ᠵᠢᠮᠢᠰ ᠤᠨ ᠬᠠᠯᠢᠰᠤ ᠶᠢᠨ ᠬᠡᠷᠡᠭᠴᠡᠭᠡ
ᠨᠡᠶᠢᠲᠡᠯᠡᠭᠰᠡᠨ ᠴᠠᠭ᠄
2023/4/18
      ᠵᠢᠮᠢᠰ ᠢᠳᠡᠬᠦ ᠳᠡᠭᠡᠨ ᠬᠠᠯᠢᠰᠤ ᠶᠢ ᠨᠢ ᠪᠢᠳᠡᠬᠡᠢ ᠭᠠᠷ ᠤᠨ ᠠᠶ᠎ᠠ ᠪᠠᠷ ᠢᠶᠠᠨ ᠬᠤᠭ ᠤᠨ ᠰᠠᠪᠠ ᠤᠷᠤᠭᠤ ᠰᠢᠳᠠᠵᠤ ᠯᠠ ᠪᠠᠶᠢᠭᠠᠷᠠᠢ᠃ ᠠᠪᠤᠨ ᠦᠵᠡᠬᠦ ᠳᠤ ᠳᠡᠮᠡᠢ ᠬᠡᠷᠡᠭᠴᠡᠭᠡ ᠦᠬᠡᠢ ᠵᠢᠮᠢᠰ ᠤᠨ ᠬᠠᠯᠢᠰᠤ ᠨᠢ ᠡᠩ ᠤᠨ ᠠᠮᠢᠳᠤᠷᠠᠯ ᠳᠤᠮᠳᠠ ᠰᠠᠨᠠᠭᠠᠨ ᠠᠴᠠ ᠭᠠᠳᠠᠭᠤᠷ ᠦᠷ᠎ᠡ ᠪᠦᠳᠦᠮᠵᠢ ᠲᠠᠢ ᠶᠤᠮ᠃           ᠰᠢᠷ᠎ᠠ ᠠᠯᠢᠮ᠎ᠠ ᠶᠢᠨ ᠬᠠᠯᠢᠰᠤ           ᠵᠢᠪᠡᠷᠡᠬᠦ ᠦᠬᠡᠢ ᠪᠤᠯᠤᠳ ᠳᠤᠭᠤᠭᠠᠯᠠᠬᠤ ᠬᠡᠷᠡᠭᠰᠡᠯ ᠤᠨ ᠢᠷᠦᠭᠠᠷ ᠲᠠᠬᠢ ᠬᠠᠷ᠎ᠠ ᠳᠠᠭ ᠢ ᠱᠤᠸᠠᠰᠠ ᠪᠠᠷ ᠱᠤᠸᠠᠰᠠᠳᠠᠭᠠᠳ ᠠᠷᠢᠯᠭᠠᠬᠤ ᠳᠤ ᠪᠡᠷᠬᠡᠳᠡᠨ᠎ᠡ᠂ ᠬᠡᠬᠦ ᠳᠡᠭᠡᠨ ᠰᠢᠷ᠎ᠠ ᠠᠯᠢᠮ᠎ᠠ ᠶᠢᠨ ᠬᠠᠯᠢᠰᠤ ᠪᠠᠷ ᠠᠷᠴᠢᠪᠠᠯ ᠬᠠᠷ᠎ᠠ ᠳᠠᠭ ᠢ ᠰᠢᠯᠤᠭᠤᠬᠠᠨ ᠠᠷᠢᠯᠭᠠᠵᠤ ᠴᠢᠳᠠᠨ᠎ᠠ᠃ ᠤᠳᠠᠭᠠᠨ ᠬᠤᠭᠤᠴᠠᠭ᠎ᠠ ᠪᠤᠯᠤᠭᠰᠠᠨ ᠠᠮᠠᠷᠬᠠᠨ ᠠᠷᠴᠢᠭᠳᠠᠬᠤ ᠦᠬᠡᠢ ᠬᠠᠷ᠎ᠠ ᠳᠠᠭ ᠢ ᠠᠷᠢᠯᠭᠠᠬᠤ ᠳᠠᠭᠠᠨ ᠰᠢᠷ᠎ᠠ ᠠᠯᠢᠮ᠎ᠠ ᠶᠢ ᠳᠤᠭᠤᠭᠠᠨ ᠳᠤᠳᠤᠷ᠎ᠠ ᠬᠢᠵᠤ᠂ ᠤᠰᠤ ᠨᠡᠮᠡᠵᠤ ᠪᠤᠴᠠᠯᠭᠠᠭᠠᠳ ᠠᠷᠪᠠᠨ ᠬᠡᠳᠤᠨ ᠮᠢᠨᠦ᠋ᠲ ᠪᠤᠯᠪᠠᠯ ᠬᠠᠷ᠎ᠠ ᠳᠠᠭ ᠠᠯᠭᠤᠷ ᠢᠶᠠᠷ ᠤᠨᠠᠴᠢᠬᠠᠳᠠᠭ ᠶᠤᠮ᠃           ᠵᠦᠷᠵᠢ ᠶᠢᠨ ᠬᠠᠯᠢᠰᠤ           ᠵᠦᠷᠵᠢ ᠶᠢᠨ ᠬᠠᠯᠢᠰᠤ ᠶᠢ ᠵᠤᠤᠮ᠎ᠠ ᠶᠢᠨ ᠦᠷᠬᠦᠯᠵᠢ ᠬᠠᠷᠠᠭᠳᠠᠳᠠᠭ ᠭᠠᠵᠠᠷ ᠳᠠᠯᠪᠢᠪᠠᠯ᠂ ᠵᠤᠤᠮ᠎ᠠ ᠶᠢ ᠠᠷᠢᠯᠭᠠᠬᠤ ᠦᠢᠯᠡᠳᠤᠯ ᠲᠠᠢ ᠶᠤᠮ᠃ ᠠᠶᠠᠭ᠎ᠠ ᠫᠢᠯᠠ ᠳᠤᠭᠤᠭ᠎ᠠ ᠰᠢᠨᠠᠭ᠎ᠠ ᠤᠬᠢᠶᠠᠬᠤ ᠠᠴᠠ ᠪᠠᠨ ᠡᠮᠤᠨ᠎ᠡ ᠵᠦᠷᠵᠢ ᠎ ᠶᠢᠨ ᠬᠠᠯᠢᠰᠤ ᠪᠠᠷ ᠵᠦᠯᠬᠦᠪᠡᠯ ᠳᠤᠰᠤ ᠪᠤᠷᠳᠠᠭ ᠢ ᠪᠦᠳᠦᠮᠵᠢᠳᠡᠢ ᠠᠷᠢᠯᠭᠠᠵᠤ ᠴᠢᠳᠠᠨ᠎ᠠ᠃ ᠵᠦᠷᠵᠢ ᠶᠢᠨ ᠬᠠᠯᠢᠰᠤ ᠶᠢ ᠠᠪᠳᠠᠷ᠎ᠠ ᠬᠤᠷᠭᠤ ᠪᠤᠯᠤᠨ ᠬᠦᠯᠳᠡᠬᠡᠬᠦᠷ ᠳᠤᠳᠤᠷ᠎ᠠ ᠬᠢᠪᠡᠯ ᠰᠢᠨ᠎ᠡ ᠰᠤᠷᠭᠤᠭ ᠢ ᠪᠠᠳᠤᠯᠠᠬᠤ ᠦᠢᠯᠡᠳᠤᠯ ᠲᠠᠢ᠂ ᠦᠮᠡᠬᠡᠢ ᠦᠨᠦᠷ ᠢ ᠠᠷᠢᠯᠭᠠᠵᠤ ᠴᠢᠳᠠᠨ᠎ᠠ᠃ ᠵᠦᠷᠵᠢ ᠶᠢᠨ ᠬᠠᠯᠢᠰᠤ ᠶᠢ ᠳᠠᠪᠤᠰᠤᠨ ᠳᠤ ᠲᠦᠷᠦᠵᠤ ᠱᠠᠭᠠᠵᠠᠩ᠂ ᠭᠠᠤᠯᠢ ᠪᠠᠷ ᠦᠢᠯᠡᠳᠦᠭᠰᠡᠨ ᠬᠤᠭᠤᠯᠠᠨ ᠰᠠᠪᠠ ᠬᠡᠷᠡᠭᠰᠡᠯ ᠳᠡᠬᠡᠷᠡᠬᠢ ᠭᠬᠢᠷ ᠪᠤᠷᠳᠠᠭ ᠢ ᠵᠦᠯᠬᠦᠵᠤ ᠪᠤᠯᠤᠨ᠎ᠠ᠂ ᠪᠠᠰᠠ ᠰᠢᠷᠠᠯᠠᠭᠰᠠᠨ ᠵᠠᠭᠠᠨ ᠤ ᠰᠤᠶᠤᠭᠠᠨ ᠤ ᠡᠳ᠋ᠯᠡᠯ ᠪᠤᠯᠤᠨ ᠫᠢᠶᠡᠨᠤ᠋ ᠶᠢᠨ ᠳᠠᠷᠤᠭᠤᠯ ᠢ ᠠᠷᠴᠢᠵᠤ ᠪᠤᠯᠤᠨ᠎ᠠ᠂ ᠰᠠᠶᠢᠳᠤᠷ ᠠᠷᠴᠢᠪᠠᠯ ᠡᠳ᠋ᠯᠡᠯ ᠬᠡᠷᠡᠭᠰᠡᠯ ᠤᠨ ᠤᠤᠯ ᠤᠨ ᠦᠩᠬᠡ ᠬᠢᠯᠪᠠᠭ᠎ᠠ ᠶᠢ ᠨᠢ ᠰᠡᠷᠬᠦᠬᠡᠵᠤ ᠴᠢᠳᠠᠨ᠎ᠠ᠃           ᠠᠯᠮᠤᠷᠠᠳ ᠤᠨ ᠬᠠᠯᠢᠰᠤ           ᠪᠡᠶ᠎ᠡ ᠤᠬᠢᠶᠠᠬᠤ ᠳᠠᠭᠠᠨ ᠰᠢᠭᠤᠳ ᠠᠯᠮᠤᠷᠠᠳ ᠤᠨ ᠬᠠᠯᠢᠰᠤ ᠪᠠᠷ ᠪᠡᠶ᠎ᠡ ᠪᠠᠨ ᠵᠦᠯᠬᠦᠵᠤ ᠪᠤᠯᠤᠨ᠎ᠠ᠂ ᠠᠯᠮᠤᠷᠠᠳ ᠤᠨ ᠬᠠᠯᠢᠰᠤᠨ ᠳᠤᠳᠤᠷ᠎ᠠ ᠠᠭᠤᠯᠤᠭᠳᠠᠵᠤ ᠪᠠᠶᠢᠭ᠎ᠠ ᠤᠯᠠᠨ ᠹᠧᠨᠤᠯ ᠨᠢ ᠵᠢᠰᠤ ᠭᠤᠶᠤᠯᠠᠬᠤ ᠦᠢᠯᠡᠳᠤᠯ ᠎ ᠲᠠᠢ ᠮᠦᠷᠳᠡᠬᠡᠨ ᠠᠩᠬᠢᠯᠦᠮ᠎ᠡ ᠰᠠᠶᠢᠬᠠᠨ ᠦᠨᠦᠷ ᠨᠢ ᠬᠦᠮᠦᠨ ᠤ ᠪᠡᠶ᠎ᠡ ᠰᠡᠳᠬᠢᠯ ᠢ ᠳᠠᠶᠢᠪᠤᠰᠢᠷᠠᠭᠤᠯᠵᠤ ᠶᠠᠳᠠᠷᠠᠭ᠎ᠠ ᠎ ᠶᠢ ᠳᠠᠶᠢᠯᠳᠠᠭ᠃ ᠪᠠᠰᠠ ᠠᠯᠮᠤᠷᠠᠳ ᠤᠨ ᠬᠠᠯᠢᠰᠤ ᠶᠢ ᠬᠡᠰᠡᠭ ᠵᠤᠷᠭᠤᠵᠤ ᠳᠡᠬᠡᠷ᠎ᠡ ᠨᠢ ᠵᠦᠬᠡᠢ ᠶᠢᠨ ᠪᠠᠯ ᠲᠦᠷᠬᠢᠵᠤ ᠤᠷᠤᠭᠤᠯ ᠳᠡᠬᠡᠷ᠎ᠡ ᠪᠠᠨ ᠨᠠᠭᠠᠵᠤ ᠪᠤᠯᠤᠨ᠎ᠠ᠂ ᠠᠯᠮᠤᠷᠠᠳ ᠤᠨ ᠬᠠᠯᠢᠰᠤᠨ ᠳᠤᠳᠤᠷᠠᠬᠢ ᠬᠦᠴᠢᠯᠯᠢᠭ ᠴᠢᠨᠠᠷᠳᠠᠢ ᠪᠦᠷᠢᠯᠳᠦᠬᠦᠨ ᠨᠢ ᠬᠠᠳᠠᠭᠰᠠᠨ ᠤᠷᠤᠭᠤᠯ ᠢ ᠰᠢᠮᠡᠵᠢᠬᠦᠯᠵᠤ ᠴᠢᠳᠠᠨ᠎ᠠ᠂ ᠡᠬᠦᠨ ᠤ ᠬᠠᠮᠳᠤ ᠵᠦᠬᠡᠢ ᠶᠢᠨ ᠪᠠᠯ ᠤᠰᠤᠵᠢᠭᠤᠯᠬᠤ ᠦᠢᠯᠡᠳᠤᠯ ᠲᠠᠢ ᠪᠠᠶᠢᠵᠤ᠂ ᠤᠷᠤᠭᠤᠯ ᠢ ᠬᠠᠮᠠᠭᠠᠯᠠᠬᠤ ᠦᠢᠯᠡᠳᠤᠯ ᠲᠠᠢ ᠶᠤᠮ᠃ ᠬᠠᠷᠠᠯᠠᠭᠰᠠᠨ ᠭᠠᠤᠯᠢᠨ ᠳᠤᠭᠤᠭᠠᠨ ᠳᠤᠳᠤᠷ᠎ᠠ ᠰᠢᠨ᠎ᠡ ᠰᠤᠷᠭᠤᠭ ᠠᠯᠮᠤᠷᠠᠳ ᠤᠨ ᠬᠠᠯᠢᠰᠤ ᠶᠢ ᠬᠢᠵᠤ ᠤᠰᠤ ᠲᠠᠢ ᠪᠤᠴᠠᠯᠭᠠᠪᠠᠯ ᠭᠠᠤᠯᠢᠨ ᠳᠤᠭᠤᠭ᠎ᠠ ᠮᠠᠰᠢ ᠠᠮᠠᠷᠬᠠᠨ ᠤᠬᠢᠶᠠᠭᠳᠠᠵᠤ ᠴᠢᠳᠠᠨ᠎ᠠ᠃           ᠪᠠᠨᠠᠨᠠ ᠶᠢᠨ ᠬᠠᠯᠢᠰᠤ           ᠪᠠᠨᠠᠨᠠ ᠶᠢᠨ ᠬᠠᠯᠢᠰᠤ ᠶᠢᠨ ᠳᠤᠳᠣᠷ᠎ᠠ ᠳᠠᠯ᠎ᠠ ᠪᠠᠷ ᠠᠷᠠᠰᠤᠨ ᠡᠳ᠋ᠯᠡᠯ ᠢ ᠵᠦᠯᠬᠦᠵᠤ ᠪᠤᠯᠤᠨ᠎ᠠ᠂ ᠳᠤᠬᠠᠶᠢᠯᠠᠪᠠᠯ ᠠᠷᠠᠰᠤᠨ ᠱᠠᠬᠠᠢ᠂ ᠱᠠᠹᠠ ᠶᠢᠨ ᠦᠩᠬᠡᠨ ᠳᠠᠪᠬᠤᠷᠭ᠎ᠠ ᠶᠢ ᠵᠦᠯᠬᠦᠪᠡᠯ ᠭᠬᠢᠷ ᠪᠤᠷᠳᠠᠭ ᠢ ᠠᠷᠢᠯᠭᠠᠵᠤ ᠴᠢᠳᠠᠬᠤ ᠮᠦᠷᠳᠡᠬᠡᠨ ᠬᠡᠷᠡᠭᠯᠡᠬᠦ ᠴᠠᠭ ᠢ ᠨᠢ ᠤᠷᠳᠤᠳᠬᠠᠵᠤ ᠴᠢᠳᠠᠨ᠎ᠠ᠃ ᠮᠦᠩᠬᠦᠨ ᠡᠳᠡᠯᠡᠯ ᠤᠨ ᠢᠰᠦᠯᠳᠦᠨ ᠬᠠᠷᠠᠯᠠᠭᠰᠠᠨ ᠬᠡᠰᠡᠭ ᠢ ᠪᠠᠰᠠ ᠪᠠᠨᠠᠨᠠ ᠶᠢᠨ ᠬᠠᠯᠢᠰᠤ ᠪᠠᠷ ᠠᠷᠴᠢᠨ ᠵᠦᠯᠬᠦᠪᠡᠯ ᠤᠤᠯ ᠤᠨ ᠬᠡᠷᠡᠯ ᠬᠢᠯᠪᠠᠭ᠎ᠠ ᠶᠢ ᠨᠢ ᠰᠡᠷᠬᠦᠬᠡᠵᠤ ᠴᠢᠳᠠᠨ᠎ᠠ᠃ ᠠᠷᠠᠰᠤ ᠠᠮᠠᠷᠬᠠᠨ ᠬᠠᠳᠠᠵᠤ ᠬᠠᠭᠠᠷᠠᠬᠤ ᠳᠤ ᠬᠦᠷᠪᠡᠯ ᠪᠠᠨᠠᠨᠠ ᠶᠢᠨ ᠬᠠᠯᠢᠰᠤ ᠪᠠᠷ ᠱᠦᠷᠬᠦᠬᠡᠪᠡᠯ ᠠᠷᠠᠰᠤ ᠎ ᠳᠤ ᠳᠡᠵᠢᠬᠡᠯ ᠦᠭᠴᠤ ᠵᠦᠬᠡᠯᠡᠨ ᠪᠤᠯᠪᠠᠷᠠᠢ ᠪᠤᠯᠭᠠᠳᠠᠭ᠃        ᠵᠦᠷᠵᠢᠯᠢᠭ ᠤᠨ ᠬᠠᠯᠢᠰᠤ           ᠵᠦᠷᠵᠢᠯᠢᠭ ᠤᠨ ᠳᠤᠳᠤᠷ᠎ᠠ ᠳᠠᠯ᠎ᠠ ᠶᠢᠨ ᠴᠠᠭᠠᠨ ᠦᠩᠬᠡ ᠲᠠᠢ ᠰᠢᠷᠬᠡᠭ ᠢ ᠬᠠᠶᠠᠵᠤ᠂ ᠬᠠᠳᠠᠭᠠᠭᠰᠠᠨ ᠤ ᠳᠠᠷᠠᠭ᠎ᠠ ᠠᠭᠠᠷ ᠨᠡᠪᠳᠡᠷᠡᠬᠦ ᠤᠭᠤᠳᠠᠨ ᠳᠤ ᠬᠢᠵᠤ᠂ ᠳᠠᠬᠢᠭᠠᠳ ᠪᠤᠳᠠᠭ᠎ᠠ ᠰᠠᠪᠠᠯᠠᠳᠠᠭ ᠰᠠᠪᠠᠨ ᠳᠤ ᠬᠢᠪᠡᠯ ᠬᠤᠷᠤᠬᠠᠢ ᠦᠯᠳᠡᠬᠦ ᠦᠢᠯᠡᠳᠤᠯ ᠲᠠᠢ᠃ ᠵᠦᠷᠵᠢᠯᠢᠭ ᠢ ᠤᠰᠤᠨ ᠳᠤ ᠴᠢᠨᠠᠵᠤ ᠪᠤᠴᠠᠯᠭᠠᠪᠠᠯ ᠴᠤᠯᠤ ᠪᠠᠶᠢᠭᠠᠯᠢᠯᠢᠭ ᠵᠦᠷᠵᠢᠯᠢᠭ ᠎ ᠤᠨ ᠤᠬᠢ ᠳᠤᠰᠤ ᠶᠢ ᠰᠢᠷᠭᠠᠭᠠᠨ ᠪᠤᠯᠪᠠᠰᠤᠷᠠᠭᠤᠯᠵᠤ ᠴᠢᠳᠠᠨ᠎ᠠ᠃ ᠬᠢᠬᠦ ᠠᠷᠭ᠎ᠠ ᠨᠢ ᠬᠡᠪᠡᠯ ᠤᠷᠢᠳᠠᠪᠠᠷ ᠵᠦᠷᠵᠢᠯᠢᠭ ᠎ ᠤᠨ ᠬᠠᠯᠢᠰᠤ ᠶᠢ ᠵᠢᠵᠢᠭ ᠬᠡᠰᠡᠭ ᠪᠤᠯᠭᠠᠨ ᠬᠡᠷᠴᠢᠵᠤ ᠤᠰᠤᠨ ᠳᠤ ᠬᠢᠵᠤ ᠬᠠᠯᠠᠭᠠᠨ᠎ᠠ᠂ ᠳᠡᠬᠡᠬᠡᠳ ᠳᠡᠮᠡᠢ ᠤᠳᠠᠯ ᠦᠬᠡᠢ ᠤᠰᠤᠨ ᠳᠡᠬᠡᠷ᠎ᠡ ᠨᠢᠬᠡ ᠳᠠᠪᠬᠤᠷᠭ᠎ᠠ ᠦᠬᠡᠬᠦ ᠳᠤᠰᠤ ᠳᠡᠭᠳᠡᠬᠦ ᠪᠤᠯᠤᠨ᠎ᠠ᠂ ᠡᠨᠡ ᠨᠢ ᠳᠠᠷᠤᠢ ᠵᠦᠷᠵᠢᠯᠢᠭ ᠤᠨ ᠳᠤᠰᠤ ᠪᠤᠯᠤᠨ᠎ᠠ᠃ ᠡᠨᠡ ᠨᠢ ᠬᠡᠷ ᠳᠤᠳᠤᠷ᠎ᠠ ᠠᠭᠠᠷ ᠴᠡᠪᠡᠷᠰᠢᠬᠦᠯᠬᠦ ᠪᠠᠷ ᠪᠠᠷᠠᠬᠤ ᠦᠬᠡᠢ ᠪᠠᠳᠠᠭᠠᠨ᠎ᠠ ᠦᠯᠳᠡᠬᠦ ᠦᠢᠯᠡᠳᠤᠯ ᠲᠠᠢ᠂ ᠡᠬᠦᠨ ᠢᠶᠠᠷ ᠪᠠᠷᠠᠬᠤ ᠦᠬᠡᠢ ᠰᠢᠬᠦᠰᠤ ᠳᠤᠰᠤ ᠪᠠᠷ ᠨᠢ ᠪᠡᠶ᠎ᠡ ᠤᠬᠢᠶᠠᠵᠤ ᠠᠷᠠᠰᠤ ᠮᠢᠬ᠎ᠠ ᠪᠠᠨ ᠭᠠᠯᠪᠢᠷᠵᠢᠭᠤᠯᠵᠤ ᠪᠤᠯᠤᠨ᠎ᠠ᠃ 
be07f8e186be972d911ebefe22775f11_2019-01-10-06114c7139-57f2-454b-bfdd-8a8e9f8268f7.jpg
       ᠳᠠᠷᠪᠤᠰ ᠤᠨ ᠬᠠᠯᠢᠰᠤ           ᠳᠠᠷᠪᠤᠰ ᠤᠨ ᠬᠠᠯᠢᠰᠤᠨ ᠳᠤᠳᠤᠷ᠎ᠠ ᠶᠡᠭᠡ ᠬᠡᠮᠵᠢᠶᠡᠨ ᠤ ᠤᠰᠤ ᠠᠭᠤᠯᠤᠭᠳᠠᠵᠤ ᠪᠤᠢ᠂ ᠨᠠᠷᠠᠨ ᠳᠤ ᠡᠬᠡᠵᠤ ᠰᠢᠷᠬᠠᠳᠠᠪᠠᠯ᠂ ᠳᠠᠷᠪᠤᠰ ᠤᠨ ᠬᠠᠯᠢᠰᠤ ᠶᠢ ᠰᠢᠷᠠᠭᠳᠠᠭᠰᠠᠨ ᠬᠡᠰᠡᠭ ᠲᠤ ᠲᠦᠷᠬᠢᠪᠡᠯ ᠠᠷᠠᠰᠤᠨ ᠤ ᠡᠳᠡᠬᠡᠷᠡᠯᠳᠡ ᠳᠤ ᠳᠤᠰᠠᠳᠠᠢ᠃ ᠳᠠᠷᠪᠤᠰ ᠤᠨ ᠬᠠᠯᠢᠰᠤ ᠶᠢ ᠨᠠᠷᠠᠨ ᠳᠤ ᠡᠬᠡᠵᠤ ᠬᠠᠳᠠᠭᠠᠴᠢᠬᠠᠭᠠᠳ ᠬᠡᠰᠡᠭ ᠪᠤᠯᠭᠠᠨ ᠬᠡᠷᠴᠢᠵᠤ ᠳᠡᠬᠡᠷ᠎ᠡ ᠎ ᠨᠢ ᠵᠤᠬᠢᠬᠤ ᠬᠡᠮᠵᠢᠶᠡᠨ ᠤ ᠣᠰᠤ ᠨᠡᠮᠡᠵᠤ ᠳᠤᠷᠬᠢᠳᠠᠯ᠎ᠠ ᠪᠤᠴᠠᠯᠭᠠᠭᠰᠠᠨ ᠤ ᠳᠠᠷᠠᠭ᠎ᠠ ᠨᠠᠮᠤᠭᠤᠬᠠᠨ ᠭᠠᠯ ᠢᠶᠠᠷ ᠭᠤᠴᠢᠨ ᠮᠢᠨᠦ᠋ᠲ ᠴᠢᠨᠠᠵᠤ ᠬᠠᠮᠤᠭ ᠰᠡᠬᠦᠯ ᠳᠤᠨᠢ ᠱᠦᠬᠦᠵᠤ ᠭᠠᠷᠭᠠᠨ᠎ᠠ᠂ ᠳᠠᠬᠢᠭᠠᠳ ᠪᠠᠭ᠎ᠠ ᠬᠡᠮᠵᠢᠶᠡᠨ ᠤ ᠮᠦᠰᠦᠨ ᠰᠢᠬᠢᠷ ᠨᠡᠮᠡᠵᠤ᠂ ᠤᠮᠳᠠ ᠳᠠᠷᠤᠬᠤ ᠬᠠᠯᠠᠭᠤᠨ ᠦᠯᠳᠡᠬᠦ ᠤᠮᠳᠠᠭᠠᠨ ᠪᠤᠯᠭᠠᠵᠤ ᠪᠤᠯᠤᠨ᠎ᠠ᠃ ᠳᠠᠷᠪᠤᠰ ᠤᠨ ᠬᠠᠯᠢᠰᠤ ᠶᠢᠨ ᠳᠤᠳᠤᠷ᠎ᠠ ᠳᠠᠪᠬᠤᠷᠭ᠎ᠠ ᠶᠢᠨ ᠴᠠᠭᠠᠨ ᠦᠩᠬᠡ ᠲᠠᠢ ᠬᠡᠰᠡᠭ ᠢ ᠬᠦᠢᠳᠡᠨ ᠵᠠᠭᠤᠰᠢ ᠨᠤᠭᠤᠭ᠎ᠠ ᠪᠤᠯᠭᠠᠵᠤ ᠪᠤᠯᠤᠨ᠎ᠠ᠃ ᠦᠨᠦᠷᠳᠤ ᠨᠤᠭᠤᠭ᠎ᠠ᠂ ᠰᠠᠷᠢᠮᠰᠠᠭ ᠲᠠᠢ ᠬᠤᠯᠢᠵᠤ᠂ ᠳᠡᠬᠡᠷ᠎ᠡ ᠨᠢ ᠳᠠᠪᠤᠰᠤ᠂ ᠼᠤᠤ᠂ ᠴᠠᠭᠠᠨ ᠰᠢᠬᠢᠷ᠂ ᠦᠨᠦᠷᠳᠤ ᠳᠤᠰᠤ ᠵᠢᠴᠢ ᠤᠰᠤ ᠨᠡᠮᠡᠬᠡᠳ ᠰᠠᠶᠢᠳᠤᠷ ᠬᠤᠯᠢᠵᠤ ᠬᠦᠳᠡᠯᠬᠡᠪᠡᠯ ᠠᠮᠳᠠᠳᠠᠢ ᠰᠠᠶᠢᠬᠠᠨ ᠨᠤᠭᠤᠭ᠎ᠠ ᠪᠤᠯᠳᠠᠭ᠃  
3aa545170344ab2a7ed105a1ff2bebcc_2019-01-10-22b6c4b935-e858-434a-952e-6d01318b7ce2.jpg
       ᠠᠯᠢᠮ᠎ᠠ ᠶᠢᠨ ᠬᠠᠯᠢᠰᠤ           ᠠᠯᠢᠮ᠎ᠠ ᠶᠢᠨ ᠬᠠᠯᠢᠰᠤᠨ ᠳᠡᠬᠡᠷ᠎ᠡ ᠤᠰᠤ ᠨᠡᠮᠡᠵᠤ ᠪᠤᠴᠠᠯᠭᠠᠭᠰᠠᠨ ᠤ ᠳᠠᠷᠠᠭ᠎ᠠ ᠢᠯᠭᠠᠷᠠᠭᠤᠯᠤᠭᠰᠠᠨ ᠵᠢᠮᠢᠰ ᠤᠨ ᠬᠦᠴᠢᠯ ᠨᠢ ᠳᠤᠭᠤᠭᠠᠨ ᠳᠤᠳᠤᠷ᠎ᠠ ᠬᠤᠷᠠᠮᠳᠤᠭᠰᠠᠨ ᠳᠠᠭ ᠢ ᠠᠷᠢᠯᠭᠠᠵᠤ ᠴᠢᠳᠠᠨ᠎ᠠ᠃ ᠳᠠᠪᠤᠰᠤᠯᠠᠭᠰᠠᠨ ᠨᠤᠭᠤᠭ᠎ᠠ ᠬᠢᠬᠦ ᠳᠡᠭᠡᠨ ᠳᠤᠳᠤᠷ᠎ᠠ ᠨᠢ ᠵᠤᠬᠢᠬᠤ ᠬᠡᠮᠵᠢᠶᠡᠨ ᠤ ᠠᠯᠢᠮ᠎ᠠ ᠶᠢᠨ ᠬᠠᠯᠢᠰᠤ ᠬᠢᠪᠡᠯ᠂ ᠨᠤᠭᠤᠭ᠎ᠠ ᠶᠢ ᠨᠡᠩ ᠬᠡᠪᠡᠷᠡᠭ ᠠᠮᠳᠠᠳᠠᠢ ᠪᠤᠯᠭᠠᠳᠠᠭ᠃           ᠨᠢᠮᠪᠡᠭᠡ ᠶᠢᠨ ᠬᠠᠯᠢᠰᠤ           ᠨᠢᠮᠪᠡᠭᠡ ᠶᠢᠨ ᠬᠠᠯᠢᠰᠤ ᠪᠠᠷ ᠪᠤᠤᠳᠤᠤ ᠶᠢ ᠠᠷᠴᠢᠪᠠᠯ ᠨᠤᠭᠤᠭ᠎ᠠ ᠬᠡᠷᠴᠢᠬᠡᠬᠡᠳ ᠳᠡᠬᠡᠷ᠎ᠡ ᠨᠢ ᠦᠯᠡᠳᠡᠭᠰᠡᠨ ᠬᠠᠴᠢᠨ ᠦᠨᠦᠷ ᠢ ᠠᠷᠢᠯᠭᠠᠵᠤ ᠴᠢᠳᠠᠨ᠎ᠠ᠃ ᠤᠰᠤᠨ ᠳᠤᠳᠤᠷ᠎ᠠ ᠨᠢᠮᠪᠡᠭᠡ ᠶᠢᠨ ᠬᠠᠯᠢᠰᠤ ᠶᠢ ᠴᠢᠨᠠᠵᠤ ᠳᠠᠪᠤᠨ ᠮᠢᠨᠦ᠋ᠲ ᠳᠤᠷᠬᠢᠳᠠᠯ᠎ᠠ ᠪᠤᠴᠠᠯᠭᠠᠪᠠᠯ ᠳᠤᠭᠤᠭᠠᠨ ᠳᠤᠳᠤᠷᠠᠬᠢ ᠬᠠᠴᠢᠨ ᠦᠨᠦᠷ ᠢ ᠠᠷᠢᠯᠭᠠᠵᠤ ᠴᠢᠳᠠᠨ᠎ᠠ᠃ ᠴᠡᠪᠡᠷᠬᠡᠨ ᠵᠦᠯᠬᠦᠬᠦᠷ ᠢ ᠨᠢᠮᠪᠡᠭᠡ ᠶᠢᠨ ᠬᠠᠯᠢᠰᠤᠨ ᠤᠰᠤᠨ ᠳᠤᠳᠤᠷ᠎ᠠ ᠳᠡᠪᠳᠦᠬᠡᠵᠤ᠂ ᠰᠢᠪᠬᠠᠵᠤ ᠬᠠᠳᠠᠭᠠᠭᠠᠳ ᠮᠤᠳᠤᠨ ᠡᠳ᠋ᠯᠡᠯ ᠬᠡᠷᠡᠭᠰᠡᠯ ᠢ ᠵᠦᠯᠬᠦᠪᠡᠯ ᠬᠢᠯᠡ ᠴᠢᠯᠡ ᠰᠢᠨ᠎ᠡ ᠲᠦᠷᠬᠦ ᠶᠢ ᠨᠢ ᠰᠡᠷᠬᠦᠬᠡᠵᠤ ᠴᠢᠳᠠᠨ᠎ᠠ᠂ ᠪᠠᠰᠠ ᠵᠤᠤᠬ᠎ᠠ᠂ ᠳᠤᠰᠤ ᠰᠤᠷᠤᠬᠤ ᠮᠠᠰᠢᠨ ᠵᠡᠷᠬᠡ ᠶᠢ ᠠᠷᠴᠢᠨ ᠵᠦᠯᠬᠦᠵᠤ ᠪᠤᠯᠤᠨ᠎ᠠ᠃
 
ᠢᠷᠡᠯᠲᠡ᠄ ᠦᠪᠦᠷ ᠮᠤᠩᠭᠤᠯ ᠤᠨ ᠡᠮᠡᠭᠳᠡᠶᠢᠴᠤᠳ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号