ᠨᠢᠭᠡ ᠴᠢᠪᠠᠭ᠎ᠠ ᠶᠢᠨ ᠰᠢᠯᠢᠳᠡᠭ ᠡᠭᠦᠯᠳᠡᠷ | 1. ᠡᠪᠦᠯ ᠤᠨ ᠴᠢᠪᠠᠭ᠎ᠠ | ᠵᠢᠮᠢᠰ ᠨᠢ ᠲᠣᠭᠤᠷᠢᠭ ᠬᠡᠯᠪᠡᠷᠢ ᠲᠠᠢ᠂ ᠵᠢᠮᠢᠰ ᠪᠦᠷᠢ ᠶᠢᠨ ᠬᠦᠨᠳᠦᠴᠡ ᠨᠢ ᠲᠤᠮᠳᠠᠴᠢ ᠪᠠᠷ 13—15 ᠭᠷᠠᠮ᠂ | ᠬᠠᠯᠢᠰᠤ ᠨᠢ ᠨᠢᠮᠭᠡᠨ᠂ ᠵᠢᠮᠢᠰ ᠤᠨ ᠮᠢᠬ᠎ᠠ ᠨᠢ ᠬᠡᠦᠷᠡᠭ᠂ ᠨᠡᠯᠢᠶᠠᠳ ᠰᠢᠬᠢᠷᠯᠢᠭ ᠠᠮᠳᠠᠳᠠᠢ᠃ 9 ᠰᠠᠷ᠎ᠠ ᠶᠢᠨ | ᠰᠡᠭᠦᠯᠴᠢ ᠠᠴᠠ ᠡᠬᠢᠯᠡᠨ ᠪᠤᠯᠪᠠᠰᠤᠷᠠᠵᠤ᠂ 10 ᠰᠠᠷ᠎ᠠ ᠶᠢᠨ ᠳᠤᠮᠳᠠᠴᠢ ᠪᠠᠷ ᠪᠦᠷᠢᠮᠦᠰᠦᠨ ᠪᠤᠯᠪᠠᠰᠤᠷᠠᠨ᠎ᠠ᠃ ᠴᠢᠨᠠᠷ | ᠰᠠᠶᠢᠲᠠᠢ ᠵᠢᠮᠢᠰ ᠪᠤᠯᠤᠨ᠎ᠠ᠂ ᠬᠠᠳᠠᠭᠠᠯᠠᠬᠤ ᠳᠤ ᠳᠠᠭᠠᠭᠠᠴᠠᠲᠠᠶ᠃ ᠴᠢᠨᠠᠷ ᠰᠠᠶᠢᠲᠠᠢ ᠰᠢᠨ᠎ᠡ ᠰᠤᠷᠭᠤᠭ ᠢᠳᠡᠭᠡᠨ ᠳᠤ | ᠬᠠᠷᠢᠶᠠᠯᠠᠭᠳᠠᠨ᠎ᠠ᠂ ᠪᠣᠯᠪᠠᠰᠤᠷᠠᠬᠤ ᠬᠤᠭᠤᠴᠠᠭ᠎ᠠ ᠤᠷᠲᠦ ᠴᠢᠪᠠᠭ᠎ᠠ ᠶᠢᠨ ᠲᠥᠷᠥᠯ ᠪᠣᠯᠤᠨ᠎ᠠ᠃ | | | | | | | 2. ᠱᠤᠷᠤᠯᠵᠢᠨ ᠬᠡᠯᠪᠡᠷᠢᠲᠦ ᠴᠢᠪᠠᠭ᠎ᠠ | ᠵᠢᠮᠢᠰ ᠨᠢ ᠱᠣᠷᠣᠯᠵᠢᠨ ᠬᠡᠯᠪᠡᠷᠢᠲᠡᠶ᠂ ᠵᠢᠮᠢᠰ ᠪᠦᠷᠢ ᠶᠢᠨ ᠲᠤᠮᠳᠠᠴᠢ ᠬᠦᠨᠳᠦᠴᠡ ᠨᠢ 12.0g᠂ | ᠬᠠᠯᠢᠰᠤ ᠨᠢ ᠨᠢᠮᠭᠡᠨ᠂ ᠵᠢᠮᠢᠰ ᠤᠨ ᠮᠢᠬ᠎ᠠ ᠨᠢ ᠬᠡᠦᠷᠡᠭ᠂ ᠵᠢᠮᠢᠰ ᠤᠨ ᠰᠢᠭᠦᠰᠦ ᠨᠢ ᠠᠷᠪᠢᠨ᠂ ᠰᠢᠬᠢᠷᠯᠢᠭ ᠬᠦᠴᠢᠯᠯᠢᠭ | ᠠᠮᠲᠠᠲᠠᠶ ᠪᠠᠶᠢᠳᠠᠭ᠃ ᠰᠢᠬᠢᠷ ᠤᠨ ᠠᠭᠤᠯᠤᠭᠳᠠᠴᠠ 32% — 36%᠃ ᠢᠳᠡᠭᠡᠨ ᠳᠤ ᠬᠡᠷᠡᠭᠯᠡᠬᠦ ᠨᠤᠷᠮ᠎ᠠ ᠨᠢ | 97.2%᠂ ᠬᠠᠲᠠᠭᠠᠮᠠᠯ ᠵᠢᠮᠢᠰ ᠪᠤᠯᠭᠠᠵᠤ ᠪᠤᠯᠬᠤ ᠨᠤᠷᠮ᠎ᠠ 52.7%᠂ ᠴᠢᠨᠠᠷ ᠰᠠᠶᠢᠲᠠᠢ ᠰᠢᠨ᠎ᠡ ᠰᠣᠷᠭᠤᠭ | ᠢᠳᠡᠭᠡᠨ ᠳᠤ ᠬᠠᠷᠢᠶᠠᠯᠠᠭᠳᠠᠨ᠎ᠠ᠃ ᠵᠢᠮᠢᠰ ᠤᠨ ᠤᠷᠭᠤᠯᠲᠠ ᠶᠢᠨ ᠬᠤᠭᠤᠴᠠᠭ᠎ᠠ ᠨᠢ 110 ᠡᠳᠦᠷ ᠣᠷᠴᠢᠮ ᠪᠠᠶᠢᠳᠠᠭ᠃ | | | | | | | | | 3. ᠵᠢᠩ ᠼᠠᠩ 1 ᠨᠤᠮᠧᠷᠲᠦ ᠴᠢᠪᠠᠭ᠎ᠠ | ᠵᠢᠮᠢᠰ ᠨᠢ ᠲᠣᠮᠣ᠂ ᠬᠠᠪᠲᠠᠭᠠᠶ ᠬᠡᠯᠪᠡᠷᠢᠲᠡᠶ᠂ ᠪᠠᠰᠠ ᠤᠷᠢᠶᠠᠩᠭᠤ ᠴᠢᠪᠠᠭ᠎ᠠ ᠬᠡᠮᠡᠳᠡᠭ᠃ ᠵᠢᠮᠢᠰ ᠪᠦᠷᠢ ᠶᠢᠨ | ᠳᠤᠮᠳᠠᠴᠢ ᠬᠦᠨᠳᠦᠴᠡ ᠨᠢ 25.5g᠃ ᠰᠢᠬᠢᠷᠯᠢᠭ ᠬᠦᠴᠢᠯᠯᠢᠭ ᠠᠮᠲᠠᠲᠠᠶ᠃ 9 ᠰᠠᠷ᠎ᠠ ᠶᠢᠨ ᠡᠬᠢᠨ ᠲᠤᠮᠳᠠᠴᠢ ᠪᠠᠷ | ᠪᠣᠯᠪᠠᠰᠤᠷᠠᠯᠲᠠ ᠶᠢᠨ ᠬᠤᠭᠤᠴᠠᠭᠠᠨ ᠳᠤ ᠤᠷᠤᠳᠠᠭ᠃ ᠡᠯᠪᠡᠭ ᠬᠤᠷᠢᠶᠠᠯᠲᠠ ᠲᠠᠢ ᠡᠭᠦᠯᠳᠡᠷ ᠪᠤᠯᠤᠨ᠎ᠠ᠃ ᠡᠩ ᠤᠨ | ᠪᠠᠶᠢᠳᠠᠯ ᠳᠤ ᠮᠦ ᠪᠦᠷᠢ ᠶᠢᠨ ᠤᠨᠠᠯᠲᠠ ᠨᠢ 200 ᠺᠢᠯᠣᠭ᠍ᠷᠠᠮ ᠳᠤ ᠬᠦᠷᠳᠡᠭ᠂ ᠡᠯᠪᠡᠭ ᠬᠤᠷᠢᠶᠠᠯᠲᠠ ᠲᠠᠢ ᠦᠶ᠎ᠡ ᠳᠤ | ᠮᠦ ᠪᠦᠷᠢ ᠶᠢᠨ ᠤᠨᠠᠯᠲᠠ ᠨᠢ 1500 — 2000 ᠺᠢᠯᠣᠭ᠍ᠷᠠᠮ ᠠᠴᠠ ᠳᠡᠭᠡᠭᠰᠢ ᠳᠤ ᠬᠦᠷᠳᠡᠭ᠃ | | | | | | | | 4. ᠵᠢᠩ ᠼᠠᠩ 8 ᠨᠤᠮᠧᠷᠲᠦ ᠴᠢᠪᠠᠭ᠎ᠠ | ᠵᠢᠮᠢᠰ ᠨᠢ ᠲᠣᠭᠤᠷᠢᠭ ᠬᠡᠯᠪᠡᠷᠢ ᠲᠠᠢ᠂ ᠵᠢᠮᠢᠰ ᠪᠦᠷᠢ ᠶᠢᠨ ᠳᠤᠮᠳᠠᠴᠢ ᠬᠦᠨᠳᠦᠴᠡ ᠨᠢ 34.05g᠂ | ᠬᠦᠨᠳᠦᠴᠡ ᠨᠢ ᠬᠠᠮᠤᠭ ᠶᠡᠭᠡ ᠦᠶᠡᠰ 47.8g ᠬᠦᠷᠳᠡᠭ᠃ 9 ᠰᠠᠷ᠎ᠠ ᠶᠢᠨ ᠳᠤᠮᠳᠠᠴᠢ ᠪᠠᠷ ᠪᠣᠯᠪᠠᠰᠤᠷᠠᠯᠲᠠ ᠶᠢᠨ | ᠬᠤᠭᠤᠴᠠᠭ᠎ᠠ ᠳᠤ ᠤᠷᠤᠵᠤ᠂ 9 ᠰᠠᠷ᠎ᠠ ᠶᠢᠨ ᠡᠴᠦᠰ ᠢᠶᠠᠷ ᠪᠦᠷᠢᠮᠦᠰᠦᠨ ᠪᠤᠯᠪᠠᠰᠤᠷᠠᠨ᠎ᠠ᠃ | | | | | | | | 5. ᠨᠠᠢᠮᠠᠨ ᠰᠠᠷ᠎ᠠ ᠶᠢᠨ ᠴᠢᠪᠠᠭ᠎ᠠ | ᠵᠢᠮᠢᠰ ᠨᠢ ᠲᠣᠭᠤᠷᠢᠭ ᠬᠡᠯᠪᠡᠷᠢ ᠲᠠᠢ᠂ ᠳᠤᠮᠳᠠᠴᠢ ᠵᠢᠮᠢᠰ ᠪᠦᠷᠢ ᠶᠢᠨ ᠲᠤᠮᠳᠠᠴᠢ ᠬᠦᠨᠳᠦᠴᠡ ᠨᠢ 9.8g᠂ | ᠵᠢᠮᠢᠰ ᠤᠨ ᠶᠡᠭᠡ ᠪᠠᠭ᠎ᠠ ᠨᠢ ᠲᠡᠩᠴᠦᠬᠡᠨ᠂ ᠬᠠᠯᠢᠰᠤ ᠨᠢ ᠨᠢᠮᠭᠡᠨ ᠮᠦᠷᠲᠡᠭᠡᠨ ᠬᠦᠯᠢᠭᠡᠷ᠂ ᠵᠢᠮᠢᠰ ᠤᠨ ᠰᠢᠭᠦᠰᠦ ᠨᠢ | ᠡᠯᠪᠡᠭ ᠮᠦᠷᠳᠡᠭᠡᠨ ᠰᠢᠬᠢᠷᠯᠢᠭ ᠪᠠᠶᠢᠳᠠᠭ᠃ 8 ᠰᠠᠷ᠎ᠠ ᠶᠢᠨ ᠳᠤᠮᠳᠠᠴᠢ ᠪᠠᠷ ᠪᠦᠷᠢᠮᠦᠰᠦᠨ ᠪᠤᠯᠪᠠᠰᠤᠷᠠᠳᠠᠭ᠃ | ᠭᠠᠷᠤᠯᠳᠠ ᠨᠢ ᠡᠯᠪᠡᠭ ᠮᠦᠷᠳᠡᠭᠡᠨ ᠲᠣᠭᠲᠠᠭᠤᠨ ᠬᠤᠷᠢᠶᠠᠯᠲᠠ ᠲᠠᠢ᠂ ᠵᠢᠮᠢᠰ ᠨᠢ ᠪᠦᠬᠡᠯᠢᠭ᠃ ᠵᠢᠮᠢᠰ ᠤᠨ | ᠡᠪᠡᠳᠴᠢᠨ ᠬᠤᠷᠤᠬᠠᠢ ᠶᠢ ᠡᠰᠡᠷᠭᠦᠴᠡᠬᠦ ᠴᠢᠳᠠᠪᠤᠷᠢ ᠪᠠᠷ ᠴᠢᠩᠭ᠎ᠠ ᠪᠠᠶᠢᠳᠠᠭ᠃ ᠡᠷᠲᠡ ᠪᠤᠯᠪᠠᠰᠤᠷᠠᠵᠤ᠂ ᠰᠢᠨ᠎ᠡ | ᠰᠤᠷᠭᠤᠭ ᠢᠶᠠᠷ ᠨᠢ ᠢᠳᠡᠭᠡᠨ ᠳᠤ ᠬᠡᠷᠡᠭᠯᠡᠵᠦ ᠪᠤᠯᠬᠤ ᠰᠢᠯᠢᠳᠡᠭ ᠡᠭᠦᠯᠳᠡᠷ ᠪᠤᠯᠤᠨ᠎ᠠ᠃ | | | | | | | | ᠬᠤᠶᠠᠷ ᠵᠢᠮᠢᠰ ᠤᠨ ᠬᠠᠳᠠᠭᠠᠮᠠᠯ ᠪᠤᠯᠭᠠᠬᠤ ᠪᠤᠶᠤ ᠬᠠᠪᠰᠤᠷᠭᠠᠨ ᠬᠡᠷᠡᠭᠯᠡᠵᠦ ᠪᠤᠯᠬᠤ ᠰᠢᠯᠢᠳᠡᠭ ᠡᠭᠦᠯᠳᠡᠷ | 1. ᠽᠠᠨ ᠬᠤᠸᠠᠩ ᠴᠢᠪᠠᠭ᠎ᠠ | ᠵᠢᠮᠢᠰ ᠨᠢ ᠤᠷᠲᠤᠯᠵᠢᠨ ᠪᠥᠭᠡᠷᠡᠩᠬᠡᠶ ᠪᠤᠶᠤ ᠥᠨᠳᠡᠭᠡᠯᠵᠢᠨ ᠬᠡᠯᠪᠡᠷᠢ ᠲᠠᠢ᠂ ᠵᠢᠮᠢᠰ ᠪᠦᠷᠢ ᠶᠢᠨ ᠳᠤᠮᠳᠠᠴᠢ | ᠬᠦᠨᠳᠦᠴᠡ ᠨᠢ 17.3 ᠭᠷᠠᠮ᠃ ᠵᠢᠮᠢᠰ ᠤᠨ ᠬᠠᠯᠢᠰᠤ ᠨᠢ ᠨᠡᠯᠢᠶᠡᠳ ᠵᠤᠵᠠᠭᠠᠨ᠃ ᠰᠢᠭᠦᠰᠦ ᠨᠢ ᠠᠷᠪᠢᠨ᠂ | ᠠᠮᠲᠠ ᠨᠢ ᠰᠢᠬᠢᠷᠯᠢᠭ ᠮᠥᠷᠲᠡᠭᠡᠨ ᠬᠦᠴᠢᠯᠯᠢᠭ ᠪᠠᠶᠢᠳᠠᠭ᠃ ᠬᠠᠲᠠᠭᠠᠮᠠᠯ ᠤᠯᠠᠭᠠᠨ ᠴᠢᠪᠠᠭ᠎ᠠ ᠶᠢᠨ ᠵᠢᠮᠢᠰ ᠤᠨ ᠮᠢᠬ᠎ᠠ | ᠨᠢ ᠡᠯᠪᠡᠭ᠂ ᠬᠠᠷᠢᠮᠠᠬᠠᠶ ᠴᠢᠨᠠᠷ ᠲᠠᠢ᠂ ᠬᠠᠳᠠᠭᠠᠯᠠᠵᠤ ᠵᠥᠭᠡᠭᠡᠪᠦᠷᠢᠯᠡᠬᠦ ᠳᠤ ᠳᠠᠭᠠᠭᠠᠮᠠᠭᠠᠶ᠂ ᠴᠢᠨᠠᠷ ᠰᠠᠶᠢᠲᠠᠶ ᠭᠡᠬᠦ | ᠮᠡᠲᠦ ᠤᠨᠴᠠᠯᠢᠭ ᠲᠠᠢ ᠪᠠᠶᠢᠳᠠᠭ᠃ ᠭᠠᠷᠤᠯᠳᠠ ᠡᠯᠪᠡᠭ᠂ ᠲᠣᠭᠲᠠᠭᠤᠨ ᠬᠤᠷᠢᠶᠠᠯᠲᠠ ᠲᠠᠢ᠂ ᠰᠥᠷᠬᠦ ᠶᠢ ᠡᠰᠡᠷᠭᠦᠴᠡᠬᠦ | ᠴᠢᠨᠠᠷ ᠢᠶᠠᠷ ᠴᠢᠩᠭ᠎ᠠ ᠪᠠᠶᠢᠳᠠᠭ᠃ | | | | | | | | 2. ᠪᠣᠷᠣ ᠴᠢᠪᠠᠭ᠎ᠠ | ᠵᠢᠮᠢᠰ ᠨᠢ ᠥᠨᠳᠡᠭᠡᠯᠵᠢᠨ ᠬᠡᠯᠪᠡᠷᠢᠲᠡᠶ᠂ ᠵᠢᠮᠢᠰ ᠤᠨ ᠭᠠᠳᠠᠷᠭᠤ ᠨᠢ ᠭᠥᠯᠢᠭᠡᠷ᠂ ᠵᠢᠮᠢᠰ ᠤᠨ ᠮᠢᠬ᠎ᠠ ᠨᠢ ᠨᠢᠭᠲᠠ᠂ | ᠰᠢᠬᠢᠷᠯᠢᠭ ᠥᠳᠬᠡᠨ᠂ ᠵᠢᠮᠢᠰ ᠤᠨ ᠰᠢᠭᠦᠰᠦ ᠡᠯᠪᠡᠭ ᠴᠢᠨᠠᠷ ᠰᠠᠶᠢᠲᠠᠢ ᠵᠢᠮᠢᠰ ᠪᠤᠯᠤᠨ᠎ᠠ᠃ ᠬᠠᠲᠠᠭᠠᠭᠰᠠᠨ ᠤ ᠳᠠᠷᠠᠭ᠎ᠠ᠂ | ᠵᠢᠮᠢᠰ ᠤᠨ ᠦᠷᠴᠢᠯᠡᠭᠡᠰᠦ ᠨᠢ ᠴᠦᠬᠡᠨ᠂ ᠵᠢᠮᠢᠰ ᠤᠨ ᠮᠢᠬ᠎ᠠ ᠨᠢ ᠨᠢᠭᠲᠠ᠂ ᠬᠠᠷᠢᠮᠠᠬᠠᠶ ᠴᠢᠨᠠᠷ ᠲᠠᠢ᠂ ᠬᠠᠳᠠᠭᠠᠯᠠᠬᠤ ᠳᠤ | ᠲᠡᠰᠪᠦᠷᠢᠲᠡᠶ᠂ ᠪᠣᠯᠪᠠᠰᠤᠷᠠᠬᠤ ᠬᠤᠭᠤᠴᠠᠭᠠᠨ ᠳᠤ ᠪᠣᠷᠣᠭᠠᠨ ᠬᠤᠷ᠎ᠠ ᠳᠤ ᠲᠤᠬᠢᠶᠠᠯᠳᠤᠪᠠᠯ ᠵᠢᠮᠢᠰ ᠨᠢ ᠠᠮᠠᠷᠬᠠᠨ | ᠬᠠᠭᠠᠷᠠᠳᠠᠭ᠃ ᠵᠣᠬᠢᠴᠠᠬᠤ ᠴᠢᠨᠠᠷ ᠨᠢ ᠴᠢᠩᠭ᠎ᠠ ᠰᠢᠯᠢᠳᠡᠭ ᠡᠭᠦᠯᠳᠡᠷ᠃ ᠵᠢᠮᠢᠰ ᠤᠨ ᠡᠪᠡᠳᠴᠢᠨ ᠬᠦᠨᠤᠭᠡᠯ ᠢ | ᠡᠰᠡᠷᠬᠦᠴᠡᠬᠦ ᠴᠢᠨᠠᠷ ᠨᠢ ᠳᠤᠷᠤᠢ᠃ | | | | | | | | | | 3. ᠭᠤᠸ᠎ᠠ ᠴᠢᠪᠠᠭ᠎ᠠ | ᠵᠢᠮᠢᠰ ᠨᠢ ᠪᠥᠭᠡᠷᠡᠩᠬᠡᠶ ᠪᠠᠭᠠᠨ᠎ᠠ ᠬᠡᠯᠪᠡᠷᠢ ᠲᠠᠢ ᠪᠤᠶᠤ ᠲᠣᠩᠭᠤᠷᠤᠤ ᠥᠨᠳᠡᠭᠡᠯᠵᠢᠨ ᠬᠡᠯᠪᠡᠷᠢ ᠲᠠᠢ᠃ ᠵᠢᠮᠢᠰ | ᠪᠦᠷᠢ ᠶᠢᠨ ᠳᠤᠮᠳᠠᠴᠢ ᠬᠦᠨᠳᠦᠴᠡ ᠨᠢ 22.0 ᠭᠷᠠᠮ᠃ ᠵᠢᠮᠢᠰ ᠤᠨ ᠭᠠᠳᠠᠷᠭᠤ ᠨᠢ ᠭᠥᠯᠢᠭᠡᠷ᠂ ᠬᠠᠯᠢᠰᠤ ᠨᠢ ᠨᠢᠮᠭᠡᠨ᠂ | ᠭᠦᠨ ᠤᠯᠠᠭᠠᠨ ᠥᠩᠭᠡᠲᠡᠶ᠃ ᠵᠢᠮᠢᠰ ᠤᠨ ᠮᠢᠬ᠎ᠠ ᠨᠢ ᠵᠤᠵᠠᠭᠠᠨ᠂ ᠵᠢᠮᠢᠰ ᠤᠨ ᠰᠢᠭᠦᠰᠦ ᠨᠢ ᠠᠷᠪᠢᠨ᠂ ᠴᠢᠨᠠᠷ | ᠰᠠᠶᠢᠲᠠᠢ ᠵᠢᠮᠢᠰ ᠪᠤᠯᠤᠨ᠎ᠠ᠃ 9 ᠰᠠᠷ᠎ᠠ ᠶᠢᠨ ᠳᠤᠮᠳᠠᠴᠢ ᠪᠠᠷ ᠪᠣᠯᠪᠠᠰᠤᠷᠠᠵᠤ᠂ ᠵᠢᠮᠢᠰ ᠤᠨ ᠦᠷᠡᠵᠢᠯ ᠤᠨ | ᠬᠤᠭᠤᠴᠠᠭ᠎ᠠ ᠨᠢ 100 ᠡᠳᠦᠷ ᠣᠷᠴᠢᠮ ᠪᠠᠶᠢᠳᠠᠭ᠃ ᠠᠮᠠᠷᠬᠠᠨ ᠬᠠᠭᠠᠷᠠᠬᠤ ᠵᠢᠮᠢᠰ᠂ ᠠᠮᠠᠷᠬᠠᠨ ᠪᠣᠭᠤᠮ᠎ᠠ | ᠡᠪᠡᠳᠴᠢᠨ ᠪᠠ ᠠᠭᠰᠢᠮᠠᠯ ᠵᠢᠮᠢᠰ ᠤᠨ ᠡᠪᠡᠳᠴᠢᠨ ᠳᠤ ᠨᠡᠷᠪᠡᠭᠳᠡᠨ᠎ᠡ᠃ | | | | | | | | ᠭᠤᠷᠪᠠ᠂ ᠴᠢᠪᠠᠭ᠎ᠠ ᠶᠢᠨ ᠬᠦᠷᠢᠶᠡᠯᠡᠩ ᠪᠠᠶᠢᠭᠤᠯᠬᠤ ᠮᠡᠷᠭᠡᠵᠢᠯ | | ︵ᠨᠢᠭᠡ︶ ᠲᠠᠷᠢᠵᠦ ᠵᠠᠶᠢᠯᠠᠬᠤ ᠨᠢᠭᠲᠠᠴᠠ | ᠴᠢᠪᠠᠭ᠎ᠠ ᠶᠢᠨ ᠮᠤᠳᠤᠳ ᠤᠨ ᠬᠤᠭᠤᠷᠤᠨᠳᠤᠬᠢ ᠵᠠᠶ ᠶᠢ 13 ᠮᠧᠲᠷ᠂ ᠮᠥᠷ ᠤᠨ ᠵᠠᠶ ᠶᠢ 3~5 ᠮᠧᠲᠷ | ᠪᠠᠶᠢᠯᠭᠠᠨ᠎ᠠ᠃ | ︵ᠬᠤᠶᠠᠷ︶ ᠲᠠᠷᠢᠵᠦ ᠵᠠᠶᠢᠯᠠᠬᠤ ᠮᠡᠷᠭᠡᠵᠢᠯ | 1.ᠲᠠᠷᠢᠵᠦ ᠵᠠᠶᠢᠯᠠᠬᠤ ᠬᠤᠭᠤᠴᠠᠭ᠎ᠠ᠄ ᠬᠠᠪᠤᠷ ᠤᠨ ᠤᠯᠠᠷᠢᠯ ᠳᠤ ᠦᠷ᠎ᠡ ᠨᠠᠬᠢᠶ᠎ᠠ ᠰᠣᠶᠣᠭᠠᠯᠠᠬᠤ ᠠᠴᠠ | ᠡᠮᠦᠨ᠎ᠡ ᠪᠤᠶᠤ ᠰᠣᠶᠣᠭᠠᠯᠠᠵᠤ ᠪᠠᠶᠢᠭ᠎ᠠ ᠬᠤᠭᠤᠴᠠᠭᠠᠨ ᠳᠤ ᠲᠠᠷᠢᠵᠦ ᠵᠠᠶᠢᠯᠠᠨ᠎ᠠ᠃ ᠨᠠᠮᠤᠷ ᠤᠨ ᠤᠯᠠᠷᠢᠯ ᠳᠤ ᠨᠠᠪᠴᠢ | ᠵᠤᠯᠭᠠᠷᠠᠭᠰᠠᠨ ᠤ ᠳᠠᠷᠠᠭ᠎ᠠ ᠬᠢᠷᠠᠭᠤ ᠤᠨᠠᠬᠤ ᠠᠴᠠ ᠡᠮᠦᠨ᠎ᠡ ᠪᠠᠰᠠ ᠲᠠᠷᠢᠵᠦ ᠵᠠᠶᠢᠯᠠᠵᠤ ᠪᠣᠯᠤᠨ᠎ᠠ᠃ | 2. ᠵᠠᠶᠢᠯᠠᠵᠤ ᠰᠠᠭᠤᠯᠭᠠᠬᠤ ᠱᠠᠭᠠᠷᠳᠠᠯᠭ᠎ᠠ᠄ ᠵᠠᠶᠢᠯᠠᠬᠤ ᠨᠦᠬᠡ ᠶᠢ ᠤᠷᠳᠤ᠂ ᠥᠷᠭᠡᠨ᠂ ᠭᠦᠨ ᠤᠬᠤᠵᠤ᠂ | 0.6~0.8 ᠮᠧᠲᠷ ᠪᠠᠶᠢᠯᠭᠠᠨ᠎ᠠ᠃ ᠵᠠᠶᠢᠯᠠᠬᠤ ᠳᠠᠭᠠᠨ ᠤᠷᠢᠳ ᠢᠶᠠᠷ ᠭᠠᠳᠠᠷᠭᠤ ᠶᠢᠨ ᠬᠥᠷᠥᠰᠥ ᠶᠢ | ᠪᠣᠯᠪᠠᠰᠤᠷᠠᠭᠰᠠᠨ ᠣᠷᠭᠠᠨᠢᠭ ᠪᠣᠷᠳᠣᠭᠤᠷ ᠲᠠᠢ ᠬᠤᠯᠢᠵᠤ ᠨᠦᠬᠡᠨ ᠤ ᠢᠷᠣᠭᠠᠷ ᠲᠤ ᠴᠢᠳᠬᠤᠨ ᠣᠷᠣᠭᠤᠯᠤᠨ᠎ᠠ᠃ | 3. ᠵᠠᠶᠢᠯᠠᠬᠤ ᠭᠦᠨᠴᠡ᠄ ᠵᠠᠶᠢᠯᠠᠬᠤ ᠬᠦᠨᠴᠡ ᠶᠢ ᠵᠤᠯᠵᠠᠭ᠎ᠠ ᠮᠣᠳᠣᠨ ᠤ ᠦᠨᠳᠦᠰᠦᠨ ᠤ ᠳᠡᠭᠡᠷ᠎ᠡ ᠬᠡᠰᠡᠭ ᠤᠨ | ᠪᠠᠶᠢᠷᠢᠨ ᠳᠤ ᠬᠦᠷᠭᠡᠨ᠎ᠡ᠃ ᠳᠡᠩᠳᠡᠭᠦᠦ ᠭᠦᠨ ᠪᠤᠶᠤ ᠳᠡᠩᠳᠡᠭᠦᠦ ᠬᠦᠢᠭᠡᠨ ᠵᠠᠶᠢᠯᠠᠵᠤ ᠪᠣᠯᠬᠤ ᠦᠭᠡᠢ᠃ | 4. ᠵᠠᠶᠢᠯᠠᠭᠰᠠᠨ ᠤ ᠳᠠᠷᠠᠭ᠎ᠠ ᠤᠰᠤᠯᠠᠵᠤ ᠪᠦᠷᠬᠦᠬᠦᠯ ᠪᠦᠷᠬᠦᠨ᠎ᠡ᠄ ᠵᠠᠶᠢᠯᠠᠭᠰᠠᠨ ᠤ ᠳᠠᠷᠠᠭ᠎ᠠ ᠭᠢᠰᠬᠢᠵᠦ | ᠬᠦᠷᠦᠰᠦ ᠶᠢ ᠴᠢᠩᠭᠠᠯᠠᠵᠤ᠂ ᠵᠠᠯᠭᠠᠭ᠎ᠠ ᠪᠠᠷ ᠬᠤᠶᠠᠷ ᠤᠳᠠᠭ᠎ᠠ ᠤᠰᠤᠯᠠᠭᠰᠠᠨ ᠤ ᠳᠠᠷᠠᠭ᠎ᠠ ᠪᠦᠷᠬᠦᠬᠦᠯ ᠪᠦᠷᠬᠦᠨ᠎ᠡ᠃ | | ︵ᠭᠤᠷᠪᠠ︶ ᠬᠥᠷᠥᠰᠥ ᠰᠢᠷᠣᠶ ᠶᠢᠨ ᠬᠠᠮᠢᠶᠠᠷᠤᠯᠲᠠ | 1. ᠳᠡᠭᠡᠳᠦ ᠬᠥᠷᠥᠰᠥ ᠶᠢ ᠰᠤᠯᠠᠷᠠᠭᠤᠯᠬᠤ᠄ ᠶᠡᠷᠦ ᠳᠡᠭᠡᠨ ᠨᠠᠮᠤᠷ ᠤᠨ ᠤᠯᠠᠷᠢᠯ ᠳᠤ ᠰᠠᠭᠤᠷᠢ ᠪᠣᠷᠳᠣᠭᠤᠷ | ᠣᠷᠣᠭᠤᠯᠬᠤ ᠦᠶ᠎ᠡ ᠳᠤ ᠲᠡᠭᠡᠳᠦ ᠬᠡᠰᠡᠭ ᠤᠨ ᠬᠦᠷᠦᠰᠦ ᠶᠢ ᠰᠤᠯᠠᠷᠠᠭᠤᠯᠤᠨ᠎ᠠ᠃ ᠨᠠᠮᠤᠷ ᠤᠨ ᠤᠯᠠᠷᠢᠯ ᠳᠤ | ᠬᠦᠷᠦᠰᠦ ᠶᠢ ᠨᠢ ᠰᠤᠯᠠᠷᠠᠭᠤᠯᠵᠤ ᠠᠮᠵᠢᠭᠰᠠᠨ ᠦᠭᠡᠢ ᠪᠣᠯ ᠳᠠᠷᠠᠭ᠎ᠠ ᠬᠠᠪᠤᠷ ᠤᠨ ᠤᠯᠠᠷᠢᠯ ᠳᠤ ᠬᠠᠯᠢᠶ᠎ᠠ ᠢᠷᠡᠭᠰᠡᠨ ᠤ | ᠳᠠᠷᠠᠭ᠎ᠠ ᠬᠦᠷᠦᠰᠦ ᠶᠢ ᠰᠤᠯᠠᠷᠠᠭᠤᠯᠤᠨ᠎ᠠ᠃ ᠬᠦᠷᠦᠰᠦ ᠶᠢ ᠰᠤᠯᠠᠷᠠᠭᠤᠯᠬᠤ ᠬᠦᠨᠴᠡ ᠶᠢ ᠶᠡᠷᠦ ᠳᠡᠭᠡᠨ 60~80 | ᠰᠠᠨᠲ᠋ᠢᠮᠧᠲᠷ ᠪᠠᠶᠢᠯᠭᠠᠨ᠎ᠠ᠃ | 2 ᠤᠷᠭᠤᠯᠳᠠ ᠶᠢᠨ ᠲᠤᠮᠳᠠ ᠬᠤᠭᠤᠴᠠᠭᠠᠨ ᠳᠤ ᠡᠪᠡᠰᠦ ᠶᠢ ᠠᠷᠢᠯᠭᠠᠵᠤ ᠤᠷᠭᠤᠯᠳᠠ ᠳᠤ ᠲᠤᠰᠠᠯᠠᠨ᠎ᠠ᠃ | | |