ᠱᠠᠪᠠ ᠵᠧᠨ ᠵᠤ᠋ ᠦᠵᠦᠮ
ᠨᠡᠶᠢᠲᠡᠯᠡᠭᠰᠡᠨ ᠴᠠᠭ᠄
2023/11/23
     ᠲᠤᠰ ᠡᠭᠦᠯᠳᠡᠷ ᠪᠤᠯ ᠤᠬᠢ ᠰᠠᠶᠢᠨ ᠴᠢᠨᠠᠷ ᠲᠠᠢ ᠲᠦᠬᠦᠬᠡᠢ ᠪᠠᠷ ᠢᠳᠡᠬᠦ ᠡᠭᠦᠯᠳᠡᠷ ᠪᠦᠭᠡᠳ ᠬᠦᠷᠢᠶ᠎ᠡ ᠬᠠᠰᠢᠶᠠᠨ ᠳᠤ ᠲᠠᠷᠢᠵᠦ ᠪᠤᠶᠢᠵᠢᠭᠤᠯᠬᠤ ᠳᠤ ᠶᠡᠭᠡ ᠳᠤᠬᠢᠷᠠᠬᠤ ᠶᠤᠮ᠃ ᠡᠨᠡ ᠪᠤᠯ ᠭᠠᠳᠠᠭᠠᠳᠤ ᠠᠴᠠ ᠤᠷᠤᠭᠤᠯᠵᠤ ᠢᠷᠡᠭᠰᠡᠨ ᠡᠷᠲᠡ ᠪᠤᠯᠪᠠᠰᠤᠷᠠᠬᠤ ᠲᠦᠷᠦᠯ ᠵᠦᠢᠯ ᠮᠦᠨ᠃ ᠮᠠᠨ ᠤ ᠤᠷᠤᠨ ᠳᠤ ᠪᠠᠷᠤᠭ ᠨᠠᠢᠮᠠᠨ ᠰᠠᠷ᠎ᠠ ᠶᠢᠨ ᠲᠤᠮᠳᠠᠴᠢ ᠪᠠᠷ ᠪᠤᠯᠪᠠᠰᠤᠷᠠᠨ᠎ᠠ᠃ ᠤᠷᠭᠤᠯᠳᠠ ᠶᠢᠨ ᠬᠤᠭᠤᠴᠠᠭ᠎ᠠ ᠨᠢ 120 ᠡᠳᠦᠷ ᠪᠤᠯᠬᠤ ᠭᠠᠵᠠᠷ ᠤᠷᠤᠨ ᠢᠶᠠᠷ ᠪᠦᠷ ᠤᠷᠭᠤᠵᠤ ᠪᠤᠯᠤᠨ᠎ᠠ᠃     ᠮᠤᠳᠤᠨ ᠤ ᠤᠷᠭᠤᠯᠳᠠ ᠨᠢ ᠲᠤᠮᠳᠠ ᠲᠦᠯᠦᠪ᠂ ᠵᠢᠮᠢᠰ ᠰᠠᠭᠤᠬᠤ ᠨᠢ ᠡᠷᠲᠡ᠂ ᠬᠤᠷᠢᠶᠠᠯᠳᠠ ᠨᠢ ᠡᠯᠪᠡᠭ ᠪᠦᠭᠡᠳ ᠵᠢᠮᠢᠰᠯᠡᠬᠦ ᠴᠢᠳᠠᠪᠤᠷᠢ ᠨᠢ ᠰᠠᠶᠢᠨ᠃ ᠪᠠᠷᠤᠭ ᠰᠠᠯᠠᠭ᠎ᠠ ᠪᠦᠷᠢ ᠳᠡᠭᠡᠷ᠎ᠡ ᠬᠤᠶᠠᠷ ᠲᠦᠷᠦᠬᠦᠦ ᠤᠷᠭᠤᠨ᠎ᠠ᠃ ᠵᠠᠶᠢᠯᠠᠭᠠᠳ ᠪᠠᠷᠤᠭ 2~3 ᠵᠢᠯ ᠪᠤᠯᠪᠠᠯ ᠵᠢᠮᠢᠰ ᠰᠠᠭᠤᠵᠤ ᠡᠬᠢᠯᠡᠨ᠎ᠡ᠃     ᠵᠢᠮᠢᠰ ᠤᠨ ᠲᠦᠷᠦᠬᠦᠦ ᠨᠢ ᠲᠤᠮᠳᠠ ᠬᠡᠪ ᠤᠨ ᠪᠤᠵᠠᠭᠠᠢ᠂ ᠬᠡᠯᠪᠡᠷᠢ ᠨᠢ ᠱᠤᠷᠤᠯᠵᠢᠨ ᠮᠠᠶ᠋ᠢᠭᠳᠠᠢ᠂ ᠵᠢᠮᠢᠰ ᠤᠨ ᠮᠦᠬᠦᠯᠢᠭ ᠨᠢ ᠲᠤᠮᠤᠯᠢᠭ᠂ ᠵᠤᠤᠪᠠᠩ ᠬᠡᠯᠪᠡᠷᠢᠳᠠᠢ᠂ ᠦᠩᠭᠡ ᠨᠢ ᠨᠤᠭᠤᠭᠠᠨ ᠰᠢᠷ᠎ᠠ᠂ ᠬᠦᠢᠴᠡᠳ ᠰᠠᠶᠢᠨ ᠪᠤᠯᠪᠠᠰᠤᠷᠠᠪᠠᠯ ᠰᠢᠵᠢᠷ ᠠᠯᠳᠠ ᠰᠢᠭ ᠦᠩᠭᠡᠳᠡᠢ ᠪᠤᠯᠳᠠᠭ᠃ ᠵᠢᠮᠢᠰ ᠤᠨ ᠬᠠᠯᠢᠰᠤ ᠨᠢ ᠨᠢᠮᠭᠡᠨ᠂ ᠵᠢᠮᠢᠰ ᠨᠢ ᠬᠦᠷᠡᠩ ᠪᠦᠭᠡᠳ ᠦᠯᠡᠮᠵᠢᠬᠡᠨ ᠰᠢᠭᠦᠰᠦᠳᠡᠢ᠂ ᠰᠢᠬᠢᠷᠯᠢᠭ ᠠᠮᠳᠠᠳᠠᠢ ᠪᠦᠬᠡᠳ ᠰᠠᠷᠭᠠᠢ ᠶᠢᠨ ᠦᠨᠦᠷ ᠲᠠᠢ᠂ ᠴᠢᠨᠠᠷ ᠨᠢ ᠤᠬᠢ ᠰᠠᠶᠢᠨ᠃     ᠵᠤᠬᠢᠴᠠᠯᠳᠤᠬᠤ ᠴᠢᠨᠠᠷ ᠪᠤᠯᠤᠨ ᠬᠦᠢᠲᠡᠨ ᠢ ᠳᠡᠰᠪᠦᠷᠢᠯᠡᠬᠦ ᠴᠢᠳᠠᠪᠤᠷᠢ ᠨᠢ ᠪᠦᠷ ᠴᠢᠩᠭ᠎ᠠ ᠪᠠᠶᠢᠳᠠᠭ᠃ ᠰᠠᠯᠠᠭ᠎ᠠ ᠮᠦᠴᠢᠷ ᠤᠨ ᠪᠤᠯᠪᠠᠰᠤᠷᠠᠯᠳᠠ ᠨᠢ ᠲᠡᠭᠦᠯᠳᠡᠷ᠂ ᠦᠷ᠎ᠡ ᠵᠢᠮᠢᠰ ᠨᠢ ᠴᠤ ᠡᠷᠲᠡ ᠪᠤᠯᠪᠠᠰᠤᠷᠠᠨ᠎ᠠ᠃
 
ᠢᠷᠡᠯᠲᠡ᠄ ︽ᠵᠢᠮᠢᠰ ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号