ᠨᠠᠷᠢᠨ ᠨᠠᠪᠴᠢᠲᠦ ᠤᠷᠢᠶᠠᠮᠤᠭ
ᠨᠡᠶᠢᠲᠡᠯᠡᠭᠰᠡᠨ ᠴᠠᠭ᠄
2023/11/7
      ᠡᠪᠡᠰᠦᠯᠢᠭ ᠲᠠᠩᠰᠡ ᠪᠤᠶᠤ ᠭᠠᠩᠰᠠᠭ ᠲᠤᠮᠳᠠᠰᠠᠭ ᠤᠷᠭᠤᠮᠠᠯ᠃ ᠴᠢᠯᠠᠭᠤᠯᠢᠭ ᠠᠭᠤᠯᠠᠨ ᠭᠦᠳᠤᠯ ᠵᠢᠴᠢ ᠡᠯᠡᠰᠦᠷᠭᠡᠭ ᠭᠠᠵᠠᠷ ᠤᠨ ᠪᠤᠲᠠ ᠪᠤᠷᠭᠠᠰᠤᠨ ᠳᠤᠮᠳᠠ ᠤᠷᠭᠤᠨ᠎ᠠ᠂ ᠪᠠᠰᠠ ᠭᠤᠤᠯ ᠤᠨ ᠭᠦᠨᠳᠡᠢ ᠶᠢᠨ ᠨᠤᠭᠤ ᠪᠠᠷ ᠬᠠᠷᠠᠭᠳᠠᠳᠠᠭ᠃ ᠮᠠᠨ ᠤ ᠤᠷᠤᠨ ᠤ ᠬᠢᠩᠭᠠᠨ ᠤ ᠡᠮᠦᠨᠡᠲᠤ ᠬᠡᠰᠡᠭ᠂ ᠶᠠᠨᠱᠠᠨ ᠠᠭᠤᠯᠠᠨ ᠤ ᠬᠤᠶᠢᠲᠤ ᠬᠡᠰᠡᠭ᠂ ᠭᠦᠯᠦᠨ ᠪᠤᠶᠢᠷ— ᠰᠢᠯᠢ ᠶᠢᠨ ᠭᠤᠤᠯ ᠤᠨ ᠦᠨᠳᠦᠷᠯᠢᠭ᠂ ᠮᠤᠨᠢ ᠠᠭᠤᠯᠠᠨ ᠤ ᠲᠤᠭᠤᠷᠢᠭ᠂ ᠮᠤᠨᠢ ᠠᠭᠤᠯᠠᠨ ᠶᠢᠨ ᠳᠤᠪᠤ ᠳᠤᠪᠤᠷᠴᠠᠭ᠂ ᠠᠯᠠᠱᠠ ᠠᠭᠤᠯᠠ ᠶᠢᠨ ᠲᠤᠭᠤᠷᠢᠭ᠂ ᠯᠦᠩ ᠱᠸᠤ ᠱᠠᠨ ᠠᠭᠤᠯᠠ ᠶᠢᠨ ᠲᠤᠭᠤᠷᠢᠭ᠂ ᠤᠯᠠᠭᠠᠨᠴᠠᠪ ᠲᠤᠭᠤᠷᠢᠭ᠂  ᠤᠷᠳᠤᠰ ᠲᠤᠭᠤᠷᠢᠭ ᠢᠶᠠᠷ ᠤᠷᠭᠤᠯᠲᠠ ᠲᠠᠢ᠃ ᠮᠠᠨ ᠤ ᠤᠯᠤᠰ ᠤᠨ ᠵᠡᠭᠦᠨ ᠬᠤᠶᠢᠲᠤ ᠤᠷᠤᠨ᠂ ᠤᠮᠠᠷᠠᠲᠤ ᠤᠷᠤᠨ᠂ ᠪᠠᠷᠠᠭᠤᠨ ᠬᠤᠶᠢᠲᠤ ᠤᠷᠤᠨ ᠢᠶᠠᠷ ᠲᠠᠷᠬᠠᠨ᠂ ᠮᠤᠩᠭᠤᠯ ᠤᠯᠤᠰ᠂ ᠤᠷᠤᠰ ᠤᠨ ᠰᠢᠪᠧᠷᠢᠶ᠎ᠠ ᠪᠤᠯᠤᠨ ᠠᠯᠤᠰ ᠲᠤᠷᠤᠨᠠᠲᠤ ᠪᠠᠷ ᠪᠠᠰᠠ ᠲᠠᠷᠬᠠᠵᠤ ᠪᠠᠶᠢᠳᠠᠭ᠃ ᠪᠦᠭᠦᠯᠢ ᠡᠪᠡᠰᠦ ᠨᠢ ᠡᠮ ᠳᠤ ᠤᠷᠤᠵᠤ᠂ ᠭᠤᠤᠯᠳᠠᠭᠤ ᠤᠳᠠᠭᠠᠨ ᠴᠢᠨᠠᠷᠲᠠᠢ ᠭᠦᠯ ᠨᠢᠷᠤᠭᠤ ᠡᠪᠳᠭᠦ ᠶᠢ ᠵᠠᠰᠠᠨ᠎ᠠ᠃ ᠤᠯᠠᠩᠬᠢ ᠳᠠᠭᠠᠨ ᠭᠠᠳᠠᠷ ᠤᠬᠢᠶᠠᠯᠭ᠎ᠠ ᠳᠤ ᠬᠡᠷᠡᠭᠯᠡᠳᠡᠭ᠃ ᠮᠤᠩᠭᠤᠯ ᠡᠮ ᠳᠤ ᠬᠡᠷᠡᠭᠯᠡᠪᠡᠯ ᠭᠤᠤᠯᠳᠠᠭᠤ ᠰᠢᠩᠭᠡᠭᠡᠯᠲᠡ ᠮᠠᠭᠤᠲᠠᠬᠤ᠂ ᠭᠡᠳᠡᠰᠦ ᠡᠪᠡᠳᠬᠦ ᠶᠢ ᠵᠠᠰᠠᠨ᠎ᠠ᠃ ᠲᠡᠭᠦᠨ ᠢ ᠪᠠᠰᠠ ᠭᠠᠳᠠᠷ ᠬᠡᠷᠡᠭᠯᠡᠵᠦ᠂ ᠶᠠᠷ᠎ᠠ ᠢᠳᠡᠭᠡ ᠶᠢ ᠭᠠᠳᠠᠭᠰᠢᠯᠠᠭᠤᠯᠳᠠᠭ᠃ ᠪᠦᠭᠦᠯᠢ ᠡᠪᠡᠰᠦ ᠶᠢ ᠨᠢ ᠬᠤᠷᠤᠬᠠᠢ ᠠᠯᠠᠬᠤ ᠪᠤᠶᠤ ᠲᠠᠷᠢᠮᠡᠯ ᠤᠨ ᠵᠤᠶᠢᠯ ᠤᠨ ᠬᠤᠷᠤᠬᠠᠢ ᠶᠢ  ᠰᠡᠷᠭᠡᠶᠢᠯᠡᠭᠦ ᠳᠤ ᠬᠡᠷᠡᠭᠯᠡᠳᠡᠭ᠃
1017840398.jpg
 
ᠢᠷᠡᠯᠲᠡ᠄ ᠦᠪᠦᠷ ᠮᠤᠩᠭᠤᠯ ᠤᠨ ᠬᠡᠭᠡᠷ᠎ᠡ ᠶᠢᠨ ᠤᠷᠭᠤᠮᠠᠯ ᠤᠨ ᠵᠢᠷᠤᠭᠲᠤ ᠲᠤᠯᠠᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号