ᠠᠯᠮᠤᠷᠠᠳᠯᠢᠭ  ᠠᠯᠢᠮ᠎ᠠ
ᠨᠡᠶᠢᠲᠡᠯᠡᠭᠰᠡᠨ ᠴᠠᠭ᠄
2023/11/9
      ᠮᠤᠳᠤᠨ ᠤ ᠤᠷᠭᠤᠴᠠ ᠨᠢ ᠢᠳᠡᠷᠡᠬᠦᠨ᠂ ᠦᠷ᠎ᠡ ᠵᠢᠮᠢᠰ ᠰᠠᠭᠤᠬᠤ ᠨᠢ ᠡᠷᠲᠡ᠂ ᠶᠡᠷᠦ ᠳᠡᠭᠡᠨ ᠲᠦᠷᠪᠡᠨ ᠵᠢᠯ ᠪᠤᠯᠤᠭᠰᠠᠭᠠᠷ ᠵᠢᠮᠢᠰ ᠰᠠᠭᠤᠳᠠᠭ᠃ ᠡᠬᠢᠯᠡᠭᠡᠳ ᠵᠢᠮᠢᠰ ᠰᠠᠭᠤᠬᠤ ᠦᠶ᠎ᠡ ᠳᠤ ᠪᠠᠨ ᠬᠤᠷᠢᠶᠠᠯᠳᠠ ᠨᠢ ᠦᠨᠳᠦᠷ᠂ ᠶᠠᠪᠤᠬᠤ ᠲᠤᠳᠤᠮ ᠨᠡᠮᠡᠭᠳᠡᠵᠦ᠂ ᠵᠠᠯᠭᠠᠯᠳᠤᠭ᠎ᠠ ᠪᠠᠷ ᠡᠯᠪᠡᠭ ᠬᠤᠷᠢᠶᠠᠯᠳᠠ ᠤᠯᠬᠤ ᠪᠦᠭᠡᠳ ᠬᠤᠷᠢᠶᠠᠯᠳᠠ ᠨᠢ ᠴᠤ ᠲᠤᠭᠲᠠᠭᠤᠨ ᠪᠠᠶᠢᠳᠠᠭ᠃ ᠦᠷ᠎ᠡ ᠵᠢᠮᠢᠰ ᠨᠢ ᠨᠡᠯᠢᠶᠠᠳ ᠲᠤᠮᠤ᠂ 2~3  ᠵᠢᠮᠢᠰ ᠨᠢ 500 ᠭᠷᠡᠮ ᠪᠤᠯᠴᠢᠬᠠᠳᠠᠭ᠃ ᠦᠷ᠎ᠡ ᠵᠢᠮᠢᠰ ᠤᠨ ᠬᠡᠯᠪᠡᠷᠢ ᠲᠦᠷᠰᠦ ᠨᠢ ᠨᠢᠭᠡᠳᠦᠯ ᠦᠭᠡᠢ᠂  ᠵᠠᠷᠢᠮ ᠨᠢ ᠬᠠᠪᠲᠠᠭᠠᠶᠢᠯᠢᠭ᠂  ᠵᠠᠷᠢᠮ ᠨᠢ ᠲᠤᠭᠤᠷᠢᠭ ᠬᠡᠯᠪᠡᠷᠢᠳᠠᠢ᠃ ᠵᠢᠮᠢᠰ ᠤᠨ ᠬᠠᠯᠢᠰᠤ ᠨᠢ ᠵᠤᠵᠠᠭᠠᠯᠢᠭ᠂ ᠭᠡᠪᠡᠴᠦ ᠬᠦᠯᠢᠭᠡᠷ ᠪᠢᠰᠢ᠂ ᠰᠠᠭᠤᠷᠢ ᠦᠩᠭᠡ ᠨᠢ ᠰᠢᠷᠠᠪᠲᠤᠷ᠂ ᠨᠠᠷᠠᠨ ᠲᠠᠯ᠎ᠠ ᠨᠢ ᠤᠯᠠᠭᠠᠨ ᠪᠤᠯᠳᠠᠭ᠃ ᠵᠢᠮᠢᠰ ᠤᠨ ᠮᠢᠬ᠎ᠠ ᠨᠢ ᠨᠢᠭᠲᠠᠯᠢᠭ᠂ ᠬᠡᠦᠷᠡᠭ᠂ ᠰᠢᠭᠦᠰᠦ ᠤᠯᠠᠨ᠂ ᠰᠢᠬᠢᠷ ᠬᠦᠴᠢᠯ ᠤᠨ ᠬᠡᠮᠵᠢᠶ᠎ᠡ ᠨᠢ ᠲᠤᠬᠢᠳᠠᠢ᠂ ᠴᠢᠯᠠᠭᠤᠨ ᠡᠰ ᠴᠦᠬᠡᠨ᠂ ᠴᠢᠨᠠᠷ ᠴᠢᠨᠰᠠᠭ᠎ᠠ ᠨᠢ ᠣᠬᠢ ᠰᠠᠶᠢᠨ᠃      ᠲᠤᠰ ᠡᠭᠦᠯᠳᠡᠷ ᠪᠤᠯ ᠬᠦᠢᠲᠡᠨ ᠠᠭᠤᠷ ᠠᠮᠢᠰᠬᠤᠯ ᠳᠤ ᠲᠡᠰᠪᠦᠷᠢᠳᠠᠢ ᠪᠦᠭᠡᠳ ᠬᠦᠯᠳᠠᠯ ᠳᠤ ᠪᠠᠭ᠎ᠠ ᠰᠠᠭ᠎ᠠ ᠲᠠᠭᠠᠷᠢᠭᠳᠠᠭᠰᠠᠨ ᠴᠤ ᠡᠳᠡᠭᠡᠷᠡᠬᠦ ᠨᠢ ᠲᠦᠷᠭᠡᠨ᠂ ᠭᠠᠩ ᠬᠠᠭᠤᠷᠠᠢ ᠳᠤ ᠲᠡᠰᠪᠦᠷᠢᠳᠠᠢ᠂ ᠤᠰᠤᠳᠤᠯ ᠢ ᠲᠠᠭᠠᠭᠠᠬᠤ ᠪᠤᠯᠪᠠᠴᠤ ᠲᠤᠭᠰᠢᠨ ᠰᠠᠯᠬᠢᠨ ᠳᠤ ᠦᠷ᠎ᠡ ᠵᠢᠮᠢᠰ ᠨᠢ ᠬᠠᠯᠴᠠᠷᠠᠬᠤ ᠨᠢ ᠨᠤᠴᠢᠳᠠᠢ᠃ ᠮᠠᠨ ᠤ ᠤᠷᠤᠨ ᠳᠤ ᠪᠠᠷᠤᠭ 9 ᠰᠠᠷ᠎ᠠ ᠶᠢᠨ ᠰᠡᠭᠦᠯᠴᠢ ᠪᠠᠷ ᠪᠤᠯᠪᠠᠰᠤᠷᠠᠨ᠎ᠠ᠃ ᠬᠠᠳᠠᠭᠠᠯᠠᠯᠳᠠ ᠳᠤ ᠲᠦᠢᠯ ᠤᠨ ᠲᠡᠰᠪᠦᠷᠢᠳᠠᠢ᠂ ᠪᠠᠷᠤᠭ ᠳᠠᠷᠠᠭ᠎ᠠ ᠵᠢᠯ ᠤᠨ 5~6  ᠰᠠᠷ᠎ᠠ ᠪᠤᠯᠲᠠᠯ᠎ᠠ ᠬᠠᠳᠠᠭᠠᠯᠠᠵᠤ ᠪᠤᠯᠬᠤ ᠪᠦᠭᠡᠳ ᠬᠠᠳᠠᠭᠠᠯᠠᠬᠤ ᠲᠤᠳᠤᠮ ᠴᠢᠨᠠᠷᠯᠢᠭ ᠪᠤᠯᠤᠨ᠎ᠠ᠃      ︽ᠵᠢᠮᠢᠰ ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ︾  ᠭᠡᠬᠦ ᠨᠤᠮ ᠠᠴᠠ ᠪᠠᠭᠤᠯᠭᠠᠪᠠ᠃
 
ᠢᠷᠡᠯᠲᠡ᠄ ︽ᠵᠢᠮᠢᠰ ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号