤᠳᠤᠯᠭᠠᠨ ᠳᠤ ᠴᠤ ᠭᠠᠷᠠᠭ ᠲᠤ 2 ᠤᠳᠠᠭ᠎ᠠ᠂ ᠤᠳᠠᠭ᠎ᠠ ᠪᠤᠯᠭᠠᠨ 28 ᠭᠷᠡᠮ ᠰᠠᠮᠤᠷ ᠤᠨ ᠵᠦᠢᠯ ᠢᠳᠡᠭᠰᠡᠨ ᠬᠦᠮᠦᠨ ᠤ ᠪᠦᠳᠦᠭᠦᠨ ᠭᠡᠳᠡᠰᠦᠨ ᠤ ᠦᠮᠡᠨ ᠤ ᠠᠶᠤᠯ 13%᠎ ᠪᠠᠷ ᠪᠠᠭᠤᠷᠠᠵᠤ ᠪᠠᠶᠢᠨ᠎ᠠ ᠭᠡᠰᠡᠨ ᠪᠠᠶᠢᠨ᠎ᠠ᠃ ᠪᠷᠠᠽᠢᠯ ᠤᠨ ᠰᠠᠮᠤᠷ ᠲᠤ ᠰᠧᠯᠧᠨ ᠡᠯᠪᠡᠭ ᠠᠭᠤᠯᠤᠭᠳᠠᠵᠤ᠂ ᠤᠷᠤᠭ ᠤᠨ ᠪᠤᠯᠴᠢᠷᠬᠠᠢ ᠶᠢᠨ ᠦᠮᠡᠨ ᠪᠠ ᠭᠦᠭᠦᠨ ᠪᠤᠯᠴᠢᠷᠬᠠᠢ ᠶᠢᠨ ᠦᠮᠡᠨ ᠢ ᠰᠡᠷᠭᠡᠶᠢᠯᠡᠬᠦ ᠳᠤ ᠳᠤᠰᠠᠳᠠᠢ ᠪᠠᠶᠢᠳᠠᠭ᠃        ᠰᠢᠳ ᠰᠢᠬᠢᠷ ᠰᠢᠵᠢᠩ ᠡᠪᠡᠳᠴᠢᠨ ᠤ ᠳᠠᠪᠬᠤᠷᠳᠠᠭᠰᠠᠨ ᠡᠪᠡᠳᠴᠢᠨ ᠡᠭᠦᠰᠬᠦ ᠶᠢ ᠰᠡᠷᠭᠡᠶᠢᠯᠡᠬᠦ ᠦᠢᠯᠡᠳᠦᠯ ᠲᠠᠢ      ᠠᠮᠧᠷᠢᠺᠠ ᠶᠢᠨ ᠬᠠᠷᠹᠤᠷᠳ᠋ ᠶᠡᠭᠡ ᠰᠤᠷᠭᠠᠭᠤᠯᠢ ᠶᠢᠨ ᠤᠯᠠᠨ ᠨᠡᠶᠢᠳᠡ ᠶᠢᠨ ᠡᠷᠡᠭᠦᠯ ᠬᠠᠮᠡᠭᠠᠯᠠᠯ ᠤᠨ ᠳᠡᠭᠡᠳᠦ ᠰᠤᠷᠭᠠᠭᠤᠯᠢ ᠶᠢᠨ ᠰᠢᠮ᠎ᠠ ᠳᠡᠵᠢᠭᠡᠯ ᠤᠨ ᠰᠠᠯᠪᠤᠷᠢ ᠶᠢᠨ ᠰᠤᠳᠤᠯᠭᠠᠳᠠᠳ 11 ᠤᠯᠤᠰ ᠤᠨ 8.4 ᠳᠦᠮᠡᠨ 34 — 59 ᠨᠠᠰᠤᠨ ᠤ ᠡᠮᠡᠭᠳᠡᠶᠢᠴᠤᠳ ᠲᠤ 16 ᠵᠢᠯ ᠤᠨ ᠮᠦᠷᠳᠡᠨ ᠪᠠᠶᠢᠴᠠᠭᠠᠯᠳᠠ ᠬᠢᠵᠦ᠂ ᠰᠠᠮᠤᠷ ᠤᠨ ᠵᠦᠢᠯ ᠢᠯᠡᠭᠦᠦ ᠢᠳᠡᠪᠡᠯ 2 ᠬᠡᠯᠪᠡᠷᠢ ᠶᠢᠨ ᠰᠢᠬᠢᠷ ᠰᠢᠵᠢᠩ ᠡᠪᠡᠳᠴᠢᠨ ᠡᠭᠦᠰᠬᠦ ᠠᠶᠤᠯ ᠢ ᠢᠯᠡᠷᠭᠡᠢ ᠪᠠᠭᠠᠰᠬᠠᠨ᠎ᠠ ᠭᠡᠰᠡᠨ ᠳ᠋ᠦᠩ ᠢ ᠤᠯᠤᠭᠰᠠᠨ ᠪᠠᠶᠢᠨ᠎ᠠ᠃ ᠡᠨᠡ ᠨᠢ ᠭᠤᠤᠯᠳᠠᠭᠤ ᠰᠠᠮᠤᠷ ᠤᠨ ᠵᠦᠢᠯ ᠳᠤ ᠠᠭᠤᠯᠤᠭᠳᠠᠬᠤ ᠰᠢᠮ᠎ᠡ ᠳᠡᠵᠢᠭᠡᠯᠳᠦ ᠪᠤᠳᠠᠰ ᠨᠢ ᠴᠢᠰᠤᠨ ᠤ ᠰᠢᠬᠢᠷ ᠪᠠ ᠨᠦᠢᠷ ᠤᠨ ᠠᠷᠠᠯ ᠤᠨ ᠡᠳ᠋ ᠤᠨ ᠳᠡᠩᠴᠡᠭᠦᠷᠢ ᠶᠢ ᠪᠠᠳᠤᠯᠠᠬᠤ ᠳᠤ ᠳᠤᠰᠠᠳᠠᠢ ᠪᠠᠶᠢᠳᠠᠭ ᠠᠴᠠ ᠪᠤᠯᠵᠠᠢ᠃ ᠰᠢᠳ ᠲᠤ ᠮᠠᠬᠨᠢ ᠡᠯᠪᠡᠭ ᠠᠭᠤᠯᠤᠭᠳᠠᠳᠠᠭ᠂ ᠰᠢᠬᠢᠷ ᠰᠢᠵᠢᠩ ᠡᠪᠡᠳᠴᠢᠨ ᠤ ᠳᠠᠪᠬᠤᠷᠳᠠᠭᠰᠠᠨ ᠡᠪᠡᠳᠴᠢᠨ ᠡᠭᠦᠰᠬᠦ ᠶᠢ ᠰᠡᠷᠭᠡᠶᠢᠯᠡᠬᠦ ᠦᠢᠯᠡᠳᠦᠯ ᠲᠠᠢ ᠪᠠᠶᠢᠳᠠᠭ ᠢᠶᠠᠷ ᠢᠶᠠᠨ ᠰᠢᠬᠢᠷ ᠰᠢᠵᠢᠩ ᠡᠪᠡᠳᠴᠢᠳᠠᠨ ᠳᠤ ᠳᠤᠬᠢᠷᠠᠮᠵᠢᠳᠠᠢ ᠢᠳᠡᠭᠡᠨ ᠪᠤᠯᠤᠨ᠎ᠠ᠃      ᠰᠠᠶᠢᠨ ᠶᠠᠭᠤᠮ᠎ᠠ ᠶᠢ ᠴᠤ ᠬᠡᠮᠵᠢᠶ᠎ᠠ ᠲᠠᠢ ᠢᠳᠡᠭᠰᠡᠨ ᠨᠢ ᠳᠡᠭᠡᠷ᠎ᠡ      ᠰᠠᠮᠤᠷ ᠤᠨ ᠵᠦᠢᠯ ᠨᠢ ᠤᠨᠴᠠᠭᠠᠢ ᠰᠠᠶᠢᠨ ᠰᠢᠮ᠎ᠠ ᠳᠡᠵᠢᠭᠡᠯ ᠤᠨ ᠦᠢᠯᠡᠳᠦᠯ ᠲᠠᠢ ᠪᠠᠶᠢᠭ᠎ᠠ ᠨᠢ ᠢᠯᠡᠷᠭᠡᠢ᠂ ᠭᠡᠬᠦ ᠳᠡᠭᠡᠨ ᠮᠦᠨ ᠢᠯᠴᠢ ᠶᠢᠨ ᠬᠡᠮᠵᠢᠶ᠎ᠠ ᠨᠢ ᠴᠤ ᠬᠠᠷᠢᠴᠠᠩᠭᠤᠢ ᠦᠨᠳᠦᠷ ᠪᠠᠶᠢᠳᠠᠭ ᠪᠤᠯᠬᠤᠷ ᠭᠡᠳᠦᠢ ᠠᠷᠪᠢᠨ ᠢᠳᠡᠪᠡᠯ ᠳᠡᠳᠦᠢ ᠰᠠᠶᠢᠨ ᠭᠡᠵᠦ ᠦᠵᠡᠵᠦ ᠪᠤᠯᠬᠤ ᠦᠭᠡᠢ᠃      ᠭᠤᠸᠠᠩᠳᠦ᠋ᠩ ᠮᠤᠵᠢ ᠶᠢᠨ ᠰᠢᠮ᠎ᠠ ᠳᠡᠵᠢᠭᠡᠯ ᠤᠨ ᠰᠤᠳᠤᠯᠭᠠᠨ ᠤ ᠬᠤᠷᠠᠯ ᠤᠨ ᠳᠡᠳ᠋ ᠬᠡᠷᠡᠭ ᠡᠷᠭᠢᠯᠡᠭᠴᠢᠳ ᠤᠨ ᠳᠠᠷᠤᠭ᠎ᠠ ᠴᠧᠨ ᠢᠦᠢ ᠮᠢᠩ᠂ ᠰᠠᠮᠤᠷ ᠢ ᠡᠳᠦᠷ ᠲᠤ 20 ᠭᠷᠡᠮ ᠤᠷᠴᠢᠮ ᠢᠳᠡᠪᠡᠯ ᠳᠤᠬᠢᠷᠠᠮᠵᠢ ᠲᠠᠢ᠂ 50 ᠭᠷᠡᠮ ᠠᠴᠠ ᠭᠡᠳᠦᠷᠡᠬᠦ ᠦᠭᠡᠢ ᠪᠤᠯ ᠵᠤᠬᠢᠨ᠎ᠠ᠃ ᠨᠢᠭᠡ ᠵᠢᠭᠠᠬᠠᠨ ᠠᠳᠬᠤ ᠢᠳᠡᠨ᠎ᠠ ᠭᠡᠰᠡᠨ ᠦᠭᠡ᠂ ᠬᠡᠷᠪᠡ ᠭᠡᠳᠦᠷᠡᠪᠡᠯ ᠬᠤᠭᠤᠯᠠᠨ ᠳᠠᠭᠠᠨ ᠦᠭᠡᠬᠦ ᠳᠤᠰᠤ ᠪᠠᠭ᠎ᠠ ᠢᠳᠡᠭᠦ ᠪᠤᠶᠤ ᠭᠤᠤᠯ ᠬᠤᠭᠤᠯᠠ ᠪᠠᠨ ᠬᠠᠰᠤᠬᠤ ᠭᠡᠷᠡᠭᠳᠡᠢ ᠭᠡᠵᠦ ᠰᠠᠨᠠᠭᠤᠯᠤᠭᠰᠠᠨ ᠪᠠᠶᠢᠨ᠎ᠠ᠃ ᠬᠤᠯᠠᠨᠳ᠋ ᠤᠨ ᠬᠠᠮᠤᠭ ᠤᠨ ᠰᠢᠨ᠎ᠠ ᠰᠤᠳᠤᠯᠭᠠᠨ ᠤ ᠬᠢᠨ ᠪᠠᠰᠠ ᠨᠢᠭᠡ ᠪᠠᠷᠤᠭᠴᠠᠭᠠᠯᠠᠬᠤ ᠳᠤᠭ᠎ᠠ ᠭᠠᠷᠭᠠᠭᠰᠠᠨ ᠪᠠᠶᠢᠨ᠎ᠠ᠄ 10 ᠭᠷᠡᠮ ᠰᠠᠮᠤᠷ ᠨᠢ ᠪᠠᠷᠤᠭ 12 ᠰᠢᠷᠭᠡᠭ ᠯᠤᠬᠠᠱᠧᠩ᠂ 8 — 9 ᠰᠢᠷᠭᠡᠭ ᠬᠦᠢᠯᠡᠰᠦᠨ ᠴᠦᠮ᠎ᠠ᠂ 6 ᠪᠦᠭᠡᠷᠡᠨ ᠵᠢᠮᠢᠰ᠂ 2.5 ᠬᠤᠰᠢᠭ᠎ᠠ ᠲᠠᠢ ᠳᠡᠩᠴᠡᠨ᠎ᠠ ᠭᠡᠰᠡᠨ ᠪᠠᠶᠢᠨ᠎ᠠ᠃ ᠯᠠᠪᠯᠠᠯᠳᠠ ᠪᠤᠯᠭᠠᠭᠠᠷᠠᠢ᠃       ᠰᠠᠮᠤᠷ ᠢ ᠤᠯᠠᠨ ᠶᠠᠩᠵᠤ ᠪᠠᠷ ᠢᠳᠡᠵᠦ ᠪᠤᠯᠤᠨ᠎ᠠ      1. ᠨᠤᠭᠤᠭ᠎ᠠ ᠵᠠᠭᠤᠰᠢ ᠳᠤ ᠬᠢᠨ᠎ᠠ᠃ ᠪᠦᠭᠡᠷᠡᠨ ᠵᠢᠮᠢᠰ᠂ ᠯᠤᠬᠠᠱᠧᠩ᠂ ᠮᠠᠭᠠᠵᠢ᠂ ᠭᠦᠢᠯᠡᠰᠦᠨ ᠴᠦᠮ᠎ᠠ᠂ ᠬᠤᠰᠢᠭ᠎ᠠ᠂ ᠨᠠᠷᠠᠰᠤᠨ ᠰᠠᠮᠤᠷ ᠵᠡᠷᠭᠡ ᠨᠢ ᠪᠦᠷ ᠨᠤᠭᠤᠭ᠎ᠠ ᠵᠠᠭᠤᠰᠢ ᠬᠢᠬᠦ ᠰᠠᠶᠢᠨ ᠮᠠᠲ᠋ᠧᠷᠢᠶᠠᠯ ᠪᠤᠯᠤᠨ᠎ᠠ᠂ ᠬᠠᠭᠤᠷᠤᠯᠭ᠎ᠠ ᠪᠠ ᠰᠡᠷᠢᠭᠦᠨ ᠨᠤᠭᠤᠭ᠎ᠠ ᠬᠢᠬᠦ ᠳᠡᠭᠡᠨ ᠪᠠᠭ᠎ᠠ ᠰᠠᠭ᠎ᠠ ᠰᠠᠮᠤᠷ ᠤᠨ ᠵᠦᠢᠯ ᠬᠢᠪᠡᠯ ᠦᠨᠦᠷ ᠠᠮᠳᠠ ᠶᠢ ᠨᠢ ᠰᠠᠶᠢᠵᠢᠷᠠᠭᠤᠯᠵᠤ ᠰᠢᠮ᠎ᠠ ᠳᠡᠵᠢᠭᠡᠯ ᠢ ᠨᠢ ᠨᠡᠮᠡᠭᠳᠡᠭᠦᠯᠵᠦ ᠪᠤᠯᠤᠨ᠎ᠠ᠃      2. ᠰᠠᠮᠤᠷ ᠤᠨ ᠰᠢᠩᠭᠡᠨ ᠪᠤᠳᠠᠭ᠎ᠠ ᠬᠢᠨ᠎ᠠ᠃ ᠯᠤᠬᠠᠱᠧᠩ᠂ ᠨᠠᠷᠠᠨ ᠬᠤᠸᠠᠷ ᠤᠨ ᠴᠦᠮ᠎ᠠ᠂ ᠬᠤᠰᠢᠭ᠎ᠠ ᠶᠢᠨ ᠴᠦᠮ᠎ᠠ᠂ ᠬᠦᠢᠯᠡᠰᠦᠨ ᠴᠦᠮ᠎ᠠ ᠵᠡᠷᠭᠡ ᠨᠢ ᠪᠦᠷ ᠰᠢᠩᠭᠡᠨ ᠪᠤᠳᠠᠭ᠎ᠠ ᠬᠢᠬᠦ ᠳᠤ ᠵᠤᠬᠢᠷᠠᠳᠠᠭ᠃ ᠭᠡᠬᠦ ᠳᠡᠭᠡᠨ ᠰᠢᠩᠭᠡᠨ ᠪᠤᠳᠠᠭ᠎ᠠ ᠪᠠᠨ ᠪᠤᠯᠭᠤᠭᠠᠳ ᠬᠠᠭᠤᠷᠴᠤ ᠪᠤᠯᠭᠤᠭᠰᠠᠨ ᠰᠠᠮᠤᠷ ᠪᠤᠶᠤ ᠰᠠᠮᠤᠷ ᠤᠨ ᠬᠡᠮᠬᠡᠳᠡᠭ ᠢ ᠰᠢᠩᠭᠡᠨ ᠪᠤᠳᠠᠭ᠎ᠠ ᠳᠠᠭᠠᠨ ᠬᠤᠯᠢᠵᠤ ᠤᠷᠤᠭᠤᠯᠪᠠᠯ ᠦᠢᠯᠡᠳᠦᠯ ᠨᠢ ᠨᠡᠩ ᠰᠠᠶᠢᠨ ᠪᠠᠶᠢᠳᠠᠭ᠃      3. ᠰᠤᠯᠠ ᠢᠳᠡᠨ᠎ᠠ᠃ ᠦᠳᠡ ᠶᠢᠨ ᠡᠮᠦᠨ᠎ᠠ ᠪᠤᠶᠤ ᠦᠳᠡ ᠶᠢᠨ ᠬᠤᠶᠢᠨ᠎ᠠ ᠭᠡᠳᠡᠰᠦ ᠳᠤᠮᠳᠠᠷᠠᠬᠤ ᠪᠠᠶᠢᠳᠠᠯ ᠭᠠᠷᠬᠤ ᠦᠶ᠎ᠠ ᠳᠤ ᠰᠠᠮᠤᠷ ᠤᠨ ᠵᠦᠢᠯ ᠢᠶᠠᠷ ᠰᠤᠯᠠ ᠢᠳᠡᠭᠡᠨ ᠪᠤᠯᠭᠠᠵᠤ ᠪᠤᠯᠤᠨ᠎ᠠ᠃ ᠪᠠᠰᠠ ᠦᠨᠢᠶᠡᠨ ᠰᠦ᠂ ᠡᠭᠡᠳᠡᠭᠰᠡᠨ ᠰᠦ᠂ ᠮᠦᠰᠦᠮᠡᠯᠵᠢ ᠵᠡᠷᠭᠡ ᠳᠤ ᠬᠤᠯᠢᠵᠤ ᠢᠳᠡᠵᠦ ᠪᠤᠯᠤᠨ᠎ᠠ᠃      ᠤᠨᠳᠠᠬᠤ ᠶᠢᠨ ᠡᠮᠦᠨᠡᠬᠢ 1 ᠴᠠᠭ ᠤᠨ ᠳᠤᠳᠤᠷ᠎ᠠ ᠰᠠᠮᠤᠷ ᠢᠳᠡᠬᠦ ᠦᠭᠡᠢ ᠪᠤᠯ ᠰᠠᠶᠢᠨ᠂ ᠰᠠᠮᠤᠷ ᠲᠤ ᠦᠭᠡᠬᠦ ᠡᠯᠪᠡᠭ ᠠᠭᠤᠯᠤᠭᠳᠠᠳᠠᠭ ᠪᠤᠯᠬᠤᠷ ᠰᠢᠩᠭᠡᠭᠡᠯᠳᠡ ᠶᠢᠨ ᠰᠢᠰᠲ᠋ᠧᠮ ᠤᠨ ᠳᠠᠷᠤᠭᠠᠰᠤ ᠶᠢ ᠬᠦᠨᠳᠦᠷᠡᠭᠦᠯᠳᠡᠭ᠂ ᠳᠠᠬᠢᠪᠠᠯ ᠪᠠᠰᠠ ᠰᠠᠮᠤᠷ ᠲᠤ ᠠᠭᠤᠯᠤᠭᠳᠠᠳᠠᠭ ᠳᠤᠳᠠᠭᠤ ᠦᠭᠡᠬᠦᠨ ᠬᠦᠴᠢᠯ ᠨᠢ ᠬᠤᠳᠤᠭᠤᠳᠤᠨ ᠤ ᠬᠦᠴᠢᠯ ᠤᠨ ᠭᠡᠳᠡᠷᠬᠦ ᠤᠷᠤᠰᠬᠤ ᠪᠠᠶᠢᠳᠠᠯ ᠢ ᠪᠤᠢ ᠪᠤᠯᠭᠠᠳᠠᠭ᠃       ᠬᠤᠷᠠᠰᠢᠬᠰᠠᠨ ᠬᠦᠬᠡᠴᠦᠷᠡᠭᠰᠡᠨ ᠦᠨᠦᠷ ᠲᠠᠢ ᠰᠠᠮᠤᠷ ᠢ ᠢᠳᠡᠵᠦ ᠪᠤᠯᠬᠤ ᠦᠭᠡᠢ      ᠰᠠᠮᠤᠷ ᠤᠨ ᠵᠦᠢᠯ ᠬᠤᠳᠠᠯᠳᠤᠨ ᠠᠪᠬᠤ ᠳᠠᠭᠠᠨ ᠬᠤᠷᠠᠰᠢᠬᠰᠠᠨ ᠬᠦᠬᠡᠴᠦᠷᠡᠭᠰᠡᠨ ᠦᠨᠦᠷ ᠲᠠᠢ ᠪᠠᠶᠢᠬᠤ ᠡᠰᠡᠬᠦ ᠶᠢ ᠠᠩᠬᠠᠷᠬᠤ ᠭᠡᠷᠡᠭᠳᠡᠢ᠃ ᠬᠡᠷᠪᠡ ᠬᠦᠬᠡᠴᠦᠷᠡᠭᠰᠡᠨ ᠦᠨᠦᠷ ᠲᠠᠢ ᠪᠠᠶᠢᠪᠠᠯ᠂ ᠠᠹᠯᠠᠲ᠋ᠤᠺᠰᠢᠨ ᠵᠡᠷᠭᠡ ᠪᠠᠺᠲ᠋ᠧᠷᠢ ᠳᠤ ᠪᠤᠬᠢᠷᠳᠤᠭᠰᠠᠨ ᠪᠠᠶᠢᠵᠤ ᠮᠡᠳᠡᠨ᠎ᠠ︔ ᠭᠡᠷᠪᠡ ᠬᠤᠷᠰᠢᠬᠰᠠᠨ ᠦᠨᠦᠷ ᠭᠠᠷᠴᠤ ᠪᠠᠶᠢᠪᠠᠯ᠂ ᠳᠤᠰᠤ ᠦᠭᠡᠬᠦ ᠶᠢᠨ ᠵᠦᠢᠯ ᠨᠢ ᠢᠰᠦᠯᠳᠦᠭᠰᠡᠨ ᠢ ᠬᠠᠷᠠᠭᠤᠯᠵᠤ ᠪᠠᠶᠢᠨ᠎ᠠ᠂ ᠳᠡᠷᠡ ᠨᠢ ᠡᠷᠡᠭᠦᠯ ᠮᠡᠨᠳᠦ ᠳᠤ ᠬᠤᠬᠢᠷᠠᠯ ᠤᠴᠠᠷᠠᠭᠤᠯᠵᠤ ᠮᠡᠳᠡᠨ᠎ᠠ᠃      ᠰᠠᠮᠤᠷ ᠤᠨ ᠵᠦᠢᠯ ᠢ ᠪᠢᠳᠡᠭᠦᠦ ᠰᠠᠪᠠᠨ ᠳᠤ ᠰᠠᠪᠠᠯᠠᠪᠠᠯ ᠵᠤᠬᠢᠨ᠎ᠠ᠃ ᠤᠬᠤᠷᠬᠠᠨ ᠬᠤᠭᠤᠴᠠᠭᠠᠨ ᠳᠤ ᠢᠳᠡᠬᠦ ᠳᠠᠭᠤᠰᠬᠤ ᠦᠭᠡᠢ ᠪᠤᠯ ᠵᠢᠵᠢᠭ ᠪᠤᠭᠤᠳᠠᠯ ᠢᠶᠠᠷ ᠭᠡᠰᠡᠭᠯᠡᠨ ᠬᠤᠪᠢᠶᠠᠵᠤ ᠬᠦᠷᠦᠭᠡᠭᠦᠷ ᠪᠤᠶᠤ ᠬᠦᠯᠳᠡᠭᠡᠭᠦᠷ ᠲᠤ ᠪᠢᠳᠠᠭᠦᠯᠡᠨ ᠬᠠᠳᠠᠭᠠᠯᠠᠵᠤ ᠬᠦᠬᠡᠴᠦᠷᠡᠵᠦ ᠮᠠᠭᠤᠳᠠᠬᠤ ᠠᠴᠠ ᠰᠠᠷᠭᠡᠶᠢᠯᠡᠪᠡᠯ ᠵᠤᠬᠢᠨ᠎ᠠ᠃      ᠠᠩᠬᠠᠷᠤᠭᠤᠯᠬᠤ ᠨᠢ᠂ ᠵᠠᠬ᠎ᠠ ᠳᠠᠯᠭᠡᠭᠦᠷ ᠳᠡᠭᠡᠷ᠎ᠡ ᠬᠤᠳᠠᠯᠳᠤᠵᠤ ᠪᠠᠶᠢᠭ᠎ᠠ ᠠᠯᠢ ᠤᠯᠠᠨ ᠰᠠᠮᠤᠷ ᠤᠨ ᠵᠦᠢᠯ ᠨᠢ ᠡᠳ᠋ᠰᠢᠭᠦᠯᠬᠦ ᠶᠠᠪᠤᠴᠠ ᠳᠠᠭᠠᠨ ᠪᠦᠷ ᠶᠡᠭᠡ ᠬᠡᠮᠵᠢᠶᠡᠨ ᠤ ᠳᠠᠪᠤᠰᠤ᠂ ᠰᠢᠬᠢᠷ᠂ ᠶᠠᠷᠮ᠎ᠠ᠂ ᠰᠢᠬᠢᠷ ᠤᠨ ᠤᠬᠢ᠂ ᠦᠨᠦᠷ ᠤᠨ ᠤᠬᠢ᠂ ᠵᠤᠬᠢᠶᠠᠮᠠᠯ ᠴᠠᠭᠠᠨ ᠳᠤᠰᠤ ᠵᠡᠷᠭᠡ ᠪᠠᠷ ᠠᠮᠳᠠᠯᠠᠭᠰᠠᠨ ᠪᠠᠶᠢᠳᠠᠭ᠂ ᠵᠠᠷᠢᠮ ᠨᠢ ᠪᠦᠷ ᠡᠳᠡᠭᠡᠷ ᠵᠦᠢᠯ ᠢᠶᠠᠷ ᠮᠠᠭᠤᠳᠠᠭᠰᠠᠨ ᠬᠠᠭᠤᠴᠢᠷᠠᠭᠰᠠᠨ ᠤᠭ ᠳᠦᠷᠬᠦ ᠶᠢ ᠳᠠᠯᠳᠠᠯᠠᠬᠤ ᠪᠠᠷ ᠤᠷᠤᠯᠳᠤᠭᠰᠠᠨ ᠪᠠᠶᠢᠳᠠᠭ᠃ ᠳᠡᠶᠢᠮᠦ ᠠᠴᠠ ᠤᠭ ᠦᠨᠦᠷ ᠠᠮᠳᠠ ᠪᠠᠨ ᠬᠠᠳᠠᠭᠠᠯᠠᠭᠰᠠᠨ᠂ ᠳᠠᠩ ᠢᠶᠠᠷ ᠨᠢ ᠬᠠᠭᠤᠷᠤᠭᠰᠠᠨ ᠰᠠᠮᠤᠷ ᠤᠨ ᠵᠦᠢᠯ ᠨᠢ ᠠᠷᠠᠢ ᠴᠡᠪᠡᠷ ᠪᠠᠳᠤᠯᠠᠭᠠᠳᠠᠢ ᠪᠠᠶᠢᠵᠦ ᠮᠡᠳᠡᠨ᠎ᠠ᠃      ᠬᠡᠷᠡᠯ ᠵᠢᠷᠤᠭ ᠤᠳ ᠢ ᠠᠷᠠᠳ ᠤᠨ ᠰᠦᠯᠵᠢᠶ᠎ᠠ ᠠᠴᠠ ᠠᠪᠤᠪᠠ    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号