ᠡᠸᠡᠩᠬᠢ ᠬᠤᠰᠢᠭᠤᠨ ᠤ ᠬᠢᠨ ᠰᠢ ᠶᠢᠨ ᠫᠢᠩ ᠤᠨ ᠠᠮᠢ ᠠᠬᠤᠢ ᠶᠢᠨ ᠪᠣᠯᠪᠠᠰᠤᠨ ᠤ ᠦᠵᠡᠯ ᠰᠠᠨᠠᠭ᠎ᠠ ᠶᠢ | ᠭᠦᠨᠵᠡᠭᠡᠢ ᠰᠤᠷᠤᠯᠴᠠᠨ ᠳᠤᠭᠤᠰᠢᠯᠠᠭᠤᠯᠵᠦ᠂ ︽ᠬᠦᠭᠡ ᠠᠭᠤᠯᠠ ᠬᠥᠬᠡᠮᠳᠦᠭ ᠤᠰᠤ ᠪᠣᠯ ᠠᠯᠳᠠ ᠮᠥᠩᠭᠦᠨ | ᠠᠭᠤᠯᠠ︾ ᠭᠡᠬᠦ ᠤᠢᠢᠯᠠᠭᠠᠭᠳᠠᠬᠤᠨ ᠢ ᠦᠢᠯᠡᠳᠦᠯᠭᠡᠵᠢᠭᠦᠯᠵᠦ᠂ ᠤᠶᠢᠷ᠎ᠠ ᠶᠢᠨ ᠵᠢᠯ ᠠᠴᠠ ᠠᠮᠢ ᠠᠬᠤᠢ ᠶᠢᠨ ᠠᠮᠤᠷ | ᠲᠦᠪᠰᠢᠨ ᠢ ᠪᠠᠳᠤᠯᠠᠬᠤ ᠮᠠᠯᠴᠢᠨ ᠤᠨ ᠤᠷᠤᠯᠭ᠎ᠠ ᠶᠢᠨ ᠨᠠᠮᠡᠭᠳᠡᠯ ᠢ ᠠᠬᠢᠭᠤᠯᠬᠤ᠂ ᠠᠮᠢ ᠠᠬᠤᠢ ᠶᠢᠨ ᠰᠤᠶᠤᠯ ᠢ | ᠤᠯᠠᠮᠵᠢᠯᠠᠨ ᠵᠠᠯᠭᠠᠮᠵᠢᠯᠠᠬᠤ ᠠᠴᠠ ᠭᠠᠷᠳᠠᠵᠤ᠂ ᠳᠠᠯ᠎ᠠ ᠨᠤᠳᠤᠭ ᠤᠨ ᠠᠮᠢ ᠠᠬᠤᠢ ᠶᠢᠨ ᠪᠠᠶᠢᠭᠤᠯᠤᠯᠲᠠ ᠶᠢ ︽ᠠᠮᠢ | ᠠᠬᠤᠢ ᠶᠢᠨ ᠨᠤᠭᠤᠭᠠᠨ ᠢ ᠴᠤᠭᠴᠠᠯᠠᠬᠤ︾ ᠠᠮᠢᠨ ᠰᠤᠳᠠᠰᠤ ᠪᠤᠯᠭᠠᠨ ᠠᠳᠬᠤᠵᠤ᠂ ᠬᠤᠰᠢᠭᠤᠨ ᠤ ᠪᠠᠨ ᠨᠤᠳᠤᠭ | ᠪᠡᠯᠴᠢᠭᠡᠷ ᠤᠨ ᠠᠮᠢ ᠠᠬᠤᠢ ᠶᠢᠨ ᠰᠡᠷᠬᠦᠯᠳᠡ ᠳᠤ ᠵᠤᠬᠢᠬᠤ ᠦᠷ᠎ᠡ ᠪᠦᠳᠦᠮᠵᠢ ᠤᠯᠪᠠ᠃ ᠮᠠᠨ ᠤ ᠮᠡᠳᠡᠭᠡᠯᠡᠯ ᠤᠨ | ᠭᠤᠤᠯ ᠪᠠᠭᠠᠳᠤᠷ ᠪᠤᠯᠬᠤ ᠵᠢᠪᠬᠤᠯᠠᠩ ᠪᠤᠯ ᠮᠤᠳᠤ ᠳᠠᠷᠢᠵᠤ ᠨᠤᠳᠤᠭ ᠤᠷᠤᠨ ᠢᠶᠠᠨ ᠪᠦᠳᠦᠭᠡᠨ ᠪᠠᠶᠢᠭᠤᠯᠤᠭᠰᠠᠨ | ᠬᠦᠮᠤᠰ ᠤᠨ ᠨᠢᠬᠡ ᠪᠤᠯᠤᠨ᠎ᠠ᠃ | | | | | | ᠤᠷᠢᠨ ᠳᠤᠯᠠᠭᠠᠨ ᠰᠠᠭᠠᠳᠠᠬᠤᠶᠠ ᠡᠸᠡᠩᠬᠢ ᠨᠤᠳᠤᠭ ᠤᠨ ᠭᠠᠵᠠᠷ ᠪᠤᠯᠭᠠᠨ ᠳᠤ ᠠᠮᠢᠵᠢᠷᠠᠯ ᠤᠨ ᠬᠦᠴᠦᠨ | ᠪᠢᠯᠬᠠᠵᠤ ᠡᠰᠨᠢᠯ ᠬᠦᠭᠵᠢᠯ ᠤᠨ ᠤᠷᠠᠢ ᠬᠠᠩᠬᠢᠨᠠᠨ᠎ᠠ᠃ ᠰᠢᠷᠠᠶᠢᠳ ᠬᠠᠯᠠ ᠲᠠᠢ ᠳᠠᠮᠪᠠ ᠶᠢᠨ ᠵᠠᠨᠠᠰᠢᠷᠢ ᠶᠢᠨ | ᠵᠢᠪᠬᠤᠯᠠᠩ ᠪᠤᠯ ᠰᠢᠨᠡᠬᠡᠨ ᠪᠠᠷᠠᠭᠤᠨ ᠰᠤᠮᠤᠨ ᠤ ᠰᠢᠪᠡᠭᠡ ᠭᠠᠴᠠᠭ᠎ᠠ ᠶᠢᠨ ᠮᠠᠯᠴᠢᠨ᠂ ᠪᠦᠬᠡ ᠶᠢᠨ ᠤᠳᠤᠮ ᠲᠠᠢ᠂ | ᠡᠪᠦᠭᠡ ᠪᠤᠯᠤᠨ ᠠᠪᠤ ᠨᠢ ᠪᠦᠷ ᠨᠤᠳᠤᠭ ᠤᠷᠤᠨ ᠤ ᠪᠠᠨ ᠨᠡᠷᠡᠳᠡᠢ ᠪᠦᠭᠡᠴᠢᠨ ᠪᠠᠶᠢᠵᠦ ᠶᠡᠭᠡ ᠪᠠᠭ᠎ᠠ ᠨᠠᠶᠢᠷ | ᠨᠠᠭᠠᠳᠤᠮ ᠳᠤ ᠤᠯᠠᠨᠳᠠ ᠱᠠᠩᠨᠠᠯ ᠠᠪᠤᠭᠰᠠᠨ ᠳᠡᠤᠬᠡ ᠲᠠᠢ᠃ ᠵᠢᠪᠬᠤᠯᠠᠩ ᠴᠤ ᠬᠠᠷᠠᠬᠠᠨ ᠪᠠᠭ᠎ᠠ ᠠᠴᠠ ᠪᠠᠨ | ᠳᠠᠮᠢᠷ ᠲᠤ ᠪᠠᠨ ᠤᠨᠴᠠ ᠰᠠᠶᠢᠨ᠂ ᠢᠮᠠᠭᠳᠠ ᠰᠤᠷᠭᠠᠭᠤᠯᠢ ᠪᠠᠨ ᠲᠦᠯᠦᠭᠡᠯᠡᠵᠦ ᠬᠤᠳᠠ ᠶᠢᠨ ᠳᠡᠰ ᠤᠨ ᠳᠠᠮᠢᠷ ᠤᠨ | ᠤᠷᠤᠯᠳᠤᠭᠠᠨ ᠳᠤ ᠤᠷᠤᠯᠴᠠᠵᠤ ᠰᠤᠷᠭᠠᠭᠤᠯᠢ ᠳᠤ ᠪᠠᠨ ᠤᠯᠠᠨ ᠤᠳᠠᠭ᠎ᠠ ᠢᠷᠠᠭᠤ ᠠᠯᠳᠠᠷ ᠠᠪᠴᠢᠷᠠᠭᠰᠠᠨ ᠪᠦᠬᠡᠳ | ᠡᠪᠦᠭᠡ᠂ ᠠᠪᠤ ᠶᠢᠨ ᠢᠶᠠᠨ ᠨᠦᠯᠦᠭᠡ ᠪᠠᠷ ᠪᠦᠬᠡ ᠰᠠᠶᠢᠨ ᠪᠠᠷᠢᠯᠳᠤᠳᠠᠭ ᠳᠤᠯᠠ 2001 ᠤᠨ᠂ 2002 ᠤᠨ ᠤ | ᠬᠦᠯᠦᠨ ᠪᠦᠢᠷ ᠤᠨ ᠠᠶᠢᠮᠠᠭ ᠤᠨ ᠨᠠᠶᠢᠷ ᠲᠤ ᠲᠦᠷᠦᠬᠦᠤ ᠨᠠᠢᠮᠠ ᠳᠤ ᠤᠷᠤᠵᠤ ᠳᠤᠰ ᠳᠤᠰ ᠭᠤᠷᠪᠠᠳᠤᠭᠠᠷ ᠪᠠ | ᠲᠦᠷᠪᠡᠳᠦᠬᠡᠷ ᠲᠤ ᠲᠤᠳᠤᠷᠠᠵᠤ ᠬᠦᠯᠦᠨ ᠪᠦᠢᠷ ᠪᠦᠬᠡ ᠶᠢᠨ ᠨᠡᠶᠢᠬᠡᠮᠯᠢᠭ ᠠᠴᠠ ᠳᠡᠬᠦᠨ ᠳᠤ ᠬᠠᠷᠴᠠᠭᠠᠢ ᠴᠤᠯᠠ | ᠤᠯᠭᠤᠭᠰᠠᠨ ᠪᠠᠶᠢᠳᠠᠭ᠃ ᠡᠶᠢᠮᠦ ᠨᠢᠬᠡ ᠲᠠᠮᠢᠷ ᠤᠨ ᠳᠠᠪᠴᠠᠩ ᠳᠤ ᠦᠯᠢᠭᠡᠷ ᠳᠡᠤᠬᠡ ᠲᠠᠢ ᠬᠦᠮᠤᠨ ᠶᠠᠭᠠᠬᠢᠭᠠᠳ | ᠮᠤᠳᠤ ᠳᠠᠷᠢᠭᠰᠠᠨ ᠪᠤᠢ ᠬᠡᠬᠦ ᠰᠤᠨᠢᠭᠤᠭᠠᠴᠢ ᠰᠡᠳᠬᠢᠯ ᠢ ᠡᠪᠦᠷᠯᠡᠨ ᠨᠠᠷᠠ ᠲᠤᠨᠤᠷᠠᠭᠰᠠ ᠨᠠᠯᠠᠭᠠᠷ ᠰᠠᠶᠢᠬᠠᠨ ᠡᠳᠦᠷ | ᠪᠢᠳᠠ ᠮᠤᠳᠤ ᠲᠠᠷᠢᠵᠤ ᠨᠤᠳᠤᠭ ᠢᠶᠠᠨ ᠨᠤᠭᠤᠭᠠᠷᠠᠭᠤᠯᠤᠭᠰᠠᠨ ᠵᠢᠪᠬᠤᠯᠠᠩ ᠢ ᠰᠤᠷᠪᠤᠯᠵᠢᠯᠠᠬᠤ ᠪᠠᠷ ᠰᠢᠨᠡᠬᠡᠨ ᠪᠠᠷᠠᠭᠤᠨ | ᠰᠤᠮᠤᠨ ᠤ ᠰᠢᠪᠡᠭᠡ ᠭᠠᠴᠠᠭ᠎ᠠ ᠵᠦᠭ ᠳᠠᠪᠬᠢᠯ᠎ᠠ᠃ | | | | | | | ᠪᠢᠳᠠ ᠵᠢᠪᠬᠤᠯᠠᠩ ᠤᠨ ᠡᠪᠦᠯᠵᠢᠶ᠎ᠠ ᠳᠤ ᠬᠦᠷᠬᠦ ᠳᠤ ᠵᠢᠪᠬᠤᠯᠠᠩ ᠶᠠᠭ ᠰᠠᠶᠢᠬᠠᠨ ᠲᠡᠷᠭᠡᠨ ᠬᠦᠮᠦᠷᠭᠡ ᠪᠠᠷᠢᠵᠦ | ᠪᠠᠶᠢᠭ᠎ᠠ ᠬᠦᠮᠤᠰ ᠲᠠᠢ ᠪᠠᠷᠢᠯᠭ᠎ᠠ ᠶᠢᠨ ᠠᠵᠢᠯ ᠤᠨ ᠳᠤᠬᠠᠢ ᠶᠠᠷᠢᠯᠴᠠᠵᠤ ᠪᠠᠶᠢᠪᠠ᠃ ᠵᠢᠪᠬᠤᠯᠠᠩ ᠢ ᠬᠠᠷᠠᠬᠤ ᠳᠤ ᠴᠢᠷᠠᠢ | ᠲᠦᠷᠪᠡᠯᠵᠢᠨ᠂ ᠬᠦᠮᠦᠰᠬᠡ ᠦᠳᠭᠡᠨ᠂ ᠨᠢᠳᠦᠨ ᠳᠤ ᠪᠠᠨ ᠬᠡᠷᠡᠯᠳᠡᠢ᠂ ᠪᠡᠶ᠎ᠡ ᠪᠠᠷ ᠬᠦᠳᠡᠷᠯᠢᠭ᠂ ᠠᠯᠬᠤᠵᠤ | ᠬᠢᠰᠬᠡᠬᠦ ᠨᠢ ᠬᠦᠩᠬᠡᠨ᠂ ᠬᠡᠯᠡᠵᠦ ᠪᠠᠷᠢᠬᠤ ᠨᠢ ᠳᠤᠳᠤ ᠴᠢᠩᠭ᠎ᠠ᠂ ᠶᠡᠷᠤ ᠨᠢ ᠳᠠᠪᠢ ᠭᠠᠷᠤᠭᠰᠠᠨ ᠬᠦᠮᠤᠨ ᠤ ᠰᠢᠨᠵᠢ | ᠤᠭᠳᠤ ᠬᠠᠷᠠᠭᠳᠠᠬᠤ ᠦᠬᠡᠢ ᠪᠠᠶᠢᠯ᠎ᠠ᠃ ᠪᠢᠳᠠ ᠮᠤᠳᠤ ᠳᠠᠷᠢᠭᠰᠠᠨ ᠳᠤᠬᠠᠢ ᠰᠤᠷᠪᠤᠯᠵᠢᠯᠭ᠎ᠠ ᠠᠪᠬᠤ ᠰᠠᠨᠠᠭ᠎ᠠ ᠪᠠᠨ | ᠶᠠᠷᠢᠪᠠᠯ ᠲᠡᠷᠡ ᠪᠠᠶᠠᠷ ᠲᠠᠢ ᠬᠦᠯᠢᠶᠡᠨ ᠠᠪᠴᠤ ᠭᠠᠷ ᠲᠤ ᠬᠢ ᠠᠵᠢᠯ ᠢᠶᠠᠨ ᠪᠠᠷᠠᠭᠠᠭᠠᠳ ᠮᠤᠳᠤ ᠳᠠᠷᠢᠭᠰᠠᠨ | ᠭᠠᠵᠠᠷ ᠲᠤ ᠪᠠᠨ ᠤᠴᠢᠶ᠎ᠠ ᠬᠡᠯᠡ᠃ ᠬᠡᠳᠦ᠋ᠢᠪᠡᠷ ᠡᠳᠦᠬᠡ ᠮᠠᠯ ᠪᠠᠨ ᠪᠦᠷ ᠬᠦᠳᠡᠭᠡ ᠭᠠᠷᠭᠠᠭᠰᠠᠨ ᠪᠤᠯᠪᠠᠴᠤ ᠬᠤᠷᠤᠭ᠎ᠠ | ᠬᠠᠰᠢᠶ᠎ᠠ ᠪᠠᠨ ᠴᠡᠪᠡᠷᠯᠡᠬᠦ᠂ ᠠᠳᠤᠭᠤ ᠮᠠᠯ ᠢᠶᠠᠨ ᠤᠰᠤᠯᠠᠬᠤ ᠮᠡᠳᠦ ᠶᠢᠨ ᠤᠯᠠᠨ ᠠᠵᠢᠯ ᠲᠠᠢ ᠪᠤᠯᠬᠤᠷ ᠵᠢᠪᠬᠤᠯᠠᠩ | ᠶᠡᠭᠡ ᠶᠠᠭᠠᠷᠠᠤ ᠪᠠᠶᠢᠯ᠎ᠠ᠃ ᠪᠢᠳᠠ ᠴᠤ ᠬᠦᠮᠦᠨ ᠤ ᠠᠵᠢᠯ ᠳᠤ ᠪᠤᠤ ᠰᠠᠭᠠᠳ ᠪᠤᠯᠤᠶ᠎ᠠ ᠬᠡᠳ ᠵᠢᠪᠬᠤᠯᠠᠩ ᠢ ᠳᠠᠭᠠᠵᠤ | ᠨᠢᠬᠡ ᠲᠠᠯ᠎ᠠ ᠪᠠᠷ ᠰᠤᠷᠪᠤᠯᠵᠢᠯᠭ᠎ᠠ ᠪᠠᠨ ᠡᠬᠢᠯᠡᠬᠦᠯᠦᠭᠰᠡᠨ ᠪᠠᠶᠢᠯ᠎ᠠ᠃ ᠵᠢᠪᠬᠤᠯᠠᠩ ᠤᠨ ᠬᠢ 100 ᠭᠠᠷᠤᠢ ᠠᠳᠤᠭᠤ᠂ | 400 ᠭᠠᠷᠤᠢ ᠬᠤᠨᠢ᠂ ᠠᠷᠪᠠ ᠭᠠᠷᠤᠢ ᠦᠭᠡᠷ ᠲᠠᠢ᠃ ᠬᠤᠨᠢ ᠨᠢ ᠬᠠᠪᠤᠷᠵᠢᠶ᠎ᠠ ᠨᠠᠮᠤᠷᠵᠢᠶ᠎ᠠ ᠶᠢᠨ ᠪᠡᠯᠴᠢᠭᠡᠷ ᠲᠤ | ᠭᠠᠷᠴᠤ᠂ ᠡᠳᠦᠬᠡ ᠡᠪᠦᠯᠵᠢᠶ᠎ᠠ ᠳᠤ ᠪᠠᠨ ᠠᠷᠪᠠᠨ ᠭᠡᠳᠦ ᠦᠭᠡᠷ ᠢᠶᠠᠨ ᠬᠠᠷᠠᠵᠤ ᠪᠠᠶᠢᠨ᠎ᠠ᠃ ᠬᠠᠪᠤᠷᠵᠢᠶ᠎ᠠ | ᠨᠠᠮᠤᠷᠵᠢᠶ᠎ᠠ ᠶᠢᠨ ᠬᠢᠨᠢ ᠪᠡᠯᠴᠢᠭᠡᠷ ᠵᠦᠭᠡᠷ ᠪᠤᠯᠬᠤᠷ ᠠᠳᠤᠭᠤ ᠨᠢ ᠴᠤ ᠲᠡᠷᠡ ᠬᠠᠪᠢ ᠪᠠᠷ ᠪᠠᠶᠢᠵᠤ᠂ ᠵᠢᠪᠬᠤᠯᠠᠩ ᠡᠳᠦᠷ | ᠪᠦᠷᠢ ᠠᠳᠤᠭᠤ ᠪᠠᠨ ᠤᠴᠢᠵᠦ ᠤᠰᠤᠯᠠᠳᠠᠭ ᠪᠠᠶᠢᠯ᠎ᠠ᠃ ᠬᠠᠪᠤᠷᠵᠢᠶ᠎ᠠ ᠨᠠᠮᠤᠷᠵᠢᠶ᠎ᠠ ᠨᠢ ᠡᠪᠦᠯᠵᠢᠶ᠎ᠠ ᠠᠴᠠ ᠪᠠᠨ ᠲᠠᠪᠢᠨ | ᠭᠠᠵᠠᠷ ᠤᠨ ᠵᠠᠶᠢᠳᠠᠢ ᠪᠠᠶᠢᠳᠠᠭ ᠪᠤᠯᠬᠤᠷ ᠵᠢᠪᠬᠤᠯᠠᠩ ᠡᠳᠦᠷ ᠪᠦᠷᠢ ᠨᠠᠭᠠᠰᠢ ᠴᠠᠭᠠᠰᠢ ᠵᠠᠭᠤᠨ ᠭᠠᠵᠠᠷ ᠲᠠᠪᠬᠢᠵᠤ | ᠠᠵᠢᠯ ᠢᠶᠠᠨ ᠬᠢᠳᠡᠭ ᠪᠠᠶᠢᠯ᠎ᠠ᠃ ︽ᠳᠤᠬᠠᠢ ᠶᠢᠨ ᠦᠶ᠎ᠡ ᠳᠤ ᠶᠠᠭᠤ ᠪᠤᠳᠤᠭᠠᠳ ᠮᠤᠳᠤ ᠳᠠᠷᠢᠬᠤ ᠶᠢ ᠰᠠᠨᠠᠪᠠ︖︾ | ᠬᠡᠵᠦ ᠠᠵᠢᠯ ᠬᠢᠵᠦ ᠪᠠᠶᠢᠭ᠎ᠠ ᠵᠢᠪᠬᠤᠯᠠᠩ ᠠᠴᠠ ᠠᠰᠠᠭᠤᠪᠠᠯ ᠲᠡᠷᠡ᠄ ︽ᠮᠠᠨ ᠤ ᠠᠳᠡ ᠵᠢᠯ ᠪᠦᠷᠢ ᠶᠢᠨ ᠬᠠᠪᠤᠷ | ᠨᠠᠮᠤᠷ ᠤᠨ ᠤᠯᠠᠷᠢᠯ ᠳᠤ ᠰᠠᠯᠬᠢ ᠰᠢᠭᠤᠷᠭ᠎ᠠ ᠶᠡᠭᠡ ᠳᠤᠯᠠ ᠮᠠᠯ ᠳᠤ ᠪᠠᠨ ᠨᠦᠮᠦᠷᠢ ᠭᠠᠷᠭᠠᠬᠤ ᠶᠢᠨ ᠲᠦᠯᠦᠬᠡ᠂ ᠮᠦᠨ | ᠴᠦ ᠨᠤᠲᠤᠭ ᠪᠡᠯᠴᠢᠭᠡᠷ ᠲᠤ ᠪᠠᠨ ᠰᠠᠶᠢᠨ ᠰᠠᠶᠢᠬᠠᠨ ᠤᠷᠴᠢᠨ ᠢ ᠪᠤᠢ ᠪᠤᠯᠭᠠᠵᠤ᠂ ᠨᠤᠲᠤᠭ ᠪᠡᠯᠴᠢᠭᠡᠷ ᠢᠶᠠᠨ | ᠬᠠᠮᠠᠭᠠᠯᠠᠵᠤ᠂ ᠬᠤᠶᠢᠴᠢ ᠦᠶ᠎ᠡ ᠳᠤ ᠪᠠᠨ ᠶᠠᠭᠤ ᠨᠢᠬᠡ ᠶᠢ ᠦᠯᠡᠳᠡᠭᠡᠶ᠎ᠡ ᠭᠡᠰᠡᠨ ᠵᠤᠷᠢᠯᠭ᠎ᠠ ᠠᠴᠠ ᠶᠤᠮ︾ ᠭᠡᠪᠡ᠃ | | | | | | | | | ᠵᠢᠪᠬᠤᠯᠠᠩ 2014 ᠤᠨ ᠳᠤ ᠡᠸᠡᠩᠬᠢ ᠬᠤᠰᠢᠭᠤᠨ ᠤ ᠤᠢ ᠰᠢᠭᠤᠢ ᠶᠢᠨ ᠳᠤᠪᠴᠢᠶ᠎ᠠ ᠲᠠᠢ ᠬᠡᠷ᠎ᠡ | ᠳᠤᠭᠳᠠᠵᠤ᠂ 500 ᠮᠤ᠋ ᠭᠠᠵᠠᠷ ᠲᠤ 3 ᠲᠦᠮᠡ ᠭᠠᠷᠤᠢ ᠰᠠᠭᠤᠷᠢ ᠮᠤᠳᠤ ᠲᠠᠷᠢᠭᠰᠠᠨ ᠪᠠᠶᠢᠯ᠎ᠠ᠃ ᠬᠡᠷ᠎ᠡ ᠳᠤ ᠤᠢ | ᠰᠢᠭᠤᠢ ᠶᠢᠨ ᠳᠤᠪᠴᠢᠶ᠎ᠠ ᠠᠴᠠ 3 ᠲᠦᠮᠡ ᠭᠠᠷᠦᠢ 20 ᠰᠡᠨᠲ᠋ᠢᠮᠧᠳ᠋ᠷ ᠬᠢᠷᠢ ᠶᠢᠨ ᠨᠢᠯᠬ᠎ᠠ ᠨᠠᠷᠠᠰᠤ ᠶᠢ ᠵᠦᠪᠬᠡᠨ | ᠳᠠᠷᠢᠵᠤ ᠦᠭᠬᠦ ᠠᠴᠠ ᠪᠢᠰᠢ ᠬᠤᠵᠢᠮ ᠤᠨ ᠠᠷᠠᠴᠢᠯᠠᠬᠤ ᠠᠵᠢᠯ ᠢ ᠬᠠᠮᠢᠶᠠᠷᠠᠬᠤ ᠦᠬᠡᠢ ᠭᠡᠰᠡᠨ ᠪᠠᠶᠢᠵᠠᠢ᠃ | ᠡᠶᠢᠮᠤ ᠶᠢᠨ ᠳᠤᠯᠠ ᠡᠳᠡᠬᠡᠷ ᠵᠤᠯᠵᠠᠭᠠᠨ ᠨᠠᠷᠠᠰᠤ ᠶᠢ ᠠᠷᠠᠴᠢᠯᠠᠵᠤ ᠬᠠᠮᠠᠭᠠᠯᠠᠬᠤ ᠨᠢ ᠬᠠᠷᠢᠨ ᠳᠤᠮᠤ ᠠᠵᠢᠯ ᠪᠠᠶᠢᠯ᠎ᠠ᠃ | ᠬᠠᠷᠠᠭ᠎ᠠ ᠠᠯᠳᠠᠮ᠎ᠠ ᠬᠡᠳᠦᠨ ᠲᠦᠮᠡᠨ ᠨᠢᠯᠬ᠎ᠠ ᠨᠠᠷᠠᠰᠤ ᠨᠢ ᠦᠯᠦᠭᠡᠢ ᠲᠠᠢ ᠬᠡᠤᠬᠡᠳ ᠰᠢᠭ ᠬᠠᠯᠠᠭᠤᠬᠠᠨ ᠬᠠᠷᠠᠭᠲᠠᠵᠤ᠂ | ᠮᠤᠩᠭᠤᠯ ᠬᠦᠮᠤᠨ ᠤ ᠴᠠᠶᠢᠯᠭᠠᠨ ᠰᠠᠨᠠᠭ᠎ᠠ ᠡᠷ᠎ᠡ ᠬᠦᠮᠤᠨ ᠤ ᠬᠠᠳᠠᠭᠤ ᠵᠤᠷᠢᠭ ᠢ ᠬᠦᠪᠴᠢᠯᠡᠵᠦ᠂ ᠡᠳᠡᠭᠡᠷ ᠨᠠᠷᠠᠰᠤ ᠪᠠᠨ | ᠶᠠᠭᠠᠬᠢᠭᠰᠠᠨ ᠴᠦ ᠪᠦᠷ ᠡᠳᠡᠭᠡᠷᠡᠵᠦ ᠠᠪᠤᠶ᠎ᠠ ᠬᠡᠵᠦ ᠰᠢᠭᠤᠳᠤᠭᠰᠠᠨ ᠭᠡᠳᠡᠭ᠃ ︽ᠡᠷ᠎ᠡ ᠬᠦᠮᠤᠨ ᠰᠠᠨᠠᠭᠰᠠᠨ ᠳᠤ ᠪᠠᠨ᠂ | ᠡᠮᠡᠭᠡᠯᠳᠦ ᠮᠤᠷᠢ ᠵᠤᠷᠢᠭᠰᠠᠨ ᠳᠤ ᠪᠠᠨ︾ ᠭᠡᠳᠡᠭ ᠢᠶᠠᠷ ᠵᠢᠪᠬᠤᠯᠠᠩ ᠨᠢᠯᠬ᠎ᠠ ᠨᠠᠷᠠᠰᠤ ᠪᠠᠨ ᠠᠷᠠᠴᠢᠯᠠᠬᠤ ᠬᠠᠳᠠᠭᠤ | ᠪᠡᠷᠭᠡ ᠠᠵᠢᠯ ᠢᠶᠠᠨ ᠡᠶᠢᠨ ᠬᠦ ᠡᠬᠢᠯᠡᠬᠦᠯᠦᠭᠰᠡᠨ ᠪᠠᠶᠢᠯ᠎ᠠ᠃ ᠶᠠᠭᠤᠨ ᠤ ᠡᠮᠦᠨ᠎ᠡ ᠰᠢᠢᠳᠪᠦᠷᠢᠯᠡᠬᠦ ᠠᠵᠢᠯ ᠪᠤᠯ ᠮᠤᠳᠤ | ᠤᠰᠤᠯᠠᠬᠤ ᠠᠵᠢᠯ ᠪᠤᠯᠤᠨ᠎ᠠ᠃ ᠨᠠᠷᠠᠰᠤ ᠦᠨᠳᠤᠰᠤ ᠪᠠᠨ ᠬᠠᠳᠬᠤᠵᠤ ᠳᠡᠶᠢᠯᠪᠡᠯ ᠰᠠᠶ᠋ᠢ ᠡᠳᠡᠭᠡᠷᠡᠬᠦ ᠳᠤᠯᠠ ᠨᠢᠯᠬ᠎ᠠ | ᠨᠠᠷᠠᠰᠤ ᠳᠤ ᠤᠰᠤ ᠬᠠᠩᠭᠠᠬᠤ ᠨᠢ ᠬᠠᠮᠤᠭ ᠤᠨ ᠴᠢᠬᠤᠯᠠ ᠠᠵᠢᠯ ᠪᠠᠶᠢᠯ᠎ᠠ᠃ ᠬᠡᠳᠡᠯ᠎ᠡ ᠬᠡᠳᠦᠨ ᠵᠢᠯ ᠳᠠᠷᠠᠭᠠᠯᠠᠨ | ᠭᠠᠩ ᠲᠠᠢ᠂ ᠪᠡᠯᠴᠢᠭᠡᠷ ᠪᠠᠰᠠ ᠮᠠᠭᠤ ᠪᠠᠶᠢᠭᠰᠠᠨ ᠳᠤᠯᠠ ᠨᠢᠯᠬ᠎ᠠ ᠨᠠᠷᠠᠰᠤ ᠶᠢ ᠵᠦᠪᠬᠡᠨ ᠬᠦᠮᠤᠨ ᠤ ᠬᠦᠴᠦ ᠪᠠᠷ | ᠤᠰᠤᠯᠠᠬᠤ ᠯᠠ ᠬᠡᠷᠡᠭ ᠪᠠᠶᠢᠯ᠎ᠠ᠃ ᠡᠳᠦᠷ ᠲᠤ ᠵᠠᠭᠤ ᠭᠠᠷᠤᠢ ᠭᠠᠵᠠᠷ ᠶᠠᠪᠤᠵᠤ ᠭᠤᠷᠪᠠᠨ ᠲᠦᠮᠡ ᠭᠠᠷᠤᠢ ᠰᠠᠭᠤᠷᠢ | ᠨᠠᠷᠠᠰᠤ ᠤᠰᠤᠯᠠᠬᠤ ᠭᠡᠳᠡᠭ ᠨᠢ ᠠᠮᠠᠷ ᠠᠵᠢᠯ ᠪᠢᠰᠢ ᠳ᠋ᠠ᠃ ᠵᠢᠪᠬᠤᠯᠠᠩ ᠪᠦᠰᠡᠬᠦᠢ ᠰᠤᠪᠤᠳ ᠲᠠᠢ ᠪᠠᠨ | ᠬᠤᠶᠠᠭᠤᠯᠠ ᠪᠠᠨ ᠪᠤᠷᠪᠢ ᠨᠤᠭᠤᠷᠠᠯ ᠦᠬᠡᠢ ᠠᠵᠢᠯᠯᠠᠭᠠᠳ ᠨᠢᠬᠡ ᠡᠳᠦᠷ ᠮᠢᠩᠭ᠎ᠠ ᠭᠠᠷᠤᠢ ᠰᠠᠭᠤᠷᠢ ᠮᠤᠳᠤ | ᠤᠰᠤᠯᠠᠳᠠᠭ ᠪᠠᠶᠢᠵᠠᠢ᠃ ᠡᠨᠡ ᠶᠠᠩᠵᠤ ᠪᠠᠷ ᠦᠷᠬᠦᠯᠵᠢᠯᠡᠬᠦ ᠶᠤᠮ ᠪᠤᠯ ᠨᠢᠬᠡ ᠪᠦᠯᠦᠭ ᠨᠠᠷᠠᠰᠤ ᠶᠢ ᠤᠰᠤᠯᠠᠵᠤ | ᠪᠠᠷᠠᠬᠤ ᠠᠴᠠ ᠡᠮᠦᠨ᠎ᠡ ᠨᠦᠬᠦᠬᠡ ᠪᠦᠯᠦᠭ ᠨᠢ ᠳᠠᠬᠢᠨ ᠬᠠᠳᠠᠵᠤ᠂ ᠶᠠᠭ ᠵᠠᠪᠳᠤᠬᠤ ᠦᠬᠡᠢ ᠪᠤᠯᠤᠭᠰᠠᠨ ᠳᠤᠯᠠ | ᠵᠢᠪᠬᠤᠯᠠᠩ ᠲᠦᠷᠪᠡᠨ ᠬᠦᠮᠤᠨ ᠢ ᠡᠳᠦᠷ ᠲᠤ ᠨᠢᠬᠡ ᠬᠦᠮᠤᠨ ᠢ 150 ᠲᠦᠭᠦᠷᠢᠭ ᠢᠶᠠᠷ ᠬᠦᠯᠦᠰᠦᠯᠡᠵᠦ ᠨᠠᠷᠠᠰᠤ ᠪᠠᠨ | ᠤᠰᠤᠯᠠᠭᠰᠠᠨ ᠪᠠᠶᠢᠪᠠ᠃ 2014 ᠤᠨ ᠠᠴᠠ 2016 ᠤᠨ ᠪᠤᠯᠳᠠᠯ᠎ᠠ 3 ᠵᠢᠯ ᠳᠠᠷᠠᠭᠠᠯᠠᠨ ᠨᠠᠷᠠᠰᠤ ᠪᠠᠨ | ᠤᠰᠤᠯᠠᠭᠰᠠᠨ ᠠᠴᠠ ᠡᠳᠦᠬᠡ ᠭᠤᠷᠪᠠᠨ ᠲᠦᠮᠡ ᠭᠠᠷᠤᠢ ᠨᠠᠷᠠᠰᠤᠨ ᠮᠤᠳᠤᠨ ᠤ ᠵᠠᠭᠤᠨ ᠤ ᠨᠠᠶᠠ ᠨᠢ ᠡᠳᠡᠭᠡᠷᠡᠵᠦ᠂ | ᠳᠤᠬᠠᠢ ᠶᠢᠨ ᠦᠶ᠎ᠡ ᠶᠢᠨ 20 ᠰᠡᠨᠲ᠋ᠢᠮᠧᠳ᠋ᠷ ᠤᠨ ᠨᠢᠯᠬ᠎ᠠ ᠨᠠᠷᠠᠰᠤ ᠨᠢ ᠡᠳᠦᠬᠡ 2 ᠠᠴᠠ 3 ᠮᠧᠳ᠋ᠷ ᠤᠨ ᠦᠨᠳᠤᠷ | ᠨᠠᠷᠠᠰᠤ ᠪᠤᠯᠵᠤ᠂ ᠵᠢᠭᠳᠡᠷᠡᠨ ᠨᠤᠭᠤᠭᠠᠷᠠᠬᠤ ᠨᠠᠷᠠᠰᠤᠨ ᠤᠢ ᠨᠢ ᠨᠤᠳᠤᠭ ᠤᠨ ᠴᠢᠮᠡᠭ ᠪᠤᠯᠤᠨ ᠳᠤᠩ ᠰᠠᠶᠢᠬᠠᠨ | ᠬᠠᠷᠠᠭᠳᠠᠨ᠎ᠠ᠃ ᠵᠢᠪᠬᠤᠯᠠᠩ ᠪᠢᠳᠠᠨ ᠢ ᠳᠠᠭᠠᠭᠭᠤᠯᠤᠨ ᠨᠠᠷᠠᠰᠤᠨ ᠳᠤᠮᠳᠠ ᠶᠠᠪᠤᠬᠤ ᠳᠠᠭᠠᠨ ᠨᠠᠷᠠᠰᠤ ᠪᠠᠨ ᠬᠠᠷᠠᠨ | ᠬᠠᠷᠠᠨ ᠤᠮᠤᠭᠰᠢᠵᠤ᠂ ᠪᠠᠶᠢᠨ ᠪᠠᠶᠢᠨ ᠡᠨᠡ ᠲᠡᠷᠡ ᠶᠢ ᠨᠢ ᠵᠠᠰᠠᠨ᠂ ᠬᠠᠶᠠ ᠪᠦᠬᠦ᠋ᠢᠨ ᠰᠠᠯᠬᠢᠨ ᠳᠤ ᠬᠡᠶᠢᠰᠴᠦ | ᠢᠷᠡᠭᠰᠡᠨ ᠬᠤᠭ ᠨᠤᠪᠰᠢ ᠶᠢ ᠴᠡᠪᠡᠷᠯᠡᠨ ᠶᠠᠪᠤᠬᠤ ᠨᠢ ᠠᠪᠤ ᠬᠦᠮᠤᠨ ᠤ ᠡᠨᠡᠷᠢᠩᠬᠦᠢ ᠪᠠᠶᠢᠳᠠᠯ ᠢᠯᠡᠷᠭᠡᠢ ᠬᠠᠷᠠᠭᠳᠠᠬᠤ | ᠶᠤᠮ᠃ ᠨᠠᠷᠠᠰᠤᠨ ᠤ ᠳᠤᠮᠳᠠ ᠨᠡᠭᠡᠷᠡᠨ ᠨᠦᠮᠦᠷᠢ ᠲᠠᠢ᠂ ᠬᠦᠷᠦᠰᠦ ᠨᠢ ᠴᠢᠬᠢᠭ ᠲᠠᠢ᠂ ᠤᠷᠴᠢᠨ ᠳᠤᠭᠤᠷᠢᠨ ᠤ | ᠡᠪᠡᠰᠦ ᠤᠷᠭᠤᠮᠠᠯ ᠤᠨ ᠤᠷᠭᠤᠴᠠ ᠨᠢ ᠴᠦ ᠰᠠᠶᠢᠨ ᠪᠠᠶᠢᠵᠤ᠂ ᠠᠷᠭᠠᠯ ᠬᠤᠮᠤᠯ ᠠᠳᠠ ᠳᠡᠨᠳᠠ ᠬᠠᠷᠠᠭᠳᠠᠬᠤ ᠪᠠᠷ | ᠦᠵᠡᠪᠡᠯ ᠠᠳᠤᠭᠤ ᠮᠠᠯ ᠨᠠᠷᠠᠰᠤᠨ ᠳᠤᠮᠳᠠ ᠢᠷᠡᠵᠦ ᠨᠦᠮᠦᠷᠳᠡᠳᠡᠭ ᠶᠤᠮ ᠪᠠᠶᠢᠨ᠎ᠠ᠃ ᠨᠠᠷᠠᠰᠦ ᠤᠰᠤᠯᠠᠬᠤ | ᠶᠠᠪᠤᠳᠠᠯ ᠢ ᠶᠠᠷᠢᠬᠤ ᠳᠤ ᠵᠢᠪᠬᠤᠯᠠᠩ ᠤᠨ ᠬᠤᠳᠳᠤᠭ ᠮᠠᠯᠳᠠᠭᠰᠠᠨ ᠦᠯᠢᠭᠡᠷ ᠢ ᠪᠠᠰᠠ ᠳᠤᠭᠠᠴᠢᠬᠤ ᠶᠤᠰᠤᠳᠠᠢ᠃ | | | | | | | | | ᠵᠢᠪᠬᠤᠯᠠᠩ ᠤᠨ ᠬᠠᠪᠤᠷᠵᠢᠶ᠎ᠠ ᠨᠠᠮᠤᠷᠵᠢᠶ᠎ᠠ ᠶᠢᠨ ᠤᠷᠴᠢᠮ ᠬᠤᠳᠳᠤᠭ ᠦᠬᠡᠢ ᠤᠴᠢᠷ ᠬᠦᠮᠤᠨ ᠮᠠᠯ ᠤᠨ ᠤᠰᠤ | ᠤᠤᠭᠤᠬᠤ ᠨᠢ ᠶᠡᠭᠡ ᠠᠰᠠᠭᠤᠳᠠᠯ ᠪᠤᠯᠵᠤ ᠪᠠᠶᠢᠪᠠ᠃ ᠵᠢᠪᠬᠤᠯᠠᠩ ᠬᠤᠳᠳᠤᠭ ᠮᠠᠯᠳᠠᠬᠤ ᠶᠢᠨ ᠲᠦᠯᠦᠬᠡ 2007 | ᠤᠨ ᠠᠴᠠ ᠡᠬᠢᠯᠡᠵᠦ ᠳᠠᠪᠤᠨ ᠵᠢᠯ ᠤᠨ ᠬᠤᠭᠤᠴᠠᠭ᠎ᠠ ᠵᠠᠷᠤᠴᠠᠭᠤᠯᠵᠤ ᠪᠠᠶᠢᠭᠠᠳ 2012 ᠤᠨ ᠳᠤ ᠰᠠᠶ᠋ᠢ | ᠦᠨᠦᠳᠦᠷ ᠤᠨ 150 ᠮᠧᠳ᠋ᠷ ᠤᠨ ᠬᠦᠨ ᠬᠠᠳᠠᠨ ᠬᠤᠳᠳᠤᠭ ᠢ ᠮᠠᠯᠳᠠᠭᠰᠠᠨ ᠪᠠᠶᠢᠪᠠ᠃ ︽ᠪᠢ ᠲᠡᠷᠡ ᠦᠶ᠎ᠡ ᠳᠤ | ᠵᠢᠯ ᠵᠢᠯ ᠬᠤᠳᠳᠤᠭ ᠮᠠᠯᠳᠠᠨ᠎ᠠ᠂ ᠨᠢᠬᠡ ᠮᠠᠯᠳᠠᠪᠠᠯ ᠬᠤᠶᠠᠷ ᠭᠤᠷᠪᠠᠨ ᠲᠦᠮᠡᠨ ᠲᠦᠭᠦᠷᠢᠭ ᠤᠷᠤᠨ᠎ᠠ᠃ ᠡᠨᠡ | ᠬᠤᠳᠳᠤᠭ ᠪᠤᠯ ᠳᠤᠯᠤᠳᠤᠭᠠᠷ ᠬᠤᠳᠳᠤᠭ ᠪᠤᠯᠤᠨ᠎ᠠ᠃ ᠬᠤᠳᠳᠤᠭ ᠮᠠᠯᠳᠠᠭᠠᠳ ᠪᠢ ᠪᠠᠰᠠ ᠠᠷᠪᠠᠨ ᠬᠡᠳᠦᠨ | ᠲᠦᠮᠡᠨ ᠲᠦᠬᠦᠷᠢᠭ ᠵᠠᠷᠤᠭᠰᠠᠨ ᠰᠢᠤ︕ ᠮᠠᠨ ᠤ ᠠᠳᠠ 40 ᠮᠧᠳ᠋ᠷ ᠠᠴᠠ ᠳᠤᠷᠤᠭᠰᠢ ᠪᠤᠯᠪᠠᠯ ᠪᠦᠷ ᠴᠢᠯᠠᠭᠤ᠂ | ᠲᠡᠷᠡ ᠦᠶ᠎ᠡ ᠳᠤ ᠪᠠᠭᠠᠵᠢ ᠰᠠᠶᠢᠨ ᠪᠢᠰᠢ ᠪᠤᠯᠬᠤᠷ ᠬᠤᠳᠳᠤᠭ ᠮᠠᠯᠳᠠᠬᠤ ᠳᠤ ᠶᠡᠭᠡ ᠬᠦᠴᠢᠷᠳᠡᠵᠦ ᠪᠠᠶᠢᠵᠠᠢ᠃ | ᠰᠡᠬᠦᠯᠡᠷ ᠨᠢ ᠲᠤᠬᠠᠢ ᠶᠢᠨ ᠦᠶ᠎ᠡ ᠶᠢᠨ ᠤᠰᠤᠨ ᠤ ᠶᠠᠪᠤᠳᠠᠯ ᠤᠨ ᠳᠤᠪᠴᠢᠶᠠᠨ ᠳᠠᠷᠤᠭ᠎ᠠ ᠪᠠᠶᠢᠭᠰᠠᠨ ᠰᠠᠷᠠᠨᠪᠠᠳᠤ | ᠳᠤᠰᠬᠠᠶᠢᠯᠠᠨ ᠰᠢᠨ᠎ᠡ ᠤᠷᠤᠭᠤᠯᠤᠭᠰᠠᠨ ᠴᠢᠯᠠᠭᠤ ᠦᠷᠦᠮᠳᠡᠳᠡᠭ ᠮᠠᠰᠢᠨ ᠢᠶᠠᠷ ᠰᠠᠶ᠋ᠢ ᠡᠨᠡ ᠬᠤᠳᠳᠤᠭ ᠢ ᠮᠠᠯᠲᠠᠵᠤ | ᠤᠰᠤ ᠭᠠᠷᠭᠠᠭᠰᠠᠨ ᠶᠤᠮ᠃ ︿ᠤᠰᠤ ᠶᠢ ᠨᠢ ᠤᠤᠭᠤᠪᠠᠯ ᠡᠬᠢ ᠶᠢ ᠨᠢ ᠪᠤᠤ ᠮᠠᠷᠳᠠ﹀ ᠭᠡᠳᠡᠭ ᠢᠶᠠᠷ ᠪᠢ | ᠬᠡᠵᠢᠶᠡᠳᠡ ᠪᠠᠨ ᠰᠠᠷᠠᠨᠪᠠᠳᠤ ᠳᠠᠷᠤᠭ᠎ᠠ ᠳᠤ ᠪᠠᠶᠠᠷᠯᠠᠵᠤ ᠶᠠᠪᠤᠳᠠᠭ ᠶᠤᠮ︾ ᠬᠡᠵᠦ ᠵᠢᠪᠬᠤᠯᠠᠩ ᠬᠤᠳᠳᠤᠭ ᠤᠨ | ᠤᠰᠤ ᠪᠠᠨ ᠬᠠᠷᠠᠨ ᠰᠡᠳᠬᠢᠯ ᠳᠤᠭᠳᠤᠯᠤᠨ ᠶᠠᠷᠢᠪᠠ᠃ ᠡᠳᠦᠬᠡ ᠳᠤᠰ ᠬᠤᠳᠳᠤᠭ ᠨᠢ ᠡᠨᠡ ᠤᠷᠴᠢᠮ ᠤᠨ ᠬᠦᠮᠤᠨ | ᠮᠠᠯ ᠤᠨ ᠤᠤᠭᠤᠬᠤ ᠤᠰᠤ ᠶᠢ ᠬᠠᠩᠭᠠᠵᠤ ᠪᠠᠶᠢᠬᠤ ᠮᠦᠷᠳᠡᠬᠡᠨ ᠶᠠᠮᠠᠷ ᠴᠦ ᠦᠨ᠎ᠡ ᠲᠦᠯᠦᠪᠦᠷᠢ ᠠᠪᠳᠠᠭ ᠦᠬᠡᠢ | ᠪᠠᠶᠢᠯ᠎ᠠ᠃ ᠵᠢᠪᠬᠤᠯᠠᠩ ᠰᠦᠷᠦᠭ ᠠᠳᠤᠭᠤ ᠪᠠᠨ ᠬᠤᠳᠳᠤᠭ ᠤᠷᠤᠭᠤ ᠳᠠᠭᠤᠭᠠᠳ ᠢᠷᠡᠬᠦ ᠨᠢ ᠶᠠᠭ ᠯᠠ ᠳᠠᠭᠤᠨ ᠳᠤ | ᠳᠠᠭᠤᠯᠠᠳᠠᠭ ᠰᠢᠭ᠋᠄ ᠴᠤᠯᠪᠤᠭᠤᠷ ᠴᠢᠳᠤᠷ ᠲᠤ ᠨᠤᠮᠤᠬᠠᠷᠠᠭᠠ ᠦᠬᠡᠢ᠂ ᠴᠤᠪᠤᠭᠤ ᠬᠡᠶᠢᠮᠦᠷᠢᠳᠡᠢ ᠮᠤᠩᠭᠤᠯ ᠠᠳᠤᠭᠤ᠂ | ᠴᠤᠷᠬᠢᠨ ᠢᠨᠴᠠᠭᠠᠵᠤ ᠴᠦᠢᠯᠠᠨ ᠬᠤᠷᠳᠤᠯᠠᠭᠠᠳ᠂ ᠴᠤᠭᠬᠢᠭᠠᠳ ᠳᠠᠯ᠎ᠠ ᠪᠠᠷ ᠬᠦᠶᠦᠭᠡᠳ ᠢᠷᠡᠬᠦ ᠮᠡᠳᠦ ᠬᠠᠷᠠᠭᠳᠠᠨ᠎ᠠ᠃ | | | | | | | | | ᠵᠢᠪᠬᠤᠯᠠᠩ ᠵᠤᠭᠰᠤᠯ ᠦᠬᠡᠢ ᠠᠵᠢᠯ ᠢᠶᠠᠨ ᠬᠢᠵᠦ ᠶᠠᠪᠤᠨ᠎ᠠ᠃ ᠤᠶᠢᠷ᠎ᠠ ᠳᠤ ᠪᠠᠰᠠ ᠨᠢᠬᠡ ᠪᠦᠯᠦᠭ ᠵᠢᠵᠢᠭ | ᠨᠠᠷᠠᠰᠤ ᠠᠪᠴᠤ ᠪᠠᠷᠠᠭᠤᠨ ᠳᠠᠯ᠎ᠠ ᠪᠠᠷ ᠨᠢ ᠨᠦᠬᠦᠵᠦ ᠳᠠᠷᠢᠭᠰᠠᠨ ᠳᠤᠯᠠ ᠪᠦᠰᠡᠬᠦᠢ ᠰᠤᠪᠤᠳ ᠲᠠᠢ ᠬᠤᠶᠠᠭᠤᠯᠠ | ᠨᠠᠷᠠᠰᠤ ᠪᠠᠨ ᠤᠰᠤᠯᠠᠵᠤ ᠶᠠᠭᠠᠷᠠᠨ᠎ᠠ᠃ ᠠᠷᠪᠠᠭᠠᠳ ᠵᠢᠯ ᠮᠤᠳᠤ ᠠᠷᠠᠴᠢᠯᠠᠭᠠᠳ ᠵᠢᠪᠬᠤᠯᠠᠩ ᠨᠠᠷᠠᠰᠤ ᠳᠠᠷᠢᠬᠤ | ᠳᠤᠷᠰᠢᠯᠭ᠎ᠠ ᠨᠡᠮᠡᠭᠳᠡᠵᠦ ᠪᠢᠳᠠᠨ ᠳᠤ ᠨᠠᠷᠠᠰᠤᠨ ᠤ ᠤᠷᠭᠤᠴᠠ ᠶᠢᠨ ᠳᠤᠬᠠᠢ ᠳᠠᠶᠢᠯᠪᠤᠷᠢ ᠬᠢᠵᠦ ᠶᠠᠪᠤᠨ᠎ᠠ᠃ ᠲᠡᠷᠡ | ᠪᠢᠳᠠᠨ ᠳᠤ᠄ ︽ᠬᠦᠳᠡᠯᠮᠦᠷᠢ ᠪᠤᠯ ᠬᠦᠮᠤᠨ ᠢ ᠪᠠᠶᠠᠵᠢᠭᠤᠯᠬᠤ ᠪᠠᠷ ᠪᠠᠷᠠᠬᠤ ᠦᠬᠡᠢ ᠪᠠᠶᠠᠰᠬᠠᠳᠠᠭ᠃ ᠪᠢ ᠪᠤᠯ ᠠᠵᠢᠯ | ᠬᠢᠬᠦ ᠳᠤᠷ᠎ᠠ ᠲᠠᠢ᠃ ᠮᠦᠨ ᠴᠦ ᠠᠵᠢᠯ ᠢ ᠰᠠᠶᠢᠨ ᠬᠢᠨ᠎ᠠ︾ ᠬᠡᠵᠦ ᠢᠨᠢᠶᠡᠨ ᠶᠠᠷᠢᠨ᠎ᠠ᠃ ᠨᠡᠭᠡᠷᠡᠨ ᠴᠦ ᠠᠵᠢᠯ ᠢ | ᠰᠠᠶᠢᠨ ᠬᠢᠨ᠎ᠡ᠃ ᠨᠢᠬᠡ ᠡᠳᠦᠷ ᠤᠨ ᠰᠤᠷᠪᠤᠯᠵᠢᠯᠠᠭ᠎ᠠ ᠠᠪᠬᠤ ᠳᠤᠮᠳᠠ ᠳᠡᠬᠦᠨ ᠤ ᠠᠮᠠᠷᠠᠭᠰᠠᠨ ᠢ ᠶᠡᠷᠦ ᠤᠯᠵᠤ | ᠦᠵᠡᠭᠡ ᠦᠬᠡᠢ᠃ ᠵᠢᠪᠬᠤᠯᠠᠩ ᠪᠤᠯ ᠬᠦᠳᠡᠯᠮᠤᠷᠢ ᠪᠠᠷ ᠬᠦᠷᠦᠩᠭᠡᠵᠢᠵᠦ᠂ ᠬᠦᠯᠦᠰᠦ ᠪᠠᠷ ᠴᠢᠨᠡᠭᠡᠯᠢᠭᠵᠢᠭᠰᠡᠨ ᠪᠤᠳᠠᠳᠤ | ᠵᠢᠱᠢᠶ᠎ᠡ ᠪᠤᠯᠤᠨ᠎ᠠ᠃ | | | | | | | ᠠᠵᠢᠯᠴᠢ ᠮᠦᠷᠳᠡᠭᠡᠨ ᠬᠤᠯᠠ ᠶᠢᠨ ᠬᠠᠷᠠᠯᠳᠠ ᠲᠠᠢ ᠵᠢᠪᠬᠤᠯᠠᠩ ᠳᠤ ᠪᠢᠳᠠ ᠦᠪᠡᠷ ᠤᠨ ᠡᠷᠬᠡ ᠦᠬᠡᠢ | ᠪᠢᠰᠢᠷᠡᠵᠦ ᠬᠦᠨᠳᠦᠳᠭᠡᠬᠦ ᠰᠡᠳᠬᠢᠯ ᠲᠦᠷᠦᠭᠳᠡᠵᠦ᠂ ᠭᠡᠰᠢᠭ ᠬᠤᠷᠦ᠋ᠢᠯᠠᠵᠤ ᠬᠡᠶᠢᠮᠦᠷᠢ ᠮᠠᠨᠳᠤᠬᠤ ᠪᠤᠯᠳᠤᠭᠠᠢ ᠭᠡᠳ | ᠨᠢᠬᠡ ᠡᠳᠦᠷ ᠤᠨ ᠰᠤᠷᠪᠤᠯᠵᠢᠯᠠᠭ᠎ᠠ ᠪᠠᠨ ᠦᠨᠳᠦᠷᠯᠡᠬᠦᠯᠦᠯᠡ᠃ ᠰᠤᠷᠪᠤᠯᠵᠢᠯᠠᠭᠴᠢ ᠪᠢᠴᠢᠨ | |