ᠡᠪᠡᠰᠦ ᠮᠣᠳᠣᠨ ᠤ ᠦᠨᠡᠰᠦ ᠪᠠᠷ ᠬᠤᠷᠣᠬᠠᠢ ᠠᠯᠠᠬᠤ ᠡᠪᠡᠰᠦ ᠮᠣᠳᠣᠨ ᠤ ᠦᠨᠡᠰᠦ ᠪᠠᠷ ᠰᠣᠩᠭᠢᠨ᠎ᠠ ᠶᠢᠨ | ᠢᠯᠠᠭ᠎ᠠ᠂ ᠦᠨᠳᠦᠰᠦᠨ ᠤ ᠥᠳᠥ᠂ ᠪᠠᠭᠠᠷᠠᠩ ᠬᠤᠷᠣᠬᠠᠢ᠂ ᠴᠣᠬᠤ ᠵᠡᠷᠭᠡ ᠬᠤᠷᠣᠬᠠᠢ ᠶᠢ ᠰᠡᠷᠭᠡᠶᠢᠯᠡᠬᠦ ᠳᠤ | ᠬᠡᠷᠡᠭᠯᠡᠨ᠎ᠡ᠃ ᠡᠭᠦᠨ ᠳᠤ ᠭᠤᠷᠪᠠᠨ ᠵᠦᠢᠯ ᠤᠨ ᠠᠷᠭ᠎ᠠ ᠪᠣᠢ᠄ ᠨᠢᠭᠡ ᠳᠤ᠂ ᠬᠥᠷᠥᠰᠥᠨ ᠳᠤ ᠣᠷᠣᠭᠤᠯᠤᠨ᠎ᠠ᠂ ᠮᠦ | ᠪᠦᠷᠢ ᠳᠤ 60 - 80 ᠵᠢᠩ ᠡᠪᠡᠰᠦ ᠮᠣᠳᠣᠨ ᠤ ᠦᠨᠡᠰᠦ ᠶᠢ ᠲᠠᠷᠢᠬᠤ ᠰᠤᠪᠠᠭ ᠲᠤ ᠣᠷᠣᠭᠤᠯᠪᠠᠯ ᠦᠨᠳᠦᠰᠦᠨ ᠤ | ᠬᠥᠨᠥᠭᠡᠯᠳᠦ ᠬᠤᠷᠣᠬᠠᠢ ᠠᠴᠠ ᠰᠡᠷᠭᠡᠶᠢᠯᠡᠵᠦ ᠲᠡᠶᠢᠯᠥᠨ᠎ᠡ︔ ᠬᠤᠶᠠᠷ ᠲᠤ᠂ ᠰᠢᠭᠤᠳ ᠰᠠᠴᠤᠨ᠎ᠠ᠂ ᠡᠪᠡᠰᠦ | ᠮᠣᠳᠣᠨ ᠤ ᠦᠨᠡᠰᠦ ᠶᠢ ᠨᠤᠨᠳᠠᠭᠯᠠᠵᠤ ᠥᠷᠯᠥᠭᠡ ᠰᠢᠭᠦᠳᠡᠷᠢ ᠬᠠᠳᠠᠬᠤ ᠠᠴᠠ ᠡᠮᠦᠨ᠎ᠡ ᠬᠤᠷᠣᠬᠠᠶᠢᠲᠤᠭᠰᠠᠨ | ᠬᠡᠰᠡᠭ ᠲᠤ ᠰᠦᠷᠴᠢᠨ᠎ᠡ᠂ ᠮᠦ ᠪᠦᠷᠢ ᠳᠤ 2 - 4 ᠵᠢᠩ ᠡᠪᠡᠰᠦ ᠮᠣᠳᠣᠨ ᠤ ᠦᠨᠡᠰᠦ ᠶᠢ ᠬᠡᠷᠡᠭᠯᠡᠨ᠎ᠡ᠃ | ᠨᠠᠪᠴᠢᠨ ᠲᠠᠮᠠᠬᠢ ᠪᠠᠷ ᠬᠤᠷᠣᠬᠠᠢ ᠠᠯᠠᠬᠤ ᠨᠠᠪᠴᠢᠨ ᠲᠠᠮᠠᠬᠢ ᠪᠠᠷ ᠬᠤᠷᠣᠬᠠᠢ ᠠᠯᠠᠬᠤ ᠳᠤ ᠠ᠊ᠡᠭ | ᠲᠡᠷᠢᠭᠦᠨ ᠳᠤ ᠪᠠᠭᠠᠷᠠᠩ ᠬᠤᠷᠣᠬᠠᠢ᠂ ᠦᠮᠡᠬᠡᠢ ᠪᠢᠰ᠂ ᠢᠯᠠᠭᠠᠨ ᠤ ᠥᠳᠥ ᠵᠡᠷᠭᠡ ᠶᠢ ᠰᠡᠷᠭᠡᠶᠢᠯᠡᠬᠦ ᠪᠠ ᠵᠠᠰᠠᠬᠤ ᠳᠤ | ᠬᠡᠷᠡᠭᠯᠡᠨ᠎ᠡ᠃ ᠨᠠᠶᠢᠷᠠᠭᠤᠯᠬᠤ ᠠᠴᠠ ᠡᠮᠦᠨ᠎ᠡ ᠬᠠᠶᠠᠭᠳᠠᠮᠠᠯ ᠨᠠᠪᠴᠢᠨ ᠲᠠᠮᠠᠬᠢ ᠪᠣᠯᠣᠨ ᠤᠰᠤ ᠶᠢ 1᠄ 40 ᠶᠢᠨ | ᠬᠠᠷᠢᠴᠠᠯ ᠢᠶᠠᠷ ᠬᠡᠮᠵᠢᠵᠦ ᠪᠡᠯᠡᠳᠬᠡᠨ᠂ ᠤᠷᠢᠳ ᠢᠶᠠᠷ ᠲᠠᠮᠠᠬᠢᠨ ᠤ ᠨᠠᠪᠴᠢ ᠶᠢ ᠤᠷᠠᠵᠤ ᠬᠡᠮᠬᠡᠯᠦᠭᠡᠳ ᠳᠡᠭᠡᠷ᠎ᠡ ᠨᠢ 10 | ᠬᠤᠪᠢ ᠶᠢᠨ ᠪᠤᠴᠠᠯᠤᠭᠰᠠᠨ ᠤᠰᠤ ᠬᠢᠵᠦ ᠳᠡᠪᠲᠦᠭᠡᠨ᠂ ᠤᠰᠤ ᠨᠢ ᠨᠡᠯᠢᠶᠡᠳ ᠰᠢᠩᠭᠡᠵᠦ ᠥᠳᠬᠡᠨ ᠰᠢᠭᠦᠰᠦ ᠦᠭᠡᠢ | ᠪᠣᠯᠬᠤ ᠦᠶᠡᠰ ᠲᠠᠬᠢᠨ ᠲᠠᠮᠠᠬᠢᠨ ᠤ ᠨᠠᠪᠴᠢ ᠶᠢ ᠰᠢᠭᠦᠵᠦ ᠭᠠᠷᠭᠠᠨ᠂ 4 ᠤᠳᠠᠭ᠎ᠠ ᠤᠰᠤ ᠬᠤᠯᠢᠵᠤ ᠱᠦᠷᠭᠦᠭᠡᠵᠦ | ᠤᠬᠢᠶᠠᠭᠰᠠᠨ ᠤ ᠲᠠᠷᠠᠭ᠎ᠠ ᠰᠢᠭᠠᠷᠤ ᠪᠠ ᠲᠠᠮᠠᠬᠢ ᠶᠢ ᠨᠢ ᠱᠦᠭᠦᠵᠦ ᠭᠠᠷᠭᠠᠨ᠂ ᠲᠠᠬᠢᠨ ᠲᠤᠭ᠎ᠠ ᠶᠣᠰᠣᠭᠠᠷ ᠬᠤᠯᠢᠵᠤ | ᠲᠠᠷᠢᠶᠠᠨ ᠭᠠᠵᠠᠷ ᠲᠤ ᠰᠦᠷᠴᠢᠵᠦ ᠬᠤᠷᠣᠬᠠᠢ ᠶᠢ ᠰᠡᠷᠭᠡᠶᠢᠯᠡᠬᠦ ᠳᠤ ᠬᠡᠷᠡᠭᠯᠡᠨ᠎ᠡ᠃ | ᠯᠠᠵᠤᠤ ᠪᠠᠷ ᠬᠤᠷᠣᠬᠠᠢ ᠠᠯᠠᠬᠤ 1 ᠵᠢᠩ ᠰᠢᠨ᠎ᠡ ᠰᠣᠷᠭᠤᠭ ᠯᠠᠵᠤᠤ ︵ᠬᠡᠳᠦᠢ ᠭᠤᠱᠤᠭᠤᠨ ᠪᠣᠯ ᠲᠡᠳᠦᠢ | ᠰᠠᠶᠢᠨ︶ ᠳᠡᠭᠡᠷ᠎ᠡ 30 - 40 ᠵᠢᠩ ᠤᠰᠤ ᠨᠡᠮᠡᠵᠦ 10 - 15 ᠮᠢᠨᠦ᠋ᠲ ᠴᠢᠨᠠᠭᠠᠳ ᠰᠢᠭᠠᠷᠤ ᠶᠢ ᠨᠢ ᠰᠢᠭᠦᠵᠦ | ᠭᠠᠷᠭᠠᠨ ᠰᠢᠭᠦᠰᠦ ᠶᠢ ᠨᠢ ᠦᠯᠡᠳᠡᠭᠡᠵᠦ᠂ ᠬᠠᠯᠠᠭᠤᠨ ᠳᠡᠭᠡᠷ᠎ᠡ ᠨᠢ 0.2 ᠵᠢᠩ ᠬᠤᠪᠴᠠᠰᠤ ᠤᠬᠢᠶᠠᠬᠤ ᠨᠤᠨᠳᠠᠭ | ᠨᠡᠮᠡᠵᠦ᠂ ᠬᠥᠷᠥᠭᠰᠡᠡ ᠤ ᠰᠡᠭᠦᠯᠡᠷ ᠲᠠᠬᠢᠨ 2 ᠤᠭᠤᠲᠠ ᠵᠢᠶᠠ ᠮᠸᠢ ᠶᠢᠨ ᠳ᠋ᠢᠶᠠᠨ ︵嘉美金点︶ | ᠲᠣᠬᠢᠷᠠᠭᠤᠯᠤᠭᠴᠢ ᠪᠠ 100 ᠵᠢᠩ ᠤᠰᠤ ᠨᠡᠮᠡᠵᠦ ᠵᠢᠭᠳᠡ ᠬᠤᠯᠢᠭᠠᠳ ᠰᠦᠷᠴᠢᠨ᠎ᠡ᠃ ᠡᠨᠡ ᠬᠦ ᠠᠷᠭ᠎ᠠ ᠨᠢ | ᠰᠢᠰᠢ ᠶᠢᠨ ᠮᠢᠩ ᠬᠤᠷᠣᠬᠠᠢ᠂ ᠲᠡᠯᠡᠭᠴᠢ ᠬᠤᠷᠣᠬᠠᠢ᠂ ᠭᠤᠷᠪᠠᠨ ᠭᠤᠣᠯᠵᠢᠳᠠᠳᠣ ᠮᠢᠩ ᠡᠷᠪᠡᠬᠡᠢ᠂ ᠨᠠᠪᠴᠢᠨ | ᠬᠤᠮᠢᠭᠤᠷ ᠬᠤᠷᠣᠬᠠᠢ᠂ ᠪᠠᠭᠠᠷᠠᠩ ᠬᠤᠷᠣᠬᠠᠢ᠂ ᠤᠯᠠᠭᠠᠨ ᠠᠭᠠᠯᠵᠢ᠂ ᠰᠢᠷᠣᠢ ᠶᠢᠨ ᠬᠦᠷᠢ ᠵᠡᠷᠭᠡ ᠡᠯ᠎ᠡ ᠵᠦᠢᠯ ᠤᠨ | ᠬᠥᠨᠥᠭᠡᠯᠳᠦ ᠬᠤᠷᠣᠬᠠᠢ ᠶᠢ ᠬᠦᠴᠦᠨ ᠲᠠᠢ ᠰᠡᠷᠭᠡᠶᠢᠯᠡᠬᠦ ᠪᠠ ᠠᠯᠠᠵᠤ ᠲᠡᠶᠢᠯᠥᠨ᠎ᠡ᠃ | ᠰᠣᠩᠭᠢᠨ᠎ᠠ ᠰᠠᠷᠢᠮᠰᠠᠭ ᠢᠶᠠᠷ ᠬᠤᠷᠣᠬᠠᠢ ᠠᠯᠠᠬᠤ ᠰᠠᠷᠢᠮᠰᠠᠭ ᠪᠠ ᠪᠥᠭᠡᠷᠡᠩᠬᠡᠢ ᠰᠣᠩᠭᠢᠨ᠎ᠠ ᠶᠢ ᠲᠣᠰ ᠲᠣᠰ | 20 ᠭᠷᠡᠮ ᠬᠤᠯᠢᠵᠤ ᠨᠢᠴᠠᠯᠤᠨ᠂ ᠰᠡᠶᠢᠮᠡᠬᠡᠢ ᠪᠥᠰ ᠢᠶᠠᠷ ᠪᠠᠭᠯᠠᠵᠤ᠂ 20 ᠵᠢᠩ ᠣᠰᠣᠠ ᠳᠤ 24 ᠴᠠᠭ | ᠳᠡᠪᠲᠦᠭᠡᠭᠰᠡᠨ ᠤ ᠰᠡᠭᠦᠯᠡᠷ ᠲᠠᠬᠢᠨ ᠰᠡᠶᠢᠮᠡᠬᠡᠢ ᠪᠥᠰ ᠢ ᠠᠪᠴᠤ ᠭᠠᠷᠭᠠᠨ᠎ᠠ᠂ ᠲᠣᠰ ᠡᠮ ᠤᠨ ᠰᠢᠩᠭᠡᠨ ᠢᠶᠠᠷ ᠴᠣᠬᠤ᠂ | ᠪᠠᠭᠠᠷᠠᠩ ᠬᠤᠷᠣᠬᠠᠢ᠂ ᠤᠯᠠᠭᠠᠨ ᠠᠭᠠᠯᠵᠢ ᠵᠡᠷᠭᠡ ᠬᠥᠨᠥᠭᠡᠯᠳᠦ ᠬᠤᠷᠣᠬᠠᠢ ᠶᠢ ᠰᠡᠷᠭᠡᠶᠢᠯᠡᠬᠦ ᠪᠠ ᠠᠯᠠᠬᠤ ᠳᠤ | ᠬᠡᠷᠡᠭᠯᠡᠵᠦ ᠪᠣᠯᠣᠨ᠎ᠠ᠃ | ᠭᠤᠯᠢᠷ ᠢᠶᠠᠷ ᠬᠤᠷᠣᠬᠠᠢ ᠠᠯᠠᠬᠤ 250 ᠭᠷᠡᠮ ᠪᠤᠭᠤᠳᠠᠢ ᠶᠢᠨ ᠭᠤᠯᠢᠷ ᠲᠤ 15 - 16 ᠵᠢᠩ ᠤᠰᠤ | ᠨᠡᠮᠡᠵᠦ ᠵᠢᠭᠤᠷᠠᠭᠠᠳ ᠭᠤᠣᠯ ᠦᠳᠡ ᠶᠢᠨ 12 ᠴᠠᠭ ᠤᠨ ᠦᠶ᠎ᠡ ᠪᠠᠷ ᠤᠯᠠᠭᠠᠨ ᠠᠭᠠᠯᠵᠢ ᠶᠢᠨ ᠬᠥᠨᠥᠭᠡᠯ ᠲᠠᠢ | ᠨᠠᠪᠴᠢᠨ ᠤ ᠠᠷᠤ ᠳᠤ ᠵᠢᠭᠳᠡ ᠰᠦᠷᠴᠢᠨ᠎ᠡ᠃ 10 ᠮᠢᠨᠦ᠋ᠲ ᠤᠨ ᠲᠠᠷᠠᠭ᠎ᠠ ᠤᠯᠠᠭᠠᠨ ᠠᠭᠠᠯᠵᠢ ᠶᠢᠨ ᠬᠥᠯ ᠨᠢ | ᠭᠤᠯᠢᠷ ᠲᠠᠢ ᠨᠠᠭᠠᠯᠳᠤᠵᠤ ᠨᠠᠪᠴᠢᠨ ᠤ ᠠᠷᠤ ᠳᠤ ᠬᠠᠳᠠᠵᠣ ᠦᠬᠦᠬᠦ ᠪᠣᠯᠣᠨ᠎ᠠ᠃ ᠲᠣᠰ ᠠᠷᠭ᠎ᠠ ᠶᠢ ᠢᠳᠡᠰᠢᠨ | ᠨᠣᠭᠤᠭ᠎ᠠ᠂ ᠵᠢᠮᠢᠰ ᠤᠨ ᠮᠣᠳᠣ᠂ ᠬᠥᠪᠥᠩ ᠵᠡᠷᠭᠡ ᠲᠠᠷᠢᠮᠠᠯ ᠳᠤ ᠠᠳᠠᠯᠢᠬᠠᠨ ᠬᠡᠷᠡᠭᠯᠡᠵᠦ ᠲᠣᠬᠢᠷᠠᠨ᠎ᠠ᠃ | ᠪᠠᠭ᠎ᠠ ᠰᠤᠳᠠ ᠪᠠᠷ ᠭᠡᠮ ᠬᠤᠷᠣᠬᠠᠢ ᠶᠢ ᠰᠡᠷᠭᠡᠶᠢᠯᠡᠬᠦ 0.2% ᠥᠳᠬᠡᠴᠡ ᠲᠠᠢ ᠪᠠᠭ᠎ᠠ ᠰᠤᠳᠠ ᠶᠢᠨ | ᠠᠭᠤᠰᠤᠮᠠᠯ᠂ ᠳᠠᠷᠤᠢ 0.2 ᠵᠢᠩ ᠪᠠᠭ᠎ᠠ ᠰᠤᠳᠠ ᠳᠡᠭᠡᠷ᠎ᠡ 100 ᠵᠢᠩ ᠤᠰᠤ ᠬᠤᠯᠢᠵᠤ ᠵᠢᠭᠤᠷᠠᠭᠠᠳ ᠰᠦᠷᠴᠢᠨ᠎ᠡ᠂ | ᠲᠣᠰ ᠨᠠᠶᠢᠷᠠᠯᠭ᠎ᠠ ᠨᠢ ᠥᠷᠭᠡᠰᠥᠳᠥ ᠬᠡᠮᠬᠡ᠂ ᠴᠠᠭᠠᠨ ᠨᠣᠭᠤᠭ᠎ᠠ ᠶᠢᠨ ᠴᠠᠭᠠᠨ ᠲᠣᠭᠤᠰᠣᠲᠤ ᠭᠡᠮ᠂ ᠪᠣᠳᠣ ᠭᠡᠮ᠂ | ᠴᠠᠭᠠᠨ ᠬᠥᠭᠡᠴᠦ ᠭᠡᠮ ᠵᠡᠷᠭᠡ ᠳᠤ ᠪᠦᠷ ᠨᠡᠯᠢᠶᠡᠳ ᠰᠠᠶᠢᠨ ᠦᠢᠯᠡᠳᠦᠯ ᠲᠠᠢ ᠪᠠᠶᠢᠵᠤ᠂ ᠰᠡᠷᠭᠡᠶᠢᠯᠡᠬᠦ ᠦᠷ᠎ᠡ ᠳ᠋ᠦᠩ ᠨᠢ | 93.1% ᠳᠤ ᠬᠥᠷᠥᠨ᠎ᠡ᠃ ᠪᠠᠰᠠ ᠲᠤᠲᠤᠷᠭᠠᠨ ᠤ ᠬᠠᠯᠠᠭᠤᠨ ᠭᠡᠮ ᠢ ᠭᠤᠣᠯᠯᠠᠨ ᠵᠠᠰᠠᠵᠤ ᠲᠡᠶᠢᠯᠥᠨ᠎ᠡ᠂ | ᠲᠤᠲᠤᠷᠭ᠎ᠠ ᠶᠢᠨ ᠬᠢᠵᠢᠭᠰᠢᠷᠡᠭᠦ ᠲᠠᠯᠬ᠎ᠠ ︵稲瘟 灵︶᠂ ᠭᠤᠷᠪᠠᠨ ᠴᠠᠭᠠᠷᠢᠭᠲᠤ ᠢᠮᠢᠳᠡᠽᠥᠯ ᠵᠡᠷᠭᠡ ᠲᠠᠢ | ᠬᠤᠯᠢᠵᠤ ᠬᠡᠷᠡᠭᠯᠡᠪᠡᠯ ᠦᠢᠯᠡᠳᠦᠯ ᠨᠢ ᠨᠡᠮᠡᠭᠳᠡᠬᠦ ᠪᠣᠯᠣᠨ᠎ᠠ᠃ ᠭᠡᠪᠡᠴᠦ ᠬᠦᠴᠢᠯᠯᠢᠭ ᠲᠠᠷᠢᠶᠠᠨ ᠡᠮ ᠲᠠᠢ ᠬᠤᠯᠢᠵᠤ | ᠬᠡᠷᠡᠭᠯᠡᠵᠦ ᠪᠣᠯᠬᠤ ᠦᠭᠡᠢ᠃ |