ᠬᠡᠭᠡᠷ᠎ᠡ ᠶᠢᠨ ᠬᠤᠰᠢᠶᠠᠩᠭᠤᠷ
ᠨᠡᠶᠢᠲᠡᠯᠡᠭᠰᠡᠨ ᠴᠠᠭ᠄
2023/12/26
      ᠤᠯᠠᠨ ᠨᠠᠰᠤᠲᠤ ᠡᠪᠡᠰᠦᠯᠢᠭ ᠳᠤᠮᠳᠠᠰᠠᠭ ᠤᠷᠭᠤᠮᠠᠯ᠃ ᠤᠢ ᠶᠢᠨ ᠭᠦᠪᠡᠭᠡᠨ ᠤ ᠨᠤᠭᠤ ᠶᠢᠨ ᠳᠠᠭᠠᠯᠳᠤᠬᠤ ᠳᠦᠷᠰᠦ ᠪᠤᠶᠤ ᠳᠡᠳ᠋ ᠵᠤᠩᠬᠢᠯᠠᠬᠤ ᠳᠦᠷᠰᠦ ᠨᠢ ᠪᠤᠯᠳᠠᠭ᠃ ᠤᠯᠠᠩᠬᠢ ᠨᠢ ᠦᠩ ᠰᠢᠮᠡᠯᠢᠭ ᠡᠯᠡᠰᠦᠷᠬᠡᠦ ᠬᠠᠷ᠎ᠠ ᠺᠠᠯᠽᠲᠤ ᠬᠦᠷᠦᠰᠦ ᠵᠢᠴᠢ ᠬᠠᠷ᠎ᠠ ᠬᠦᠷᠦᠰᠦᠨ ᠳᠤ ᠤᠷᠭᠤᠳᠠᠭ᠂ ᠭᠡᠪᠡᠴᠦ ᠬᠠᠶᠢᠷᠬᠠᠭ ᠪᠦᠳᠦᠭᠦᠯᠢᠭ ᠬᠦᠷᠦᠰᠦᠨ ᠳᠤ ᠤᠷᠭᠤᠬᠤ ᠳᠤ ᠲᠤᠬᠢᠷᠠᠮᠵᠢᠲᠠᠢ ᠪᠠᠶᠢᠳᠠᠭ᠃ ᠮᠠᠨ ᠤ ᠤᠷᠤᠨ ᠤ ᠬᠢᠩᠭᠠᠨ ᠤ ᠬᠤᠶᠢᠳᠤ ᠬᠡᠰᠡᠭ᠂ ᠬᠤᠷᠴᠢᠨ ᠲᠤᠭᠤᠷᠢᠭ᠂ ᠬᠢᠩᠭᠠᠨ ᠤ ᠡᠮᠦᠨᠡᠲᠦ ᠬᠡᠰᠡᠭ᠂ ᠳᠠᠪᠠᠭᠠᠨ ᠤ ᠪᠠᠷᠠᠭᠤᠨ ᠲᠤᠭᠤᠷᠢᠭ᠂ ᠬᠦᠯᠦᠨ ᠪᠤᠶᠢᠷ— ᠰᠢᠯᠢ ᠶᠢᠨ ᠭᠤᠤᠯ ᠤᠨ ᠦᠨᠳᠦᠷᠯᠢᠭ ᠤᠨ ᠵᠡᠭᠦᠨ ᠬᠡᠰᠡᠭ ᠪᠤᠯᠤᠨ ᠡᠮᠤᠨᠡᠳᠦ ᠬᠡᠰᠡᠭ᠂ ᠤᠯᠠᠭᠠᠨᠴᠠᠪ ᠲᠤᠭᠤᠷᠢᠭ ᠤᠨ ᠡᠮᠦᠨᠡᠲᠤ ᠬᠡᠰᠡᠭ᠂ ᠮᠤᠨᠢ ᠠᠭᠤᠯᠠ ᠶᠢᠨ ᠲᠤᠭᠤᠷᠢᠭ ᠢᠶᠠᠷ ᠤᠷᠭᠤᠯᠲᠠ ᠲᠠᠢ᠃ ᠮᠠᠨ ᠤ ᠤᠯᠤᠰ ᠤᠨ ᠵᠡᠭᠦᠨ ᠬᠤᠶᠢᠲᠤ ᠤᠷᠤᠨ᠂ ᠤᠮᠠᠷᠠᠲᠤ ᠤᠷᠤᠨ ᠢᠶᠠᠷ ᠲᠠᠷᠬᠠᠨ᠂ ᠰᠤᠯᠤᠩᠭᠤᠰ᠂ ᠶᠠᠫᠤᠨ᠂ ᠤᠷᠤᠰ ᠤᠨ ᠠᠯᠤᠰ ᠳᠤᠷᠤᠨᠠᠲᠤ ᠪᠤᠯᠤᠨ ᠰᠢᠪᠧᠷᠢᠶ᠎ᠠ ᠪᠠᠷ ᠪᠠᠰᠠ ᠲᠠᠷᠬᠠᠵᠤ ᠪᠠᠶᠢᠳᠠᠭ᠃ ᠰᠢᠯᠢᠳᠡᠭ ᠲᠡᠵᠢᠭᠡᠯᠲᠤ ᠤᠷᠭᠤᠮᠠᠯ᠃ ᠰᠤᠷᠭᠤᠭ ᠵᠦᠭᠡᠯᠡᠨ ᠦᠶ᠎ᠠ ᠳᠤᠨᠢ ᠮᠠᠯ ᠲᠡᠵᠢᠭᠡᠪᠦᠷᠢ ᠪᠦᠷ ᠳᠤᠷᠠᠲᠠᠢ ᠢᠳᠡᠳᠡᠭ᠃ ᠤᠰᠤᠨ ᠤ ᠨᠦᠭᠦᠴᠠᠯ ᠢᠶᠠᠷ ᠰᠠᠶᠢᠨ ᠭᠠᠵᠠᠷ ᠤᠷᠤᠨ ᠳᠤ ᠤᠷᠤᠭᠤᠯᠤᠨ ᠲᠠᠷᠢᠪᠡᠯ ᠵᠤᠬᠢᠨ᠎ᠠ᠃ ᠵᠦᠭᠡᠢ ᠶᠢᠨ ᠪᠠᠯ ᠤᠨ ᠢᠷᠡᠯᠲᠡ ᠶᠢᠨ ᠤᠷᠭᠤᠮᠠᠯ ᠪᠤᠯᠠᠬᠤ ᠪᠦᠭᠡᠳ ᠪᠦᠭᠦᠯᠢ ᠡᠪᠡᠰᠦ ᠨᠢ ᠡᠮ ᠳᠤ ᠤᠷᠤᠵᠤ᠂ ᠲᠠᠶᠢᠪᠤᠰᠢᠷᠠᠭᠤᠯᠬᠤ᠂ ᠬᠠᠨᠢᠶᠠᠳᠤ ᠶᠢ ᠵᠤᠭᠰᠤᠭᠠᠬᠤ᠂ ᠴᠢᠰᠤ ᠲᠤᠭᠲᠠᠭᠠᠬᠤ ᠵᠡᠷᠭᠡ ᠦᠢᠯᠡᠳᠦᠯ ᠲᠠᠢ ᠶᠤᠮ᠃
58760_20120817232638402200_0.jpg
 
ᠢᠷᠡᠯᠲᠡ᠄ ᠦᠪᠦᠷ ᠮᠤᠩᠭᠤᠯ ᠤᠨ ᠬᠡᠭᠡᠷ᠎ᠡ ᠶᠢᠨ ᠤᠷᠭᠤᠮᠠᠯ ᠤᠨ ᠵᠢᠷᠤᠭᠲᠤ ᠲᠤᠯᠠᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号