ᠠᠯᠲᠠᠢ ᠶᠢᠨ ᠤᠳᠤᠨ ᠴᠡᠴᠡᠭ ︵ᠠᠯᠲᠠᠢ ᠪᠦᠷᠦᠩᠭᠦᠢ︶
ᠨᠡᠶᠢᠲᠡᠯᠡᠭᠰᠡᠨ ᠴᠠᠭ᠄
2023/10/16
      ᠤᠯᠠᠨ ᠨᠠᠰᠤᠲᠤ ᠡᠪᠡᠰᠦᠯᠢᠭ ᠤᠷᠭᠤᠮᠠᠯ᠃ ᠲᠠᠯ᠎ᠠ ᠨᠤᠲᠤᠭ ᠪᠤᠯᠤᠨ ᠨᠤᠭᠤ ᠪᠡᠯᠴᠢᠭᠡᠷ ᠤᠨ ᠪᠦᠰᠡᠨ ᠤ ᠠᠭᠤᠯᠠᠷᠬᠠᠭ ᠭᠠᠵᠠᠷ᠂ ᠲᠤᠪᠤ ᠲᠤᠪᠤᠷᠴᠠᠭ᠂ ᠬᠠᠶᠢᠷ ᠴᠢᠯᠠᠭᠤᠯᠢᠭ ᠭᠠᠵᠠᠷ᠂ ᠵᠠᠮ ᠤᠨ ᠬᠠᠵᠠᠭᠤ ᠵᠢᠴᠢ ᠰᠠᠭᠤᠷᠢᠰᠢᠯ ᠤᠨ ᠤᠶᠢᠷ᠎ᠡ ᠬᠠᠪᠢ ᠵᠡᠷᠭᠡ ᠭᠠᠵᠠᠷ ᠢᠶᠠᠷ ᠦᠷᠭᠡᠨ ᠲᠠᠷᠬᠠᠵᠤ᠂ ᠪᠡᠯᠴᠢᠭᠡᠷ ᠤᠨ ᠴᠢᠬᠤᠯᠠ ᠳᠠᠭᠠᠯᠳᠤᠬᠤ ᠳᠦᠷᠰᠦ ᠶᠢᠨ ᠤᠷᠭᠤᠮᠠᠯ ᠪᠤᠯᠳᠠᠭ ᠪᠦᠭᠡᠳ ᠪᠠᠰᠠ ᠴᠤ ᠳᠤᠷᠤᠶᠢᠲᠠᠭᠰᠠᠨ ᠪᠡᠯᠴᠢᠭᠡᠷ ᠤᠨ ᠤᠷᠤᠯᠠᠮᠠᠯ ᠤᠷᠭᠤᠮᠠᠯ ᠤᠨ ᠰᠢᠨᠵᠢ ᠲᠡᠮᠳᠡᠭ ᠎ ᠨᠢ ᠪᠤᠯᠤᠨ᠎ᠠ᠃ ᠪᠦᠭᠦ ᠤᠷᠤᠨ ᠢᠶᠠᠷ ᠤᠷᠭᠤᠯᠳᠠ ᠲᠠᠢ᠃ ᠮᠠᠨ ᠤ ᠤᠯᠤᠰ ᠤᠨ ᠵᠡᠭᠦᠨ ᠬᠤᠶᠢᠲᠤ ᠤᠷᠤᠨ᠂ ᠤᠮᠠᠷᠠᠲᠤ ᠤᠷᠤᠨ᠂ ᠲᠤᠮᠳᠠᠲᠤ ᠤᠷᠤᠨ ᠪᠤᠯᠤᠨ ᠪᠠᠷᠠᠭᠤᠨ ᠡᠮᠦᠨᠡᠲᠦ ᠤᠷᠤᠨ ᠢᠶᠠᠷ ᠲᠠᠷᠬᠠᠨ᠂ ᠤᠷᠤᠰ ᠤᠨ ᠰᠢᠪᠧᠷᠢᠶ᠎ᠠ ᠪᠤᠯᠤᠨ ᠳᠤᠮᠳᠠ ᠠᠽᠢᠶ᠎ᠠ ᠵᠢᠴᠢ ᠮᠤᠩᠭᠤᠯ ᠤᠯᠤᠰ ᠢᠶᠠᠷ ᠪᠠᠰᠠ ᠲᠠᠷᠬᠠᠵᠤ ᠪᠠᠶᠢᠳᠠᠭ᠃ ᠲᠤᠮᠳᠠ ᠵᠡᠷᠭᠡ ᠶᠢᠨ ᠲᠡᠵᠢᠭᠡᠯᠲᠦ ᠤᠷᠭᠤᠮᠠᠯ᠃ ᠴᠡᠴᠡᠭᠯᠡᠭᠦ ᠠᠴᠠ ᠡᠮᠦᠨ᠎ᠡ  ᠬᠤᠨᠢ ᠢᠮᠠᠭ᠎ᠠ᠂ ᠦᠬᠡᠷ ᠪᠤᠯᠤᠨ ᠲᠡᠮᠡᠭᠡ ᠪᠦᠷ ᠳᠤᠷᠠᠲᠠᠢ ᠢᠳᠡᠵᠦ᠂ ᠬᠠᠳᠠᠭᠰᠠᠨ ᠤ ᠰᠡᠭᠦᠯᠡᠷ ᠡᠯ᠎ᠠ ᠲᠦᠷᠦᠯ ᠤᠨ ᠮᠠᠯ ᠲᠡᠵᠢᠭᠡᠪᠦᠷᠢ ᠪᠦᠷ ᠢᠳᠡᠳᠡᠭ᠃ ᠪᠦᠬᠦᠯᠢ ᠡᠪᠡᠰᠦ ᠪᠤᠯᠤᠨ ᠦᠨᠳᠦᠰᠦ ᠎ ᠨᠢ ᠡᠮ ᠳᠤ ᠤᠷᠤᠵᠤ᠂ ᠭᠤᠤᠯᠳᠠᠭᠤ ᠬᠠᠯᠳᠠᠪᠦᠷᠢᠲᠦ ᠴᠢᠨᠠᠷᠲᠠᠢ ᠬᠠᠯᠠᠭᠤᠨ ᠡᠪᠡᠳᠴᠢᠨ ᠢ ᠵᠠᠰᠠᠵᠤ᠂ ᠦᠨᠳᠦᠰᠦ ᠨᠢ ᠠᠭᠤᠰᠬᠢ ᠶᠢ ᠲᠠᠮᠢᠷᠵᠢᠭᠤᠯᠤᠨ ᠬᠠᠨᠢᠶᠠᠳᠤ ᠶᠢ ᠵᠤᠭᠰᠤᠭᠠᠵᠤ᠂ ᠴᠡᠴᠡᠭ ᠨᠢ ᠴᠢᠰᠤᠨ ᠤ ᠡᠪᠡᠳᠴᠢᠨ ᠢ ᠵᠠᠰᠠᠳᠠᠭ᠃
a469c895d143ad4b8f67637980025aafa50f0693.jpg
 
 
ᠢᠷᠡᠯᠲᠡ᠄ ᠦᠪᠦᠷ ᠮᠤᠩᠭᠤᠯ ᠤᠨ ᠬᠡᠭᠡᠷ᠎ᠡ ᠶᠢᠨ ᠤᠷᠭᠤᠮᠠᠯ ᠤᠨ ᠵᠢᠷᠤᠭᠲᠤ ᠲᠤᠯᠠᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号