ᠪᠠᠶᠠᠨᠨᠠᠭᠤᠷ ᠬᠤᠲᠠ ᠶᠢᠨ ᠤᠷᠠᠳ ᠤᠨ ᠬᠤᠶᠢᠲᠤ ᠬᠤᠰᠢᠭᠤᠨ ᠤ ᠲᠤᠬᠠᠢ ᠶᠢᠨ ᠭᠠᠵᠠᠷ ᠤᠷᠤᠨ ᠳᠤ | ᠳᠤᠬᠢᠷᠠᠭᠰᠠᠨ ᠡᠯᠡᠰᠦᠷᠬᠡᠭᠵᠢᠯ ᠢ ᠰᠡᠷᠭᠡᠶᠢᠯᠡᠨ ᠵᠠᠰᠠᠬᠤ ᠮᠡᠷᠭᠡᠵᠢᠯ ᠪᠣᠯᠤᠨ ᠵᠠᠭᠪᠤᠷ ᠢ ᠰᠦᠪᠡᠭᠴᠢᠯᠡᠨ | ᠲᠡᠭᠦᠯᠳᠡᠷᠵᠢᠭᠦᠯᠵᠦ᠂ ᠡᠯᠡᠰᠦᠷᠬᠡᠭᠵᠢᠯ ᠢ ᠰᠡᠷᠭᠡᠶᠢᠯᠡᠨ ᠵᠠᠰᠠᠭᠰᠠᠨ ᠲᠤᠷᠰᠢᠯᠲᠠ ᠶᠢ ᠪᠣᠢ ᠪᠣᠯᠭᠠᠬᠤ ᠶᠢᠨ ᠲᠥᠯᠥᠭᠡ᠂ | ᠪᠠᠶᠠᠨᠨᠠᠭᠤᠷ ᠬᠤᠲᠠ ᠶᠢᠨ ᠤᠷᠠᠳ ᠤᠨ ᠬᠤᠶᠢᠲᠤ ᠬᠤᠰᠢᠭᠤᠨ ᠤ ᠪᠠᠷᠠᠭᠤᠨ ᠪᠤᠯᠤᠩ ᠤᠨ ᠣᠢ ᠰᠢᠭᠤᠢ ᠶᠢᠨ | ᠲᠠᠯᠠᠪᠠᠢ ᠳᠤ ︽ᠢᠨᠵᠧᠨᠧᠷᠢᠩ ᠤᠨ ᠡᠯᠡᠰᠦ ᠶᠢ ᠲᠣᠭᠲᠠᠪᠤᠷᠢᠵᠢᠭᠤᠯᠬᠤ + ᠪᠢᠲᠡᠭᠦᠮᠵᠢᠯᠡᠨ ᠵᠠᠰᠠᠬᠤ︾ ᠰᠢᠰᠲ᠋ᠧᠮᠲᠤ | ᠵᠠᠰᠠᠯᠲᠠ ᠶᠢᠨ ᠲᠤᠷᠰᠢᠯᠳᠠ ᠬᠢᠪᠡ᠃ ᠪᠠᠷᠠᠭᠤᠨ ᠪᠤᠯᠤᠩ ᠤᠨ ᠣᠢ ᠰᠢᠭᠤᠶ ᠶᠢᠨ ᠲᠠᠯᠠᠪᠠᠢ 10.19 ᠲᠦᠮᠡᠨ ᠮᠦ | ᠪᠠᠶᠢᠵᠤ᠂ ᠡᠭᠦᠨ ᠳᠤ 7.89 ᠲᠦᠮᠡᠨ ᠮᠦ ᠶᠢ ᠵᠠᠰᠠᠵᠤ᠂ 2.3 ᠲᠦᠮᠡᠨ ᠮᠦ ᠦᠯᠡᠳᠡᠵᠦ ᠪᠤᠢ᠃ | ᠢᠨᠵᠧᠨᠧᠷᠢᠩ ᠤᠨ ᠡᠯᠡᠰᠦ ᠶᠢ ᠲᠣᠭᠲᠠᠪᠤᠷᠢᠵᠢᠭᠤᠯᠬᠤ ᠳᠤ ᠪᠤᠭᠤᠳᠠᠢ ᠶᠢᠨ ᠰᠦᠷᠡᠯ᠂ ᠵᠡᠭᠡᠰᠦ᠂ ᠴᠢᠯᠠᠭᠤ᠂ | ᠡᠯᠡᠰᠦᠨ ᠪᠤᠷᠭᠠᠰᠤ᠂ ᠨᠠᠩᠭᠢ ᠰᠢᠷᠣᠢ᠂ ᠥᠨᠳᠥᠷ ᠪᠣᠰᠤᠭ᠎ᠠ ᠡᠯᠡᠰᠦ ᠶᠢ ᠲᠣᠭᠲᠠᠪᠤᠷᠢᠵᠢᠭᠤᠯᠬᠤ ᠬᠠᠯᠬᠠᠪᠴᠢ… | ᠵᠡᠷᠭᠡ ᠠᠳᠠᠯᠢ ᠪᠤᠰᠤ ᠮᠠᠲ᠋ᠧᠷᠢᠶᠠᠯ ᠢᠶᠠᠷ ᠡᠯᠡᠰᠦ ᠶᠢ ᠲᠣᠭᠲᠠᠪᠤᠷᠢᠵᠢᠭᠤᠯᠬᠤ ᠲᠤᠷᠰᠢᠯᠲᠠ ᠬᠢᠪᠡ᠃ ᠡᠯᠡᠰᠦ ᠶᠢ | ᠬᠤᠷᠢᠭᠯᠠᠨ ᠵᠣᠭᠰᠣᠭᠠᠬᠤ ᠠᠳᠠᠯᠢ ᠪᠤᠰᠤ ᠨᠥᠬᠦᠴᠡᠯ ᠳᠣᠤᠷᠠᠬᠢ ᠥᠪᠡᠷ ᠤᠨ ᠥᠷᠲᠡᠭ᠂ ᠡᠯᠡᠰᠦ ᠶᠢ | ᠲᠣᠭᠲᠠᠪᠤᠷᠢᠵᠢᠭᠤᠯᠬᠤ ᠦᠷ᠎ᠡ ᠪᠦᠲᠦᠮᠵᠢ ᠶᠢ ᠬᠠᠷᠢᠴᠠᠭᠤᠯᠤᠨ ᠵᠠᠳᠠᠯᠬᠤ ᠪᠠᠷ ᠳᠠᠮᠵᠢᠭᠤᠯᠤᠨ᠂ ᠬᠠᠮᠤᠭ ᠤᠨ | ᠲᠣᠬᠢᠷᠠᠮᠵᠢᠲᠠᠶ ᠡᠯᠡᠰᠦ ᠶᠢ ᠬᠤᠷᠢᠭᠯᠠᠬᠤ ᠵᠠᠭᠪᠤᠷ ᠢ ᠰᠣᠩᠭᠤᠨ ᠭᠠᠷᠭᠠᠪᠠ᠃ | ᠡᠯᠡᠰᠦ ᠶᠢ ᠲᠣᠭᠲᠠᠪᠤᠷᠢᠵᠢᠭᠤᠯᠬᠤ ᠣᠷᠣᠨ ᠳᠤ᠂ ᠬᠠᠷᠭᠠᠨ᠎ᠠ᠂ ᠡᠯᠡᠰᠦᠨ ᠴᠢᠪᠠᠭ᠎ᠠ᠂ ᠢᠰᠬᠦᠯᠡᠩ ᠴᠢᠪᠠᠭ᠎ᠠ | ᠵᠡᠷᠭᠡ ᠡᠯᠡᠰᠦᠷᠬᠡᠭ ᠭᠠᠵᠠᠷ ᠲᠤ ᠳᠠᠷᠢᠬᠤ ᠳᠤ ᠳᠣᠭᠢᠷᠠᠬᠤ ᠪᠣᠳᠠ ᠮᠣᠳᠣ ᠶᠢ ᠲᠠᠷᠢᠵᠦ᠂ ᠵᠢᠯᠣᠭᠤᠴᠢ ᠥᠬᠡᠶ | ᠨᠢᠰᠬᠡᠯ ᠢᠶᠠᠷ ᠡᠪᠡᠰᠦ ᠲᠠᠷᠢᠵᠤ᠂ ᠣᠶ ᠰᠢᠭᠤᠶ ᠨᠤᠲᠤᠭ ᠪᠡᠯᠴᠢᠭᠡᠷ ᠤᠨ ᠶᠡᠷᠦᠩᠬᠡᠶᠢᠯᠡᠭᠰᠡᠨ ᠤᠷᠭᠤᠮᠠᠯ ᠤᠨ | ᠬᠤᠴᠢᠯᠭ᠎ᠠ ᠶᠢ ᠳᠡᠭᠡᠭᠰᠢᠯᠡᠭᠦᠯᠪᠡ᠃ ᠴᠢᠬᠢ ᠮᠣᠳᠣ ᠵᠢᠴᠢ ᠡᠪᠡᠰᠦᠨ ᠦᠷ᠎ᠡ ᠶᠢᠨ ᠡᠳᠡᠭᠡᠷᠡᠯᠲᠡ ᠶᠢᠨ ᠪᠠᠶᠢᠳᠠᠯ ᠢ ᠬᠢᠨᠠᠨ | ᠬᠡᠮᠵᠢᠬᠦ ᠪᠠᠷ ᠳᠠᠮᠵᠢᠭᠤᠯᠤᠨ᠂ ᠲᠤᠰ ᠭᠠᠵᠠᠷ ᠣᠷᠣᠨ ᠤ ᠡᠯᠡᠰᠦᠷᠬᠡᠭᠵᠢᠯ ᠢ ᠰᠡᠷᠭᠡᠶᠢᠯᠡᠨ ᠵᠠᠰᠠᠬᠤ ᠳᠤ ᠲᠤᠬᠢᠷᠠᠬᠤ | ᠮᠣᠳᠣᠨ ᠤ ᠲᠥᠷᠥᠯ ᠪᠠ ᠡᠪᠡᠰᠦᠨ ᠦᠷ᠎ᠡ ᠶᠢ ᠰᠣᠩᠭᠤᠨ ᠭᠠᠷᠭᠠᠪᠠ᠃ | ᠳᠡᠭᠡᠷᠡᠬᠢ ᠲᠤᠷᠰᠢᠯᠲᠠ ᠶᠢᠨ ᠠᠷᠭ᠎ᠠ ᠬᠡᠮᠵᠢᠶ᠎ᠡ ᠪᠠᠷ ᠳᠠᠮᠵᠢᠭᠤᠯᠤᠨ᠂ ᠰᠢᠨᠵᠢᠯᠡᠬᠦ ᠤᠬᠠᠭᠠᠨᠴᠢ ᠪᠠᠷ ᠡᠯᠡᠰᠦ ᠶᠢ | ᠵᠠᠰᠠᠬᠤ ᠳᠤ ᠵᠦᠶ ᠵᠣᠬᠢᠰᠲᠠᠶ ᠲᠥᠰᠦᠯ ᠬᠠᠩᠭᠠᠵᠤ᠂ ᠪᠠᠶᠠᠨᠨᠠᠭᠤᠷ ᠬᠤᠲᠠ ᠶᠢᠨ ᠤᠷᠠᠳ ᠤᠨ ᠬᠤᠶᠢᠲᠤ | ᠬᠤᠰᠢᠭᠤᠨ ᠳᠤ ᠳᠣᠭᠢᠷᠠᠬᠤ ᠡᠯᠡᠰᠦᠷᠬᠡᠭᠵᠢᠯ ᠢ ᠰᠡᠷᠭᠡᠶᠢᠯᠡᠨ ᠵᠠᠰᠠᠬᠤ ᠵᠠᠭᠪᠤᠷ ᠢ ᠪᠤᠢ ᠪᠤᠯᠭᠠᠵᠤ᠂ ᠡᠴᠦᠰ ᠲᠡᠭᠡᠨ | ᠭᠠᠵᠠᠷ ᠰᠢᠷᠣᠶ ᠶᠢᠨ ᠡᠯᠡᠰᠦᠷᠬᠡᠭᠵᠢᠭᠰᠡᠨ ᠲᠠᠯᠠᠪᠠᠶ ᠪᠠ ᠡᠯᠡᠰᠦᠷᠬᠡᠭᠵᠢᠭᠰᠡᠨ ᠬᠡᠮᠵᠢᠶ᠎ᠡ ᠦᠷᠭᠦᠯᠵᠢᠯᠡᠨ ᠪᠠᠭᠠᠰᠴᠤ᠂ ᠣᠶ | ᠰᠢᠭᠤᠶ ᠨᠤᠲᠤᠭ ᠪᠡᠯᠴᠢᠭᠡᠷ ᠤᠨ ᠡᠯᠡᠰᠦᠨ ᠤ ᠪᠦᠷᠬᠦᠴᠡ ᠶᠢᠨ ᠬᠡᠮᠵᠢᠶ᠎ᠡ ᠦᠷᠭᠦᠯᠵᠢᠯᠡᠨ ᠪᠠᠭᠠᠰᠴᠤ᠂ ᠡᠯᠡᠰᠦᠷᠬᠡᠭ | ᠣᠷᠣᠨ ᠤ ᠠᠮᠢ ᠠᠬᠤᠶ ᠶᠢᠨ ᠣᠷᠴᠢᠨ ᠲᠣᠭᠤᠷᠢᠨ ᠤᠯᠠᠮ ᠨᠢᠭᠡ ᠠᠯᠬᠤᠮ ᠰᠠᠶᠢᠵᠢᠷᠠᠪᠠ᠃ |