ᠵᠠᠷᠠᠭ᠎ᠠ ᠤᠯᠠ
ᠨᠡᠶᠢᠲᠡᠯᠡᠭᠰᠡᠨ ᠴᠠᠭ᠄
2023/6/12
      ᠤᠯᠠᠨ ᠨᠠᠰᠤᠲᠦ ᠡᠪᠡᠰᠦᠯᠢᠭ ᠤᠷᠭᠤᠮᠠᠯ᠃ ᠪᠡᠯᠴᠢᠬᠡᠷ ᠤᠨ ᠪᠦᠰᠡ  ᠪᠤᠯᠤᠨ ᠤᠶᠢᠲᠤ ᠪᠡᠯᠴᠢᠭᠡᠷ ᠤᠨ ᠪᠦᠰᠡ ᠪᠠᠷ ᠦᠷᠭᠦᠯᠵᠢ ᠬᠠᠷᠠᠭᠳᠠᠳᠠᠭ ᠬᠤᠯᠢᠮᠠᠭ ᠡᠪᠡᠰᠦ  ᠪᠤᠯᠤᠨ᠎ᠠ᠂ ᠤᠯᠠᠩᠬᠢ ᠨᠢ ᠬᠤᠯᠢᠮᠠᠭ ᠡᠪᠡᠰᠦ ᠡᠯᠪᠡᠭ ᠬᠢᠯᠭᠠᠨ᠎ᠠ ᠶᠢᠨ ᠪᠡᠯᠴᠢᠬᠡᠷ ᠪᠠ ᠬᠢᠶᠠᠭ ᠡᠪᠡᠰᠦᠨ ᠤ ᠪᠡᠯᠴᠢᠬᠡᠷ ᠢᠶᠠᠷ ᠪᠦᠯᠦᠭᠯᠡᠨ ᠤᠷᠭᠤᠳᠠᠭ ᠪᠦᠭᠡᠳ ᠰᠢᠷᠬᠡᠭᠯᠢᠭ ᠰᠢᠷᠠᠯᠵᠢ ᠶᠢᠨ ᠪᠡᠯᠴᠢᠭᠡᠷ᠂ ᠠᠭᠤᠯᠠᠷᠬᠠᠭ ᠭᠠᠵᠠᠷ ᠤᠨ ᠤᠶᠢᠲᠤ ᠪᠡᠯᠴᠢᠬᠡᠷ ᠵᠢᠴᠢ ᠠᠭᠤᠯᠠᠷᠬᠠᠭ ᠭᠠᠵᠠᠷ ᠤᠨ ᠤᠢ ᠶᠢᠨ ᠭᠦᠪᠡᠭᠡ ᠳᠠᠬᠢ ᠨᠤᠭᠤ ᠪᠡᠯᠴᠢᠭᠡᠷ ᠢᠶᠠᠷ ᠤᠯᠠᠨᠲᠠ ᠬᠠᠷᠠᠭᠳᠠᠳᠠᠭ᠃ ᠮᠠᠨ ᠤ ᠤᠷᠤᠨ ᠤ ᠳᠠᠪᠠᠭᠠᠨ ᠤ ᠵᠡᠭᠦᠨ ᠲᠤᠭᠤᠷᠢᠭ᠂ ᠬᠢᠩᠭᠠᠨ ᠤ ᠡᠮᠦᠨᠡᠲᠦ ᠬᠡᠰᠡᠭ᠂ ᠳᠠᠪᠠᠭᠠᠨ ᠤ ᠪᠠᠷᠠᠭᠤᠨ ᠲᠤᠭᠤᠷᠢᠭ᠂ ᠭᠦᠯᠦᠨ ᠪᠤᠶᠢᠷ— ᠰᠢᠯᠢ ᠶᠢᠨ ᠭᠤᠤᠯ ᠤᠨ ᠦᠨᠳᠦᠷᠯᠢᠭ᠂ ᠬᠢᠩᠭᠠᠨ ᠤ ᠬᠤᠶᠢᠲᠤ ᠬᠡᠰᠡᠭ᠂ ᠬᠤᠷᠴᠢᠨ ᠲᠤᠭᠤᠷᠢᠭ᠂ ᠤᠯᠠᠭᠠᠨᠬᠠᠳᠠ ᠶᠢᠨ ᠳᠤᠪᠤ ᠳᠤᠪᠤᠷᠴᠠᠭ᠂ ᠮᠤᠨᠢ ᠠᠭᠤᠯᠠᠨ ᠶᠢᠨ ᠲᠤᠭᠤᠷᠢᠭ ᠢᠶᠠᠷ ᠤᠷᠭᠤᠯᠲᠠ ᠲᠠᠢ᠃ ᠮᠠᠨ ᠤ ᠤᠯᠤᠰ ᠤᠨ ᠵᠡᠭᠦᠨ ᠬᠤᠶᠢᠲᠤ ᠤᠷᠤᠨ᠂ ᠤᠮᠠᠷᠠᠲᠤ ᠤᠷᠤᠨ᠂ ᠪᠠᠷᠠᠭᠤᠨ ᠬᠤᠶᠢᠲᠤ ᠤᠷᠤᠨ᠂ ᠳᠤᠮᠳᠠᠳᠤ ᠤᠷᠤᠨ᠂ ᠳᠤᠷᠤᠨᠠᠲᠤ ᠤᠷᠤᠨ ᠢᠶᠠᠷ ᠲᠠᠷᠬᠠᠨ᠂ ᠰᠤᠯᠤᠩᠭᠤᠰ᠂ ᠮᠤᠩᠭᠤᠯ ᠤᠯᠤᠰ᠂ ᠤᠷᠤᠰ ᠢᠶᠠᠷ ᠪᠠᠰᠠ ᠲᠠᠷᠬᠠᠵᠤ ᠪᠠᠶᠢᠳᠠᠭ᠃ ᠦᠨᠳᠦᠰᠦ ᠨᠢ ᠡᠮ ᠳᠤ ᠤᠷᠤᠵᠤ᠂ ᠭᠤᠤᠯᠳᠠᠭᠤ ᠭᠦᠭᠦ ᠬᠠᠪᠤᠳᠬᠤ᠂ ᠰᠦ ᠪᠠᠭᠤᠬᠤ ᠦᠬᠡᠢ᠂  ᠳᠡᠯᠡᠩ ᠬᠠᠪᠤᠳᠬᠤ ᠵᠡᠷᠬᠡ ᠶᠢ ᠵᠠᠰᠠᠨ᠎ᠠ᠃ ᠴᠡᠴᠡᠭ ᠢ ᠨᠢ ᠮᠤᠩᠭᠤᠯ ᠡᠮ ᠳᠤ ᠬᠡᠷᠡᠭᠯᠡᠪᠡᠯ ᠭᠤᠤᠯᠳᠠᠭᠤ ᠲᠠᠭᠰᠢᠭᠤᠷ᠂ ᠶᠤᠯᠬᠤᠳᠠᠰᠤ᠂ ᠴᠢᠰᠤᠨ ᠤ ᠬᠠᠯᠠᠭᠤᠨ ᠵᠢᠴᠢ ᠬᠠᠯᠳᠠᠪᠦᠷᠢᠳᠦ ᠴᠢᠨᠠᠷᠲᠠᠢ ᠬᠠᠯᠠᠭᠤᠨ ᠵᠢᠴᠢ ᠬᠠᠯᠳᠠᠪᠦᠷᠢᠳᠦ ᠴᠢᠨᠠᠷᠲᠠᠢ ᠬᠠᠯᠠᠭᠤᠨ ᠡᠪᠡᠳᠴᠢᠨ ᠢ ᠵᠠᠰᠠᠳᠠᠭ᠃ ᠪᠠᠭ ᠴᠡᠴᠡᠭ ᠨᠢ ᠡᠮ ᠳᠤ ᠤᠷᠤᠪᠠᠯ᠂ ᠭᠤᠤᠯᠳᠠᠭᠤ ᠤᠶᠢᠴᠢᠵᠤ ᠳᠤᠰᠤᠭᠰᠠᠨ ᠰᠢᠷᠠᠬ᠎ᠠ ᠶᠢ ᠵᠠᠰᠠᠨ᠎ᠠ᠃ ᠪᠠᠭ ᠴᠡᠴᠡᠭ ᠢ ᠨᠢ ᠮᠤᠩᠭᠤᠯ ᠡᠮ ᠳᠤ ᠬᠡᠷᠡᠭᠯᠡᠪᠡᠯ ᠭᠤᠤᠯᠳᠠᠭᠤ ᠶᠠᠰᠦ ᠪᠡᠷᠳᠡᠭᠰᠡᠨ᠂ ᠴᠡᠬᠡᠵᠢ ᠨᠢᠷᠤᠭᠤ ᠡᠪᠡᠳᠭᠦ ᠵᠡᠷᠭᠡ ᠶᠢ ᠵᠠᠰᠠᠳᠠᠭ᠃
DFS.jpg
T1JVKvByLT1RCvBVdK.jpg
 
ᠢᠷᠡᠯᠲᠡ᠄ ᠦᠪᠦᠷ ᠮᠤᠩᠭᠤᠯ ᠤᠨ ᠬᠡᠭᠡᠷ᠎ᠡ ᠶᠢᠨ ᠤᠷᠭᠤᠮᠠᠯ ᠤᠨ ᠵᠢᠷᠤᠭᠲᠤ ᠲᠤᠯᠠᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号