ᠡᠪᠡᠰᠦ ᠤᠷᠭᠤᠮᠠᠯ ᠤᠨ ᠡᠮᠲᠦ ᠬᠡᠷᠡᠭᠴᠡᠭᠡ
ᠨᠡᠶᠢᠲᠡᠯᠡᠭᠰᠡᠨ ᠴᠠᠭ᠄
2023/11/16
      ︽ᠥᠷᠭᠡᠰᠦ ᠶᠢ ᠪᠠᠰᠤᠪᠠᠯ ᠡᠪᠡᠳᠴᠢᠨ ᠪᠣᠯᠣᠨ᠎ᠠ︾ ᠭᠡᠳᠡᠭᠴᠢᠯᠡᠨ ᠡᠪᠡᠰᠦ ᠤᠷᠭᠤᠮᠠᠯ ᠤᠨ ᠡᠮᠲᠦ ᠬᠡᠷᠡᠭᠴᠡᠭᠡ ᠶᠢ ᠰᠠᠶᠢᠲᠤᠷ ᠮᠡᠳᠡᠵᠦ ᠰᠠᠶᠢᠬᠠᠨ ᠬᠡᠷᠡᠭᠯᠡᠪᠡᠯ ᠡᠪᠡᠳᠴᠢᠨ ᠡᠮᠭᠡᠭ ᠢ ᠠᠨᠠᠭᠠᠳᠠᠭ ᠵᠢᠮ᠎ᠡ ᠶᠣᠰᠣ ᠲᠠᠢ ᠪᠠᠶᠢᠳᠠᠭ᠃ ᠳᠣᠣᠷ᠎ᠠ ᠵᠠᠷᠢᠮ ᠡᠪᠡᠰᠦ ᠤᠷᠭᠤᠮᠠᠯ ᠤᠨ ᠡᠮᠲᠦ ᠬᠡᠷᠡᠭᠴᠡᠭᠡ ᠠᠴᠠ ᠲᠥᠭᠦᠮ ᠲᠠᠨᠢᠯᠴᠠᠭᠤᠯᠤᠶ᠎ᠠ᠃       ᠮᠠᠯᠹᠤᠳ᠄ ᠪᠦᠯᠢᠶᠡᠨ ᠴᠢᠨᠠᠷ ᠲᠠᠢ ᠢᠯᠴᠢ ᠶᠢ ᠡᠭᠦᠰᠬᠡᠵᠦ᠂ ᠴᠢᠰᠤ ᠶᠢ ᠰᠠᠶᠢᠵᠢᠷᠠᠭᠤᠯᠤᠨ᠂ ᠬᠦᠢᠲᠡᠨ ᠡᠪᠡᠳᠴᠢᠨ ᠪᠠ ᠬᠥᠯ ᠤᠨ ᠪᠠᠮ ᠡᠪᠡᠳᠴᠢᠨ ᠢ ᠵᠠᠰᠠᠬᠤ ᠳᠤ ᠬᠡᠷᠡᠭᠴᠡᠭᠡ ᠲᠠᠢ ᠪᠠᠶᠢᠳᠠᠭ᠃       ᠮᠣᠷᠢᠨ ᠪᠤᠶᠠ᠄ ︵ᠯᠢᠳᠡᠷᠢ ᠭᠡᠵᠦ ᠪᠠᠰᠠ ᠬᠡᠯᠡᠳᠡᠭ︶ ᠴᠢᠨᠠᠷ ᠲᠡᠭᠰᠢ᠂ ᠦᠨᠳᠦᠰᠦ ᠶᠢ ᠨᠢ ᠬᠡᠷᠡᠭᠯᠡᠳᠡᠭ᠃ ᠭᠤᠣᠯᠳᠠᠭᠤ ᠴᠢᠰᠤ ᠪᠠᠷ ᠪᠠᠭᠠᠰᠤ ᠠᠯᠳᠠᠬᠤ ᠶᠢ ᠵᠣᠭᠰᠣᠭᠠᠵᠤ᠂ ᠬᠤᠳᠣᠭᠤᠳᠤᠨ ᠤ ᠬᠦᠢᠲᠡᠨ ᠰᠢᠷ᠎ᠠ ᠤᠰᠤ ᠵᠡᠷᠭᠡ ᠶᠢ ᠠᠨᠠᠭᠠᠵᠤ᠂ ᠬᠢᠮᠤᠷᠠᠭᠰᠠᠨ ᠴᠢᠰᠤᠨ ᠬᠠᠯᠠᠭᠤᠨ ᠢ ᠪᠣᠯᠪᠠᠰᠤᠷᠠᠭᠤᠯᠬᠤ ᠳᠤ ᠲᠤᠩ ᠰᠠᠶᠢᠨ ᠪᠠᠶᠢᠳᠠᠭ᠃       ᠵᠤᠮᠴᠠ᠄ ᠴᠢᠨᠠᠷ ᠨᠢ ᠰᠡᠷᠢᠭᠦᠨ᠂ ᠴᠢᠳᠠᠯ ᠨᠢ ᠲᠣᠭᠤᠯᠭᠠᠬᠤ ᠳᠤ ᠬᠡᠷᠡᠭᠯᠡᠳᠡᠭ᠃ ᠡᠰᠢ ᠶᠢ ᠨᠢ ᠬᠡᠷᠡᠭᠯᠡᠪᠡᠯ ᠪᠠᠳᠭᠠᠨ᠂ ᠬᠦᠢᠲᠡᠨ ᠢ ᠵᠠᠰᠠᠵᠤ᠂ ᠦᠨᠳᠦᠰᠦ  ᠨᠢ ᠬᠠᠯᠠᠭᠤᠨ ᠢ ᠲᠠᠭᠤᠵᠤ᠂ ᠬᠤᠣᠷ ᠤᠨ ᠬᠠᠯᠠᠭᠤᠨ᠂ ᠰᠠᠪᠠᠨ ᠤ ᠬᠠᠯᠠᠭᠤᠨ᠂ ᠪᠠᠳᠭᠠᠨ ᠶᠠᠷ᠎ᠠ᠂ ᠰᠢᠷ᠎ᠠ ᠤᠰᠤ ᠶᠢ ᠠᠨᠠᠭᠠᠵᠤ ᠴᠢᠳᠠᠳᠠᠭ᠃       ᠪᠠᠯᠴᠢᠷᠤᠤ ᠡᠪᠡᠰᠦ᠄ ︵ᠠᠯᠲᠠᠨ ᠤᠲᠠᠰᠤ ᠭᠡᠵᠦ ᠪᠠᠰᠠ ᠬᠡᠯᠡᠳᠡᠭ︶ ᠰᠡᠷᠢᠭᠦᠨ ᠴᠢᠨᠠᠷ ᠲᠠᠢ᠂ ᠴᠤᠯᠤ᠂ ᠰᠠᠪᠠ ᠡᠯᠢᠭᠡᠨ ᠤ ᠬᠠᠯᠠᠭᠤᠨ ᠢ ᠲᠠᠭᠤᠵᠤ᠂ ᠭᠠᠳᠠᠷ ᠰᠢᠷᠬ᠎ᠠ᠂ ᠮᠠᠭᠠᠵᠢᠭᠤᠷ ᠬᠢᠭᠡᠳ ᠬᠠᠯᠠᠭᠤᠨ ᠠᠴᠠ ᠪᠣᠯᠤᠭᠰᠠᠨ ᠲᠣᠯᠣᠭᠠᠢ ᠶᠢᠨ ᠡᠪᠡᠳᠴᠢᠨ ᠳᠤ ᠲᠤᠰᠠᠲᠠᠢ ᠪᠠᠶᠢᠳᠠᠭ᠃       ᠬᠠᠷ᠎ᠠ ᠯᠤᠤᠯᠢ᠄ ᠲᠡᠭᠰᠢ ᠴᠢᠨᠠᠷ ᠲᠠᠢ᠂ ᠴᠢᠳᠠᠯ ᠨᠢ ᠡᠪᠡᠳᠴᠢᠨ ᠪᠦᠬᠦᠨ ᠢ ᠬᠥᠯᠥᠷᠡᠭᠦᠯᠦᠨ ᠠᠷᠢᠯᠭᠠᠵᠤ ᠬᠠᠭᠤᠴᠢᠷᠠᠭᠰᠠᠨ ᠬᠢᠵᠢᠭ᠂ ᠴᠢᠰᠤ ᠪᠥᠭᠡᠮᠨᠡᠷᠡᠭᠰᠡᠨ ᠪᠠ ᠠᠭᠤᠰᠬᠢᠨ ᠤ ᠬᠠᠳᠬᠤᠯᠭ᠎ᠠ᠂ ᠦᠶ᠎ᠡ ᠭᠡᠰᠢᠭᠦᠨ ᠤ ᠰᠢᠷ᠎ᠠ ᠤᠰᠤ ᠵᠡᠷᠭᠡ ᠶᠢ ᠠᠨᠠᠭᠠᠳᠠᠭ᠃       ᠰᠤᠬᠠᠢ ᠮᠣᠳᠣ ᠄ ᠰᠡᠷᠢᠭᠦᠨ ᠴᠢᠨᠠᠷ ᠲᠠᠢ᠂ ᠬᠠᠯᠠᠭᠤᠨ ᠢ ᠲᠠᠭᠤᠵᠤ ᠬᠤᠣᠷ ᠢ ᠠᠷᠢᠯᠭᠠᠨ᠎ᠠ᠂ ᠭᠤᠣᠯᠳᠠᠭᠤ ᠰᠢᠷ᠎ᠠ ᠤᠰᠤ ᠶᠢ ᠬᠠᠳᠠᠭᠠᠵᠤ᠂ ᠶᠠᠷ᠎ᠠ ᠰᠢᠷᠬᠠᠨ ᠤ ᠬᠠᠯᠠᠭᠤᠨ ᠢ ᠡᠮᠴᠢᠯᠡᠳᠡᠭ᠃       ᠠᠷᠴᠠ᠄ ᠰᠡᠷᠢᠭᠦᠨ ᠴᠢᠨᠠᠷ ᠲᠠᠢ᠂ ᠴᠢᠳᠠᠯ ᠨᠢ ᠪᠣᠯ ᠪᠥᠭᠡᠷᠡᠨ ᠤ ᠬᠠᠯᠠᠭᠤᠨ᠂ ᠰᠢᠭᠡᠬᠦ ᠳᠤ ᠡᠪᠡᠳᠬᠦ᠂ ᠳᠠᠪᠤᠰᠠᠩ ᠤᠨ ᠡᠪᠡᠳᠴᠢᠨ᠂ ᠶᠠᠰᠤᠨ ᠳᠤ ᠰᠢᠨᠤᠭᠰᠠᠨ ᠬᠠᠯᠠᠭᠤᠨ᠂ ᠬᠤᠰᠬᠢᠨᠠᠭ ᠤᠨ ᠭᠦᠪᠲᠦᠷᠦᠦ᠂ ᠪᠠᠭᠠᠰᠤ ᠬᠠᠳᠠᠬᠤ᠂ ᠡᠮᠡᠭᠲᠡᠶᠢᠴᠦᠳ ᠤᠨ ᠴᠢᠰᠤ ᠪᠦᠷᠢᠯᠳᠦᠭᠰᠡᠨ ᠡᠪᠡᠳᠴᠢᠨ᠂ ᠬᠥᠯᠥᠰᠦ ᠭᠠᠷᠬᠤ᠂ ᠬᠡᠷᠦᠯᠭᠡ᠂ ᠡᠯᠢᠭᠡ ᠰᠥᠰᠥᠨ ᠤ ᠡᠪᠡᠳᠴᠢᠨ ᠪᠠ ᠠᠷᠠᠰᠤᠨ ᠳᠤ ᠲᠠᠷᠬᠠᠭᠰᠨᠠ ᠰᠢᠷ᠎ᠠ ᠶᠢᠨ ᠡᠪᠡᠳᠴᠢᠨ᠂ ᠲᠤᠰᠤᠯ ᠠᠯᠳᠠᠬᠤ ᠵᠡᠷᠭᠡ ᠡᠪᠡᠳᠴᠢᠨ ᠢ ᠠᠨᠠᠭᠠᠳᠠᠭ᠃       ᠮᠣᠷᠢᠨ ᠰᠢᠷᠠᠯᠵᠢ᠄ ᠰᠡᠷᠢᠭᠦᠨ ᠴᠢᠨᠠᠷ ᠲᠠᠢ᠂ ᠬᠠᠯᠠᠭᠤᠨ ᠢ ᠠᠷᠢᠯᠭᠠᠵᠤ᠂ ᠨᠠᠷᠠᠰᠢᠭᠰᠠᠨ ᠬᠤᠣᠷ ᠢ ᠲᠠᠶᠢᠯᠳᠠᠭ᠃ ᠪᠠᠰᠠ ᠱᠦᠯᠬᠦᠭᠡ ᠡᠪᠡᠳᠴᠢᠨ ᠢ ᠵᠠᠰᠠᠵᠤ᠂ ᠬᠤᠭᠤᠯᠠᠢ ᠬᠠᠪᠤᠳᠴᠤ ᠬᠠᠭᠠᠭᠳᠠᠬᠤ᠂ ᠪᠤᠶᠢᠯᠠ ᠬᠠᠪᠤᠳᠬᠤ᠂ ᠪᠠᠭ᠋ᠤᠤ ᠵᠡᠷᠭᠡ ᠡᠪᠡᠳᠴᠢᠨ ᠳᠤ ᠲᠤᠰᠠᠲᠠᠢ᠃       ᠠᠬᠢ ᠄ ᠰᠡᠷᠢᠭᠦᠨ ᠴᠢᠨᠠᠷ ᠲᠠᠢ᠂ ᠴᠢᠰᠤ ᠶᠢ ᠵᠣᠭᠰᠣᠭᠠᠵᠤ᠂ ᠬᠠᠪᠤᠳᠠᠷ ᠢ ᠬᠠᠷᠢᠭᠤᠯᠤᠨ᠎ᠠ᠃       ᠯᠠᠵᠤᠤ᠄ ᠬᠠᠯᠠᠭᠤᠨ ᠴᠢᠨᠠᠷ ᠲᠠᠢ᠂ ᠬᠠᠯᠠᠭᠤᠨ ᠢ ᠠᠷᠢᠯᠭᠠᠵᠤ᠂ ᠪᠡᠲᠡᠭᠢ ᠶᠢ ᠡᠪᠳᠡᠨ᠂ ᠬᠤᠷᠣᠬᠠᠢ ᠶᠢ ᠠᠯᠠᠬᠤ ᠳᠤ ᠬᠡᠷᠡᠭᠯᠡᠨ᠎ᠡ᠃ ᠭᠤᠣᠯᠳᠠᠭᠤ᠂ ᠬᠤᠰᠬᠢᠨᠠᠭ ᠤᠨ ᠭᠦᠪᠲᠦᠷᠦᠦ ᠪᠠ ᠱᠠᠮᠪᠠᠷᠠᠮ ᠡᠪᠡᠳᠴᠢᠨ ᠢ ᠠᠨᠠᠭᠠᠬᠤ ᠳᠤ ᠲᠤᠰᠠᠲᠠᠢ᠃       ᠱᠢᠷᠦᠨ ᠤᠨᠵᠢᠯᠭ᠎ᠠ ᠄ ᠲᠡᠭᠰᠢ ᠴᠢᠨᠠᠷ ᠲᠠᠢ᠂ ᠬᠠᠯᠠᠭᠤᠨ ᠢ ᠠᠷᠢᠯᠭᠠᠵᠤ᠂ ᠴᠤᠭᠯᠠᠷᠠᠭᠰᠠᠨ ᠮᠠᠭᠤ ᠴᠢᠰᠤ ᠶᠢ ᠲᠠᠷᠬᠠᠭᠠᠨ᠎ᠠ᠃ ᠡᠯᠢᠭᠡ ᠪᠥᠭᠡᠷᠡᠨ ᠤ ᠲᠠᠮᠢᠷ ᠢ ᠰᠠᠶᠢᠵᠢᠷᠠᠭᠤᠯᠵᠤ᠂ ᠵᠢᠷᠦᠬᠡᠨ ᠬᠠᠯᠠᠭᠤᠨ᠂ ᠬᠢᠮᠤᠷᠠᠭᠰᠠᠨ ᠬᠠᠯᠠᠭᠤᠨ᠂ ᠬᠥᠬᠦᠨ ᠬᠠᠪᠤᠲᠠᠢ ᠪᠠ ᠴᠢᠰᠤᠨ ᠪᠢᠳᠡᠬᠢ᠂ ᠤᠮᠠᠢ ᠶᠢᠨ ᠪᠢᠲᠡᠬᠢ᠂ ᠰᠠᠷ᠎ᠠ ᠶᠢᠨ ᠭᠬᠢᠷ ᠬᠤᠷᠢᠭᠳᠠᠭᠰᠠᠨ ᠢ ᠠᠨᠠᠭᠠᠬᠤ ᠳᠤ ᠬᠡᠷᠡᠭᠯᠡᠨ᠎ᠡ᠃       ᠡᠪᠡᠰᠦᠨ ᠭᠦᠷᠭᠦᠮ᠄ ᠰᠡᠷᠢᠭᠦᠨ ᠴᠢᠨᠠᠷ ᠲᠠᠢ᠂ ᠴᠢᠰᠤᠨ ᠭᠦᠶᠦᠳᠡᠯ ᠢ ᠰᠠᠶᠢᠵᠢᠷᠠᠭᠤᠯᠵᠤ ᠰᠠᠷ᠎ᠠ ᠶᠢᠨ ᠭᠬᠢᠷ ᠢ ᠲᠡᠭᠰᠢ ᠪᠣᠯᠭᠠᠨ᠎ᠠ᠃ ᠪᠠᠰᠠ ᠡᠯᠢᠭᠡᠨ ᠬᠠᠯᠠᠭᠤᠨ ᠢ ᠠᠷᠢᠯᠭᠠᠵᠤ᠂ ᠲᠠᠮᠢᠷ ᠢ ᠰᠠᠶᠢᠵᠢᠷᠠᠭᠤᠯᠤᠨ᠎ᠠ᠂ ᠡᠪᠡᠳᠬᠦ ᠶᠢ ᠵᠣᠭᠰᠤᠭᠠᠬᠤ ᠮᠥᠷᠲᠡᠭᠡᠨ ᠬᠠᠪᠤᠳᠠᠷ ᠢ ᠬᠠᠷᠢᠭᠤᠯᠬᠤ ᠦᠢᠯᠡᠳᠦᠯ ᠲᠠᠢ᠃       ᠭᠠᠩᠨᠠᠭᠤᠷ ᠡᠪᠡᠰᠦ ᠄ ᠰᠡᠷᠢᠭᠦᠨ ᠴᠢᠨᠠᠷ ᠲᠠᠢ᠂ ᠢᠯᠵᠢᠷᠡᠬᠦ ᠶᠢ ᠵᠣᠭᠰᠣᠭᠠᠵᠤ᠂ ᠰᠢᠷᠬ᠎ᠠ ᠶᠢ ᠠᠨᠠᠭᠠᠬᠤ᠂ ᠬᠠᠪᠤᠳᠠᠷ ᠢ ᠬᠠᠷᠢᠭᠤᠯᠬᠤ᠂ ᠬᠤᠣᠷ ᠲᠠᠶᠢᠯᠬᠤ᠂ ᠬᠠᠯᠠᠭᠤᠨ ᠢ ᠠᠷᠢᠯᠭᠠᠬᠤ᠂ ᠬᠤᠷᠠᠭᠰᠠᠨ ᠮᠠᠭᠤ ᠴᠢᠰᠤ ᠶᠢ ᠲᠠᠷᠬᠠᠭᠠᠬᠤ ᠴᠢᠳᠠᠯ ᠲᠠᠢ᠃ ᠣᠭᠲᠣᠯᠣᠭᠰᠠᠨ ᠰᠢᠷᠬᠠᠨ ᠳᠤ ᠰᠦ ᠶᠢ ᠨᠢ ᠲᠦᠷᠬᠢᠪᠡᠯ ᠮᠠᠰᠢ ᠲᠦᠷᠭᠡᠨ ᠡᠳᠡᠭᠡᠷᠡᠴᠢᠬᠡᠨ᠎ᠡ᠃       ᠰᠥᠰᠥ ᠡᠪᠡᠰᠦ᠄ ᠰᠡᠷᠢᠭᠦᠨ ᠴᠢᠨᠠᠷ ᠲᠠᠢ᠂ ᠰᠢᠷ᠎ᠠ ᠶᠢᠨ ᠬᠠᠯᠠᠭᠤᠨ ᠢᠶᠠᠷ ᠲᠣᠯᠣᠭᠠᠢ ᠡᠪᠡᠳᠬᠦ᠂ ᠶᠡᠭᠡ ᠪᠠᠷ ᠬᠠᠯᠠᠭᠤᠷᠠᠬᠤ᠂ ᠨᠢᠳᠦ ᠰᠢᠷᠠᠯᠠᠬᠤ᠂ ᠠᠮᠠ ᠭᠠᠰᠢᠭᠤᠷᠠᠬᠤ ᠵᠡᠷᠭᠡ ᠶᠢᠨ ᠡᠪᠡᠳᠴᠢᠨ ᠳᠤ ᠲᠤᠰᠠᠲᠠᠢ ᠪᠠᠶᠢᠳᠠᠭ᠃
 
ᠢᠷᠡᠯᠲᠡ᠄ ᠦᠦᠰᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号