ᠮᠤᠳᠤᠨ ᠤ ᠵᠢᠯ ᠤᠨ ᠴᠠᠭᠠᠷᠢᠭ ᠶᠢᠨ ᠲᠤᠬᠠᠢ ᠵᠢᠵᠢᠭ ᠮᠡᠳᠡᠯᠬᠡ
ᠨᠡᠶᠢᠲᠡᠯᠡᠭᠰᠡᠨ ᠴᠠᠭ᠄
2023/4/10
      ᠰᠡᠷᠢᠭᠦᠨ ᠪᠦᠰᠡ ᠶᠢᠨ ᠭᠠᠵᠠᠷ ᠲᠤ ᠤᠷᠭᠤᠵᠤ ᠪᠠᠶᠢᠭ᠎ᠠ ᠮᠤᠳᠤ ᠨᠢ ᠳᠥᠷᠪᠡᠨ ᠤᠯᠠᠷᠢᠯ ᠤᠨ ᠠᠭᠤᠷ ᠠᠮᠢᠰᠬᠤᠯ ᠤᠨ ᠬᠤᠪᠢᠷᠠᠯᠲᠠ ᠶᠢᠨ ᠨᠦᠯᠦᠭᠡ ᠶᠢ ᠬᠦᠷᠳᠡᠵᠦ᠂ ᠡᠰᠢᠨ ᠬᠡᠰᠡᠭ ᠤᠨ ᠪᠦᠲᠦᠭᠦᠷᠡᠵᠦ ᠤᠷᠭᠤᠬᠤ ᠨᠢ ᠮᠠᠰᠢ ᠲᠤᠳᠤᠷᠬᠠᠢ ᠵᠢᠮ᠎ᠡ ᠶᠤᠰᠤᠨ ᠤ ᠬᠤᠪᠢᠷᠠᠯᠲᠠ ᠶᠢ ᠦᠵᠡᠭᠦᠯᠳᠡᠭ᠃ ᠬᠠᠪᠤᠷ ᠤᠨ ᠤᠯᠠᠷᠢᠯ᠂ ᠠᠭᠤᠷ ᠠᠮᠢᠰᠬᠤᠯ ᠲᠤᠯᠭᠠᠷᠠᠵᠤ ᠤᠰᠤ ᠪᠠ ᠰᠢᠮ᠎ᠡ ᠲᠡᠵᠢᠭᠡᠯ ᠲᠡᠭᠦᠯᠳᠡᠷ᠂ ᠮᠤᠳᠤᠨ ᠤ ᠤᠷᠭᠤᠯᠲᠠ ᠬᠤᠷᠳᠤᠨ᠂ ᠪᠤᠢ ᠪᠤᠯᠤᠭᠰᠠᠨ ᠮᠤᠳᠤᠨ ᠮᠠᠲ᠋ᠧᠷᠢᠶᠠᠯ ᠤᠨ ᠡᠵᠡᠯᠡᠭᠦᠨ ᠨᠢ ᠶᠡᠭᠡ᠂ ᠮᠤᠳᠤᠨ ᠮᠠᠲ᠋ᠧᠷᠢᠶᠠᠯ ᠤᠨ ᠴᠢᠨᠠᠷ ᠨᠢ ᠰᠤᠯᠠ ᠰᠡᠶᠢᠷᠡᠭ᠂ ᠡᠭᠦᠨ ᠢ ᠡᠷᠳᠡ ᠶᠢᠨ ᠮᠠᠲ᠋ᠧᠷᠢᠶᠠᠯ ᠭᠡᠳᠡᠭ᠃ ᠨᠠᠮᠤᠷ ᠪᠤᠯᠬᠤ ᠳᠤ ᠠᠭᠤᠷ ᠠᠮᠢᠰᠬᠤᠯ ᠬᠦᠢᠳᠡᠷᠡᠵᠦ ᠤᠰᠤ ᠪᠠ ᠰᠢᠮ᠎ᠡ ᠲᠡᠵᠢᠭᠡᠯ ᠤᠨ ᠬᠠᠩᠭᠠᠯᠲᠠ ᠲᠤᠷᠤᠭᠰᠢᠯᠠᠨ᠎ᠠ᠂ ᠮᠤᠳᠤᠨ ᠤ ᠤᠷᠭᠤᠯᠲᠠ ᠤᠳᠠᠭᠠᠰᠢᠷᠠᠵᠤ ᠪᠤᠢ ᠪᠤᠯᠤᠭᠰᠠᠨ ᠮᠤᠳᠤᠨ ᠮᠠᠲ᠋ᠧᠷᠢᠶᠠᠯ ᠤᠨ ᠡᠵᠡᠯᠡᠭᠦᠨ ᠨᠢ ᠪᠠᠭ᠎ᠠ᠂ ᠮᠠᠲ᠋ᠧᠷᠢᠶᠠᠯ ᠤᠨ ᠴᠢᠨᠠᠷ ᠨᠢ ᠨᠠᠷᠢᠯᠢᠭ ᠪᠠᠶᠢᠳᠠᠭ᠂ ᠡᠭᠦᠨ ᠢ ᠤᠷᠤᠢ ᠶᠢᠨ ᠮᠠᠲ᠋ᠧᠷᠢᠶᠠᠯ ᠭᠡᠳᠡᠭ᠃ ᠠᠳᠠᠯᠢ ᠵᠢᠯ ᠲᠤᠳᠤᠷ᠎ᠠ᠂ ᠬᠠᠪᠤᠷ ᠠᠴᠠ ᠨᠠᠮᠤᠷ ᠪᠤᠯᠳᠠᠯ᠎ᠠ ᠮᠤᠳᠤᠨ ᠤ ᠮᠠᠲ᠋ᠧᠷᠢᠶᠠᠯ ᠤᠨ ᠴᠢᠨᠠᠷ ᠰᠡᠶᠢᠷᠡᠭ ᠠᠴᠠ ᠨᠠᠷᠢᠯᠢᠭ ᠪᠤᠯᠵᠤ ᠠᠭᠠᠵᠢᠮ ᠢᠶᠠᠷ ᠬᠤᠪᠢᠷᠠᠯᠲᠠ ᠭᠠᠷᠴᠤ ᠬᠤᠭᠤᠷᠤᠨᠳᠤ ᠨᠢ ᠲᠤᠳᠤᠷᠬᠠᠢ ᠵᠠᠭᠠᠭ ᠦᠭᠡᠢ᠃ ᠭᠡᠪᠡᠴᠦ ᠡᠪᠦᠯ ᠤᠨ ᠤᠯᠠᠷᠢᠯ ᠪᠤᠯᠬᠤ ᠳᠤ ᠮᠤᠳᠤ ᠢᠴᠡᠭᠡᠯᠡᠵᠦ ᠤᠷᠭᠤᠯᠲᠠ ᠨᠢ ᠦᠨᠳᠦᠰᠦᠨ ᠳᠡᠭᠡᠨ ᠵᠤᠭᠰᠤᠨ᠎ᠠ᠃ ᠡᠶᠢᠮᠦ ᠠᠴᠠ ᠨᠢᠭᠡᠳᠦᠭᠡᠷ ᠵᠢᠯ ᠤᠨ ᠤᠷᠤᠢ ᠶᠢᠨ ᠮᠠᠲ᠋ᠧᠷᠢᠶᠠᠯ ᠪᠠ ᠬᠤᠶᠠᠳᠤᠭᠠᠷ ᠵᠢᠯ ᠤᠨ ᠡᠷᠳᠡ ᠶᠢᠨ ᠮᠠᠲ᠋ᠧᠷᠢᠶᠠᠯ ᠤᠨ ᠬᠤᠭᠤᠷᠤᠨᠳᠤ ᠶᠢᠨ ᠵᠠᠭᠠᠭ ᠨᠢ ᠮᠠᠰᠢ ᠲᠤᠳᠤᠷᠬᠠᠢ᠂ ᠲᠡᠶᠢᠮᠦ ᠪᠤᠯᠬᠤᠷ ᠬᠡᠳᠦᠨ ᠵᠢᠯ ᠤᠷᠭᠤᠭᠰᠠᠨ ᠮᠤᠳᠤᠯᠢᠭ ᠡᠰᠢᠨ ᠤ ᠬᠦᠨᠳᠡᠯᠡᠨ ᠤᠭᠳᠤᠯᠤᠭᠠᠰᠤ ᠳᠡᠭᠡᠷ᠎ᠡ ᠳᠠᠷᠤᠢ ᠬᠠᠮᠳᠤ ᠶᠢᠨ ᠭᠤᠤᠯ ᠲᠠᠢ ᠲᠤᠭᠤᠢ ᠴᠠᠭᠠᠷᠢᠭ ᠢᠯᠡᠷᠡᠨ᠎ᠡ᠃ ᠡᠩ ᠤᠨ ᠪᠠᠶᠢᠳᠠᠯ ᠳᠤᠤᠷ᠎ᠠ ᠨᠢᠭᠡ ᠳᠤᠭᠤᠢ ᠴᠠᠭᠠᠷᠢᠭ ᠨᠢ ᠨᠢᠭᠡ ᠵᠢᠯ ᠳᠤ ᠪᠤᠢ ᠪᠤᠯᠤᠨ᠎ᠠ᠂ ᠡᠶᠢᠮᠦ ᠠᠴᠠ ᠵᠢᠯ ᠤᠨ ᠴᠠᠭᠠᠷᠢᠭ ᠭᠡᠳᠡᠭ᠃ ᠮᠤᠳᠤᠨ ᠤ ᠭᠤᠤᠯ ᠡᠰᠢᠨ ᠤ ᠦᠨᠳᠦᠰᠦᠨ ᠬᠡᠰᠡᠭ ᠤᠨ ᠵᠢᠯ ᠤᠨ ᠴᠠᠭᠠᠷᠢᠭ ᠤᠨ ᠲᠤᠭ᠎ᠠ ᠠᠴᠠ ᠮᠤᠳᠤᠨ ᠤ ᠲᠦᠢᠮᠤ ᠨᠠᠰᠤ ᠶᠢ ᠪᠤᠳᠤᠵᠤ ᠤᠯᠵᠤ ᠪᠤᠯᠤᠨ᠎ᠠ᠃    
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号