︵1︶ ᠪᠡᠯᠴᠢᠭᠡᠷ ᠤᠨ ᠭᠦᠷᠤᠰᠤ ᠰᠢᠷᠤᠢ ᠶᠢ ᠶᠠᠭᠠᠭᠢᠵᠤ ᠰᠤᠯᠠᠷᠠᠭᠤᠯᠬᠤ ᠪᠤᠢ︖ | ᠪᠤᠳᠠᠳᠤ ᠦᠢᠯᠡᠳᠪᠤᠷᠢᠯᠡᠯ ᠤᠨ ᠲᠤᠮᠳᠠ ᠪᠡᠯᠴᠢᠭᠡᠷ ᠢ ᠨᠡᠷᠬᠠᠳᠡᠨ ᠰᠤᠯᠠᠷᠠᠭᠤᠯᠬᠤ᠂ ᠭᠦᠷᠤᠰᠤ ᠶᠢ ᠡᠰᠭᠡᠵᠤ | ᠵᠦᠰᠤᠭᠦ᠂ ᠤᠷᠪᠠᠭᠤᠯᠤᠨ ᠨᠠᠷᠬᠠᠳᠠᠬᠤ ᠵᠡᠷᠭᠡ ᠠᠷᠭ᠎ᠠ ᠪᠠᠷ ᠪᠡᠯᠴᠢᠭᠡᠷ ᠤᠨ ᠭᠦᠷᠤᠰᠤ ᠶᠢ ᠰᠤᠯᠠᠷᠠᠭᠤᠯᠵᠤ ᠭᠦᠷᠦᠰᠤ | ᠰᠢᠷᠤᠢ ᠶᠢᠨ ᠪᠦᠳᠦᠴᠡ ᠪᠡ ᠭᠡᠢ ᠨᠡᠪᠳᠡᠷᠡᠭᠦ ᠴᠢᠨᠠᠷ ᠢ ᠰᠠᠶᠢᠵᠢᠷᠠᠭᠤᠯᠵᠤ᠂ ᠤᠰᠤ ᠰᠢᠮᠡᠳᠭᠦ ᠴᠢᠳᠠᠪᠤᠷᠢ ᠶᠢ ᠨᠢ | ᠨᠡᠮᠡᠭᠳᠡᠭᠦᠯᠵᠤ᠂ ᠬᠠᠳᠤᠯᠠᠩ ᠪᠡᠯᠴᠢᠭᠡᠷ ᠤᠨ ᠤᠷᠤᠭᠤᠯᠤᠯᠳᠠ ᠳᠤ ᠰᠠᠶᠢᠨ ᠰᠠᠶᠢᠬᠠᠨ ᠨᠦᠭᠦᠴᠡᠯ ᠢ ᠪᠦᠷᠢᠯᠳᠦᠭᠦᠯᠦᠨ | ᠦᠭᠳᠡᠭ ᠪᠠᠶᠢᠨ᠎ᠠ᠃ | ︵2︶ ᠪᠡᠯᠴᠢᠭᠡᠷ ᠤᠨ ᠭᠦᠷᠤᠰᠤ ᠶᠢ ᠶᠠᠮᠠᠷ ᠠᠷᠭ᠎ᠠ ᠪᠠᠷ ᠨᠠᠷᠬᠠᠳᠠᠨ ᠰᠤᠯᠠᠷᠠᠭᠤᠯᠬᠤ ᠪᠤᠢ︖ | ᠪᠡᠯᠴᠢᠭᠡᠷ ᠤᠨ ᠭᠦᠷᠦᠰᠤ ᠶᠢ ᠨᠠᠷᠬᠠᠳᠠᠨ ᠰᠤᠯᠠᠷᠠᠭᠤᠯᠬᠤ ᠪᠤᠯ ᠪᠡᠯᠴᠢᠭᠡᠷ ᠢ ᠰᠠᠶᠢᠵᠢᠷᠠᠭᠤᠯᠬᠤ ᠭᠤᠤᠯ | ᠠᠷᠭ᠎ᠠ ᠨᠤᠭᠤᠳ ᠤᠨ ᠨᠢᠭᠡ ᠨᠢ ᠪᠤᠯᠤᠨ᠎ᠠ᠃ ᠲᠡᠭᠦᠨ ᠤ ᠭᠤᠤᠯ ᠦᠢᠯᠡᠳᠦᠯ ᠨᠢ ᠭᠡᠪᠡᠯ ᠨᠢᠭᠡ ᠳᠤ ᠪᠡᠯᠴᠢᠭᠡᠷ ᠢ | ᠴᠡᠪᠡᠷᠯᠡᠵᠤ᠂ ᠰᠦᠪᠡᠷᠭᠡᠭ ᠦᠨᠳᠤᠰᠤ ᠶᠢᠨ ᠭᠡᠯᠪᠡᠷᠢ ᠪᠡ ᠦᠨᠳᠦᠰᠦᠯᠢᠭ ᠭᠡᠯᠪᠡᠷᠢ ᠶᠢᠨ ᠤᠷᠭᠤᠮᠠᠯ ᠤᠨ ᠰᠢᠮ᠎ᠠ | ᠲᠡᠵᠢᠭᠡᠯ ᠤᠨ ᠰᠢᠨᠡᠴᠢᠯᠡᠯᠳᠡ ᠶᠢ ᠨᠢ ᠠᠭᠢᠭᠤᠯᠳᠠᠭ᠃ ᠬᠤᠶᠠᠷ ᠲᠤ ᠪᠡᠯᠴᠢᠭᠡᠷ ᠪᠤᠯᠤᠨ ᠭᠦᠷᠤᠰᠤᠨ ᠤ ᠦᠡᠭᠭᠡᠨ | ᠲᠠᠪᠬᠤᠷᠭ᠎ᠠ ᠶᠢ ᠨᠠᠷᠬᠠᠳᠠᠨ ᠰᠤᠯᠠᠷᠠᠭᠤᠯᠪᠠᠯ᠂ ᠭᠦᠷᠤᠰᠤ ᠰᠢᠷᠤᠢ ᠶᠢᠨ ᠭᠡᠢ ᠨᠡᠪᠳᠡᠷᠡᠭᠦ ᠪᠡ ᠤᠰᠤ ᠰᠢᠮᠡᠳᠭᠦ ᠶᠢ | ᠪᠦᠳᠦᠮᠵᠢᠳᠡᠢ ᠪᠠᠷ ᠰᠠᠶᠢᠵᠢᠷᠠᠭᠤᠯᠵᠤ᠂ ᠡᠪᠡᠰᠤᠨ ᠤ ᠰᠢᠨᠡᠴᠢᠯᠡᠯᠳᠡ ᠶᠢ ᠠᠭᠢᠭᠤᠯᠵᠤ ᠴᠢᠳᠠᠨ᠎ᠠ᠃ | ︵3︶ ᠪᠡᠯᠴᠢᠭᠡᠷ ᠤᠨ ᠭᠦᠷᠤᠰᠤ ᠶᠢ ᠶᠠᠷᠦᠳᠡ ᠪᠠᠨ ᠶᠠᠭᠠᠭᠢᠵᠤ ᠨᠠᠷᠬᠠᠳᠠᠨ ᠰᠤᠯᠠᠷᠠᠭᠤᠯᠳᠠᠭ ᠪᠤᠢ︖ | ᠶᠠᠷᠤ ᠳᠡᠭᠡᠨ ᠭᠦᠷᠦᠰᠤ ᠶᠢ ᠪᠦᠰᠡᠯᠢᠭ ᠰᠤᠯᠠᠷᠠᠭᠤᠯᠬᠤ ᠪᠠ ᠭᠦᠷᠤᠰᠤ ᠶᠢ ᠰᠤᠯᠠᠷᠠᠭᠤᠯᠤᠨ ᠨᠦᠭᠦᠵᠤ ᠲᠠᠷᠢᠬᠤ | ᠠᠷᠭ᠎ᠠ ᠶᠢ ᠠᠪᠳᠠᠭ᠃ ᠪᠤᠳᠠᠳᠠᠢ ᠪᠠᠷ ᠭᠡᠯᠡᠪᠡᠯ᠄ | ① ᠭᠦᠷᠤᠰᠤ ᠶᠢ ᠪᠦᠰᠡᠯᠢᠭ ᠰᠤᠯᠠᠷᠠᠭᠤᠯᠬᠤ᠄ ᠭᠦᠷᠤᠰᠤ ᠰᠤᠯᠠᠷᠠᠭᠤᠯᠬᠤ ᠮᠠᠰᠢᠨ ᠢᠶᠠᠷ ᠠᠳᠠᠯᠢ ᠦᠨᠳᠤᠷ ᠤᠨ | ᠱᠤᠭᠤᠮ ᠢᠶᠠᠷ ᠨᠠᠷᠬᠠᠳᠠᠵᠤ᠂ ᠪᠦᠰᠡᠨ ᠤ ᠦᠷᠭᠡᠴᠡ ᠶᠢ 30m᠂ ᠬᠤᠭᠤᠷᠤᠨᠳᠤᠭᠢ ᠵᠠᠢ ᠶᠢ 5m ᠪᠠᠶᠢᠯᠭᠠᠵᠤ᠂ | ᠪᠤᠷᠤᠭ᠎ᠠ ᠤᠷᠤᠠᠠᠰᠠᠨ ᠤ ᠰᠡᠭᠦᠯᠡᠷ ᠰᠤᠯᠠᠷᠠᠭᠤᠯᠵᠤ᠂ 15~20cm ᠭᠦᠨ ᠰᠤᠯᠠᠷᠠᠭᠤᠯᠪᠠᠯ ᠮᠠᠰᠢ ᠰᠠᠶᠢᠨ᠃ ᠡᠨᠡ | ᠠᠷᠭ᠎ᠠ ᠨᠢ ᠶᠠᠷᠦᠩᠭᠡᠢ ᠳᠡᠭᠡᠨ ᠭᠠᠩ ᠬᠠᠭᠤᠷᠠᠢ ᠲᠠᠯ᠎ᠠ ᠶᠢᠨ ᠪᠦᠰᠨ ᠶᠢᠨ ᠦᠨᠳᠤᠰᠤᠨ ᠤ ᠪᠤᠳᠠ ᠶᠢᠨ ᠭᠡᠯᠪᠡᠷᠢᠳᠤ | ᠪᠡᠯᠴᠢᠭᠡᠷ᠂ ᠵᠢᠱᠢᠶᠡᠯᠡᠪᠡᠯ ᠠᠭᠢᠳᠤ ᠪᠡᠯᠴᠢᠭᠡᠷ ᠲᠤ ᠲᠤᠭᠢᠷᠠᠨ᠎ᠠ᠃ | ② ᠭᠦᠷᠦᠰᠤ ᠶᠢ ᠰᠤᠯᠠᠷᠠᠭᠤᠯᠤᠨ ᠨᠦᠭᠦᠵᠤ ᠲᠠᠷᠢᠬᠤ᠄ ᠡᠪᠡᠰᠤ ᠬᠠᠳᠤᠯᠠᠩ ᠨᠦᠭᠦᠵᠤ ᠲᠠᠷᠢᠬᠤ ᠳᠤ | ᠪᠦᠰᠡ ᠶᠢᠨ ᠦᠷᠭᠡᠴᠡ ᠶᠢ 14~24cm᠂ ᠭᠦᠷᠦᠰᠤ ᠰᠤᠯᠠᠷᠠᠭᠤᠯᠬᠤ ᠭᠦᠨᠴᠡ ᠶᠢ 10~16cm ᠪᠠᠶᠢᠯᠭᠠᠵᠤ᠂ | ᠨᠦᠭᠦᠨ ᠲᠠᠷᠢᠬᠤ ᠪᠦᠰᠡ ᠶᠢᠨ ᠬᠤᠭᠤᠷᠤᠨᠳᠤᠭᠢ ᠵᠠᠢ ᠶᠢ ᠭᠠᠵᠠᠷ ᠤᠨ ᠪᠠᠶᠢᠴᠠ ᠶᠢ ᠦᠵᠡᠨ ᠲᠤᠠᠠᠳᠠᠭᠠᠵᠤ᠂ ᠦᠷᠭᠡᠨ | ᠨᠠᠷᠢᠨ ᠵᠤᠷᠠᠭ᠎ᠠ ᠪᠦᠷ ᠪᠠᠶᠢᠵᠤ ᠪᠤᠯᠤᠨ᠎ᠠ᠃ ᠨᠠᠷᠢᠨ ᠵᠤᠷᠠᠭ᠎ᠠ ᠶᠢᠨ ᠭᠦᠢᠭᠡᠨ ᠭᠤᠪᠢᠯ ᠤᠨ ᠪᠦᠰᠡ ᠶᠢᠨ ᠦᠷᠭᠡᠴᠡ ᠶᠢ | 10cm᠂ ᠭᠦᠨᠴᠡ ᠶᠢ 5~6cm ᠢᠶᠠᠷ ᠨᠦᠭᠦᠨ ᠲᠠᠷᠢᠪᠡᠯ ᠮᠠᠰᠢ ᠰᠠᠶᠢᠨ ᠦᠷ᠎ᠡ ᠪᠦᠳᠦᠮᠵᠢ ᠲᠠᠢ ᠪᠠᠶᠢᠨ᠎ᠠ᠃ | ︵4︶ ᠪᠠᠶᠢᠡᠭᠭᠤ ᠭᠡᠷᠡᠭᠯᠡᠳᠡᠭ ᠨᠠᠷᠬᠠᠳᠠᠭᠤᠷ ᠮᠠᠰᠢᠨ ᠳᠤ ᠶᠠᠮᠠᠷ ᠭᠡᠳᠦᠨ ᠵᠦᠢᠯ ᠪᠠᠶᠢᠬᠤ ᠪᠤᠢ︖ | ᠪᠠᠶᠢᠡᠭᠭᠤ ᠭᠡᠷᠡᠭᠯᠡᠳᠡᠭ ᠨᠠᠷᠬᠠᠳᠠᠬᠤ ᠮᠠᠰᠢᠨ ᠬᠤᠶᠠᠷ ᠵᠦᠢᠯ ᠪᠠᠶᠢᠨ᠎ᠠ᠃ ᠲᠤᠬᠠᠶᠢᠯᠠᠪᠠᠯ ᠠᠷᠠᠭᠠᠳᠤ ᠨᠠᠷᠬᠠᠳᠠᠭᠤᠷ | ᠮᠠᠰᠢᠨ ᠪᠠ ᠲᠤᠭᠤᠷᠢᠭ ᠨᠠᠷᠬᠠᠳᠠᠭᠤᠷ ᠮᠠᠰᠢᠨ ᠪᠤᠯᠤᠨ᠎ᠠ᠃ | ᠠᠷᠠᠭᠠᠳᠤ ᠨᠠᠷᠬᠠᠳᠠᠭᠤᠷ ᠮᠠᠰᠢᠨ ᠢ ᠪᠤᠯ ᠡᠪᠡᠰᠤ ᠤᠷᠭᠤᠬᠤ ᠰᠢᠷᠤᠢ ᠶᠢᠨ ᠭᠡᠰᠡᠭ ᠪᠤᠯᠤᠨ ᠭᠦᠷᠦᠰᠤᠨ ᠤ | ᠭᠠᠳᠠᠷ ᠲᠠᠪᠬᠤᠷᠭ᠎ᠠ ᠶᠢ ᠰᠤᠯᠠᠷᠠᠭᠤᠯᠬᠤ ᠳᠤ ᠭᠡᠷᠡᠭᠯᠡᠵᠤ᠂ ᠦᠨᠳᠤᠰᠦ ᠶᠢ ᠦᠭᠳᠡᠭᠡᠨ ᠠᠷᠢᠯᠭᠠᠵᠤ᠂ ᠭᠦᠪᠳᠤ ᠶᠢᠨ | ᠵᠦᠢᠯ ᠢ ᠬᠤᠰᠤᠵᠤ ᠠᠷᠢᠯᠭᠠᠨ᠎ᠠ᠃ ᠲᠤᠭᠤᠷᠢᠭ ᠨᠠᠷᠬ᠎ᠠ ᠨᠢ ᠪᠤᠯ ᠨᠠᠯᠢᠶᠡᠳ ᠭᠦᠨ ᠭᠦᠷᠦᠰᠤᠨ ᠲᠠᠪᠬᠤᠷᠭ᠎ᠠ ︵ | ᠶᠠᠷᠦᠩᠭᠡᠢ ᠳᠡᠭᠡᠨ 6~8cm︶ ᠶᠢ ᠨᠠᠷᠬᠠᠳᠠᠨ ᠰᠤᠯᠠᠷᠠᠭᠤᠯᠵᠤ᠂ ᠡᠪᠡᠰᠤ ᠤᠷᠭᠤᠬᠤ ᠰᠢᠷᠤᠢ ᠶᠢᠨ ᠪᠦᠭᠦᠯᠢ ᠵᠢᠴᠢ | ᠡᠪᠡᠰᠤᠨ ᠤ ᠲᠦᠷᠦᠯ ᠤᠨ ᠭᠦᠷᠦᠰᠤᠨ ᠲᠤᠤᠷᠠᠭᠢ ᠭᠡᠰᠡᠭ ᠢ ᠭᠡᠮᠭᠡᠴᠢᠳᠡᠭ ᠪᠠᠶᠢᠨ᠎ᠠ᠃ ᠡᠪᠡᠰᠤ ᠤᠷᠭᠤᠬᠤ ᠰᠢᠷᠤᠢ ᠨᠢ | ᠨᠡᠯᠢᠶᠡᠳ ᠵᠤᠵᠠᠭᠠᠨ ᠪᠦᠭᠡᠳ ᠲᠠᠴᠢᠷ ᠪᠡᠯᠴᠢᠭᠡᠷ ᠢ ᠪᠤᠯ ᠰᠡᠳᠡᠷᠭᠡᠢ ᠲᠤᠭᠤᠷᠢᠭ ᠨᠠᠷᠬᠠᠳᠠᠭᠤᠷ ᠮᠠᠰᠢᠨ ᠢᠶᠠᠷ | ᠨᠠᠷᠬᠠᠳᠠᠪᠠᠯ ᠮᠠᠰᠢ ᠰᠠᠶᠢᠨ ᠦᠷ᠎ᠡ ᠪᠦᠳᠦᠮᠵᠢ ᠤᠯᠤᠨ᠎ᠠ᠃ | ︵5︶ ᠭᠦᠷᠦᠰᠤ ᠶᠢ ᠡᠰᠭᠡᠵᠤ ᠵᠦᠰᠤᠵᠤ ᠰᠠᠶᠢᠵᠢᠷᠠᠭᠤᠯᠬᠤ ᠭᠡᠳᠡᠭ ᠨᠢ ᠶᠠᠮᠠᠷ ᠠᠷᠭ᠎ᠠ ᠶᠢ ᠵᠢᠭᠠᠵᠤ ᠪᠠᠶᠢᠬᠤ | ᠪᠤᠢ︖ | ᠡᠩ ᠲᠠᠷᠢᠭᠦᠨ ᠳᠤ ᠶᠠᠭᠠᠭᠢᠭᠠᠳ ᠭᠦᠷᠤᠰᠤ ᠶᠢ ᠡᠰᠭᠡᠨ ᠵᠦᠰᠦᠭᠦ ᠠᠷᠭ᠎ᠠ ᠪᠠᠷ ᠪᠡᠯᠴᠢᠭᠡᠷ ᠢ ᠰᠠᠶᠢᠵᠢᠷᠠᠭᠤᠯᠳᠠᠭ | ᠪᠤᠢ ᠭᠡᠪᠡᠯ ᠤᠯᠠᠨ ᠵᠢᠯ ᠤᠷᠭᠤᠠᠠᠰᠠᠨ ᠡᠪᠡᠰᠤ ᠪᠡᠯᠴᠢᠭᠡᠷ ᠨᠢ 3~5 ᠵᠢᠯ ᠴᠢᠨ᠋ᠬᠠᠰᠢᠯᠠᠪᠠᠯ ᠨᠡᠩ ᠤᠯᠠᠨ ᠵᠢᠯ | ᠤᠷᠭᠤᠵᠤ ᠠᠰᠢᠠᠠᠯᠬᠠᠳᠠᠬᠤ ᠶᠠᠪᠤᠴᠠ ᠳᠠᠭᠠᠨ ᠡᠪᠡᠰᠤᠨ ᠤ ᠭᠦᠷᠦᠰᠤᠨ ᠲᠤᠤᠷᠠᠭᠢ ᠦᠨᠳᠤᠰᠤ ᠡᠰᠢ ᠨᠢ ᠦᠡᠭᠭᠡᠨ | ᠲᠠᠯ᠎ᠠ ᠶᠢᠨ ᠰᠢᠷᠤᠢ ᠲᠠᠢ ᠪᠠᠷᠢᠯᠳᠤᠨ ᠪᠦᠭᠡᠮᠨᠡᠷᠡᠵᠤ᠂ ᠭᠦᠷᠤᠰᠤ ᠰᠢᠷᠤᠢ ᠶᠢ ᠬᠠᠳᠠᠭᠤᠷᠠᠭᠤᠯᠵᠤ᠂ ᠭᠦᠷᠤᠰᠤ | ᠰᠢᠷᠤᠢ ᠶᠢᠨ ᠲᠡᠭᠡᠳᠤ ᠭᠡᠰᠡᠭ ᠨᠢ ᠨᠢᠭᠡᠨ ᠲᠠᠪᠬᠤᠷᠭ᠎ᠠ ᠡᠪᠡᠰᠦᠯᠢᠭ ᠬᠠᠯᠢᠰᠤ ᠪᠤᠯᠤᠭᠠᠳ᠂ ᠭᠡᠢ ᠨᠡᠪᠳᠡᠷᠡᠭᠦ ᠦᠭᠡᠢ | ᠤᠰᠤ ᠰᠢᠮᠡᠳᠭᠦ ᠦᠭᠡᠢ ᠪᠤᠯᠵᠤ᠂ ᠤᠷᠭᠤᠮᠠᠯ ᠰᠢᠩᠭᠡᠷᠡᠵᠤ᠂ ᠮᠢᠺᠷᠤᠪ ᠤᠨ ᠠᠵᠢᠯᠯᠠᠭ᠎ᠠ ᠨᠢ ᠲᠤᠷᠦ᠋ᠢᠳᠠᠵᠤ᠂ ᠭᠦᠷᠤᠰᠤ | ᠰᠢᠷᠤᠢ ᠭᠠᠨᠭ᠍ᠳᠠᠨ ᠬᠠᠳᠠᠵᠤ᠂ ᠰᠢᠩᠭᠡᠭᠡᠨ ᠠᠪᠬᠤ ᠰᠢᠮ᠎ᠠ ᠲᠡᠵᠢᠭᠡᠯ ᠤᠨ ᠵᠦᠢᠯ ᠨᠢ ᠭᠦᠷᠦᠯᠴᠡᠬᠦ ᠦᠭᠡᠢ ᠪᠤᠯᠤᠭᠠᠳ᠂ | ᠦᠢᠯᠡᠳᠪᠤᠷᠢᠯᠡᠯ ᠤᠨ ᠭᠦᠴᠤᠨ ᠨᠢ ᠰᠢᠷᠦᠭᠦᠨ ᠪᠠᠭᠤᠷᠠᠳᠠᠭ ᠪᠠᠶᠢᠨ᠎ᠠ᠃ ᠡᠪᠡᠰᠤᠨ ᠤ ᠬᠠᠯᠢᠰᠤ ᠶᠢ ᠡᠰᠭᠡᠨ ᠵᠦᠰᠦᠵᠤ | ᠪᠠᠶᠢᠬᠤ ᠨᠢ ᠲᠠᠷᠤᠢ ᠪᠠᠶᠢᠭᠠᠯᠢᠯᠢᠬ ᠪᠡᠯᠴᠢᠭᠡᠷ ᠤᠨ ᠤᠷᠭᠤᠮᠠᠯ ᠤᠨ ᠪᠦᠳᠦᠴᠡ ᠶᠢ ᠨᠢ ᠡᠪᠳᠡᠭᠦ ᠦᠭᠡᠢ ᠪᠠᠶᠢᠳᠠᠯ ᠲᠤᠤᠷ᠎ᠡ | ᠡᠪᠡᠰᠤᠨ ᠬᠠᠯᠢᠰᠤᠯᠢᠭ ᠢ ᠵᠦᠰᠤᠨ ᠰᠠᠯᠭᠠᠵᠤ ᠪᠠᠶᠢᠬᠤ ᠨᠢᠭᠡᠨ ᠵᠦᠢᠯ ᠤᠨ ᠡᠪᠡᠰᠤ ᠪᠤᠶᠢᠵᠢᠭᠤᠯᠬᠤ ᠠᠷᠭ᠎ᠠ ᠭᠡᠮᠵᠢᠶ᠎ᠠ | ᠪᠤᠯᠤᠨ᠎ᠠ᠃ | ︵6︶ ᠪᠡᠯᠴᠢᠭᠡᠷ ᠪᠦᠭᠦᠨ ᠢ ᠴᠦᠮ ᠡᠰᠭᠡᠵᠤ ᠵᠦᠰᠤᠵᠤ ᠰᠠᠶᠢᠵᠢᠷᠠᠭᠤᠯᠵᠤ ᠪᠤᠯᠤᠨ᠎ᠠ ᠤᠤ︖ | ᠡᠰᠭᠡᠵᠤ ᠵᠦᠰᠦᠭᠦ ᠠᠷᠭ᠎ᠠ ᠨᠢ ᠭᠡᠳᠦ᠋ᠢᠪᠡᠷ ᠰᠠᠶᠢᠨ ᠪᠤᠯᠪᠠᠴᠤ ᠪᠡᠯᠴᠢᠭᠡᠷ ᠪᠦᠭᠦᠨ ᠢ ᠴᠦᠮ ᠡᠰᠭᠡᠵᠤ ᠵᠦᠰᠦᠭᠦ | ᠴᠢᠬᠤᠯᠠ ᠦᠭᠡᠢ ᠪᠠᠶᠢᠳᠠᠭ᠃ ᠭᠤᠤᠯ ᠨᠢ ᠪᠡᠯᠴᠢᠭᠡᠷ ᠤᠨ ᠪᠤᠳᠠᠳᠠᠢ ᠨᠦᠭᠦᠴᠡᠯ ᠢ ᠦᠨᠳᠦᠰᠦᠯᠡᠨ ᠲᠤᠠᠠᠳᠠᠭᠠᠬᠤ | ᠭᠡᠷᠡᠭᠳᠡᠢ᠃ ᠵᠢᠱᠢᠶᠡᠯᠡᠪᠡᠯ ᠬᠠᠭᠢᠷ ᠭᠦᠢᠳᠡᠨ ᠴᠢᠭᠢᠭᠯᠢᠭ ᠦᠨᠳᠦᠷᠯᠢᠭ ᠤᠨ ᠪᠡᠯᠴᠢᠭᠡᠷ᠂ ᠠᠭᠤᠷ ᠠᠮᠢᠰᠬᠤᠯ ᠲᠤᠯᠠᠭᠠᠨ | ᠪᠦᠭᠡᠳ ᠭᠦᠷᠦᠰᠤ ᠰᠢᠷᠤᠢ ᠨᠢ ᠵᠢᠯ ᠲᠤᠵᠢ ᠤᠰᠤᠷᠬᠠᠭ ᠪᠠᠶᠢᠳᠠᠭ ᠪᠡᠯᠴᠢᠭᠡᠷ ᠲᠤ ᠴᠦᠮ ᠡᠨᠡ ᠠᠷᠭ᠎ᠠ ᠶᠢ ᠭᠡᠷᠡᠭᠯᠡᠨ | ᠰᠠᠶᠢᠵᠢᠷᠠᠭᠤᠯᠵᠤ ᠪᠤᠯᠤᠨ᠎ᠠ᠃ ᠨᠠᠯᠠᠤ ᠭᠦᠳᠦᠯ ᠪᠤᠯᠤᠨ ᠭᠦᠷᠦᠰᠤᠨ ᠲᠠᠪᠬᠤᠷᠭ᠎ᠠ ᠨᠢ ᠨᠢᠮᠭᠡᠨ ᠬᠠᠶᠢᠷ ᠴᠢᠯᠠᠭᠤ ᠲᠠᠢ | ᠪᠠᠯᠴᠢᠭᠡᠷ ᠲᠤ ᠡᠨᠡ ᠠᠷᠭ᠎ᠠ ᠶᠢ ᠭᠡᠷᠡᠭᠯᠡᠵᠤ ᠪᠤᠯᠬᠤ ᠦᠭᠡᠢ᠃ | ︵7︶ ᠡᠰᠭᠡᠵᠤ ᠵᠦᠰᠦᠭᠦ ᠠᠷᠭ᠎ᠠ ᠶᠢ ᠶᠠᠭᠠᠭᠢᠵᠤ ᠭᠡᠷᠡᠭᠯᠡᠭᠦ ᠪᠤᠢ︖ ᠶᠠᠮᠠᠷ ᠠᠰᠠᠭᠤᠳᠠᠯ ᠢ ᠠᠩᠬᠠᠷᠬᠤ | ᠴᠢᠬᠤᠯᠠ ᠲᠠᠢ ᠪᠤᠢ︖ | ᠡᠪᠡᠰᠤᠨ ᠭᠦᠷᠤᠰᠤ ᠶᠢ ᠡᠰᠭᠡᠵᠤ ᠵᠦᠰᠦᠭᠦ ᠭᠦᠨᠴᠡ ᠶᠢ ᠡᠪᠡᠰᠤᠨ ᠭᠦᠷᠦᠰᠤᠨ ᠤ ᠵᠤᠵᠠᠭᠠᠨ ᠢᠶᠠᠷ | ᠪᠠᠷᠢᠮᠵᠢᠶᠠᠯᠡᠨᠠ᠃ ᠶᠠᠷᠦᠩᠭᠡᠢ ᠳᠡᠭᠡᠨ 10~15cm ᠠᠴᠠ ᠨᠢᠮᠭᠡᠨ ᠪᠠᠶᠢᠯᠭᠠᠵᠤ ᠪᠤᠯᠬᠤ ᠦᠭᠡᠢ᠃ ᠵᠦᠰᠦᠭᠦ | ᠮᠦᠷ ᠤᠨ ᠵᠠᠢ ᠶᠢ 30~60cm ᠪᠠᠶᠢᠯᠭᠠᠪᠠᠯ ᠲᠤᠭᠢᠷᠠᠮᠵᠢᠳᠡᠢ᠃ ᠡᠪᠡᠰᠤᠨ ᠭᠦᠷᠤᠰᠤ ᠶᠢ ᠡᠰᠭᠡᠵᠤ ᠵᠦᠰᠦᠭᠦ ᠳᠤ | ᠵᠠᠷᠢᠮ ᠡᠪᠡᠰᠤᠨ ᠤ ᠦᠨᠳᠤᠰᠤᠨ ᠰᠢᠰᠲ᠋ᠧᠮ ᠢ ᠲᠠᠰᠤᠯᠵᠤ᠂ ᠲᠡᠭᠦᠨ ᠤ ᠤᠷᠭᠤᠴᠠ ᠶᠢ ᠨᠢ ᠨᠦᠯᠦᠭᠡᠯᠡᠭᠦ ᠨᠢ ᠵᠠᠶᠢᠯᠠᠰᠢ | ᠦᠭᠡᠢ᠃ ᠡᠶᠢᠮᠤ ᠠᠴᠠ ᠬᠤᠷᠢᠶᠠᠯᠳᠠ ᠬᠠᠰᠤᠠᠠᠳᠠᠬᠤ ᠠᠴᠠ ᠵᠠᠶᠢᠯᠠᠰᠭᠢᠭᠦ ᠶᠢᠨ ᠲᠤᠰᠠᠳᠠ ᠡᠪᠡᠰᠤᠨ ᠭᠦᠷᠤᠰᠤ ᠶᠢ | ᠡᠰᠭᠡᠵᠤ ᠵᠦᠰᠦᠭᠦ ᠶᠠᠪᠤᠳᠠᠯ ᠢ ᠡᠪᠡᠰᠤ ᠨᠤᠭᠤᠭ᠎ᠠ ᠶᠢᠨ ᠤᠷᠭᠤᠯᠳᠠ ᠶᠢᠨ ᠭᠦᠭ ᠦᠶ᠎ᠠ ᠳᠤ ᠭᠢᠵᠤ ᠪᠤᠯᠬᠤ ᠦᠭᠡᠢ᠂ | ᠬᠠᠪᠤᠷ ᠡᠷᠳᠡ ᠪᠤᠶᠤ ᠨᠠᠮᠤᠷ ᠤᠨ ᠰᠡᠭᠦᠯᠴᠢ ᠭᠢᠪᠡᠯ ᠲᠤᠭᠢᠷᠠᠮᠵᠢᠳᠡᠢ᠃ ᠡᠰᠭᠡᠵᠤ ᠵᠦᠰᠦᠭᠦ ᠳᠡᠭᠡᠨ ᠡᠰᠭᠡᠵᠤ | ᠵᠦᠰᠦᠭᠦ ᠶᠢᠨ ᠲᠠᠭᠠᠤ ᠪᠠᠭ᠎ᠠ ᠰᠤᠯᠠᠷᠠᠭᠤᠯᠪᠠᠯ ᠰᠠᠶᠢᠨ᠃ ᠤᠷᠪᠠᠭᠤᠯᠬᠤ ᠶᠢ ᠡᠷᠡᠰ ᠴᠡᠭᠡᠷᠯᠡᠭᠦ ᠭᠡᠷᠡᠭᠳᠡᠢ᠃ | ︵8︶ ᠭᠦᠷᠦᠰᠤ ᠡᠰᠭᠡᠵᠤ ᠵᠦᠰᠦᠭᠦ ᠳᠤ ᠶᠠᠮᠠᠷ ᠮᠠᠰᠢᠨ ᠪᠠᠭᠠᠵᠢ ᠪᠠᠶᠢᠬᠤ ᠪᠤᠢ︖ | ᠡᠪᠡᠰᠤᠨ ᠭᠦᠷᠤᠰᠤ ᠡᠰᠭᠡᠵᠤ ᠵᠦᠰᠦᠭᠦ ᠳᠤ ᠭᠦᠯᠦᠰᠢᠨ ᠤ ᠤᠨᠤᠭ᠎ᠠ ᠪᠤᠶᠤ ᠲᠷᠠᠺᠲ᠋ᠤᠷ ᠢᠶᠠᠷ ᠴᠢᠷᠭᠦ | ᠲᠠᠷᠢᠶᠠᠯᠠᠩ ᠤᠨ ᠪᠠᠭᠠᠵᠢ ᠵᠢᠱᠢᠶᠡᠯᠡᠪᠡᠯ ᠬᠠᠷᠢᠶᠠᠴᠠᠢ ᠠᠠᠵᠢᠰᠤ᠂ ᠲᠤᠭᠤᠷᠢᠭ ᠨᠠᠷᠬᠠᠳᠠᠭᠤᠷ ᠮᠠᠰᠢᠨ᠂ ᠨᠢᠷᠤᠭᠤ ᠦᠭᠡᠢ | ᠠᠠᠵᠢᠰᠤ ᠵᠡᠷᠭᠡ ᠶᠢ ᠴᠦᠮ ᠭᠡᠷᠡᠭᠯᠡᠵᠤ ᠪᠤᠯᠤᠨ᠎ᠠ᠃ | ︵9︶ ᠭᠦᠢᠭᠡᠨ ᠤᠷᠪᠠᠭᠤᠯᠵᠤ ᠰᠠᠶᠢᠵᠢᠷᠠᠭᠤᠯᠬᠤ ᠭᠡᠳᠡᠭ ᠨᠢ ᠶᠠᠭᠤ ᠶᠢ ᠵᠢᠭᠠᠵᠤ ᠪᠠᠶᠢᠬᠤ ᠪᠤᠢ︖ | ᠪᠡᠯᠴᠢᠭᠡᠷ ᠢ ᠭᠦᠢᠭᠡᠨ ᠤᠷᠪᠠᠭᠤᠯᠬᠤ ᠭᠡᠳᠡᠭ ᠨᠢ ᠲᠠᠷᠤᠢ ᠬᠤᠤᠰ ᠭᠦᠷᠳᠦᠳᠤ ᠬᠤᠤᠰ ᠬᠤᠰᠢᠭᠤᠳᠤ ᠠᠠᠵᠢᠰᠤ | ᠪᠤᠶᠤ ᠮᠠᠰᠢᠨ ᠴᠢᠷᠦᠭᠦᠯᠳᠤ ᠲᠠᠪᠤᠨ ᠬᠤᠰᠢᠭᠤᠳᠤ ᠠᠠᠵᠢᠰᠤ ᠪᠠᠷ ᠪᠡᠯᠴᠢᠭᠡᠷ ᠢ 10~15cm ᠤᠷᠪᠠᠭᠤᠯᠵᠤ᠂ | ᠲᠠᠭᠢᠨ ᠲᠤᠭᠤᠷᠢᠭ ᠨᠠᠷᠬᠠᠳᠠᠭᠤᠷ ᠮᠠᠰᠢᠨ ᠢᠶᠠᠷ ᠨᠠᠷᠬᠠᠳᠠᠵᠤ᠂ ᠪᠡᠯᠴᠢᠭᠡᠷ ᠤᠨ ᠭᠦᠷᠤᠰᠤ ᠰᠢᠷᠤᠢ ᠶᠢ ᠰᠤᠯᠠᠷᠠᠭᠤᠯᠵᠤ᠂ | ᠡᠪᠡᠰᠤ ᠪᠡᠯᠴᠢᠭᠡᠷ ᠤᠨ ᠠᠶᠠᠠᠳᠠᠭᠠᠨ ᠰᠢᠨᠡᠴᠢᠯᠡᠭᠳᠡᠭᠦ ᠶᠢ ᠠᠭᠢᠭᠤᠯᠬᠤ ᠶᠢ ᠭᠡᠯᠡᠵᠤ ᠪᠤᠢ᠃ ᠬᠦᠢᠬᠡᠨ ᠤᠷᠪᠠᠭᠤᠯᠬᠤ ᠨᠢ | ᠮᠦᠨ ᠴᠦ ᠡᠪᠡᠰᠤ ᠪᠡᠯᠴᠢᠭᠡᠷ ᠤᠨ ᠲᠡᠭᠡᠳᠤ ᠲᠠᠪᠬᠤᠷᠭ᠎ᠠ ᠶᠢᠨ ᠭᠦᠷᠤᠰᠤ ᠶᠢ ᠰᠠᠶᠢᠵᠢᠷᠠᠭᠤᠯᠬᠤ ᠹᠢᠽᠢᠺ ᠤᠨ | ᠪᠠᠶᠢᠳᠠᠯ ᠢᠶᠠᠷ ᠲᠠᠮᠵᠢᠭᠤᠯᠤᠨ ᠬᠠᠳᠤᠯᠠᠩ ᠪᠡᠯᠴᠢᠭᠡᠷ ᠢ ᠤᠨᠠᠯᠳᠠ ᠬᠤᠷᠢᠶᠠᠯᠳᠠ ᠰᠠᠶᠢᠳᠠᠢ ᠪᠤᠯᠭᠠᠳᠠᠭ᠃ ᠡᠨᠡ | ᠠᠷᠭ᠎ᠠ ᠶᠢ ᠵᠡᠭᠦᠨ ᠬᠤᠶᠢᠳᠤ ᠤᠷᠤᠨ ᠪᠤᠯᠤᠨ ᠦᠪᠤᠷ ᠮᠤᠩᠭᠤᠯ ᠤᠨ ᠭᠢᠯᠭᠠᠨ᠎ᠠ᠂ ᠭᠦᠭᠡ ᠡᠪᠡᠰᠤ ︵ᠠᠯᠢᠰᠤ︶ ᠪᠤᠶᠤ | ᠰᠤᠯᠡ ᠡᠪᠡᠰᠤ᠂ ᠭᠦᠭᠡ ᠡᠪᠡᠰᠤ ᠶᠢᠨ ᠪᠡᠯᠴᠢᠭᠡᠷ ᠲᠤ ᠭᠡᠷᠡᠭᠯᠡᠭᠡᠳ ᠮᠠᠰᠢ ᠰᠠᠶᠢᠨ ᠦᠷ᠎ᠠ ᠪᠦᠳᠦᠭᠡᠯ ᠤᠯᠵᠠᠢ᠃ | ᠬᠦᠢᠬᠡᠨ ᠤᠷᠪᠠᠭᠤᠯᠤᠭᠠᠳ ᠭᠤᠷᠪᠡᠨ ᠵᠢᠯ ᠤᠨ ᠲᠠᠷᠠᠭ᠎ᠠ ᠭᠦᠭᠡ ᠡᠪᠡᠰᠤ ᠨᠢ ᠡᠪᠡᠰᠤᠨ ᠤ ᠪᠦᠯᠦᠭᠯᠡᠯ ᠤᠨ | 50% ᠠᠴᠠ ᠲᠡᠭᠡᠭᠰᠢᠭᠢ ᠶᠢ ᠡᠵᠡᠯᠡᠵᠤ᠂ ᠲᠠᠪᠠᠭᠤᠯᠢᠭ ᠪᠠᠶᠢᠷᠢᠨ ᠳᠤ ᠲᠠᠪᠰᠢᠬᠤ ᠶᠢᠨ ᠬᠠᠮᠳᠤ 4~5 ᠵᠢᠯ | ᠦᠷᠭᠦᠯᠵᠢᠯᠡᠵᠤ᠂ ᠤᠨᠠᠯᠳᠠ ᠬᠤᠷᠢᠶᠠᠯᠳᠠ ᠨᠢ 2~3 ᠲᠠᠭᠢᠨ ᠲᠡᠭᠡᠭᠰᠢᠯᠡᠭᠦ ᠪᠤᠯᠤᠨ᠎ᠠ᠃ | ︵10︶ ᠶᠠᠭᠠᠭᠢᠬᠤ ᠳᠠᠭᠠᠨ ᠬᠦᠢᠬᠡᠨ ᠤᠷᠪᠠᠭᠤᠯᠬᠤ ᠨᠢ ᠭᠦᠭᠡ ᠡᠪᠡᠰᠤᠨ ᠤ ᠤᠷᠭᠤᠯᠳᠠ ᠶᠢ | ᠰᠠᠶᠢᠵᠢᠷᠠᠭᠤᠯᠵᠤ ᠴᠢᠳᠠᠳᠠᠭ ᠪᠤᠢ︖ | ᠬᠦᠢᠬᠡᠨ ᠤᠷᠪᠠᠭᠤᠯᠬᠤ ᠨᠢ ᠠᠯᠢᠰᠤ ᠡᠪᠡᠰᠤᠨ ᠤ ᠪᠡᠯᠴᠢᠭᠡᠷ ᠤᠨ ᠤᠨᠠᠯᠳᠠ ᠶᠢ ᠨᠡᠮᠡᠭᠳᠡᠭᠦᠯᠭᠦ ᠬᠤᠶᠠᠷ | ᠵᠦᠢᠯ ᠤᠨ ᠰᠢᠯᠳᠠᠭᠠᠨ ᠪᠠᠶᠢᠨ᠎ᠠ᠃ ᠨᠢᠭᠡ ᠳᠤ ᠬᠦᠢᠬᠡᠨ ᠤᠷᠪᠠᠭᠤᠯᠬᠤ ᠨᠢ ᠤᠤᠯ ᠤᠨ ᠤᠷᠭᠤᠮᠠᠯ ᠤᠨ ᠦᠨᠳᠤᠰᠤᠨ | ᠲᠠᠪᠬᠤᠷᠭ᠎ᠠ ᠶᠢ ᠡᠪᠳᠡᠭᠡᠳ ᠨᠢᠠᠠᠳᠠ ᠭᠡᠯᠪᠡᠷᠢ ᠶᠢᠨ ᠭᠢᠯᠭᠠᠨ᠎ᠠ ᠪᠤᠯᠤᠨ ᠲᠡᠩᠭᠡᠯᠢᠭ ᠭᠡᠯᠪᠡᠷᠢ ᠶᠢᠨ ᠰᠤᠯᠠ ᠡᠪᠡᠰᠤ ᠶᠢ | ᠮᠠᠰᠢ ᠶᠡᠭᠡ ᠬᠤᠭᠢᠷᠠᠭᠤᠯᠬᠤ ᠪᠤᠯᠪᠠᠴᠤ ᠦᠨᠳᠦᠰᠦᠯᠢᠭ ᠭᠦᠭᠡ ᠡᠪᠡᠰᠤ ᠶᠢᠨ ᠪᠡᠯᠭᠡ ᠶᠢᠨ ᠪᠤᠰᠤ ᠦᠷᠡᠵᠢᠯ ᠢ | ᠠᠭᠢᠭᠤᠯᠵᠤ ᠴᠢᠳᠠᠨ᠎ᠠ᠃ ᠬᠤᠶᠠᠷ ᠲᠤ ᠬᠦᠢᠬᠡᠨ ᠤᠷᠪᠠᠭᠤᠯᠬᠤ ᠨᠢ ᠡᠪᠡᠰᠤᠨ ᠭᠦᠷᠤᠰᠤ ᠶᠢ ᠡᠪᠳᠡᠵᠤ᠂ ᠭᠦᠷᠦᠰᠤ | ᠰᠢᠷᠤᠢ ᠶᠢᠨ ᠲᠡᠭᠡᠳᠤ ᠲᠠᠪᠬᠤᠷᠭ᠎ᠠ ᠶᠢ ᠰᠤᠯᠠᠷᠠᠭᠤᠯᠵᠤ᠂ ᠦᠨᠳᠦᠰᠦᠯᠢᠭ ᠤᠷᠭᠤᠮᠠᠯ ᠤᠨ ᠤᠷᠭᠤᠬᠤ ᠳᠤ ᠠᠰᠢᠭ ᠲᠠᠢ | ᠪᠤᠯᠭᠠᠳᠠᠭ᠃ ᠬᠦᠢᠬᠡᠨ ᠤᠷᠪᠠᠭᠤᠯᠵᠤ ᠡᠭᠦᠯᠳᠡᠷ ᠰᠠᠶᠢᠵᠢᠷᠠᠭᠤᠯᠬᠤ ᠠᠷᠭ᠎ᠠ ᠭᠡᠮᠵᠢᠶ᠎ᠠ ᠨᠢ ᠦᠨᠳᠦᠰᠦᠯᠢᠭ ᠦᠶᠡᠳᠤ | ᠤᠷᠭᠤᠮᠠᠯ ᠤᠨ ᠢᠵᠠᠭᠤᠷᠳᠤ ᠡᠪᠡᠰᠤ ᠵᠢᠴᠢ ᠦᠨᠳᠤᠰᠦᠯᠢᠭ ᠪᠤᠷᠴᠠᠬ ᠤᠨ ᠢᠵᠠᠭᠤᠷᠳᠤ ᠡᠪᠡᠰᠤᠨ ᠳᠤ ᠲᠤᠭᠢᠷᠠᠨ᠎ᠠ᠃ | ︵11︶ ᠶᠠᠮᠠᠷ ᠠᠷᠭ᠎ᠠ ᠭᠢᠳᠡᠯ ᠢᠶᠠᠷ ᠬᠦᠢᠬᠡᠨ ᠤᠷᠪᠠᠭᠤᠯᠤᠨ ᠰᠤᠯᠠᠷᠠᠭᠤᠯᠬᠤ ᠪᠤᠢ︖ | ᠬᠦᠢᠬᠡᠨ ᠤᠷᠪᠠᠭᠤᠯᠤᠨ ᠨᠠᠷᠬᠠᠳᠠᠨ ᠰᠤᠯᠠᠷᠠᠭᠤᠯᠬᠤ ᠠᠷᠭ᠎ᠠ ᠭᠢᠳᠡᠯ ᠭᠡᠪᠡᠯ ᠮᠠᠰᠢᠨ ᠴᠢᠷᠦᠭᠦᠯᠳᠤ ᠲᠠᠪᠤᠨ | ᠬᠤᠰᠢᠭᠤᠳᠤ ᠠᠠᠵᠢᠰᠤ᠂ ᠬᠤᠤᠰ ᠭᠦᠷᠳᠤᠳᠤ ᠬᠤᠤᠰ ᠬᠤᠰᠢᠭᠤᠳᠤ ᠠᠠᠵᠢᠰᠤ ᠪᠠᠷ ᠬᠦᠢᠬᠡᠨ ᠤᠷᠪᠠᠭᠤᠯᠤᠨ᠎ᠠ᠃ | ᠲᠡᠭᠦᠨ ᠤ ᠠᠵᠢᠯᠯᠠᠬᠤ ᠠᠷᠭ᠎ᠠ ᠨᠢ ᠭᠡᠪᠡᠯ ᠰᠢᠭᠤᠳ ᠤᠷᠪᠠᠭᠤᠯᠬᠤ ᠪᠤᠶᠤ ᠲᠤᠭᠤᠷᠢᠭ ᠤᠨ ᠭᠡᠯᠪᠡᠷᠢ ᠲᠠᠢ ᠤᠷᠪᠠᠭᠤᠯᠵᠤ | ᠂ 15~20cm ᠭᠦᠨ ᠤᠷᠪᠠᠭᠤᠯᠪᠠᠯ ᠲᠤᠭᠢᠷᠠᠮᠵᠢᠳᠡᠢ᠃ ᠤᠷᠪᠠᠭᠤᠯᠤᠠᠠᠰᠠᠨ ᠤ ᠰᠡᠭᠦᠯᠡᠷ ᠠᠷᠠᠭ᠎ᠠ ᠦᠭᠡᠢ ᠭᠦᠨᠳᠤ | ᠭᠡᠯᠪᠡᠷᠢ ᠶᠢᠨ ᠨᠠᠷᠬᠠᠳᠠᠭᠤᠷ ᠢᠶᠠᠷ ᠲᠠᠷᠦ᠋ᠢᠬᠠᠨ ᠨᠢᠭᠡ ᠤᠳᠠᠭ᠎ᠠ ᠨᠠᠷᠬᠠᠳᠠᠭᠠᠳ ᠲᠠᠭᠢᠨ ᠭᠦᠡᠭᠭᠡᠨ ᠭᠡᠯᠪᠡᠷᠢ ᠶᠢᠨ | ᠲᠤᠭᠤᠷᠢᠭ ᠨᠠᠷᠬᠠᠳᠠᠭᠤᠷ ᠢᠶᠠᠷ ᠬᠤᠶᠠᠷ ᠤᠳᠠᠬ᠎ᠠ ᠨᠠᠷᠬᠠᠳᠠᠵᠤ᠂ ᠭᠦᠷᠦᠰᠤ ᠰᠢᠷᠤᠢ ᠶᠢᠨ ᠭᠠᠳᠠᠷᠭᠤ ᠶᠢ ᠨᠠᠷᠢᠨ᠂ | ᠭᠡᠮᠭᠡᠳᠡᠭ᠂ ᠲᠡᠭᠰᠢ ᠪᠤᠯᠭᠠᠨ᠎ᠠ᠃ ᠡᠪᠡᠰᠤᠨ ᠤ ᠦᠨᠳᠤᠰᠤᠨ ᠭᠡᠰᠡᠭ ᠢ ᠢᠯᠡ ᠪᠠᠶᠢᠯᠭᠠᠵᠤ ᠪᠤᠯᠬᠤ ᠦᠭᠡᠢ᠃ ᠭᠦᠷᠤᠰᠤ | ᠰᠢᠷᠤᠢ ᠨᠡᠯᠢᠶᠡᠳ ᠤᠰᠤᠷᠬᠠᠭ ᠦᠶ᠎ᠠ ᠳᠤ ᠤᠷᠪᠠᠭᠤᠯᠪᠠᠯ ᠬᠠᠮᠤᠭ ᠤᠨ ᠰᠠᠶᠢᠨ᠃ ᠬᠠᠪᠤᠷ ᠲᠠᠭᠠᠨ ᠭᠠᠩ | ᠬᠠᠭᠰᠠᠷᠠᠭᠠᠨ ᠲᠠᠢ ᠭᠠᠵᠠᠷ ᠤᠷᠤᠨ ᠪᠤᠯ ᠭᠠᠩ ᠬᠠᠭᠰᠠᠷᠠᠭᠠᠨ ᠠᠴᠠ ᠵᠠᠶᠢᠯᠠᠰᠭᠢᠵᠤ᠂ ᠪᠤᠷᠤᠭᠠᠨ ᠤ ᠤᠯᠠᠷᠢᠯ ᠭᠦᠷᠴᠤ | ᠢᠷᠡᠭᠦ ᠠᠴᠠ ᠡᠮᠦᠨ᠎ᠠ 6 ᠳ᠋ᠤᠭᠠᠷ ᠰᠠᠷ᠎ᠠ ᠶᠢᠨ ᠰᠡᠭᠦᠯᠴᠢ ᠪᠠᠷ ᠤᠷᠪᠠᠭᠤᠯᠪᠠᠯ ᠬᠠᠮᠤᠭ ᠤᠨ ᠲᠤᠭᠢᠷᠠᠮᠵᠢᠳᠡᠢ᠃ | ︵12︶ ᠬᠦᠢᠬᠡᠨ ᠤᠷᠪᠠᠭᠤᠯᠤᠨ ᠰᠤᠯᠠᠷᠠᠭᠤᠯᠬᠤ ᠳᠤ ᠶᠠᠮᠠᠷ ᠠᠩᠬᠠᠷᠬᠤ ᠴᠢᠬᠤᠯᠠ ᠲᠠᠢ ᠠᠰᠠᠭᠤᠳᠠᠯ ᠪᠠᠶᠢᠨ᠎ᠠ | ᠪᠤᠢ︖ | ᠭᠤᠤᠯ ᠨᠢ ᠲᠤᠤᠷᠠᠭᠢ ᠮᠡᠳᠤ ᠲᠦᠷᠪᠡᠨ ᠠᠰᠠᠭᠤᠳᠠᠯ ᠢ ᠠᠩᠬᠠᠷᠬᠤ ᠭᠡᠷᠡᠭᠳᠡᠢ᠃ | ① ᠬᠦᠢᠬᠡᠨ ᠤᠷᠪᠠᠭᠤᠯᠬᠤ ᠠᠷᠭ᠎ᠠ ᠶᠢ ᠵᠦᠪᠭᠡᠨ ᠦᠨᠳᠤᠰᠦᠯᠢᠭ ᠭᠡᠯᠪᠡᠷᠢ ᠶᠢᠨ ᠪᠡᠯᠴᠢᠭᠡᠷ᠂ ᠵᠢᠱᠢᠶᠡᠯᠡᠪᠡᠯ | ᠭᠦᠭᠡ ᠡᠪᠡᠰᠤᠨ ᠤ ᠭᠠᠵᠠᠷ ᠲᠡᠭᠡᠷ᠎ᠡ ᠭᠡᠷᠡᠭᠯᠡᠭᠦ ᠭᠡᠷᠡᠭᠳᠡᠢ᠃ | ② ᠬᠦᠢᠬᠡᠨ ᠤᠷᠪᠠᠭᠤᠯᠤᠨ ᠨᠠᠷᠬᠠᠳᠠᠨ ᠰᠤᠯᠠᠷᠠᠭᠤᠯᠵᠤ ᠰᠠᠶᠢᠵᠢᠷᠠᠭᠤᠯᠤᠠᠠᠰᠠᠨ ᠤ ᠰᠡᠭᠦᠯᠡᠷᠭᠢ ᠪᠡᠯᠴᠢᠭᠡᠷ ᠢ | 2~3 ᠵᠢᠯ ᠤᠨ ᠲᠤᠳᠤᠷ᠎ᠠ ᠵᠦᠪᠭᠡᠨ ᠬᠠᠳᠤᠯᠠᠩ ᠳᠤ ᠯᠡ ᠠᠰᠢᠠᠠᠯᠠᠵᠤ᠂ ᠦᠨᠳᠤᠰᠦᠯᠢᠭ ᠭᠡᠯᠪᠡᠷᠢ ᠶᠢᠨ ᠦᠶᠡᠳᠤ | ᠤᠷᠭᠤᠮᠠᠯ ᠤᠨ ᠭᠡᠪ ᠤᠨ ᠪᠤᠶᠢᠵᠢᠯᠳᠡ ᠤᠷᠭᠤᠯᠳᠠ ᠶᠢ ᠪᠠᠳᠤᠯᠠᠬᠤ ᠭᠡᠷᠡᠭᠳᠡᠢ᠃ | ③ ᠭᠦᠨᠳᠤ ᠨᠤᠴᠢᠳᠡᠢ ᠭᠠᠩ ᠭᠠᠮᠰᠢᠭ ᠲᠠᠢ ᠵᠢᠯ ᠳᠤ ᠬᠦᠢᠬᠡᠨ ᠤᠷᠪᠠᠭᠤᠯᠵᠤ ᠪᠤᠯᠬᠤ ᠦᠭᠡᠢ᠃ ᠲᠠᠶᠢᠮᠤ | ᠪᠢᠰᠢ ᠪᠤᠯ ᠦᠷ᠎ᠡ ᠪᠦᠳᠦᠮᠵᠢ ᠤᠯᠵᠤ ᠴᠢᠳᠠᠬᠤ ᠦᠭᠡᠢ ᠮᠦᠷᠳᠡᠭᠡᠨ ᠭᠡᠳᠡᠷᠭᠦ ᠪᠠᠨ ᠭᠦᠷᠤᠰᠤ ᠰᠢᠷᠤᠢ ᠶᠢ | ᠡᠯᠡᠰᠦᠷᠭᠡᠭᠵᠢᠭᠦᠯᠭᠦ ᠪᠤᠯᠤᠨ᠎ᠠ᠃ | ④ ᠬᠦᠢᠬᠡᠨ ᠤᠷᠪᠠᠭᠤᠯᠤᠠᠠᠰᠠᠨ ᠤ ᠰᠡᠭᠦᠯᠡᠷ ᠭᠦᠷᠢᠶᠡᠯᠡᠭᠦ ᠵᠡᠷᠭᠡ ᠬᠠᠮᠠᠭᠠᠯᠠᠯᠳᠠ ᠶᠢᠨ ᠠᠷᠭ᠎ᠠ ᠪᠠᠷ ᠰᠠᠶᠢᠳᠤᠷ | ᠬᠠᠮᠠᠭᠠᠯᠠᠬᠤ ᠭᠡᠷᠡᠭᠳᠡᠢ᠃ | |