ᠨᠠᠷᠠᠰᠣᠨ ᠮᠤᠳᠤᠨ ᠤ ᠦᠷ᠎ᠡ 9 ᠳ᠋ᠣᠭᠡᠷ ᠰᠠᠷ᠎ᠠ ᠶᠢᠨ ᠳᠤᠮᠳᠠᠴᠢ ᠪᠤᠶᠤ ᠰᠡᠬᠦᠯᠴᠢ ᠪᠠᠷ ᠪᠤᠯᠪᠠᠰᠤᠷᠠᠳᠠᠭ᠃ | ᠪᠤᠷᠭᠤᠴᠤᠭ ᠨᠢ ᠨᠤᠭᠤᠭᠠᠨ ᠠᠴᠠ ᠪᠠᠨ ᠰᠢᠷ᠎ᠠ ᠬᠦᠷᠡᠩ ᠦᠩᠬᠡ ᠲᠠᠢ ᠪᠤᠯᠵᠦ᠂ ᠬᠠᠯᠢᠰᠤ ᠨᠢ ᠬᠠᠭᠠᠷᠠᠨ ᠦᠷ᠎ᠡ ᠶᠢ ᠨᠢ | ᠠᠪᠴᠤ ᠦᠵᠡᠬᠦ ᠳᠤ ᠬᠠᠷ᠎ᠠ ᠬᠦᠷᠡᠩ ᠪᠤᠯᠤᠬᠰᠠᠨ ᠪᠠᠶᠢᠪᠠᠯ ᠦᠷ᠎ᠡ ᠨᠢ ᠬᠦᠢᠴᠡᠳ ᠪᠤᠯᠪᠠᠰᠤᠷᠠᠬᠰᠠᠨ ᠤ ᠳᠡᠮᠳᠡᠭ | ᠪᠤᠯᠤᠨ᠎ᠠ᠃ 9 ᠳ᠋ᠣᠭᠡᠷ ᠰᠠᠷ᠎ᠠ ᠶᠢᠨ ᠬᠤᠷᠢᠳ ᠠᠴᠠ 10 ᠳ᠋ᠣᠭᠠᠷ ᠰᠠᠷ᠎ᠠ ᠶᠢᠨ ᠠᠷᠪᠠᠳ ᠪᠤᠯᠳᠠᠯ᠎ᠠ ᠬᠢ | ᠬᠤᠭᠤᠴᠠᠭᠠᠨ ᠳᠤ ᠲᠡᠭᠦᠵᠦ ᠪᠤᠯᠤᠨ᠎ᠠ᠃ ᠲᠡᠭᠦᠵᠦ ᠠᠪᠴᠢᠷᠠᠭᠰᠠᠨ ᠪᠤᠷᠭᠤᠴᠤᠭ ᠢᠶᠠᠨ ᠰᠠᠯᠬᠢ ᠵᠢᠪᠡᠷ ᠨᠡᠪᠳᠡᠷᠡᠬᠦ | ᠭᠠᠵᠠᠷ ᠲᠤ ᠳᠡᠯᠬᠡᠨ ᠡᠳᠤᠷ ᠪᠦᠷᠢ 1 — 2 ᠤᠳᠠᠭ᠎ᠠ ᠤᠷᠪᠠᠭᠤᠯᠤᠨ ᠭᠦᠳᠡᠯᠬᠡᠵᠦ᠂ ᠰᠦᠨᠢ ᠳᠡᠭᠡᠨ | ᠤᠪᠤᠭᠠᠯᠠᠭᠠᠳ ᠪᠦᠳᠡᠬᠡᠵᠦ ᠲᠠᠯᠪᠢᠨ᠎ᠠ᠃ ᠢᠩᠬᠢᠵᠦ ᠬᠠᠳᠠᠭᠠᠪᠠᠯ ᠬᠠᠯᠢᠰᠤ ᠨᠢ ᠬᠠᠭᠠᠷᠠᠵᠦ ᠦᠷ᠎ᠡ ᠨᠢ ᠤᠨᠠᠬᠤ ᠨᠢ | ᠬᠤᠷᠳᠤᠨ ᠶᠤᠮ᠃ ᠤᠨᠠᠭᠰᠠᠨ ᠦᠷ᠎ᠡ ᠶᠢᠨ ᠬᠠᠯᠢᠰᠤ ᠶᠢ ᠬᠡᠶᠢᠰᠬᠡᠨ ᠰᠠᠯᠭᠠᠵᠦ ᠦᠷ᠎ᠡ ᠪᠠᠨ ᠰᠠᠶᠢᠳᠤᠷ | ᠬᠠᠳᠠᠭᠠᠬᠰᠠᠨ ᠤ ᠳᠠᠷᠠᠭ᠎ᠠ ᠬᠠᠳᠠᠭᠠᠯᠠᠵᠦ ᠪᠤᠯᠤᠨ᠎ᠠ᠃ |