ᠭᠤᠣᠯ ᠰᠠᠨᠠᠭᠤᠯᠤᠮᠵᠢ | ● 2023 ᠣᠨ ᠤ 6 ᠰᠠᠷ᠎ᠠ ᠳᠤ᠂ ᠶᠡᠷᠦᠩᠬᠡᠢ ᠱᠦᠵᠢ ᠰᠢ ᠶᠢᠨ ᠫᠢᠩ ᠭᠤᠷᠪᠠᠳᠠᠭᠢ ᠤᠳᠠᠭ᠎ᠠ ᠥᠪᠥᠷ | ᠮᠣᠩᠭᠤᠯ ᠳᠤ ᠰᠢᠨᠵᠢᠯᠡᠨ ᠪᠠᠶᠢᠴᠠᠭᠠᠪᠠ᠃ 6 ᠰᠠᠷ᠎ᠠ ᠶᠢᠨ 5 ᠠᠴᠠ 6 ᠤ ᠡᠳᠦᠷ ᠪᠤᠯᠲᠠᠯ᠎ᠠ᠂ ᠶᠡᠷᠦᠩᠬᠡᠢ ᠱᠦᠵᠢ | ᠰᠢ ᠶᠢᠨ ᠫᠢᠩ ᠥᠪᠥᠷ ᠮᠣᠩᠭᠤᠯ ᠤᠨ ᠪᠠᠶᠠᠨᠨᠠᠭᠤᠷ ᠲᠤ ᠰᠢᠨᠵᠢᠯᠡᠨ ᠪᠠᠶᠢᠴᠠᠭᠠᠭᠰᠠᠨ ᠪᠥᠭᠡᠳ ᠴᠦᠯᠯᠡᠷᠭᠡᠭᠵᠢᠯ ᠢ | ᠶᠡᠷᠦᠩᠬᠡᠶᠢᠯᠡᠨ ᠰᠡᠷᠭᠡᠶᠢᠯᠡᠨ ᠵᠠᠰᠠᠬᠤ ᠶᠢ ᠴᠢᠩᠭᠠᠳᠬᠠᠬᠤ ᠪᠠ ︽ᠤᠮᠠᠷᠠᠲᠤ ᠶᠢᠨ ᠭᠤᠷᠪᠠᠨ ᠣᠷᠣᠨ︾ ᠵᠡᠷᠭᠡ | ᠭᠤᠣᠯᠳᠠᠯᠭ᠎ᠠ ᠲᠠᠢ ᠠᠮᠢ ᠠᠬᠤᠢ ᠶᠢᠨ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠶᠠᠷᠢᠯᠴᠠᠬᠤ | ᠬᠤᠷᠠᠯ ᠢ ᠡᠷᠭᠢᠯᠡᠨ ᠬᠤᠷᠠᠯᠳᠤᠭᠤᠯᠬᠤ ᠳᠠᠭᠠᠨ᠂ ᠴᠦᠯᠯᠡᠷᠭᠡᠭᠵᠢᠯ ᠢ ᠶᠡᠷᠦᠩᠬᠡᠶᠢᠯᠡᠨ ᠰᠡᠷᠭᠡᠶᠢᠯᠡᠨ ᠵᠠᠰᠠᠬᠤ ᠶᠢ | ᠴᠢᠩᠭᠠᠳᠬᠠᠵᠤ᠂ ︽ᠤᠮᠠᠷᠠᠲᠤ ᠶᠢᠨ ᠭᠤᠷᠪᠠᠨ ᠣᠷᠣᠨ︾ ᠵᠡᠷᠭᠡ ᠭᠤᠣᠯᠳᠠᠯᠭ᠎ᠠ ᠲᠠᠢ ᠠᠮᠢ ᠠᠬᠤᠢ ᠶᠢᠨ | ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠭᠦᠨᠵᠡᠭᠡᠢ ᠠᠬᠢᠭᠤᠯᠬᠤ ᠨᠢ ᠮᠠᠨ ᠤ ᠤᠯᠤᠰ ᠤᠨ ᠠᠮᠢ ᠠᠬᠤᠢ ᠶᠢᠨ | ᠠᠮᠤᠷ ᠲᠦᠪᠰᠢᠨ ᠲᠠᠢ ᠬᠤᠯᠪᠣᠭᠳᠠᠵᠤ᠂ ᠬᠦᠴᠦᠷᠬᠡᠭ ᠤᠯᠤᠰ ᠤᠨ ᠪᠦᠲᠦᠭᠡᠨ ᠪᠠᠶᠢᠭᠤᠯᠤᠯᠲᠠ ᠲᠠᠢ ᠬᠤᠯᠪᠣᠭᠳᠠᠵᠤ᠂ | ᠳᠤᠮᠳᠠᠳᠤ ᠶᠢᠨ ᠦᠨᠳᠦᠰᠦᠲᠡᠨ ᠤ ᠡᠭᠦᠷᠢᠳᠡ ᠶᠢᠨ ᠦᠷᠭᠦᠯᠵᠢᠯᠡᠬᠦ ᠬᠥᠭᠵᠢᠯᠲᠡ ᠲᠠᠢ ᠬᠤᠯᠪᠣᠭᠳᠠᠵᠤ᠂ ᠤᠳᠤ | ᠦᠶ᠎ᠡ ᠳᠤ ᠭᠠᠪᠢᠶ᠎ᠠ ᠪᠠᠶᠢᠭᠤᠯᠵᠤ᠂ ᠮᠢᠩᠭᠠᠨ ᠭᠠᠯᠪᠠ ᠳᠤ ᠠᠰᠢᠭ ᠭᠦᠷᠲᠡᠭᠦ ᠡᠷᠬᠢᠮ ᠳᠡᠭᠡᠳᠦ ᠦᠢᠯᠡᠰ ᠪᠣᠯᠣᠨ᠎ᠠ᠃ | ᠡᠭᠦᠷᠭᠡ ᠬᠠᠷᠢᠭᠤᠴᠠᠯᠭ᠎ᠠ ᠪᠠᠨ ᠵᠣᠷᠢᠭᠲᠠᠢ ᠡᠭᠦᠷᠭᠡᠯᠡᠵᠦ᠂ ᠬᠦᠴᠢᠷ ᠪᠡᠷᠬᠡᠰᠢᠶᠡᠯ ᠠᠴᠠ ᠥᠯᠥ ᠬᠠᠯᠠᠰᠢᠷᠠᠵᠤ᠂ | ᠤᠳᠠᠭᠠᠨ ᠳᠠᠭᠠᠭᠠᠮᠠᠭᠠᠢ ᠵᠢᠳᠬᠦᠨ ᠴᠢᠷᠮᠠᠶᠢᠵᠤ᠂ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠡᠯᠡᠰᠦᠷᠬᠡᠭᠵᠢᠯ ᠢ | ᠰᠡᠷᠭᠡᠶᠢᠯᠡᠨ ᠡᠯᠡᠰᠦ ᠶᠢ ᠵᠠᠰᠠᠭᠰᠠᠨ ᠰᠢᠨ᠎ᠡ ᠭᠠᠶᠢᠬᠠᠮᠰᠢᠭ ᠢ ᠴᠢᠷᠮᠠᠶᠢᠨ ᠡᠭᠦᠳᠴᠦ᠂ ᠡᠬᠡ ᠤᠯᠤᠰ ᠤᠨ ᠤᠮᠠᠷᠠᠲᠤ ᠶᠢᠨ | ᠡᠨᠡ ᠬᠦ ᠲᠦᠮᠡᠨ ᠭᠠᠵᠠᠷ ᠤᠨ ᠨᠣᠮᠢᠨ ᠨᠣᠭᠤᠭᠠᠨ ᠬᠠᠯᠬᠠᠪᠴᠢ ᠶᠢ ᠨᠡᠩ ᠪᠠᠲᠤ ᠪᠠᠬᠢ ᠴᠣᠭᠴᠠᠯᠠᠵᠤ᠂ | ᠦᠵᠡᠰᠬᠦᠯᠡᠩᠲᠦ ᠰᠠᠶᠢᠬᠠᠨ ᠳᠤᠮᠳᠠᠳᠤ ᠤᠯᠤᠰ ᠢ ᠪᠦᠲᠦᠭᠡᠨ ᠪᠠᠶᠢᠭᠤᠯᠬᠤ ᠲᠠᠯ᠎ᠠ ᠪᠠᠷ ᠨᠡᠩ ᠶᠡᠭᠡ ᠠᠮᠵᠢᠯᠲᠠ ᠣᠯᠬᠤ | ᠬᠡᠷᠡᠭᠲᠡᠢ ᠭᠡᠵᠦ ᠴᠢᠬᠤᠯᠠᠴᠢᠯᠠᠪᠠ᠃ | ● 2018 ᠣᠨ ᠤ ᠪᠦᠭᠦ ᠤᠯᠤᠰ ᠤᠨ ᠬᠤᠶᠠᠷ ᠬᠤᠷᠠᠯ ᠤᠨ ᠬᠤᠭᠤᠴᠠᠭᠠᠨ ᠳᠤ᠂ ᠶᠡᠷᠦᠩᠬᠡᠢ ᠱᠦᠵᠢ | ᠰᠢ ᠶᠢᠨ ᠫᠢᠩ ᠥᠪᠥᠷ ᠮᠣᠩᠭᠤᠯ ᠤᠨ ᠲᠥᠯᠥᠭᠡᠯᠡᠭᠴᠢᠳ ᠤᠨ ᠪᠦᠯᠭᠦᠮ ᠤᠨ ᠬᠢᠨᠠᠨ ᠵᠥᠪᠯᠡᠬᠦ ᠳᠤ | ᠣᠷᠤᠯᠴᠠᠬᠤ ᠳᠠᠭᠠᠨ᠂ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠪᠦᠲᠦᠭᠡᠨ ᠪᠠᠶᠢᠭᠤᠯᠤᠯᠲᠠ ᠶᠢ | ᠴᠢᠩᠭᠠᠳᠬᠠᠵᠤ᠂ ᠠᠭᠤᠯᠠ ᠤᠰᠤ ᠤᠢ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠤᠨ | ᠵᠠᠰᠠᠯᠲᠠ ᠶᠢ ᠨᠢᠭᠡᠳᠦᠯᠲᠡᠢ ᠲᠥᠯᠥᠪᠵᠢᠭᠦᠯᠦᠨ᠂ ᠪᠡᠭᠡᠵᠢᠩ ᠲᠢᠶᠠᠨᠵᠢᠨ ᠤ ᠰᠠᠯᠬᠢ ᠡᠯᠡᠰᠦᠨ ᠤ ᠡᠬᠢ ᠶᠢ ᠵᠠᠰᠠᠬᠤ᠂ ︽ | ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠣᠶ ᠶᠢᠨ ᠪᠦᠲᠦᠭᠡᠨ ᠪᠠᠶᠢᠭᠤᠯᠤᠯᠲᠠ᠂ ᠪᠠᠶᠢᠭᠠᠯᠢ ᠶᠢᠨ ᠤᠢ ᠶᠢᠨ | ᠬᠠᠮᠠᠭᠠᠯᠠᠯᠲᠠ᠂ ᠲᠠᠷᠢᠶᠠᠯᠠᠬᠤ ᠶᠢ ᠵᠣᠭᠰᠣᠭᠠᠵᠤ ᠣᠶᠢᠵᠢᠭᠤᠯᠬᠤ᠂ ᠪᠡᠯᠴᠢᠭᠡᠷᠯᠡᠭᠦᠯᠬᠦ ᠶᠢ ᠵᠣᠭᠰᠣᠭᠠᠵᠤ ᠪᠡᠯᠴᠢᠭᠡᠷ ᠢ | ᠰᠡᠷᠭᠦᠭᠡᠬᠦ᠂ ᠬᠥᠷᠥᠰᠥ ᠰᠢᠷᠣᠢ ᠶᠢ ᠬᠠᠮᠠᠭᠠᠯᠠᠬᠤ ᠵᠡᠷᠭᠡ ᠭᠤᠣᠯᠳᠠᠯᠭ᠎ᠠ ᠲᠠᠢ ᠢᠨᠵᠧᠨᠧᠷᠢᠩ ᠢ ᠨᠠᠷᠢᠨ ᠨᠢᠮᠪᠠᠢ ᠵᠣᠬᠢᠶᠠᠨ | ᠪᠠᠶᠢᠭᠤᠯᠵᠤ ᠬᠡᠷᠡᠭᠵᠢᠭᠦᠯᠦᠨ᠂ ᠮᠠᠯ ᠪᠡᠯᠴᠢᠭᠡᠷ ᠤᠨ ᠲᠡᠩᠴᠡᠭᠦᠷᠢ ᠶᠢ ᠪᠠᠲᠤᠯᠠᠬᠤ᠂ ᠪᠡᠯᠴᠢᠭᠡᠷᠯᠡᠭᠦᠯᠬᠦ ᠶᠢ ᠵᠣᠭᠰᠣᠭᠠᠵᠤ | ᠰᠡᠯᠭᠦᠨ ᠮᠠᠯᠵᠢᠬᠤ ᠵᠡᠷᠭᠡ ᠳᠦᠷᠢᠮ ᠢ ᠰᠠᠶᠢᠲᠤᠷ ᠬᠡᠷᠡᠭᠵᠢᠭᠦᠯᠵᠦ᠂ ᠬᠥᠯᠥᠨ ᠨᠠᠭᠤᠷ᠂ ᠤᠯᠠᠭᠠᠨᠰᠤᠬᠠᠢ᠂ ᠲᠠᠭ᠎ᠠ ᠶᠢᠨ | ᠨᠠᠭᠤᠷ ᠵᠡᠷᠭᠡ ᠤᠰᠤᠨ ᠤ ᠠᠮᠢ ᠠᠬᠤᠢ ᠶᠢᠨ ᠶᠡᠷᠦᠩᠬᠡᠶᠢᠯᠡᠭᠰᠡᠨ ᠵᠠᠰᠠᠯᠲᠠ ᠶᠢ ᠲᠦᠷᠭᠡᠳᠬᠡᠵᠦ᠂ ᠴᠦᠯᠯᠡᠷᠭᠡᠭᠵᠢᠯ ᠢ | ᠵᠠᠰᠠᠬᠤ ᠪᠠ ᠨᠤᠭᠤ ᠭᠠᠵᠠᠷ ᠤᠨ ᠬᠠᠮᠠᠭᠠᠯᠠᠯᠲᠠ ᠶᠢ ᠴᠢᠩᠭᠠᠳᠬᠠᠨ᠂ ᠠᠭᠠᠷ ᠮᠠᠨᠳᠠᠯ᠂ ᠤᠰᠤ᠂ ᠬᠥᠷᠥᠰᠥᠨ ᠤ | ᠪᠣᠬᠢᠷᠳᠤᠯ ᠢ ᠰᠡᠷᠭᠡᠶᠢᠯᠡᠨ ᠵᠠᠰᠠᠬᠤ ᠶᠢ ᠴᠢᠩᠭᠠᠳᠬᠠᠵᠤ᠂ ᠡᠬᠡ ᠤᠯᠤᠰ ᠤᠨ ᠤᠮᠠᠷᠠᠲᠤ ᠬᠢᠯᠢ ᠳᠤ ᠲᠦᠮᠡᠨ ᠭᠠᠵᠠᠷ ᠤᠨ | ᠨᠣᠮᠢᠨ ᠨᠣᠭᠤᠭᠠᠨ ︽ᠤᠷᠲᠤ ᠴᠠᠭᠠᠨ ᠬᠡᠷᠡᠮ︾ ᠢ ᠴᠣᠭᠴᠠᠯᠠᠬᠤ ᠬᠡᠷᠡᠭᠲᠡᠢ ᠭᠡᠵᠦ ᠴᠢᠬᠤᠯᠠᠴᠢᠯᠠᠪᠠ᠃ | ● 2019 ᠣᠨ ᠳᠤ ᠶᠡᠷᠦᠩᠬᠡᠢ ᠱᠦᠵᠢ ᠰᠢ ᠶᠢᠨ ᠫᠢᠩ ᠥᠪᠥᠷ ᠮᠣᠩᠭᠤᠯ ᠳᠤ ᠰᠢᠨᠵᠢᠯᠡᠨ | ᠪᠠᠶᠢᠴᠠᠭᠠᠬᠤ ᠶᠢᠨ ᠬᠠᠮᠲᠤ ︽ᠤᠭ ᠰᠠᠨᠠᠭ᠎ᠠ ᠪᠠᠨ ᠥᠯᠥ ᠮᠠᠷᠲᠠᠵᠤ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ︾ | ᠭᠤᠣᠯ ᠰᠡᠳᠦᠪᠲᠦ ᠬᠥᠮᠦᠵᠢᠯ ᠢ ᠵᠢᠯᠣᠭᠤᠳᠤᠨ ᠥᠷᠨᠢᠭᠦᠯᠬᠦ ᠳᠡᠭᠡᠨ᠂ ᠠᠮᠢ ᠠᠬᠤᠢ ᠶᠢ ᠤᠷᠢᠳ ᠢᠶᠠᠷ ᠪᠣᠳᠣᠯᠬᠢᠯᠠᠬᠤ᠂ | ᠪᠣᠬᠢᠷᠳᠤᠯ ᠦᠭᠡᠢ ᠬᠥᠭᠵᠢᠭᠦᠯᠬᠦ ᠶᠢ ᠪᠠᠷᠢᠮᠲᠠᠯᠠᠵᠤ᠂ ᠲᠥᠪᠯᠡᠷᠡᠭᠦᠯᠦᠨ ᠡᠷᠴᠢᠮᠵᠢᠭᠦᠯᠬᠦ ᠲᠠᠯ᠎ᠠ ᠪᠠᠷ ᠭᠠᠷᠬᠤ ᠵᠠᠮ | ᠡᠷᠢᠵᠦ᠂ ᠨᠤᠲᠤᠭ ᠪᠡᠯᠴᠢᠭᠡᠷ ᠤᠨ ᠬᠠᠮᠠᠭᠠᠯᠠᠯᠲᠠ ᠶᠢ ᠴᠢᠩᠭᠠᠳᠬᠠᠵᠤ᠂ ᠭᠠᠵᠠᠷ ᠰᠢᠷᠣᠢ ᠶᠢᠨ ᠡᠯᠡᠰᠦᠷᠬᠡᠭᠵᠢᠯ | ᠴᠦᠯᠯᠡᠷᠭᠡᠭᠵᠢᠯ ᠢ ᠰᠡᠷᠭᠡᠶᠢᠯᠡᠨ ᠵᠠᠰᠠᠬᠤ ᠠᠵᠢᠯ ᠢ ᠴᠢᠩᠭᠠᠳᠬᠠᠵᠤ᠂ ᠠᠮᠢ ᠠᠬᠤᠢ ᠣᠷᠴᠢᠨ ᠲᠣᠭᠤᠷᠢᠨ ᠢ ᠰᠠᠶᠢᠲᠤᠷ | ᠬᠠᠮᠠᠭᠠᠯᠠᠵᠤ᠂ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ | ᠪᠠᠲᠤ ᠪᠠᠬᠢ ᠴᠣᠭᠴᠠᠯᠠᠬᠤ ᠬᠡᠷᠡᠭᠲᠡᠢ ᠭᠡᠵᠦ ᠴᠢᠬᠤᠯᠠᠴᠢᠯᠠᠪᠠ᠃ | ● 2021 ᠣᠨ ᠤ ᠪᠦᠭᠦ ᠤᠯᠤᠰ ᠤᠨ ᠬᠤᠶᠠᠷ ᠬᠤᠷᠠᠯ ᠤᠨ ᠬᠤᠭᠤᠴᠠᠭᠠᠨ ᠳᠤ᠂ ᠶᠡᠷᠦᠩᠬᠡᠢ ᠱᠦᠵᠢ | ᠰᠢ ᠶᠢᠨ ᠫᠢᠩ ᠥᠪᠥᠷ ᠮᠣᠩᠭᠤᠯ ᠤᠨ ᠲᠥᠯᠥᠭᠡᠯᠡᠭᠴᠢᠳ ᠤᠨ ᠪᠦᠯᠭᠦᠮ ᠤᠨ ᠬᠢᠨᠠᠨ ᠵᠥᠪᠯᠡᠬᠦ ᠳᠤ | ᠣᠷᠤᠯᠴᠠᠬᠤ ᠳᠠᠭᠠᠨ᠂ ᠠᠭᠤᠯᠠ ᠤᠰᠤ ᠤᠢ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ | ᠮᠠᠩᠬ᠎ᠠ ᠶᠢ ᠰᠢᠰᠲ᠋ᠧᠮ ᠲᠠᠢ ᠵᠠᠰᠠᠬᠤ ᠶᠢ ᠨᠢᠭᠡᠳᠦᠯᠲᠡᠢ ᠲᠥᠯᠥᠪᠵᠢᠭᠦᠯᠦᠨ᠎ᠡ᠂ ᠠᠳᠡ ︽ᠡᠯᠡᠰᠦ ᠮᠠᠩᠬ᠎ᠠ︾ ᠭᠡᠬᠦ | ᠦᠭᠡ ᠶᠢ ᠨᠡᠮᠡᠬᠦ ᠬᠡᠷᠡᠭᠲᠡᠢ ᠭᠡᠵᠦ ᠵᠢᠭᠠᠵᠤ ᠭᠠᠷᠭᠠᠪᠠ᠃ ᠠᠭᠤᠯᠠ ᠤᠰᠤ ᠤᠢ ᠮᠣᠳᠣ ᠭᠠᠵᠠᠷ ᠲᠠᠷᠢᠶ᠎ᠠ ᠨᠠᠭᠤᠷ | ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ ᠶᠢ ᠰᠢᠰᠲ᠋ᠧᠮ ᠲᠠᠢ ᠵᠠᠰᠠᠬᠤ ᠶᠢ ᠨᠢᠭᠡᠳᠦᠯᠲᠡᠢ ᠲᠥᠯᠥᠪᠵᠢᠭᠦᠯᠵᠦ᠂ ᠠᠮᠢ | ᠠᠬᠤᠢ ᠶᠢ ᠬᠠᠮᠠᠭᠠᠯᠠᠨ ᠰᠡᠷᠭᠦᠭᠡᠬᠦ ᠢᠨᠵᠧᠨᠧᠷᠢᠩ ᠢ ᠰᠠᠶᠢᠲᠤᠷ ᠬᠡᠷᠡᠭᠵᠢᠭᠦᠯᠵᠦ᠂ ᠠᠮᠢ ᠠᠬᠤᠢ ᠶᠢᠨ ᠰᠢᠰᠲ᠋ᠧᠮ ᠢ | ᠬᠠᠮᠠᠭᠠᠯᠠᠬᠤ ᠡᠷᠴᠢᠮ ᠢᠶᠠᠨ ᠴᠢᠩᠭᠠᠷᠠᠭᠤᠯᠵᠤ᠂ ᠠᠮᠢ ᠠᠬᠤᠢ ᠶᠢᠨ ᠰᠢᠰᠲ᠋ᠧᠮ ᠤᠨ ᠲᠣᠭᠲᠠᠪᠤᠷᠢᠲᠤ ᠴᠢᠨᠠᠷ ᠪᠣᠯᠣᠨ | ᠦᠷᠭᠦᠯᠵᠢᠯᠡᠬᠦ ᠴᠢᠨᠠᠷ ᠢ ᠳᠡᠭᠡᠭᠰᠢᠯᠡᠭᠦᠯᠭᠦ ᠬᠡᠷᠡᠭᠲᠡᠢ ᠭᠡᠵᠦ ᠴᠢᠬᠤᠯᠠᠴᠢᠯᠠᠪᠠ᠃ | | ᠨᠡᠯᠦᠭᠡᠷ ᠶᠡᠭᠡ ᠡᠯᠡᠰᠦ ᠮᠠᠩᠬ᠎ᠠ ᠠᠴᠠ ᠨᠣᠮᠢᠨ ᠨᠣᠭᠤᠭᠠᠨ ᠬᠡᠭᠡᠷ᠎ᠡ ᠲᠠᠯ᠎ᠠ ᠭᠦᠷᠲᠡᠯ᠎ᠡ᠂ ︽ᠡᠯᠡᠰᠦ | ᠤᠷᠤᠭᠰᠢᠯᠠᠵᠤ ᠬᠥᠮᠥᠨ ᠤᠬᠤᠷᠢᠬᠤ︾ ᠠᠴᠠ ︽ᠨᠣᠭᠤᠭᠠᠷᠠᠭᠤᠯᠤᠯᠲᠠ ᠤᠷᠤᠭᠰᠢᠯᠠᠵᠤ ᠡᠯᠡᠰᠦ ᠤᠬᠤᠷᠢᠬᠤ︾ | ᠭᠦᠷᠲᠡᠯ᠎ᠡ᠂ ᠳᠤᠮᠳᠠᠳᠤ ᠤᠯᠤᠰ ᠶᠠᠭ ᠪᠦᠭᠦ ᠪᠥᠮᠪᠥᠷᠴᠡᠭ ᠤᠨ ᠴᠦᠯᠯᠡᠷᠭᠡᠭᠵᠢᠯ ᠢ ᠵᠠᠰᠠᠬᠤ ᠰᠢᠨ᠎ᠡ ᠬᠡᠪ ᠳᠠᠭᠤᠷᠢᠶᠠᠯ | ᠪᠣᠯᠪᠠ᠃ ᠭᠡᠬᠦ ᠳᠡᠭᠡᠨ ᠥᠪᠥᠷ ᠮᠣᠩᠭᠤᠯ ᠪᠣᠯ ᠡᠨᠡ ᠬᠦ ᠬᠡᠪ ᠳᠠᠭᠤᠷᠢᠶᠠᠯ ᠤᠨ ᠬᠠᠮᠤᠭ ᠤᠨ ᠭᠢᠯᠠᠯᠵᠠᠮ᠎ᠠ ᠴᠡᠭ | ᠪᠣᠯᠣᠨ᠎ᠠ᠃ | ᠵᠢᠯ ᠪᠦᠷᠢ ᠪᠦᠭᠦ ᠤᠯᠤᠰ ᠤᠨ 40% ᠰᠢᠬᠠᠮ ᠤᠨ ᠴᠦᠯᠯᠡᠷᠭᠡᠭᠵᠢᠯ ᠢ ᠰᠡᠷᠭᠡᠶᠢᠯᠡᠨ ᠵᠠᠰᠠᠬᠤ ᠡᠭᠦᠷᠭᠡ᠂ | ᠶᠢᠰᠦᠨ ᠤ ᠨᠢᠭᠡ ᠬᠤᠪᠢ ᠶᠢᠨ ᠣᠶᠢᠵᠢᠭᠤᠯᠵᠤ ᠨᠣᠭᠤᠭᠠᠷᠠᠭᠤᠯᠬᠤ ᠡᠭᠦᠷᠭᠡ ᠶᠢ ᠡᠭᠦᠷᠭᠡᠯᠡᠵᠦ᠂ ᠥᠪᠥᠷ ᠮᠣᠩᠭᠤᠯ ᠤᠨ | ᠠᠮᠢ ᠠᠬᠤᠢ ᠶᠢᠨ ᠪᠠᠶᠢᠳᠠᠯ ᠬᠢᠷᠢ ᠵᠡᠷᠭᠡ ᠪᠠᠶᠢᠬᠤ ᠨᠢ ᠪᠦᠭᠦ ᠣᠷᠣᠨ ᠤ ᠦᠨᠳᠦᠰᠦᠲᠡᠨ ᠨᠦᠭᠦᠳ ᠤᠨ ᠤᠯᠠᠨ | ᠲᠦᠮᠡᠨ ᠤ ᠣᠷᠣᠰᠢᠯ ᠲᠣᠭᠲᠠᠨᠢᠯ ᠪᠠ ᠬᠥᠭᠵᠢᠯᠲᠡ ᠲᠠᠢ ᠬᠤᠯᠪᠣᠭᠳᠠᠬᠤ ᠪᠠᠷ ᠪᠠᠷᠠᠬᠤ ᠦᠭᠡᠢ ᠤᠮᠠᠷᠠᠲᠤ ᠣᠷᠣᠨ᠂ | ᠵᠡᠭᠦᠨ ᠬᠤᠶᠢᠲᠤ ᠣᠷᠣᠨ᠂ ᠪᠠᠷᠠᠭᠤᠨ ᠬᠤᠶᠢᠲᠤ ᠣᠷᠣᠨ ᠴᠢᠨᠠᠭᠰᠢᠯᠠᠪᠠᠯ ᠪᠦᠭᠦ ᠤᠯᠤᠰ ᠤᠨ ᠠᠮᠢ ᠠᠬᠤᠢ ᠶᠢᠨ ᠠᠮᠤᠷ | ᠲᠦᠪᠰᠢᠨ ᠲᠠᠢ ᠬᠤᠯᠪᠣᠭᠳᠠᠵᠤ ᠪᠠᠶᠢᠳᠠᠭ᠃ | 2023 ᠣᠨ ᠤ 6 ᠰᠠᠷ᠎ᠠ ᠶᠢᠨ 5 ᠠᠴᠠ 6 ᠤ ᠡᠳᠦᠷ ᠪᠤᠯᠲᠠᠯ᠎ᠠ᠂ ᠶᠡᠷᠦᠩᠬᠡᠢ ᠱᠦᠵᠢ ᠰᠢ ᠶᠢᠨ ᠫᠢᠩ | ᠥᠪᠥᠷ ᠮᠣᠩᠭᠤᠯ ᠤᠨ ᠪᠠᠶᠠᠨᠨᠠᠭᠤᠷ ᠬᠤᠲᠠ ᠳᠤ ᠰᠢᠨᠵᠢᠯᠡᠨ ᠪᠠᠶᠢᠴᠠᠭᠠᠬᠤ ᠶᠢᠨ ᠬᠠᠮᠲᠤ ᠴᠦᠯᠯᠡᠷᠭᠡᠭᠵᠢᠯ ᠢ | ᠶᠡᠷᠦᠩᠬᠡᠶᠢᠯᠡᠨ ᠰᠡᠷᠭᠡᠶᠢᠯᠡᠨ ᠵᠠᠰᠠᠬᠤ ᠶᠢ ᠴᠢᠩᠭᠠᠳᠬᠠᠬᠤ ᠪᠠ ︽ᠤᠮᠠᠷᠠᠲᠤ ᠶᠢᠨ ᠭᠤᠷᠪᠠᠨ ᠣᠷᠣᠨ︾ ᠵᠡᠷᠭᠡ | ᠭᠤᠣᠯᠳᠠᠯᠭ᠎ᠠ ᠲᠠᠢ ᠠᠮᠢ ᠠᠬᠤᠢ ᠶᠢᠨ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠶᠠᠷᠢᠯᠴᠠᠬᠤ | ᠬᠤᠷᠠᠯ ᠢ ᠡᠷᠭᠢᠯᠡᠨ ᠬᠤᠷᠠᠯᠳᠤᠭᠤᠯᠬᠤ ᠳᠠᠭᠠᠨ᠂ ᠡᠭᠦᠷᠭᠡ ᠬᠠᠷᠢᠭᠤᠴᠠᠯᠭ᠎ᠠ ᠪᠠᠨ ᠵᠣᠷᠢᠭᠲᠠᠢ ᠡᠭᠦᠷᠭᠡᠯᠡᠵᠦ᠂ ᠬᠦᠴᠢᠷ | ᠪᠡᠷᠬᠡᠰᠢᠶᠡᠯ ᠠᠴᠠ ᠥᠯᠥ ᠬᠠᠯᠠᠰᠢᠷᠠᠵᠤ᠂ ᠤᠳᠠᠭᠠᠨ ᠳᠠᠭᠠᠭᠠᠮᠠᠭᠠᠢ ᠵᠢᠳᠬᠦᠨ ᠴᠢᠷᠮᠠᠶᠢᠵᠤ᠂ ᠰᠢᠨ᠎ᠡ ᠴᠠᠭ ᠦᠶ᠎ᠡ ᠶᠢᠨ | ᠳᠤᠮᠳᠠᠳᠤ ᠤᠯᠤᠰ ᠤᠨ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠭᠰᠠᠨ ᠰᠢᠨ᠎ᠡ ᠭᠠᠶᠢᠬᠠᠮᠰᠢᠭ ᠢ ᠴᠢᠷᠮᠠᠶᠢᠨ | ᠡᠭᠦᠳᠴᠦ᠂ ᠡᠬᠡ ᠤᠯᠤᠰ ᠤᠨ ᠤᠮᠠᠷᠠᠲᠤ ᠶᠢᠨ ᠡᠨᠡ ᠬᠦ ᠲᠦᠮᠡᠨ ᠭᠠᠵᠠᠷ ᠤᠨ ᠨᠣᠮᠢᠨ ᠨᠣᠭᠤᠭᠠᠨ ᠬᠠᠯᠬᠠᠪᠴᠢ ᠶᠢ | ᠨᠠᠩ ᠪᠠᠲᠤ ᠪᠠᠬᠢ ᠴᠣᠭᠴᠠᠯᠠᠵᠤ᠂ ᠦᠵᠡᠰᠬᠦᠯᠡᠩᠲᠦ ᠰᠠᠶᠢᠬᠠᠨ ᠳᠤᠮᠳᠠᠳᠤ ᠤᠯᠤᠰ ᠢ ᠪᠦᠲᠦᠭᠡᠨ ᠪᠠᠶᠢᠭᠤᠯᠬᠤ | ᠲᠠᠯ᠎ᠠ ᠪᠠᠷ ᠨᠠᠩ ᠶᠡᠭᠡ ᠠᠮᠵᠢᠯᠲᠠ ᠣᠯᠬᠤ ᠬᠡᠷᠡᠭᠲᠡᠢ ᠭᠡᠵᠦ ᠴᠢᠬᠤᠯᠠᠴᠢᠯᠠᠪᠠ᠃ | ᠡᠭᠦᠷᠭᠡ ᠥᠩᠭᠡ ᠭᠡᠷᠡᠯᠲᠡᠢ᠂ ᠬᠠᠷᠢᠭᠤᠴᠠᠯᠭ᠎ᠠ ᠬᠦᠨᠳᠦ ᠶᠡᠭᠡ᠃ ᠥᠩᠭᠡᠷᠡᠭᠰᠡᠨ 40 ᠭᠠᠷᠤᠢ ᠵᠢᠯ ᠳᠤ᠂ ︽ | ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠤᠢ ᠵᠡᠷᠭᠡ ᠴᠢᠬᠤᠯᠠ ᠶᠡᠭᠡ ᠠᠮᠢ ᠠᠬᠤᠢ ᠶᠢᠨ ᠢᠨᠵᠧᠨᠧᠷᠢᠩ ᠨᠢ | ᠥᠪᠥᠷ ᠮᠣᠩᠭᠤᠯ ᠤᠨ ᠡᠬᠡ ᠭᠠᠵᠠᠷ ᠳᠡᠭᠡᠷ᠎ᠡ ᠰᠦᠯᠵᠢᠯᠳᠦᠭᠰᠡᠨ ᠯᠤᠲᠤ ᠶᠡᠭᠡ ᠠᠮᠢ ᠠᠬᠤᠢ ᠶᠢᠨ ᠬᠠᠮᠠᠭᠠᠯᠠᠯᠲᠠ ᠶᠢᠨ | ᠲᠣᠣᠷ ᠪᠣᠯᠵᠤ᠂ ᠡᠬᠡ ᠤᠯᠤᠰ ᠤᠨ ᠤᠮᠠᠷᠠᠲᠤ ᠶᠢᠨ ᠦᠵᠡᠰᠬᠦᠯᠡᠩᠲᠦ ᠰᠠᠶᠢᠬᠠᠨ ᠦᠵᠡᠮᠵᠢ ᠶᠢᠨ ᠣᠷᠣᠨ ᠤ ᠨᠣᠮᠢᠨ | ᠨᠣᠭᠤᠭᠠᠨ ᠬᠥᠰᠢᠶ᠎ᠡ ᠪᠣᠯᠤᠭᠰᠠᠨ ᠪᠠᠶᠢᠨ᠎ᠠ᠃ ᠢᠷᠡᠭᠡᠳᠦᠢ ᠳᠤ ᠥᠪᠥᠷ ᠮᠣᠩᠭᠤᠯ ᠦᠷᠭᠦᠯᠵᠢᠯᠡᠨ ᠵᠣᠷᠢᠭᠲᠠᠢ | ᠤᠷᠤᠭᠰᠢᠯᠠᠨ᠎ᠠ᠃ | ᠡᠯᠡᠰᠦᠷᠬᠡᠭ ᠣᠷᠣᠨ ᠤ ᠬᠥᠮᠥᠰ ᠤᠨ ᠨᠣᠮᠢᠨ ᠨᠣᠭᠤᠭᠠᠨ ᠬᠦᠰᠡᠯ ᠵᠡᠭᠦᠳᠦ ᠶᠢ ᠲᠡᠷᠭᠡᠯᠰᠢᠭᠦᠯᠵᠦ ᠡᠬᠡ | ᠤᠯᠤᠰ ᠤᠨ ᠤᠮᠠᠷᠠᠲᠤ ᠬᠢᠯᠢ ᠶᠢᠨ ᠨᠣᠮᠢᠨ ᠨᠣᠭᠤᠭᠠᠨ ︽ᠣᠷᠳᠣ ᠴᠠᠭᠠᠨ ᠬᠡᠷᠡᠮ︾ ᠢ ᠴᠣᠭᠴᠠᠯᠠᠨ᠎ᠠ | ︽︿ᠤᠮᠠᠷᠠᠲᠤ ᠶᠢᠨ ᠭᠤᠷᠪᠠᠨ ᠣᠷᠣᠨ ᠪ᠊ ᠵᠣᠷᠢᠭ ᠰᠠᠨᠠᠭ᠎ᠠ﹀ ᠶᠢ ᠪᠤᠢ ᠪᠤᠯᠭᠠᠵᠤ᠂ ᠠᠮᠢ ᠠᠬᠤᠢ ᠶᠢᠨ | ᠵᠠᠰᠠᠯᠲᠠ ᠶᠢᠨ ᠤᠯᠠᠨ ᠤᠯᠤᠰ ᠤᠨ ᠬᠡᠪ ᠳᠠᠭᠤᠷᠢᠶᠠᠯ ᠢ ᠪᠤᠢ ᠪᠣᠯᠭᠠᠪᠠ︾᠃ ᠶᠡᠷᠦᠩᠬᠡᠢ ᠱᠦᠵᠢ ᠰᠢ ᠶᠢᠨ ᠫᠢᠩ | ᠪᠠᠶᠠᠨᠨᠠᠭᠤᠷ ᠲᠤ ᠰᠢᠨᠵᠢᠯᠡᠨ ᠪᠠᠶᠢᠴᠠᠭᠠᠭᠰᠠᠨ ᠪᠥᠭᠡᠳ ᠴᠦᠯᠯᠡᠷᠭᠡᠭᠵᠢᠯ ᠢ ᠶᠡᠷᠦᠩᠬᠡᠶᠢᠯᠡᠨ ᠰᠡᠷᠭᠡᠶᠢᠯᠡᠨ ᠵᠠᠰᠠᠬᠤ ᠶᠢ | ᠴᠢᠩᠭᠠᠳᠬᠠᠬᠤ ᠪᠠ ︽ᠤᠮᠠᠷᠠᠲᠤ ᠶᠢᠨ ᠭᠤᠷᠪᠠᠨ ᠣᠷᠣᠨ︾ ᠵᠡᠷᠭᠡ ᠭᠤᠣᠯᠳᠠᠯᠭ᠎ᠠ ᠲᠠᠢ ᠠᠮᠢ ᠠᠬᠤᠢ ᠶᠢᠨ | ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠬᠤ ᠶᠠᠷᠢᠯᠴᠠᠬᠤ ᠬᠤᠷᠠᠯ ᠢ ᠡᠷᠭᠢᠯᠡᠨ ᠬᠤᠷᠠᠯᠳᠤᠭᠤᠯᠬᠤ | ᠦᠶ᠎ᠡ ᠶᠢᠨ ᠶᠠᠷᠢᠶ᠎ᠠ ᠬᠥᠮᠥᠰ ᠤᠨ ᠰᠡᠳᠬᠢᠯ ᠢ ᠳᠣᠭᠳᠣᠯᠤᠭᠤᠯᠤᠨ᠎ᠠ᠃ | ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠪᠣᠯ ᠴᠢᠯᠠᠭᠤ ᠥᠩᠬᠦᠷᠢᠭᠦᠯᠦᠨ ᠠᠭᠤᠯᠠᠨ ᠳᠤ ᠭᠠᠷᠬᠤ | ᠶᠠᠪᠤᠴᠠ ᠪᠠᠶᠢᠵᠤ᠂ ᠪᠠᠭ᠎ᠠ ᠯᠡ ᠰᠤᠯᠠᠷᠠᠭᠰᠠᠭᠠᠷ ᠲᠠᠭᠢᠨ ᠳᠠᠪᠲᠠᠨ ᠬᠢᠬᠦ ᠶᠠᠪᠤᠳᠠᠯ ᠭᠠᠷᠲᠠᠬ᠂ 40 ᠭᠠᠷᠤᠢ ᠵᠢᠯ ᠤᠨ | ᠴᠥᠬᠦᠷᠡᠰᠢ ᠦᠭᠡᠢ ᠴᠢᠷᠮᠠᠶᠢᠯᠭ᠎ᠠ ᠪᠠᠷ᠂ ᠥᠪᠥᠷ ᠮᠣᠩᠭᠤᠯ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ | ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠦᠲᠦᠭᠡᠨ ᠪᠠᠶᠢᠭᠤᠯᠬᠤ ᠬᠦᠨᠳᠦ ᠡᠭᠦᠷᠭᠡ ᠶᠢ ᠡᠭᠦᠷᠭᠡᠯᠡᠵᠦ᠂ ᠡᠬᠡ | ᠤᠯᠤᠰ ᠤᠨ ᠤᠮᠠᠷᠠᠲᠤ ᠬᠢᠯᠢ ᠳᠤ ᠨᠣᠮᠢᠨ ᠨᠣᠭᠤᠭᠠᠨ ︽ᠣᠷᠳᠣ ᠴᠠᠭᠠᠨ ᠬᠡᠷᠡᠮ︾ ᠢ ᠴᠣᠭᠴᠠᠯᠠᠪᠠ᠃ | ᠦᠶ᠎ᠡ ᠦᠶ᠎ᠡ ᠶᠢᠨ ᠡᠯᠡᠰᠦ ᠵᠠᠰᠠᠭᠴᠢᠳ ᠰᠢᠨᠲᠠᠷᠠᠰᠢ ᠦᠭᠡᠢ ᠴᠢᠷᠮᠠᠶᠢᠯᠭ᠎ᠠ ᠪᠠᠷ ᠡᠨᠡ ᠬᠦ ᠨᠣᠮᠢᠨ ᠨᠣᠭᠤᠭᠠᠨ | ᠯᠤᠲᠤ ᠶᠡᠭᠡ ᠬᠤᠪᠢᠷᠠᠯᠲᠠ ᠳᠤ ᠤᠷᠤᠯᠴᠠᠬᠰᠠᠨ ᠪᠠ ᠡᠳᠡᠭᠡᠷ ᠢ ᠭᠡᠷᠡᠴᠢᠯᠡᠭᠰᠡᠭᠡᠷ ᠢᠷᠡᠭᠰᠡᠨ ᠶᠤᠮ᠃ | ︽ᠨᠢᠳᠦ ᠪᠠᠨ ᠨᠡᠭᠡᠭᠡᠮᠡᠭᠴᠡ᠂ ᠰᠢᠷ᠎ᠠ ᠡᠯᠡᠰᠦ ᠬᠠᠷᠠᠭ᠎ᠠ ᠶᠢ ᠬᠠᠯᠬᠠᠯᠠᠵᠤ᠂ ᠴᠣᠩᠬᠤᠨ ᠤ ᠵᠠᠭᠠᠭ ᠵᠠᠪᠰᠠᠷ᠂ | ᠭᠡᠵᠢᠭᠡ ᠦᠰᠦ᠂ ᠠᠮᠠ ᠬᠠᠮᠠᠷ ᠲᠤ ᠪᠦᠷ ᠡᠯᠡᠰᠦ᠃ ᠰᠠᠯᠬᠢ ᠳᠡᠭᠳᠡᠭᠰᠡᠭᠡᠷ ᠭᠡᠷ ᠪᠠᠶᠢᠰᠢᠩ ᠡᠯᠡᠰᠦᠨ ᠳᠤ ᠪᠤᠯᠠᠬᠳᠠᠵᠤ᠂ | ᠨᠡᠭᠦᠬᠦ ᠯᠡ ᠬᠡᠷᠡᠭᠲᠡᠢ ᠪᠤᠯᠳᠠᠭ︾᠃ ᠲᠦᠩᠯᠢᠶᠣᠣ ᠬᠤᠲᠠ ᠶᠢᠨ ᠬᠤᠷᠴᠢᠨ ᠵᠡᠭᠦᠨ ᠭᠠᠷᠤᠨ ᠬᠤᠶᠢᠲᠤ | ᠬᠤᠰᠢᠭᠤᠨ ᠤ ᠮᠠᠯᠴᠢᠨ ᠭᠡᠷᠡᠯ ᠭᠠᠰᠢᠭᠤᠨ ᠳᠤᠷᠠᠰᠤᠮᠵᠢ ᠬᠡᠯᠬᠢᠨ᠎ᠡ᠃ ︽ᠲᠠᠷᠢᠶ᠎ᠠ ᠲᠥᠮᠥᠰᠥ ᠲᠠᠷᠢᠵᠤ | ᠤᠷᠭᠤᠭᠤᠯᠬᠤ ᠶᠢᠨ ᠠᠷᠭ᠎ᠠ ᠦᠭᠡᠢ᠂ ᠲᠦᠷᠦᠭᠦᠦ ᠡᠳᠦᠷ ᠨᠢ ᠲᠠᠷᠢᠪᠠᠯ ᠶᠡᠭᠡ ᠰᠠᠯᠬᠢ ᠰᠠᠯᠬᠢᠯᠠᠭᠰᠠᠭᠠᠷ | ᠦᠨᠳᠦᠰᠦ ᠲᠠᠢ ᠨᠢ ᠪᠤᠯᠭᠤᠯᠵᠤ ᠤᠷᠭᠢᠳᠠᠭ᠃ ᠡᠷᠦᠭᠡ ᠪᠦᠷᠢ ᠬᠡᠳᠦᠨ ᠬᠤᠨᠢ ᠲᠡᠵᠢᠭᠡᠳᠡᠭ᠂ ᠬᠤᠨᠢᠳ ᠨᠢ ᠴᠤ | ᠡᠯᠡᠰᠦᠨ ᠰᠢᠷᠭᠠᠯ ᠥᠩᠭᠡ ᠵᠢᠰᠦᠮ ᠲᠠᠢ ᠪᠠᠶᠢᠯ᠎ᠠ︾᠃ ᠭᠦᠭᠡᠬᠤᠲᠠ ᠶᠢᠨ ᠴᠢᠩ ᠱᠦᠢ ᠾᠧ ᠰᠢᠶᠠᠨ ᠤ ᠠᠬᠠᠮᠠᠳ | ᠨᠢᠭᠡ ᠦᠶ᠎ᠡ ᠶᠢᠨ ᠬᠢᠨ ᠤ ᠡᠷᠭᠢᠴᠡᠭᠦᠯᠦᠯ ᠳᠤ ᠰᠢᠷᠭᠠᠯ ᠡᠯᠡᠰᠦ ᠪᠣᠯᠣᠨ ᠶᠠᠳᠠᠭᠤ ᠬᠦᠴᠢᠷᠳᠡᠯ ᠨᠢᠭᠲᠠ ᠬᠤᠯᠪᠤᠭ᠎ᠠ ᠲᠠᠢ | ᠪᠠᠶᠢᠳᠠᠭ᠃ | ᠴᠦᠯᠯᠡᠷᠭᠡᠭᠵᠢᠯ ᠬᠥᠭᠵᠢᠯᠲᠡ ᠶᠢ ᠬᠢᠵᠠᠭᠠᠷᠯᠠᠵᠤ᠂ ᠨᠢᠭᠡᠨ ᠦᠶ᠎ᠡ ᠶᠠᠳᠠᠭᠤ ᠬᠦᠴᠢᠷᠳᠡᠯ ᠤᠨ ᠦᠨᠳᠦᠰᠦ ᠪᠣᠯᠪᠠ᠃ | ᠡᠯᠡᠰᠦᠷᠬᠡᠭ ᠣᠷᠣᠨ ᠤ ᠬᠥᠮᠥᠰ ᠰᠡᠳᠬᠢᠯ ᠳᠡᠭᠡᠨ ᠨᠣᠮᠢᠨ ᠨᠣᠭᠤᠭᠠᠨ ᠬᠦᠰᠡᠯ ᠵᠡᠭᠦᠳᠦ ᠮᠠᠨᠠᠵᠤ ᠢᠷᠡᠯ᠎ᠠ᠃ | 1978 ᠣᠨ ᠳᠤ᠂ ᠡᠬᠡ ᠤᠯᠤᠰ ᠤᠨ ᠤᠮᠠᠷᠠᠲᠤ ᠣᠷᠣᠨ ᠳᠤ ᠨᠢᠭᠡ ᠬᠡᠰᠡᠭ ᠯᠤᠲᠤ ᠶᠡᠭᠡ ᠬᠠᠯᠬᠠᠪᠴᠢ | ᠤᠢ ᠶᠢᠨ ᠲᠣᠣᠷ ᠢ ᠪᠠᠶᠢᠭᠤᠯᠵᠤ᠂ ᠡᠯᠡᠰᠦᠷᠬᠡᠭᠵᠢᠬᠦ ᠠᠬᠢᠴᠠ ᠶᠢ ᠨᠠᠮᠳᠠᠭᠤᠯᠤᠨ᠂ ᠠᠮᠢ ᠠᠬᠤᠢ ᠣᠷᠴᠢᠨ ᠲᠣᠭᠤᠷᠢᠨ ᠢ | ᠰᠠᠶᠢᠵᠢᠷᠠᠭᠤᠯᠬᠤ ᠶᠢᠨ ᠲᠥᠯᠥᠭᠡ᠂ ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ ᠳᠤᠮᠳᠠᠳᠤ ᠶᠢᠨ | ᠦᠨᠳᠦᠰᠦᠲᠡᠨ ᠤ ᠣᠷᠣᠰᠢᠯ ᠲᠣᠭᠲᠠᠨᠢᠯ ᠪᠠ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠶᠢᠨ ᠥᠨᠳᠥᠷᠴᠡ ᠠᠴᠠ ︽ | ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠤᠢ ᠶᠢᠨ ᠰᠢᠰᠲ᠋ᠧᠮ ᠢ ᠪᠠᠶᠢᠭᠤᠯᠬᠤ ᠴᠢᠬᠤᠯᠠ ᠶᠡᠭᠡ | ᠰᠢᠢᠳᠪᠦᠷᠢᠲᠦ ᠪᠣᠳᠣᠯᠭ᠎ᠠ ᠶᠢ ᠲᠣᠭᠲᠠᠭᠠᠵᠤ᠂ ᠬᠥᠮᠥᠨ ᠲᠥᠷᠥᠯᠬᠢᠲᠡᠨ ᠤ ᠲᠡᠦᠬᠡᠨ ᠳᠡᠭᠡᠷᠡᠬᠢ ᠬᠠᠮᠤᠭ ᠤᠨ ᠶᠡᠭᠡ | ᠬᠥᠮᠥᠨ ᠤ ᠬᠦᠴᠦ ᠪᠠᠷ ᠣᠶᠢᠵᠢᠭᠤᠯᠤᠭᠰᠠᠨ ᠠᠮᠢ ᠠᠬᠤᠢ ᠶᠢᠨ ᠤᠢ ᠶᠢᠨ ᠪᠦᠰᠡ ᠶᠢᠨ ᠪᠦᠲᠦᠭᠡᠨ ᠪᠠᠶᠢᠭᠤᠯᠤᠯᠲᠠ | ᠡᠭᠦᠨ ᠠᠴᠠ ᠡᠬᠢᠯᠡᠪᠡ᠃ | ᠮᠠᠨ ᠤ ᠤᠯᠤᠰ ᠤᠨ ᠴᠦᠯᠯᠡᠷᠭᠡᠭᠵᠢᠭᠰᠡᠨ ᠪᠠ ᠡᠯᠡᠰᠦᠷᠬᠡᠭᠵᠢᠭᠰᠡᠨ ᠭᠠᠵᠠᠷ ᠰᠢᠷᠣᠢ ᠬᠠᠮᠤᠭ ᠠᠴᠠ | ᠲᠥᠪᠯᠡᠷᠡᠭᠰᠡᠨ᠂ ᠬᠤᠣᠷ ᠬᠥᠨᠥᠭᠡᠯ ᠬᠠᠮᠤᠭ ᠤᠨ ᠬᠦᠨᠳᠦ ᠨᠣᠴᠢᠲᠠᠢ ᠮᠤᠵᠢ ᠣᠷᠣᠨ ᠤ ᠨᠢᠭᠡ ᠪᠣᠯᠤᠭᠰᠠᠨ ᠤ | ᠬᠤᠪᠢ ᠳᠤ᠂ ᠥᠪᠥᠷ ᠮᠣᠩᠭᠤᠯ ︽ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠤᠢ ᠶᠢᠨ ᠰᠢᠰᠲ᠋ᠧᠮ ᠤᠨ | ᠪᠠᠶᠢᠭᠤᠯᠤᠯᠲᠠ ᠶᠢᠨ ᠴᠢᠬᠤᠯᠠ ᠣᠷᠣᠨ ᠪᠤᠯᠬᠤ ᠨᠢ ᠳᠠᠮᠵᠢᠭ ᠦᠭᠡᠢ᠃ | ︽ᠵᠤᠲᠠᠵᠤ ᠦᠬᠦᠬᠦ ᠠᠴᠠ ᠨᠠᠭᠠᠰᠢ᠂ ᠰᠠᠯᠬᠢ ᠡᠯᠡᠰᠦ ᠲᠠᠢ ᠡᠴᠦᠰ ᠲᠤᠨᠢ ᠲᠤᠯᠲᠠᠯ᠎ᠠ ᠲᠡᠮᠡᠴᠡᠯ ᠬᠢᠨ᠎ᠡ︕︾᠂ | ︽ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠤᠢ ᠶᠢᠨ ᠢᠨᠵᠧᠨᠧᠷᠢᠩ ᠨᠢ ᠡᠯᠡᠰᠦᠷᠬᠡᠭ ᠣᠷᠣᠨ ᠤ ᠤᠯᠠᠨ | ᠲᠦᠮᠡᠨ ᠤ ︽ᠨᠣᠮᠢᠨ ᠨᠣᠭᠤᠭᠠᠨ ᠢ ᠬᠥᠭᠡᠭᠡᠴᠡᠯᠳᠦᠬᠦ︾ ᠣᠷᠭᠢᠯᠤᠮ᠎ᠠ ᠰᠡᠳᠬᠢᠯᠭᠡ ᠶᠢ ᠳᠠᠬᠢᠨᠲᠠ ᠬᠥᠭᠵᠢᠭᠡᠵᠦ᠂ | ᠤᠮᠠᠷᠠᠲᠤ ᠶᠢᠨ ᠡᠬᠡ ᠭᠠᠵᠠᠷ ᠲᠤ ᠰᠠᠯᠬᠢ ᠡᠯᠡᠰᠦ ᠶᠢ ᠬᠤᠷᠢᠭᠯᠠᠬᠤ ᠳᠠᠶᠢᠯᠠᠯᠳᠤᠭᠠᠨ ᠢ ᠡᠬᠢᠯᠡᠭᠦᠯᠪᠡ᠃ | ᠦᠦᠰᠢᠨ ᠬᠤᠰᠢᠭᠤᠨ ᠤ ᠲᠠᠷᠢᠶᠠᠴᠢᠨ ᠪᠦᠰᠡᠭᠦᠢ ᠶᠢᠨ ᠢᠦᠢ ᠵᠧᠨ ᠵᠣᠷᠢᠭ ᠰᠢᠭᠤᠳᠤᠨ ᠪᠦᠭᠦ | ᠬᠥᠷᠥᠩᠭᠡ ᠪᠠᠨ ᠬᠥᠨᠲᠥᠷᠪᠡ — ᠨᠢᠭᠡ ᠡᠮ᠎ᠡ ᠬᠤᠨᠢ ᠪᠣᠯᠣᠨ ᠬᠤᠷᠠᠭ᠎ᠠ ᠪᠠᠷ 200 ᠭᠠᠷᠤᠢ ᠴᠢᠬᠢ ᠮᠣᠳᠣ | ᠰᠣᠯᠢᠵᠤ᠂ ᠮᠤᠤᠠᠤᠰᠤ ᠶᠢᠨ ᠡᠯᠡᠰᠦᠨ ᠳᠤ ᠳᠠᠶᠢᠯᠠᠯᠳᠤᠭᠠᠨ ᠤ ᠪᠢᠴᠢᠭ ᠢᠶᠠᠨ ᠵᠠᠷᠯᠠᠪᠠ᠃ | ᠳᠠᠯᠠᠳ ᠬᠤᠰᠢᠭᠤᠨ ᠤ ᠵᠦᠩ ᠾᠧ ᠰᠢ ᠪᠠᠯᠭᠠᠰᠤᠨ ᠤ ᠭᠤᠸᠠᠨ ᠵᠢᠩ ᠲᠣᠰᠬᠤᠨ ᠤ ᠠᠷᠠᠳ ᠭᠤᠤ ᠯᠢᠨ | ᠱᠤ᠋ 3 ᠬᠤᠨᠢ ᠪᠠᠷ ᠨᠢᠭᠡ ᠡᠯᠵᠢᠭᠡᠨ ᠲᠡᠷᠭᠡ ᠡᠯᠡᠰᠦᠨ ᠪᠤᠷᠭᠠᠰᠤ ᠰᠣᠯᠢᠵᠤ᠂ ᠪᠦᠭᠦ ᠭᠡᠷ ᠢᠶᠠᠷ ᠢᠶᠠᠨ ᠡᠯᠡᠰᠦᠨ ᠳᠤ | ᠠᠮᠢᠳᠤᠷᠠᠵᠤ᠂ ᠮᠣᠳᠣ ᠲᠠᠷᠢᠵᠦ ᠤᠷᠭᠤᠭᠤᠯᠬᠤ ᠦᠭᠡᠢ ᠪᠣᠯ ᠶᠠᠭᠠᠬᠢᠭᠰᠠᠨ ᠴᠤ ᠲᠣᠰᠬᠤᠨ ᠳᠠᠭᠠᠨ ᠪᠤᠴᠠᠬᠤ ᠦᠭᠡᠢ | ᠭᠡᠵᠦ ᠲᠠᠩᠭᠠᠷᠢᠭᠯᠠᠪᠠ᠃ | ᠁ | ᠡᠨᠡ ᠮᠡᠲᠦ ᠪᠠᠷ᠂ ᠵᠢᠯ ᠠᠴᠠ ᠵᠢᠯ ᠳᠤ᠂ ᠦᠶ᠎ᠡ ᠦᠶ᠎ᠡ ᠶᠢᠨ ᠡᠯᠡᠰᠦ ᠵᠠᠰᠠᠵᠤ ᠣᠶᠢᠵᠢᠭᠤᠯᠤᠭᠴᠢᠳ ᠣᠷᠣᠰᠢᠨ | ᠲᠣᠭᠲᠠᠨᠢᠬᠤ ᠶᠢᠨ ᠲᠥᠯᠥᠭᠡ᠂ ᠦᠷ᠎ᠡ ᠬᠤᠶᠢᠴᠢᠰ ᠲᠠᠭᠠᠨ ᠨᠣᠮᠢᠨ ᠨᠣᠭᠤᠭᠠᠨ ᠭᠡᠷ ᠣᠷᠣᠨ ᠦᠯᠡᠳᠡᠭᠡᠨ ᠥᠭᠬᠦ ᠶᠢᠨ | ᠲᠥᠯᠥᠭᠡ᠂ ᠰᠠᠯᠬᠢ ᠡᠯᠡᠰᠦ ᠲᠠᠢ ᠡᠷᠡᠯᠬᠡᠭᠯᠡᠨ ᠲᠡᠮᠡᠴᠡᠵᠦ᠂ ᠥᠪᠥᠷ ᠮᠣᠩᠭᠤᠯ ᠤᠨ ᠡᠬᠡ ᠭᠠᠵᠠᠷ ᠲᠤ ᠰᠦᠷᠯᠢᠭ | ᠦᠵᠡᠮᠵᠢᠲᠦ ᠨᠣᠮᠢᠨ ᠨᠣᠭᠤᠭᠠᠨ ᠰᠢᠯᠦᠭ ᠤᠨ ᠮᠥᠷ ᠢ ᠪᠢᠴᠢᠭᠯᠡᠵᠡᠢ᠃ | ᠣᠷᠳᠣᠰ ᠬᠤᠲᠠ ᠶᠢᠨ ᠳᠠᠯᠠᠳ ᠬᠤᠰᠢᠭᠤᠨ ᠤ ᠵᠥᠩ ᠾᠧ ᠰᠢ ᠪᠠᠯᠭᠠᠰᠤᠨ ᠤ ᠭᠤᠸᠠᠨ ᠵᠢᠩ | ᠲᠣᠰᠬᠤᠨ ᠳᠤ ᠣᠴᠢᠬᠤ ᠵᠠᠮ ᠵᠠᠭᠤᠷ᠎ᠠ ᠬᠥᠮᠥᠨ ᠠᠴᠠ ᠥᠨᠳᠥᠷ ᠤᠷᠭᠤᠭᠰᠠᠨ ᠡᠯᠡᠰᠦᠨ ᠪᠤᠷᠭᠠᠰᠤᠨ ᠳᠤ ᠲᠡᠷᠭᠡᠨ | ᠣᠷᠣᠢ ᠬᠠᠷᠠᠭᠳᠠᠬᠤ ᠪᠠᠨ ᠪᠣᠯᠢᠵᠠᠢ᠃ ᠡᠨᠡ ᠬᠦ ᠭᠦᠪᠡᠭᠡ ᠬᠢᠵᠠᠭᠠᠷ ᠨᠢ ᠬᠠᠷᠠᠭᠳᠠᠬᠤ ᠦᠭᠡᠢ ᠨᠣᠮᠢᠨ ᠳᠣᠯᠭᠢᠶᠠᠨ ᠪᠣᠯ | ᠭᠤᠸᠠᠨ ᠵᠢᠩ ᠲᠣᠰᠬᠤᠨ ᠤ ᠠᠷᠠᠳ ᠤᠨ ︽ᠨᠣᠮᠢᠨ ᠨᠣᠭᠤᠭᠠᠨ ᠪᠠᠩᠬᠢ︾ ᠪᠣᠯᠣᠨ᠎ᠠ᠃ ᠠᠳᠡ ᠥᠩᠭᠡᠷᠡᠭᠰᠡᠨ ᠳᠤ | ᠲᠡᠳᠡᠨ ᠤ ᠬᠠᠷᠢᠵᠤ ᠳᠡᠶᠢᠯᠭᠦ ᠦᠭᠡᠢ ᠭᠡᠷ ᠪᠠᠶᠢᠭᠰᠠᠨ ᠢ ᠦᠨᠡᠬᠡᠷ ᠲᠥᠰᠥᠭᠡᠯᠡᠬᠦᠶ᠎ᠡ ᠪᠡᠷᠬᠡ ᠠ᠋᠃ | ᠳ᠋ᠦᠩ ᠳ᠋ᠡ ᠮᠣᠩᠭᠤᠯ ᠸᠠᠩ ᠪᠦᠯᠦᠭᠯᠡᠯ ᠤᠨ ᠹᠧᠩ ᠱᠦᠢ ᠯᠢᠶᠠᠩ ᠤᠨ ᠠᠵᠤ ᠦᠢᠯᠡᠰ ᠤᠨ ᠴᠤᠭᠯᠠᠷᠠᠯ | ᠪᠠᠯᠭᠠᠰᠤ ᠶᠢᠨ ᠬᠥᠮᠥᠨ ᠤ ᠬᠦᠴᠦ ᠪᠠᠷ ᠳᠡᠪᠢᠰᠦᠭᠰᠡᠨ ᠠᠷᠪᠠᠨ ᠬᠡᠳᠦᠨ ᠮᠤᠳ᠋ᠷ ᠥᠨᠳᠥᠷ ᠦᠵᠡᠮᠵᠢ ᠶᠢᠨ | ᠲᠠᠶᠢᠰᠠᠨ ᠠᠴᠠ ᠪᠠᠷᠠᠯᠠᠪᠠᠯ᠂ ᠲᠠᠲᠠᠭᠠᠯ ᠲᠠᠷᠢᠶ᠎ᠠ ᠬᠠᠯᠢᠭᠤᠷᠠᠵᠤ᠂ ᠤᠢ ᠮᠣᠳᠣ ᠴᠡᠯᠭᠡᠷᠡᠨ ᠨᠣᠭᠤᠭᠠᠷᠠᠵᠤ᠂ ᠬᠤᠸᠠᠷ | ᠴᠡᠴᠡᠭ ᠤᠨ ᠦᠨᠦᠷ ᠬᠠᠩᠬᠤᠯᠤᠨ᠎ᠠ ᠁ ᠲᠡᠷᠡ ᠪᠣᠯ ᠬᠤᠭᠤᠰᠤᠨ ᠦᠵᠡᠭᠳᠡᠯ ᠬᠠᠪᠤᠷ ᠤᠨ ᠵᠡᠷᠭᠡᠯᠭᠡᠨ ᠪᠢᠰᠢ | ᠬᠠᠷᠢᠨ ᠦᠨᠡᠨ ᠪᠣᠳᠠᠲᠠᠢ ᠡᠯᠡᠰᠦᠨ ᠴᠦᠯ ᠳᠤ ᠪᠠᠶᠢᠭᠤᠯᠤᠭᠰᠠᠨ ᠨᠣᠮᠢᠨ ᠨᠣᠭᠤᠭᠠᠨ ᠸᠠᠩᠲᠤ ᠤᠯᠤᠰ ᠪᠣᠯᠣᠨ᠎ᠠ᠃ | ᠬᠥᠪᠴᠢ ᠶᠢᠨ ᠡᠯᠡᠰᠦ ᠶᠢ ᠵᠠᠰᠠᠭᠰᠠᠨ ᠠᠮᠵᠢᠯᠲᠠ ᠪᠦᠲᠦᠮᠵᠢ ᠨᠢ ᠨᠡᠩ ᠴᠤ ᠳᠡᠯᠡᠬᠡᠢ ᠨᠡᠶᠢᠭᠡᠮ ᠳᠤ ᠳᠤᠮᠳᠠᠳᠤ | ᠤᠯᠤᠰ ᠤᠨ ᠲᠥᠰᠥᠯ ᠢ ᠬᠠᠨᠳᠢᠪᠯᠡᠵᠤ᠂ ᠳᠤᠮᠳᠠᠳᠤ ᠤᠯᠤᠰ ᠤᠨ ᠠᠮᠢ ᠠᠬᠤᠢ ᠶᠢᠨ ᠵᠠᠰᠠᠯᠲᠠ ᠶᠢᠨ ᠤᠯᠠᠨ | ᠤᠯᠤᠰ ᠤᠨ ᠠᠴᠢ ᠬᠤᠯᠪᠣᠭᠳᠠᠯ ᠢ ᠢᠯᠡᠷᠡᠭᠦᠯᠪᠡ᠃ | ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ︽ᠤᠮᠠᠷᠠᠲᠤ ᠶᠢᠨ ᠭᠤᠷᠪᠠᠨ ᠣᠷᠣᠨ︾ ᠤ | ᠬᠠᠯᠬᠠᠪᠴᠢ ᠣᠶ ᠶᠢᠨ ᠰᠢᠰᠲ᠋ᠧᠮ ᠤᠨ ᠪᠠᠶᠢᠭᠤᠯᠤᠯᠲᠠ᠂ ᠪᠡᠭᠡᠵᠢᠩ ᠲᠢᠶᠠᠨᠵᠢᠨ ᠤ ᠰᠠᠯᠬᠢ ᠡᠯᠡᠰᠦᠨ ᠤ ᠡᠬᠢ ᠶᠢ | ᠵᠠᠰᠠᠬᠤ᠂ ᠲᠠᠷᠢᠶᠠᠯᠠᠬᠤ ᠶᠢ ᠵᠣᠭᠰᠣᠭᠠᠨ ᠤᠢ ᠮᠣᠳᠣ ᠳᠠᠷᠢᠵᠦ ᠡᠪᠡᠰᠦ ᠪᠡᠯᠴᠢᠭᠡᠷ ᠢ ᠰᠡᠷᠭᠦᠭᠡᠬᠦ ᠵᠡᠷᠭᠡ ᠠᠯᠢ ᠣᠯᠠᠨ | ᠭᠤᠣᠯᠳᠠᠯᠭ᠎ᠠ ᠲᠠᠢ ᠢᠨᠵᠧᠨᠧᠷᠢᠩ ᠢ ᠶᠡᠭᠡ ᠪᠠᠷ ᠬᠡᠷᠡᠭᠵᠢᠭᠦᠯᠦᠭᠰᠡᠨ ᠪᠠᠶᠢᠳᠠᠯ ᠳᠣᠣᠷ᠎ᠠ᠂ ᠥᠪᠥᠷ ᠮᠣᠩᠭᠤᠯ ᠨᠡᠶᠢᠲᠡ 1. | 22 ᠳ᠋ᠦᠩᠰᠢᠭᠤᠷ ᠮᠦ ᠣᠶᠢᠵᠢᠭᠤᠯᠵᠤ᠂ 2.86 ᠳ᠋ᠦᠩᠰᠢᠭᠤᠷ ᠮᠦ ᠡᠪᠡᠰᠦ ᠳᠠᠷᠢᠵᠤ᠂ ᠵᠢᠯ ᠳᠤᠮᠳᠠᠴᠢ ᠪᠠᠷ | 1200 ᠲᠦᠮᠡᠨ ᠮᠦ ᠠᠴᠠ ᠳᠡᠭᠡᠭᠰᠢ ᠡᠯᠡᠰᠦᠷᠬᠡᠭᠵᠢᠯ ᠢ ᠰᠡᠷᠭᠡᠶᠢᠯᠡᠨ ᠵᠠᠰᠠᠵᠤ᠂ ᠬᠡᠪᠴᠢᠶ᠎ᠡ ᠨᠢ ᠴᠥᠮ ᠪᠦᠭᠦ | ᠤᠯᠤᠰ ᠲᠤ ᠲᠦᠷᠦᠭᠦᠯᠡᠵᠦ᠂ ᠪᠦᠭᠦ ᠣᠷᠣᠨ ᠤ ᠨᠤᠲᠤᠭ ᠪᠡᠯᠴᠢᠭᠡᠷ ᠤᠨ ᠤᠷᠭᠤᠮᠠᠯ ᠤᠨ ᠬᠤᠴᠢᠯᠭ᠎ᠠ ᠪᠠ ᠣᠶ | ᠰᠢᠭᠤᠢ ᠶᠢᠨ ᠪᠦᠷᠬᠦᠴᠡ ︽ᠬᠤᠣᠰ ᠳᠡᠭᠡᠭᠰᠢᠯᠡᠯᠲᠡ︾ ᠶᠢ ᠪᠡᠶᠡᠯᠡᠭᠦᠯᠵᠦ᠂ ᠴᠦᠯᠯᠡᠷᠭᠡᠭᠵᠢᠭᠰᠡᠨ ᠪᠠ | ᠡᠯᠡᠰᠦᠷᠬᠡᠭᠵᠢᠭᠰᠡᠨ ᠭᠠᠵᠠᠷ ᠰᠢᠷᠣᠢ ᠶᠢᠨ ᠲᠠᠯᠠᠪᠠᠶ ᠦᠷᠭᠦᠯᠵᠢᠯᠡᠨ ᠪᠠᠭᠠᠰᠴᠤ᠂ ᠡᠯᠡᠰᠦᠨ ᠰᠢᠭᠤᠷᠭ᠎ᠠ ᠲᠠᠢ ᠡᠳᠦᠷ ᠤᠨ | ᠲᠤᠭ᠎ᠠ ᠵᠢᠯ ᠪᠦᠷᠢ 4.9 ᠪᠠᠶᠢᠭᠰᠠᠨ ᠠᠴᠠ 0.6 ᠡᠳᠦᠷ ᠪᠣᠯᠵᠤ ᠪᠠᠭᠠᠰᠪᠠ᠃ | ᠨᠣᠭᠤᠭᠠᠷᠠᠭᠤᠯᠤᠯᠲᠠ ᠤᠷᠤᠭᠰᠢᠯᠠᠨ ᠡᠯᠡᠰᠦ ᠤᠬᠤᠷᠢᠵᠤ᠂ ᠠᠭᠤᠯᠠ ᠤᠰᠤᠨ ᠳᠤ ᠯᠤᠲᠤ ᠶᠡᠭᠡ | ᠬᠤᠪᠢᠷᠠᠯᠲᠠ ᠲᠠᠢ ᠪᠣᠯᠵᠠᠢ᠃ ᠡᠯᠡᠰᠦᠷᠬᠡᠭ ᠣᠷᠣᠨ ᠤ ᠬᠥᠮᠥᠰ ᠤᠨ ᠨᠣᠮᠢᠨ ᠨᠣᠭᠤᠭᠠᠨ ᠬᠦᠰᠡᠯ ᠵᠡᠭᠦᠳᠦ ᠨᠢᠳᠦᠨ | ᠡᠮᠦᠨ᠎ᠡ ᠢᠯᠡᠷᠡᠯ᠎ᠡ᠃ | ᠤᠮᠠᠷᠠᠲᠤ ᠣᠷᠣᠨ ᠳᠤ ︽ᠬᠠᠮᠠᠭᠠᠯᠠᠯᠲᠠ ᠶᠢᠨ ᠲᠡᠪᠡᠯ︾ ᠨᠥᠮᠥᠷᠭᠡᠵᠦ ᠪᠦᠭᠦ ᠤᠯᠤᠰ ᠲᠤ ︽ | ᠨᠡᠭᠦᠷᠡᠰᠦᠲᠥ᠋ᠷᠥᠭᠴᠢ ᠶᠢᠨ ᠬᠥᠮᠥᠷᠭᠡ︾ ᠪᠠ ︽ᠬᠦᠴᠢᠯᠲᠥ᠋ᠷᠥᠭᠴᠢ ᠶᠢᠨ ᠪᠠᠭᠠᠷ︾ ᠢ ᠪᠠᠶᠢᠭᠤᠯᠵᠤ ᠥᠭᠪᠡ | 40 ᠭᠠᠷᠤᠢ ᠵᠢᠯ ᠤᠨ ᠲᠤᠷᠰᠢ᠂ ᠳᠤᠮᠳᠠᠳᠤ ᠤᠯᠤᠰ ᠪᠠᠶᠢᠭᠠᠯᠢ ᠶᠢᠨ ᠵᠢᠮ᠎ᠡ ᠶᠣᠰᠣᠨ ᠳᠤ ᠨᠡᠶᠢᠴᠡᠭᠰᠡᠨ᠂ | ᠤᠯᠤᠰ ᠤᠨ ᠪᠠᠶᠢᠳᠠᠯ ᠪᠠ ᠭᠠᠵᠠᠷ ᠣᠷᠣᠨ ᠤ ᠪᠠᠶᠢᠳᠠᠯ ᠳᠤ ᠨᠡᠶᠢᠴᠡᠭᠰᠡᠨ ᠳᠤᠮᠳᠠᠳᠤ ᠤᠯᠤᠰ ᠤᠨ ᠣᠨᠴᠠᠯᠢᠭ ᠲᠠᠢ | ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠵᠠᠮ ᠢ ᠨᠡᠭᠡᠭᠡᠭᠰᠡᠨ ᠪᠠᠶᠢᠨ᠎ᠠ᠃ ᠥᠪᠥᠷ ᠮᠣᠩᠭᠤᠯ ᠤᠨ ᠡᠯᠡᠰᠦ ᠶᠢ | ᠵᠠᠰᠠᠭᠰᠠᠨ ᠲᠡᠦᠬᠡ ᠪᠣᠯᠣᠨ ᠠᠮᠢᠳᠤᠷᠠᠯ ᠤᠨ ᠣᠷᠴᠢᠨ ᠲᠣᠭᠤᠷᠢᠨ ᠤ ᠬᠤᠪᠢᠷᠠᠯᠲᠠ ᠨᠢ ᠡᠨᠡ ᠬᠦ ᠯᠤᠲᠤ ᠶᠡᠭᠡ ᠨᠣᠮᠢᠨ | ᠨᠣᠭᠤᠭᠠᠨ ᠬᠤᠪᠢᠷᠠᠯᠲᠠ ᠶᠢ ᠭᠡᠷᠡᠴᠢᠯᠡᠵᠦ ᠪᠤᠢ᠃ | ᠡᠮᠦᠨ᠎ᠡ ᠲᠠᠯ᠎ᠠ ᠪᠠᠷ ᠨᠢ ᠨᠠᠮ ᠳᠥᠯᠭᠡᠬᠡᠨ ᠤᠷᠤᠰᠤᠭᠰᠠᠨ ᠡᠵᠢ ᠭᠤᠤᠯ︔ ᠠᠷᠤ ᠲᠠᠯ᠎ᠠ ᠳᠤᠨᠢ ᠦᠷᠭᠦᠯᠵᠢᠯᠡᠨ | ᠵᠠᠯᠭᠠᠯᠳᠤᠭᠰᠠᠨ ᠡᠯᠡᠰᠦᠨ ᠳᠣᠪᠣᠴᠠᠭ ᠬᠠᠷᠠᠭᠳᠠᠨ᠎ᠠ᠃ 2 ᠮᠧᠳ᠋ᠷ ᠭᠠᠷᠤᠢ ᠥᠨᠳᠥᠷ ᠮᠦᠭᠦ ᠶᠢᠨ ᠡᠪᠡᠰᠦ ᠶᠠᠭ ᠯᠠ | ᠮᠥᠷ ᠮᠥᠷ ᠢᠶᠠᠷ ᠵᠣᠭᠰᠣᠭᠰᠠᠨ ᠨᠣᠭᠤᠭᠠᠨ ᠬᠠᠮᠠᠭᠠᠯᠠᠭᠴᠢ ᠭᠡᠮᠡᠷ ᠬᠠᠳᠤᠨ ᠭᠤᠣᠯ ᠪᠣᠯᠣᠨ ᠡᠯᠡᠰᠦᠨ ᠴᠦᠯ ᠢ | ᠲᠤᠰᠠᠭᠠᠷᠯᠠᠵᠤ ᠬᠠᠶᠠᠵᠠᠢ᠃ ᠡᠨᠡ ᠬᠦ ᠤᠰᠤ᠂ ᠤᠢ᠂ ᠡᠯᠡᠰᠦ ᠪᠠᠷ ᠬᠦᠷᠢᠶᠡᠯᠡᠭᠳᠡᠭᠰᠡᠨ ᠭᠠᠶᠢᠬᠠᠮᠰᠢᠭᠲᠤ ᠦᠵᠡᠮᠵᠢ ᠨᠢ | ᠪᠠᠶᠠᠨᠨᠠᠭᠤᠷ ᠬᠤᠳᠠ ᠶᠢᠨ ᠳ᠋ᠧᠩᠺᠸᠤ ᠰᠢᠶᠠᠨ ᠤ ᠯᠢᠦ ᠭᠤᠸᠠᠢ ᠱᠠ ᠲᠧᠦ ᠳᠤ ᠢᠯᠡᠷᠡᠪᠡ᠃ | ᠬᠠᠲᠤᠨ ᠭᠤᠣᠯ ᠨᠢ ᠪᠠᠶᠠᠨᠨᠠᠭᠤᠷ ᠬᠤᠲᠠ ᠶᠢᠨ ᠳ᠋ᠧᠩᠺᠸᠤ ᠰᠢᠶᠠᠨ ᠤ ᠬᠢᠯᠢ ᠪᠠᠷ 52 ᠺᠢᠯᠣᠮᠧᠳ᠋ᠷ ᠤᠷᠤᠰᠤᠨ | ᠥᠩᠭᠡᠷᠡᠵᠦ᠂ ᠯᠢᠦ ᠭᠤᠸᠠᠢ ᠱᠠ ᠲᠧᠦ ᠪᠣᠯ ᠡᠭᠢᠯᠡᠯᠲᠡ ᠶᠢᠨ ᠴᠡᠭ ᠪᠤᠯᠬᠤ ᠪᠥᠭᠡᠳ ᠪᠠᠰᠠ ᠴᠤ ᠬᠠᠲᠤᠨ ᠭᠤᠣᠯ | ᠪᠣᠯᠣᠨ ᠤᠯᠠᠭᠠᠨᠪᠤᠬ᠎ᠠ ᠡᠯᠡᠰᠦ ᠶᠢᠨ ᠵᠣᠯᠭᠠᠯᠳᠤᠭᠤᠯᠵᠤ ᠪᠠᠶᠢᠭ᠎ᠠ ᠭᠠᠵᠠᠷ ᠪᠣᠯᠣᠨ᠎ᠠ᠃ ᠥᠩᠭᠡᠷᠡᠭᠰᠡᠨ ᠳᠤ | ᠤᠯᠠᠭᠠᠨᠪᠤᠬ᠎ᠠ ᠡᠯᠡᠰᠦ ᠨᠢ ᠵᠢᠯ ᠪᠦᠷᠢ 7000 ᠭᠠᠷᠤᠢ ᠲᠦᠮᠡᠨ ᠲᠣᠨ ᠰᠢᠷ᠎ᠠ ᠡᠯᠡᠰᠦ ᠶᠢ ᠬᠠᠳᠤᠨ ᠭᠤᠣᠯ ᠳᠤ | ᠴᠢᠳᠬᠤᠵᠤ᠂ ᠬᠠᠳᠤᠨ ᠭᠤᠣᠯ ᠤᠨ ᠭᠤᠯᠳᠤᠷᠢᠯ ᠢ ᠵᠢᠯ ᠳᠠᠷᠠᠭᠠᠯᠠᠨ ᠨᠡᠮᠡᠭᠳᠡᠭᠦᠯᠵᠦ᠂ ᠳᠣᠣᠷᠠᠳᠤ ᠤᠷᠤᠰᠬᠠᠯ ᠤᠨ | ᠭᠠᠵᠠᠷ ᠣᠷᠣᠨ ᠤ ᠤᠯᠠᠨ ᠲᠦᠮᠡᠨ ᠤ ᠠᠮᠢ ᠨᠠᠰᠤ ᠪᠠ ᠡᠳ᠋ ᠬᠥᠷᠥᠩᠭᠡ ᠶᠢᠨ ᠠᠮᠤᠷ ᠲᠦᠪᠰᠢᠨ ᠢ ᠬᠦᠨᠳᠦ ᠨᠣᠴᠢᠲᠠᠢ | ᠰᠦᠷᠳᠡᠭᠦᠯᠵᠦ ᠪᠠᠶᠢᠪᠠ᠃ | ᠪᠠᠶᠠᠨᠨᠠᠭᠤᠷ ᠬᠤᠲᠠ ᠬᠠᠯᠬᠠᠪᠴᠢ ᠣᠶ ᠶᠢᠨ ᠪᠦᠲᠦᠭᠡᠨ ᠪᠠᠶᠢᠭᠤᠯᠤᠯᠲᠠ ᠶᠢᠨ ᠠᠶᠠᠨ ᠢᠶᠠᠨ ᠡᠬᠢᠯᠡᠭᠦᠯᠦᠯ᠎ᠡ᠃ | ᠣᠳᠣᠬᠠᠨ ᠳᠤ᠂ ᠤᠯᠠᠭᠠᠨᠪᠤᠬ᠎ᠠ ᠡᠯᠡᠰᠦ ᠶᠢᠨ ᠭᠦᠪᠡᠭᠡ ᠵᠠᠬ᠎ᠠ᠂ ᠬᠠᠲᠤᠨ ᠭᠤᠣᠯ ᠤᠨ ᠬᠥᠪᠡᠭᠡᠨ ᠳᠤ᠂ ᠨᠢᠭᠡᠨ | ᠵᠤᠷᠪᠤᠰ 154 ᠺᠢᠯᠣᠮᠧᠳ᠋ᠷ ᠣᠷᠳᠣ᠂ 18.5 ᠲᠦᠮᠡᠨ ᠮᠦ ᠲᠠᠯᠠᠪᠠᠶ ᠪᠦᠬᠦᠢ ᠡᠯᠡᠰᠦᠷᠬᠡᠭᠵᠢᠯ ᠢ ᠰᠡᠷᠭᠡᠶᠢᠯᠡᠬᠦ ᠣᠶ | ᠰᠦᠨᠳᠡᠷᠯᠡᠨ ᠪᠣᠰᠣᠭᠰᠠᠨ ᠪᠥᠭᠡᠳ ᠲᠠᠰᠤᠷᠠᠯᠲᠠ ᠦᠭᠡᠢ ᠥᠷᠭᠡᠵᠢᠨ ᠦᠷᠭᠦᠯᠵᠢᠯᠡᠵᠦ᠂ ᠡᠯᠡᠰᠦ ᠵᠡᠭᠦᠨᠰᠢ ᠲᠦᠷᠢᠬᠦ ᠶᠢ | ᠪᠦᠲᠦᠮᠵᠢᠲᠡᠶ ᠬᠤᠷᠢᠭᠯᠠᠵᠤ᠂ ᠡᠯᠡᠰᠦ ᠰᠢᠪᠠᠷ ᠤᠨ ᠬᠠᠲᠤᠨ ᠭᠤᠣᠯ ᠳᠤ ᠣᠷᠣᠬᠤ ᠶᠢ ᠪᠠᠭᠠᠰᠬᠠᠪᠠ᠃ | ᠳ᠋ᠧᠩᠺᠸᠤ ᠰᠢᠶᠠᠨ ᠢᠶᠠᠷ ᠵᠣᠬᠰᠣᠬᠤ ᠦᠭᠡᠢ᠂ ᠬᠠᠳᠤᠨ ᠭᠤᠣᠯ ᠤᠨ ᠥᠩᠭᠡᠷᠡᠵᠦ ᠪᠠᠶᠢᠭ᠎ᠠ ᠬᠥᠪᠴᠢ ᠶᠢᠨ | ᠡᠯᠡᠰᠦ᠂ ᠤᠯᠠᠭᠠᠨᠪᠤᠬ᠎ᠠ ᠡᠯᠡᠰᠦᠨ ᠳᠤ᠂ ᠬᠠᠳᠤᠨ ᠭᠤᠣᠯ ᠤᠨ ᠤᠷᠤᠰᠤᠨ ᠥᠩᠭᠡᠷᠡᠵᠦ ᠪᠠᠶᠢᠭ᠎ᠠ ᠥᠷᠭᠡᠨ ᠠᠭᠤᠳᠠᠮ | ᠡᠬᠡ ᠭᠠᠵᠠᠷ ᠲᠤ᠂ ᠬᠠᠳᠤᠨ ᠭᠤᠣᠯ ᠤᠨ ᠵᠠᠬ᠎ᠠ ᠶᠢ ᠪᠣᠷᠣᠭᠠᠯᠠᠭᠰᠠᠨ ᠤᠢ᠂ ᠬᠠᠰᠢᠯᠭ᠎ᠠ ᠬᠠᠮᠠᠭᠠᠯᠠᠬᠤ ᠤᠢ᠂ ᠠᠮᠢ | ᠠᠬᠤᠢ ᠶᠢᠨ ᠬᠤᠩᠭᠢᠯ ᠤᠳ ᠰᠦᠨᠳᠡᠷᠯᠡᠨ ᠪᠣᠰᠴᠤ᠂ ᠡᠯᠡᠰᠦ ᠰᠢᠪᠠᠷ ᠬᠠᠳᠤᠨ ᠭᠤᠣᠯ ᠳᠤ ᠤᠷᠤᠰᠤᠨ ᠣᠷᠣᠬᠤ ᠶᠢ | ᠪᠦᠲᠦᠮᠵᠢᠲᠡᠢ ᠬᠤᠷᠢᠭᠯᠠᠵᠤ᠂ ᠶᠡᠭᠡ ᠭᠤᠣᠯ ᠤᠨ ᠠᠮᠤᠷ ᠠᠮᠤᠭᠤᠯᠠᠩ ᠢ ᠬᠠᠮᠠᠭᠠᠯᠠᠵᠤ ᠪᠠᠶᠢᠨ᠎ᠠ᠃ | ᠥᠪᠥᠷ ᠮᠣᠩᠭᠤᠯ ᠳᠤ ᠥᠪᠡᠷᠮᠢᠴᠡ ᠭᠠᠵᠠᠷ ᠵᠦᠢ ᠶᠢᠨ ᠣᠷᠴᠢᠨ ᠲᠣᠭᠤᠷᠢᠨ ᠪᠠ ᠠᠮᠢ ᠠᠬᠤᠢ ᠶᠢᠨ | ᠨᠥᠬᠦᠴᠡᠯ ᠲᠠᠢ ᠪᠠᠶᠢᠵᠤ᠂ ︽ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠣᠶ ᠨᠢ ᠥᠪᠡᠷᠮᠢᠴᠡ ᠤᠨᠴᠠᠭᠠᠢ | ᠠᠮᠢ ᠠᠬᠤᠢ ᠶᠢᠨ ᠬᠠᠮᠠᠭᠠᠯᠠᠯᠲᠠ ᠶᠢᠨ ᠲᠣᠣᠷ ᠢ ᠪᠦᠷᠢᠯᠳᠦᠭᠦᠯᠵᠡᠢ᠄ | ᠨᠡᠯᠦᠭᠡᠷ ᠶᠡᠭᠡ ᠡᠯᠡᠰᠦᠨ ᠴᠥᠯ ᠭᠤᠪᠢ ᠨᠤᠲᠤᠭ ᠲᠤ ︽ᠠᠭᠤᠯᠠ ᠶᠢ ᠪᠢᠲᠡᠭᠦᠮᠵᠢᠯᠡᠨ ᠣᠶᠢᠵᠢᠭᠤᠯᠬᠤ | ᠨᠢᠰᠬᠡᠯ ᠢᠶᠠᠷ ᠣᠶᠢᠵᠢᠭᠤᠯᠬᠤ︾ ᠶᠢ ᠤᠶᠠᠯᠳᠤᠭᠤᠯᠵᠤ᠂ ᠲᠤᠷᠤᠭ ᠮᠣᠳᠣ ᠪᠤᠳᠠ ᠮᠣᠳᠣ ᠡᠪᠡᠰᠦ ᠪᠠᠷ ᠪᠦᠷᠢᠯᠳᠦᠭᠰᠡᠨ | ᠬᠠᠯᠬᠠᠪᠴᠢ ᠣᠶ ᠨᠢ ᠰᠢᠷ᠎ᠠ ᠡᠯᠡᠰᠦ ᠶᠢ ᠳᠠᠪᠬᠤᠷ ᠳᠠᠪᠬᠤᠷ ᠪᠦᠰᠡᠯᠡᠵᠦ ᠪᠢᠲᠡᠭᠦᠮᠵᠢᠯᠡᠭᠡᠳ᠂ ︽ᠨᠣᠭᠤᠭᠠᠨ | ᠪᠦᠰᠡ ᠪᠠᠷ ᠰᠢᠷ᠎ᠠ ᠯᠤᠤ ᠶᠢ ᠨᠣᠭᠲᠣᠯᠠᠬᠤ︾ ᠰᠦᠷᠯᠢᠭ ᠦᠵᠡᠮᠵᠢ ᠶᠢ ᠪᠦᠷᠢᠯᠳᠦᠭᠦᠯᠵᠡᠢ᠃ | ᠪᠣᠷᠣᠳᠣᠬᠤᠢ ᠶᠢᠨ ᠤᠰᠤᠯᠠᠯᠲᠠ ᠶᠢᠨ ᠣᠷᠣᠨ ᠳᠤ᠂ ︽ᠲᠠᠷᠢᠶᠠᠨ ᠭᠠᠵᠠᠷ ᠢ ᠳᠥᠷᠪᠡᠯᠵᠢᠨ ᠪᠤᠯᠭᠠᠵᠤ᠂ ᠣᠶ | ᠰᠢᠭᠤᠢ ᠶᠢ ᠲᠣᠣᠷ ᠪᠤᠯᠭᠠᠵᠤ᠂ ᠵᠠᠮ ᠢ ᠬᠠᠷᠢᠯᠴᠠᠨ ᠬᠤᠯᠪᠣᠵᠤ᠂ ᠰᠤᠪᠠᠭ ᠢ ᠬᠠᠷᠢᠯᠴᠠᠨ ᠨᠠᠪᠲᠠᠷᠡᠭᠦᠯᠵᠦ᠂ ᠭᠠᠩᠳᠠᠪᠠᠯ | ᠤᠰᠤᠯᠠᠵᠤ ᠪᠤᠯᠬᠤ᠂ ᠤᠰᠤᠲᠤᠪᠠᠯ ᠲᠠᠲᠠᠷᠠᠭᠤᠯᠵᠤ ᠪᠤᠯᠬᠤ︾ ᠲᠠᠷᠢᠶᠠᠨ ᠭᠠᠵᠠᠷ ᠣᠶ ᠰᠢᠭᠤᠢ ᠶᠢᠨ ᠲᠣᠣᠷ ᠤᠨ | ᠪᠠᠶᠢᠷᠢᠰᠢᠯ ᠢ ᠨᠢᠭᠡᠨᠲᠡ ᠪᠦᠷᠢᠯᠳᠦᠭᠦᠯᠵᠦ᠂ 80 ᠭᠠᠷᠤᠢ ᠲᠦᠮᠡᠨ ᠮᠦ ᠣᠶ ᠰᠢᠭᠤᠢ ᠨᠢ ᠲᠠᠷᠢᠶᠠᠨ ᠭᠠᠵᠠᠷ ᠢ ᠪᠠᠲᠤ | ᠬᠠᠮᠠᠭᠠᠯᠠᠵᠤ᠂ ᠬᠥᠷᠥᠰᠥ ᠰᠢᠷᠣᠢ ᠶᠢ ᠰᠠᠶᠢᠵᠢᠷᠠᠭᠤᠯᠤᠭᠰᠠᠨ ᠢᠶᠠᠷ ᠪᠠᠷᠠᠬᠤ ᠦᠭᠡᠢ᠂ ᠪᠣᠭᠤᠮᠲᠠ ᠶᠢᠨ ᠭᠠᠳᠠᠨᠠᠬᠢ | ᠠᠮᠤ ᠶᠢᠨ ᠰᠠᠩ ᠢ ᠴᠦ ᠰᠠᠬᠢᠨ ᠬᠠᠮᠠᠭᠠᠯᠠᠭᠰᠠᠨ ᠪᠠᠶᠢᠨ᠎ᠠ᠃ | ᠲᠠᠯ᠎ᠠ ᠭᠠᠵᠠᠷ ᠤᠨ ᠣᠷᠣᠨ᠂ ᠵᠠᠰᠠᠮᠠᠯ ᠵᠠᠮ ᠤᠨ ᠬᠤᠶᠠᠷ ᠲᠠᠯ᠎ᠠ᠂ ᠠᠶᠢᠯ ᠲᠣᠰᠬᠤᠨ ᠤ ᠡᠷᠭᠢᠨ ᠲᠣᠭᠤᠷᠢᠨ᠂ | ᠠᠭᠤᠯᠠᠷᠬᠠᠭ ᠭᠠᠵᠠᠷ ᠡᠵᠡᠭᠦᠢ ᠲᠠᠯ᠎ᠠ ᠪᠠᠷ᠂ ᠪᠦᠰᠡ᠂ ᠲᠣᠣᠷ᠂ ᠬᠡᠰᠡᠭ ᠢ ᠤᠶᠠᠯᠳᠤᠭᠤᠯᠤᠭᠰᠠᠨ ᠬᠠᠯᠬᠠᠪᠴᠢ ᠣᠶ ᠨᠢ | ᠡᠬᠡ ᠭᠠᠵᠠᠷ ᠢ ᠨᠣᠭᠤᠭᠠᠷᠠᠭᠤᠯᠵᠤ᠂ ᠠᠮᠢ ᠠᠬᠤᠢ ᠰᠠᠶᠢᠵᠢᠷᠠᠵᠤ᠂ ᠣᠷᠴᠢᠨ ᠲᠣᠭᠤᠷᠢᠨ ᠭᠤᠶᠣ ᠰᠠᠶᠢᠬᠠᠨ ᠪᠣᠯᠵᠤ᠂ | ᠠᠷᠢᠶᠠᠲᠠᠨ ᠠᠮᠢᠲᠠᠨ ᠴᠤ ᠣᠯᠠᠰᠢᠷᠠᠵᠠᠢ᠃ | ᠤᠢ ᠶᠢᠨ ᠲᠣᠣᠷ ᠤᠨ ᠪᠠᠶᠢᠭᠤᠯᠤᠯᠲᠠ ᠶᠢᠨ ᠥᠪᠡᠷᠮᠢᠴᠡ ᠴᠢᠨᠠᠷ ᠨᠢ ︽ᠭᠡᠯᠪᠡᠷᠢ︾ ᠳᠤ ᠯᠡ ᠪᠠᠶᠢᠬᠤ ᠪᠠᠷ | ᠵᠣᠬᠰᠣᠬᠤ ᠦᠭᠡᠢ᠂ ᠨᠠᠩ ᠴᠤ ︽ᠠᠭᠤᠯᠭ᠎ᠠ︾ ᠳᠤᠨᠢ ᠪᠠᠶᠢᠳᠠᠭ᠃ | 1979 ᠣᠨ ᠳᠤ ᠮᠠᠨ ᠤ ᠤᠯᠤᠰ ︽ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠤᠢ ᠶᠢᠨ | ᠢᠨᠵᠧᠨᠧᠷᠢᠩ ᠢ ᠤᠯᠤᠰ ᠤᠨ ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠴᠢᠬᠤᠯᠠ ᠲᠦᠷᠦᠯ ᠵᠦᠢᠯ ᠳᠤ | ᠣᠷᠣᠭᠤᠯᠪᠠ᠃ ᠪᠠᠷᠢᠯᠭ᠎ᠠ ᠶᠢᠨ ᠲᠥᠯᠦᠪᠵᠢᠭᠦᠯᠭᠡ ᠶᠢᠨ ᠬᠤᠭᠤᠴᠠᠭ᠎ᠠ ᠨᠢ 73 ᠵᠢᠯ ᠪᠠᠶᠢᠵᠤ᠂ ᠪᠦᠲᠦᠭᠡᠨ | ᠪᠠᠶᠢᠭᠤᠯᠤᠯᠲᠠ ᠶᠢ 8 ᠬᠤᠭᠤᠴᠠᠭ᠎ᠠ ᠬᠤᠪᠢᠶᠠᠨ ᠶᠠᠪᠤᠭᠳᠠᠭᠤᠯᠤᠨ᠎ᠠ᠃ ᠥᠪᠡᠷᠲᠡᠭᠡᠨ ᠵᠠᠰᠠᠬᠤ ᠣᠷᠣᠨ ᠤ ᠨᠠᠮ ᠤᠨ | ᠬᠤᠷᠢᠶ᠎ᠠ᠂ ᠵᠠᠰᠠᠭ ᠤᠨ ᠣᠷᠳᠣᠨ ︽ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠣᠶ ᠶᠢᠨ | ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠥᠪᠥᠷ ᠮᠣᠩᠭᠤᠯ ᠤᠨ ᠠᠮᠢ ᠠᠬᠤᠢ ᠶᠢᠨ ᠪᠦᠲᠦᠭᠡᠨ | ᠪᠠᠶᠢᠭᠤᠯᠤᠯᠲᠠ ᠶᠢᠨ ᠴᠢᠬᠤᠯᠠ ᠭᠠᠷᠳᠠᠴᠠ ᠶᠢᠨ ᠨᠢᠭᠡ ᠪᠤᠯᠭᠠᠵᠤ᠂ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ | ᠭᠤᠣᠯᠳᠠᠯᠭ᠎ᠠ ᠶᠢ ᠲᠣᠪᠤᠶᠢᠯᠭᠠᠨ᠂ ᠲᠣᠮᠣ ᠢᠨᠵᠧᠨᠧᠷᠢᠩ ᠢᠶᠠᠷ ᠶᠡᠭᠡ ᠵᠠᠰᠠᠯᠲᠠ ᠶᠢ ᠳᠠᠶᠢᠴᠢᠯᠠᠪᠠ᠃ ᠡᠭᠦᠨ ᠠᠴᠠ | ᠡᠬᠢᠯᠡᠨ᠂ ᠮᠣᠳᠣ ᠳᠠᠷᠢᠬᠤ ᠤᠯᠠᠷᠢᠯ ᠪᠤᠯᠬᠤ ᠪᠦᠷᠢ ᠪᠠᠶᠢᠭᠤᠯᠭ᠎ᠠ᠂ ᠠᠵᠤ ᠠᠬᠤᠶᠢᠯᠠᠯ ᠠᠵᠢᠯ ᠦᠢᠯᠡᠰ ᠤᠨ | ᠨᠢᠭᠡᠴᠢ ᠶᠢᠨ ᠠᠵᠢᠯᠲᠠᠨ ᠠᠵᠢᠯᠴᠢᠨ᠂ ᠰᠤᠷᠭᠠᠭᠤᠯᠢ ᠶᠢᠨ ᠪᠠᠭᠰᠢ ᠰᠣᠷᠣᠬᠴᠢ᠂ ᠴᠡᠷᠢᠭ ᠠᠩᠭᠢ ᠶᠢᠨ ᠳᠠᠷᠤᠭ᠎ᠠ | ᠪᠠᠶᠢᠯᠳᠤᠭᠴᠢ᠂ ᠮᠠᠯᠴᠢᠨ ᠲᠠᠷᠢᠶᠠᠴᠢᠨ ᠴᠥᠮ ᠠᠳᠡ ᠬᠦᠷᠴᠦ ᠢᠷᠡᠨ᠎ᠡ᠂ ᠡᠯ᠎ᠡ ᠠᠵᠢᠯ ᠲᠥᠷᠥᠯ ᠤᠨ ᠬᠢᠨ ᠴᠥᠮ | ᠮᠣᠳᠣ ᠳᠠᠷᠢᠬᠤ ᠲᠤᠬᠠᠢ ᠶᠢᠨ ᠲᠠᠯᠠᠪᠠᠶ ᠳᠤ ᠬᠦᠷᠴᠦ ᠢᠷᠡᠨ᠂ ᠥᠪᠥᠷ ᠮᠣᠩᠭᠤᠯ ᠤᠨ ᠡᠬᠡ ᠭᠠᠵᠠᠷ ᠲᠤ | ᠨᠣᠭᠤᠭᠠᠷᠠᠭᠤᠯᠤᠯᠲᠠ ᠶᠢᠨ ᠬᠠᠯᠠᠭᠤᠨ ᠥᠷᠨᠢᠯᠲᠡ ᠪᠣᠯᠵᠤ᠂ ᠵᠠᠰᠠᠭ ᠤᠨ ᠣᠷᠳᠣᠨ ᠭᠤᠣᠯᠯᠠᠨ ᠤᠳᠤᠷᠢᠳᠤᠭᠰᠠᠨ᠂ | ᠠᠵᠢᠯ ᠲᠥᠷᠥᠯ ᠬᠥᠲᠥᠯᠥᠨ ᠵᠢᠯᠣᠭᠤᠳᠤᠭᠰᠠᠨ᠂ ᠨᠡᠶᠢᠭᠡᠮ ᠳᠠᠶᠠᠭᠠᠷ ᠢᠶᠠᠨ ᠣᠷᠣᠯᠴᠠᠬᠰᠠᠨ ᠡᠯᠡᠰᠦᠷᠬᠡᠭᠵᠢᠯ ᠢ ᠵᠠᠰᠠᠵᠤ | ᠣᠶᠢᠵᠢᠭᠤᠯᠬᠤ ᠵᠠᠭᠪᠤᠷ ᠡᠳᠦᠷ ᠢᠷᠡᠬᠦᠶ᠎ᠡ ᠲᠣᠳᠣᠬᠠᠨ ᠪᠣᠯᠵᠠᠢ᠃ | ᠨᠢᠭᠡ ᠲᠠᠯ᠎ᠠ ᠪᠠᠷ ᠣᠶᠢᠵᠢᠭᠤᠯᠵᠤ᠂ ᠨᠢᠭᠡ ᠲᠠᠯ᠎ᠠ ᠪᠠᠷ ᠰᠡᠷᠭᠦᠭᠡᠵᠦ᠂ ︽ᠬᠤᠶᠠᠷ ᠮᠥᠷ ᠨᠢᠭᠡ ᠪᠦᠰᠡ︾᠂ | ᠤᠷᠭᠤᠮᠠᠯ ᠤᠨ ᠳᠠᠭᠢᠨ ᠤᠷᠭᠤᠬᠤ ᠡᠯᠡᠰᠦᠨ ᠬᠠᠯᠬᠠᠪᠴᠢ᠂ ᠨᠦᠬᠡ ᠮᠠᠯᠲᠠᠵᠤ ᠣᠶᠢᠵᠢᠭᠤᠯᠬᠤ᠂ ᠦᠨᠳᠦᠰᠦ ᠶᠢ ᠨᠢ | ᠬᠢᠵᠠᠭᠠᠷᠯᠠᠨ ᠣᠶᠢᠵᠢᠭᠤᠯᠬᠤ ᠵᠡᠷᠭᠡ ᠢᠨᠵᠧᠨᠧᠷᠢᠩ ᠤᠨ ᠵᠠᠭᠪᠤᠷ ᠪᠣᠯᠣᠨ ᠤᠰᠤ ᠠᠷᠪᠢᠯᠠᠵᠤ ᠭᠠᠩ ᠲᠠᠢ ᠲᠡᠮᠡᠴᠡᠨ | ᠣᠶᠢᠵᠢᠭᠤᠯᠬᠤ ᠰᠢᠷᠢᠰ ᠮᠡᠷᠭᠡᠵᠢᠯ ᠢ ᠠᠮᠵᠢᠯᠲᠠ ᠲᠠᠢ ᠰᠤᠳᠤᠯᠤᠨ ᠳᠡᠯᠭᠡᠷᠡᠭᠦᠯᠵᠦ᠂ ᠡᠯᠡᠰᠦᠷᠬᠡᠭᠵᠢᠭᠰᠡᠨ ᠭᠠᠵᠠᠷ | ᠰᠢᠷᠣᠢ ᠶᠢ ᠪᠢᠲᠡᠭᠦᠮᠵᠢᠯᠡᠨ ᠬᠠᠮᠠᠭᠠᠯᠠᠬᠤ᠂ ᠳᠤᠷ᠎ᠠ ᠪᠠᠷ ᠢᠶᠠᠨ ᠣᠭᠲᠣᠯᠬᠤ ᠬᠠᠤᠯᠢ ᠠᠴᠠ ᠵᠥᠷᠢᠴᠡᠭᠰᠡᠨ ᠦᠶ᠋ᠯᠡ | ᠠᠵᠢᠯᠯᠠᠭ᠎ᠠ ᠳᠤ ᠴᠣᠬᠢᠯᠲᠠ ᠥᠭᠬᠦ ᠵᠡᠷᠭᠡ ᠠᠷᠭ᠎ᠠ ᠬᠡᠮᠵᠢᠶ᠎ᠡ ᠶᠢ ᠴᠢᠩᠭ᠎ᠠ ᠬᠡᠷᠡᠭᠵᠢᠭᠦᠯᠵᠦ᠂ ᠡᠬᠡ ᠤᠯᠤᠰ ᠤᠨ | ᠤᠮᠠᠷᠠᠲᠤ ᠬᠢᠯᠢ ᠶᠢ ᠰᠤᠨᠳᠠᠯᠠᠭᠰᠠᠨ ᠲᠦᠮᠡᠨ ᠭᠠᠵᠠᠷ ᠤᠨ ᠨᠣᠮᠢᠨ ᠨᠣᠭᠤᠭᠠᠨ ᠬᠠᠯᠬᠠᠪᠴᠢ ᠶᠢ ᠮᠠᠰᠢ ᠲᠦᠷᠭᠡᠨ | ᠪᠣᠰᠬᠠᠵᠤ᠂ ᠰᠠᠯᠬᠢ ᠡᠯᠡᠰᠦᠨ ᠤ ᠬᠤᠣᠷ ᠬᠥᠨᠥᠭᠡᠯ ᠪᠣᠯᠣᠨ ᠤᠰᠤ ᠰᠢᠷᠣᠢ ᠶᠢᠨ ᠢᠳᠡᠭᠳᠡᠯ ᠢ ᠪᠦᠲᠦᠮᠵᠢᠲᠡᠶ | ᠪᠠᠭᠠᠰᠬᠠᠵᠤ᠂ ᠮᠠᠨ ᠤ ᠣᠷᠣᠨ ᠤ ᠠᠮᠢ ᠠᠬᠤᠢ ᠶᠢᠨ ᠣᠷᠴᠢᠨ ᠲᠣᠭᠤᠷᠢᠨ ᠤ ︽ᠪᠦᠬᠦᠯᠢ ᠴᠣᠭᠴᠠ ᠪᠠᠷ ᠨᠢ | ᠬᠤᠷᠢᠭᠯᠠᠵᠤ᠂ ᠬᠡᠰᠡᠭ ᠲᠠᠯ᠎ᠠ ᠪᠠᠷ ᠰᠠᠶᠢᠵᠢᠷᠠᠭᠤᠯᠬᠤ︾ ᠴᠢᠬᠤᠯᠠ ᠶᠡᠭᠡ ᠬᠤᠪᠢᠷᠠᠯᠲᠠ ᠶᠢ ᠪᠡᠶᠡᠯᠡᠭᠦᠯᠬᠦ ᠳᠤ ᠪᠠᠲᠤ | ᠰᠠᠭᠤᠷᠢ ᠶᠢ ᠲᠠᠯᠪᠢᠵᠤ ᠥᠭᠴᠡᠢ᠃ | ᠥᠨᠥᠳᠥᠷ ᠤᠨ ᠥᠪᠥᠷ ᠮᠣᠩᠭᠤᠯ᠂ ᠮᠠᠨ ᠤ ᠤᠯᠤᠰ ᠤᠨ ᠤᠮᠠᠷᠠᠲᠤ ᠣᠷᠣᠨ ᠤ ᠡᠯᠡᠰᠦᠷᠬᠡᠭ ᠭᠠᠵᠠᠷ ᠲᠤ ︽ | ᠬᠠᠮᠠᠭᠠᠯᠠᠯᠲᠠ ᠶᠢᠨ ᠲᠡᠪᠡᠯ︾ ᠨᠥᠮᠥᠷᠭᠡᠭᠰᠡᠨ ᠢᠶᠠᠷ ᠪᠠᠷᠠᠬᠤ ᠦᠭᠡᠢ᠂ ᠪᠠᠰᠠ ᠪᠦᠭᠦ ᠤᠯᠤᠰ ᠤᠨ ᠠᠷᠠᠳ ᠲᠦᠮᠡᠨ ᠳᠤ | ᠳᠡᠰ ᠠᠴᠠ ᠳᠠᠪᠠᠭᠰᠠᠨ ︽ᠨᠡᠭᠦᠷᠡᠰᠦᠲᠥ᠋ᠷᠥᠭᠴᠢ ᠶᠢᠨ ᠬᠥᠮᠥᠷᠭᠡ︾ ᠪᠠ ᠴᠡᠪᠡᠷ ︽ᠬᠦᠴᠢᠯᠲᠥ᠋ᠷᠥᠭᠴᠢ ᠶᠢᠨ ᠪᠠᠭᠠᠷ︾ | ᠢ ᠪᠠᠶᠢᠭᠤᠯᠵᠤ᠂ ᠪᠡᠭᠡᠵᠢᠩ ᠲᠢᠶᠠᠨᠵᠢᠨ ᠤ ︽ᠰᠠᠯᠬᠢ ᠡᠯᠡᠰᠦᠨ ᠤ ᠡᠬᠢ︾ ᠨᠢ ᠨᠡᠶᠢᠰᠯᠡᠯ ᠤᠨ ︽ᠠᠷᠤ ᠴᠡᠴᠡᠷᠯᠢᠭ︾ | ᠪᠣᠯᠵᠤ ᠬᠤᠪᠢᠷᠠᠪᠠ᠃ | ᠠᠪᠤᠭᠠᠳ ᠳᠠᠭᠤᠰᠤᠰᠢ ᠦᠭᠡᠢ ︽ᠨᠣᠭᠤᠭᠠᠨ ᠪᠠᠩᠬᠢ︾ ᠶᠢ ᠪᠦᠲᠦᠭᠡᠨ ᠪᠠᠶᠢᠭᠤᠯᠵᠤ ᠠᠮᠢ ᠠᠬᠤᠢ ᠶᠢ | ᠬᠠᠮᠠᠭᠠᠯᠠᠬᠤ ᠪᠠ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠶᠢ ᠰᠠᠶᠢᠨ ᠰᠠᠶᠢᠬᠠᠨ ᠣᠷᠴᠢᠯ ᠳᠤ ᠣᠷᠣᠭᠤᠯᠪᠠ | ︽ᠡᠵᠡᠭᠦᠢ ᠵᠡᠯᠢᠭᠦᠳ ᠡᠯᠡᠰᠦᠨ ᠴᠥᠯ ᠳᠤᠷ ᠰᠢᠪᠠᠭᠤᠳ ᠦᠯᠦ ᠨᠢᠰᠦᠮᠦᠢ᠂ ᠲᠦᠮᠡᠨ ᠭᠤᠪᠢ ᠮᠢᠩᠭᠠᠨ | ᠠᠭᠤᠯᠠ ᠡᠴᠢᠨ᠎ᠡ ᠬᠤᠯᠠ ᠶᠢᠨ ᠤᠴᠢᠷ ᠵᠡᠭᠦᠳᠦᠨ ᠳᠤᠷ ᠢᠶᠠᠨ ᠴᠤ ᠣᠴᠢᠬᠤ ᠠᠴᠠ ᠠᠯᠵᠢᠶᠠᠨᠠᠮ︾ ᠭᠡᠬᠦ ᠡᠷᠲᠡᠨ ᠤ | ᠪᠠᠳᠠᠭ ᠲᠤ᠂ ᠡᠯᠡᠰᠦᠨ ᠴᠦᠯ ᠤᠨ ᠡᠯᠦᠢ ᠬᠤᠯᠤᠢ ᠨᠢ ᠬᠥᠮᠥᠨ ᠢ ᠰᠦᠷᠳᠡᠭᠦᠯᠦᠮᠡᠷ᠃ ᠭᠡᠪᠡᠴᠦ ᠲᠦᠩᠯᠢᠶᠣᠣ | ᠬᠤᠲᠠ ᠶᠢᠨ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠡᠯᠡᠰᠦᠷᠬᠡᠭ ᠭᠠᠵᠠᠷ ᠢ ᠶᠡᠷᠦᠩᠬᠡᠶᠢᠯᠡᠨ ᠵᠠᠰᠠᠬᠤ | ᠬᠤᠣᠰ ᠮᠢᠩᠭᠠᠨ ᠲᠦᠮᠡᠨ ᠮᠦ ᠶᠢᠨ ᠨᠤᠭᠤᠰᠤᠲᠠᠢ ᠶᠢᠨ ᠲᠥᠷᠥᠯ ᠵᠦᠢᠯ ᠤᠨ ᠲᠣᠭᠤᠷᠢᠭ ᠲᠤ᠂ ᠪᠢᠳᠡ ᠬᠠᠷᠢᠨ | ᠨᠡᠯᠦᠭᠡᠷ ᠶᠡᠭᠡ ᠬᠥᠪᠴᠢ ᠶᠢᠨ ᠣᠶ ᠶᠢ ᠣᠯᠵᠤ ᠬᠠᠷᠠᠯ᠎ᠠ᠄ ᠨᠣᠮᠢᠨ ᠨᠣᠭᠤᠭᠠᠨ ᠬᠠᠶᠢᠯᠠᠷ ᠨᠠᠷᠠᠰᠤᠨ ᠣᠶ ᠰᠠᠯᠬᠢ | ᠰᠥᠷᠦᠨ ᠰᠡᠬᠦ᠋ᠢᠨ ᠰᠦᠨᠳᠡᠷᠯᠡᠵᠦ᠂ ᠬᠥᠯ ᠳᠣᠣᠷᠠᠬᠢ ᠨᠣᠭᠤᠭᠠᠨ ᠡᠪᠡᠰᠦ ᠳᠡᠪᠢᠰᠦᠭᠰᠡᠨ ᠬᠡᠪᠢᠰ ᠮᠡᠲᠦ ᠵᠥᠭᠡᠯᠡᠨ | ᠰᠠᠨᠠᠭᠳᠠᠨ᠎ᠠ᠃ | ᠲᠦᠩᠯᠢᠶᠣᠣ ᠬᠤᠲᠠ ᠶᠢᠨ ︽ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠣᠶ ᠶᠢᠨ | ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠲᠡᠦᠬᠡᠨ ᠳᠡᠭᠡᠷ᠎ᠡ᠂ ᠬᠤᠷᠴᠢᠨ ᠤ ᠡᠯᠡᠰᠦᠷᠬᠡᠭ ᠭᠠᠵᠠᠷ ᠤᠨ ︽ | ᠬᠤᠣᠰ ᠮᠢᠩᠭᠠᠨ ᠲᠦᠮᠡᠨ ᠮᠦ︾ ᠶᠢᠨ ᠶᠡᠷᠦᠩᠬᠡᠶᠢᠯᠡᠨ ᠵᠠᠰᠠᠬᠤ ᠢᠨᠵᠧᠨᠧᠷᠢᠩ ᠨᠢ ᠨᠠᠩ ᠴᠤ ᠤᠳᠤᠨ ᠪᠣᠯᠵᠤ | ᠭᠡᠷᠡᠯᠳᠦᠭᠰᠡᠨ ᠶᠤᠮ᠃ | ᠬᠤᠷᠴᠢᠨ ᠤ ᠡᠯᠡᠰᠦᠷᠬᠡᠭ ᠭᠠᠵᠠᠷ ᠤᠨ ︽ᠬᠤᠣᠰ ᠮᠢᠩᠭᠠᠨ ᠲᠦᠮᠡᠨ ᠮᠦ︾ ᠶᠢᠨ ᠢᠨᠵᠧᠨᠧᠷᠢᠩ ᠤᠨ ᠲᠥᠷᠥᠯ | ᠵᠦᠢᠯ ᠳᠤ ᠲᠦᠰᠢᠭᠯᠡᠨ᠂ ᠲᠦᠩᠯᠢᠶᠣᠣ ᠬᠤᠲᠠ ᠰᠢᠳ᠂ ᠬᠡᠮᠡᠷᠯᠢᠭ ᠬᠠᠶᠢᠲᠠᠩ ᠵᠡᠷᠭᠡ ᠣᠶ ᠶᠢᠨ ᠵᠢᠮᠢᠰ ᠢ 2500 | ᠮᠦ ᠳᠠᠷᠢᠵᠤ᠂ ᠬᠦᠷᠡᠩ ᠴᠠᠷᠭᠠᠰᠤ ᠵᠡᠷᠭᠡ ᠴᠢᠨᠠᠷ ᠰᠠᠶᠢᠲᠠᠢ ᠡᠪᠡᠰᠦ ᠶᠢ 1800 ᠮᠦ ᠳᠠᠷᠢᠵᠤ᠂ ᠣᠶ ᠶᠢᠨ ᠵᠢᠮᠢᠰ ᠤᠨ | ᠠᠵᠤ ᠠᠬᠤᠢ᠂ ᠡᠪᠡᠰᠦ ᠪᠡᠯᠴᠢᠭᠡᠷ ᠤᠨ ᠠᠵᠤ ᠠᠬᠤᠢ ᠶᠢ ᠶᠡᠭᠡ ᠪᠠᠷ ᠬᠥᠭᠵᠢᠭᠦᠯᠵᠦ᠂ ᠥᠩᠭᠡᠷᠡᠭᠰᠡᠨ ᠤ ︽ᠰᠢᠷ᠎ᠠ | ᠡᠯᠡᠰᠦ︾ ᠨᠢ ︽ᠰᠢᠵᠢᠷ ᠠᠯᠲᠠ︾ ᠪᠣᠯᠵᠤ ᠬᠤᠪᠢᠷᠠᠪᠠ᠃ | ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠳᠠ ᠮᠥᠩᠭᠦᠨ ᠠᠭᠤᠯᠠ ᠮᠥᠨ᠂ ︽ᠤᠮᠠᠷᠠᠲᠤ ᠶᠢᠨ | ᠭᠤᠷᠪᠠᠨ ᠣᠷᠣᠨ︾ ᠤ ᠬᠠᠯᠬᠠᠪᠴᠢ ᠤᠢ ᠶᠢᠨ ᠰᠢᠰᠲ᠋ᠧᠮ ᠤᠨ ᠪᠠᠶᠢᠭᠤᠯᠤᠯᠲᠠ ᠶᠢᠨ ᠭᠤᠣᠯ ᠬᠠᠷᠠᠯᠲᠠ ᠪᠣᠯ ᠠᠮᠢ | ᠠᠬᠤᠢ ᠶᠢᠨ ᠦᠷ᠎ᠡ ᠠᠰᠢᠭ ᠢ ᠡᠭᠦᠳᠬᠦ ᠶᠠᠪᠤᠳᠠᠯ ᠪᠣᠯᠣᠨ᠎ᠠ᠂ ᠭᠡᠬᠦ ᠳᠡᠭᠡᠨ ᠠᠵᠤ ᠠᠬᠤᠢ ᠶᠢᠨ ᠦᠷ᠎ᠡ ᠠᠰᠢᠭ ᠤᠨ | ᠲᠤᠯᠭᠠᠭᠤᠷᠢᠯᠠᠯ ᠠᠴᠠ ᠰᠠᠯᠪᠠᠯ ᠲᠡᠭᠦᠨ ᠤ ᠠᠮᠢᠵᠢᠷᠠᠯ ᠤᠨ ᠬᠦᠴᠦᠨ ᠳᠠᠷᠤᠢ ᠶᠡᠭᠡ ᠪᠠᠷ ᠪᠠᠭᠤᠷᠠᠬᠤ ᠪᠣᠯᠣᠨ᠎ᠠ᠃ | ᠡᠨᠡ ᠶᠣᠰᠣ ᠶᠢ ᠭᠦᠨ ᠣᠶᠢᠯᠠᠭᠠᠭᠰᠠᠨ ᠥᠪᠥᠷ ᠮᠣᠩᠭᠤᠯ ︽ᠤᠮᠠᠷᠠᠲᠤ ᠶᠢᠨ ᠭᠤᠷᠪᠠᠨ ᠣᠷᠣᠨ︾ ᠤ | ᠬᠠᠯᠬᠠᠪᠴᠢ ᠣᠶ ᠶᠢᠨ ᠢᠨᠵᠧᠨᠧᠷᠢᠩ ᠢ ᠬᠡᠷᠡᠭᠵᠢᠭᠦᠯᠦᠭᠰᠡᠨ 40 ᠭᠠᠷᠤᠢ ᠵᠢᠯ ᠤᠨ ᠲᠤᠷᠰᠢ᠂ ᠠᠮᠢ ᠠᠬᠤᠢ ᠶᠢ ᠵᠠᠰᠠᠬᠤ | ᠪᠠ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠶᠢ ᠵᠣᠬᠢᠴᠠᠭᠤᠯᠤᠨ ᠠᠬᠢᠭᠤᠯᠬᠤ ᠶᠢ ᠢᠮᠠᠭᠲᠠ ᠪᠠᠷᠢᠮᠲᠠᠯᠠᠵᠤ᠂ | ᠮᠣᠳᠣᠨ ᠤ ᠲᠥᠷᠥᠯ ᠵᠦᠢᠯ ᠢ ᠰᠣᠩᠭᠤᠬᠤ ᠳᠡᠭᠡᠷ᠎ᠡ ᠲᠠᠰᠤᠷᠠᠯᠲᠠ ᠦᠭᠡᠢ ᠬᠦᠴᠦ ᠲᠠᠯᠪᠢᠵᠤ᠂ ᠠᠮᠢ ᠠᠬᠤᠢ ᠶᠢᠨ | ᠦᠷ᠎ᠡ ᠠᠰᠢᠭ᠂ ᠠᠵᠤ ᠠᠬᠤᠢ ᠶᠢᠨ ᠦᠷ᠎ᠡ ᠠᠰᠢᠭ ᠪᠠ ᠨᠡᠶᠢᠭᠡᠮ ᠤᠨ ᠦᠷ᠎ᠡ ᠠᠰᠢᠭ ᠢ ᠣᠷᠭᠠᠨᠢᠭ ᠢᠶᠠᠷ | ᠤᠶᠠᠯᠳᠤᠭᠤᠯᠬᠤ ᠶᠢ ᠪᠡᠶᠡᠯᠡᠭᠦᠯᠪᠡ᠃ ᠮᠠᠰᠢ ᠣᠯᠠᠨ ᠭᠠᠵᠠᠷ ᠣᠷᠣᠨ ᠳᠤ ︽ᠤᠮᠠᠷᠠᠲᠤ ᠶᠢᠨ ᠭᠤᠷᠪᠠᠨ ᠣᠷᠣᠨ︾ ᠤ | ᠢᠨᠵᠧᠨᠧᠷᠢᠩ ᠢᠶᠠᠷ ᠪᠦᠷᠢᠯᠳᠦᠭᠰᠡᠨ ᠠᠵᠤ ᠠᠬᠤᠢ ᠶᠢᠨ ᠣᠶ ᠨᠢ ᠲᠤᠬᠠᠢ ᠶᠢᠨ ᠭᠠᠵᠠᠷ ᠤᠨ ᠮᠠᠯᠴᠢᠨ ᠲᠠᠷᠢᠶᠠᠴᠢᠨ ᠤ | ᠲᠤᠯᠭᠠᠭᠤᠷᠢ ᠠᠵᠤ ᠦᠢᠯᠡᠰ ᠪᠠ ᠣᠷᠣᠯᠭ᠎ᠠ ᠶᠢᠨ ᠭᠤᠣᠯ ᠢᠷᠡᠯᠲᠡ ᠪᠣᠯᠤᠭᠰᠠᠨ ᠪᠠᠶᠢᠨ᠎ᠠ᠃ | ᠳ᠋ᠧᠩᠺᠸᠤ ᠰᠢᠶᠠᠨ ᠳᠤ᠂ ᠳᠤᠮᠳᠠᠳᠤ ᠤᠯᠤᠰ ᠤᠨ ᠤᠢ ᠰᠢᠭᠤᠢ ᠶᠢᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠡᠯᠡᠰᠦᠨ ᠴᠦᠯ ᠤᠢ ᠰᠢᠭᠤᠢ ᠶᠢᠨ ᠲᠥᠪ ᠠᠴᠠ ᠴᠢᠴᠠᠷᠭᠠᠨ᠎ᠠ ᠶᠢᠨ ᠰᠢᠯᠢᠳᠡᠭ ᠡᠭᠦᠯᠳᠡᠷ ᠢ | ᠰᠣᠩᠭᠤᠨ ᠪᠤᠶᠢᠵᠢᠭᠤᠯᠵᠤ ᠳᠡᠯᠭᠡᠷᠡᠭᠦᠯᠬᠦ ᠪᠠᠷ ᠴᠢᠷᠮᠠᠶᠢᠵᠤ᠂ ᠰᠣᠩᠭᠤᠨ ᠪᠤᠶᠢᠵᠢᠭᠤᠯᠤᠭᠰᠠᠨ ᠰᠢᠯᠢᠳᠡᠭ ᠡᠭᠦᠯᠳᠡᠷ ᠢ | ᠮᠠᠨ ᠤ ᠣᠷᠣᠨ ᠪᠣᠯᠣᠨ ᠪᠠᠶᠠᠨᠨᠠᠭᠤᠷ ᠣᠷᠣᠨ ᠳᠤ ᠬᠡᠷᠡᠭᠯᠡᠭᠰᠡᠨ ᠢᠶᠠᠷ ᠪᠠᠷᠠᠬᠤ ᠦᠭᠡᠢ᠂ ᠨᠡᠩ ᠴᠤ ᠪᠦᠭᠦ ᠤᠯᠤᠰ ᠤᠨ | 15 ᠮᠤᠵᠢ ᠥᠪᠡᠷᠲᠡᠭᠡᠨ ᠵᠠᠰᠠᠬᠤ ᠣᠷᠣᠨ ᠳᠤ ᠢᠳᠡᠪᠬᠢᠲᠡᠢ ᠦᠢᠯᠡᠳᠦᠯ ᠦᠵᠡᠭᠦᠯᠵᠦ᠂ ᠨᠡᠯᠢᠶᠡᠳ ᠰᠠᠶᠢᠨ ᠠᠮᠢ | ᠠᠬᠤᠢ᠂ ᠠᠵᠤ ᠠᠬᠤᠢ ᠪᠣᠯᠣᠨ ᠨᠡᠶᠢᠭᠡᠮ ᠤᠨ ᠦᠷ᠎ᠡ ᠠᠰᠢᠭ ᠣᠯᠣᠭᠰᠠᠨ ᠪᠠᠶᠢᠨ᠎ᠠ᠃ | ᠠᠯᠠᠱᠠ ᠠᠶᠢᠮᠠᠭ 1700 ᠭᠠᠷᠤᠢ ᠲᠦᠮᠡᠨ ᠮᠦ ᠪᠠᠶᠢᠭᠠᠯᠢᠯᠢᠭ ᠪᠠ ᠬᠥᠮᠥᠨ ᠤ ᠬᠦᠴᠦ ᠪᠠᠷ ᠳᠠᠷᠢᠭᠰᠠᠨ ᠵᠠᠭ | ᠮᠣᠳᠣ ᠳᠤ ᠲᠦᠰᠢᠭᠯᠡᠨ᠂ 120 ᠭᠠᠷᠤᠢ ᠲᠦᠮᠡᠨ ᠮᠦ ᠴᠠᠭᠠᠨ ᠭᠤᠶᠣᠣ ᠶᠢ ᠰᠠᠯᠠᠭ᠎ᠠ ᠵᠠᠯᠭᠠᠨ ᠲᠠᠷᠢᠵᠤ᠂ ᠬᠡᠳᠦᠨ | ᠠᠷᠪᠠᠨ ᠳᠠᠭᠠᠭᠤᠯᠤᠭᠴᠢ ᠠᠵᠤ ᠠᠬᠤᠶᠢᠯᠠᠯ ᠢ ᠪᠤᠶᠢᠵᠢᠭᠤᠯᠤᠨ ᠣᠷᠣᠭᠤᠯᠤᠨ ᠠᠪᠴᠢᠷᠠᠵᠤ᠂ ︽ᠺᠤᠮᠫᠠᠨᠢ + | ᠰᠠᠭᠤᠷᠢᠨ + ᠮᠠᠯᠴᠢᠨ ᠲᠠᠷᠢᠶᠠᠴᠢᠨ ᠡᠷᠦᠭᠡ︾ ᠶᠢᠨ ᠵᠠᠭᠪᠤᠷ ᠢ ᠬᠡᠷᠡᠭᠵᠢᠭᠦᠯᠬᠦ ᠪᠠᠷ ᠳᠠᠮᠵᠢᠨ᠂ ᠴᠠᠭᠠᠨ ᠭᠤᠶᠣᠣ | ᠲᠠᠷᠢᠬᠤ᠂ ᠡᠳ᠋ᠰᠢᠭᠦᠯᠬᠦ᠂ ᠦᠢᠯᠡᠳᠪᠦᠷᠢᠯᠡᠬᠦ᠂ ᠪᠣᠷᠣᠯᠠᠭᠤᠯᠬᠤ ᠶᠢ ᠨᠢᠭᠡ ᠴᠣᠭᠴᠠᠵᠢᠭᠤᠯᠤᠭᠰᠠᠨ ᠪᠦᠷᠢᠨ ᠪᠦᠲᠦᠨ | ᠠᠵᠤ ᠦᠢᠯᠡᠰ ᠤᠨ ᠬᠡᠯᠬᠢᠶ᠎ᠡ ᠶᠢ ᠪᠦᠷᠢᠯᠳᠦᠭᠦᠯᠵᠦ᠂ ᠨᠡᠯᠦᠭᠡᠷ ᠠᠭᠤᠳᠠᠮ ᠡᠯᠡᠰᠦᠨ ᠴᠦᠯ ᠳᠤ ᠵᠠᠷᠤᠭᠠᠳ ᠳᠠᠭᠤᠰᠤᠰᠢ | ᠦᠭᠡᠢ ︽ᠨᠣᠭᠤᠭᠠᠨ ᠪᠠᠩᠬᠢ︾ ᠶᠢ ᠪᠠᠶᠢᠭᠤᠯᠵᠤ᠂ ᠠᠮᠢ ᠠᠬᠤᠢ ᠶᠢ ᠬᠠᠮᠠᠭᠠᠯᠠᠬᠤ ᠪᠠ ᠠᠷᠠᠳ ᠤᠨ ᠠᠮᠢᠳᠤᠷᠠᠯ ᠢ | ᠰᠠᠶᠢᠵᠢᠷᠠᠭᠤᠯᠬᠤ ᠰᠠᠶᠢᠨ ᠰᠠᠶᠢᠬᠠᠨ ᠣᠷᠴᠢᠯ ᠢ ᠪᠡᠶᠡᠯᠡᠭᠦᠯᠪᠡ᠃ | ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ | ᠪᠣᠯᠤᠭᠰᠠᠨ ᠤ ᠬᠤᠪᠢ ᠳᠤ᠂ ᠥᠪᠥᠷ ᠮᠣᠩᠭᠤᠯ ᠬᠦᠰᠡᠯ ᠨᠠᠶᠢᠳᠠᠯᠭ᠎ᠠ ᠶᠢ ᠪᠠᠲᠤ ᠴᠡᠭᠡᠵᠢᠯᠡᠵᠦ᠂ ᠡᠭᠦᠷᠭᠡ | ᠬᠠᠷᠢᠭᠤᠴᠠᠯᠭ᠎ᠠ ᠪᠠᠨ ᠵᠣᠷᠢᠭᠲᠠᠢ ᠡᠭᠦᠷᠭᠡᠯᠡᠵᠦ᠂ ᠬᠦᠴᠢᠷ ᠪᠡᠷᠬᠡᠰᠢᠶᠡᠯ ᠠᠴᠠ ᠠᠶᠤᠬᠤ ᠦᠭᠡᠢ᠂ ᠴᠤᠴᠠᠯᠲᠠ ᠦᠭᠡᠢ | ᠴᠢᠷᠮᠠᠶᠢᠨ᠂ ᠨᠡᠩ ᠶᠡᠭᠡ ᠡᠷᠴᠢᠮ ᠢᠶᠠᠷ ︽ᠤᠮᠠᠷᠠᠲᠤ ᠶᠢᠨ ᠭᠤᠷᠪᠠᠨ ᠣᠷᠣᠨ︾ ᠤ ᠬᠠᠯᠬᠠᠪᠴᠢ ᠤᠢ ᠶᠢᠨ | ᠰᠢᠰᠲ᠋ᠧᠮ ᠤᠨ ᠪᠠᠶᠢᠭᠤᠯᠤᠯᠲᠠ ᠵᠡᠷᠭᠡ ᠴᠢᠬᠤᠯᠠ ᠶᠡᠭᠡ ᠠᠮᠢ ᠠᠬᠤᠢ ᠶᠢᠨ ᠢᠨᠵᠧᠨᠧᠷᠢᠩ ᠢ ᠰᠠᠶᠢᠲᠤᠷ ᠬᠡᠷᠡᠭᠵᠢᠭᠦᠯᠵᠦ᠂ | ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠡᠯᠡᠰᠦᠷᠬᠡᠭᠵᠢᠯ ᠢ ᠰᠡᠷᠭᠡᠶᠢᠯᠡᠨ ᠵᠠᠰᠠᠭᠰᠠᠨ ᠰᠢᠨ᠎ᠡ ᠭᠠᠶᠢᠬᠠᠮᠰᠢᠭ ᠢ | ᠴᠢᠷᠮᠠᠶᠢᠨ ᠡᠭᠦᠳᠴᠦ᠂ ᠡᠬᠡ ᠤᠯᠤᠰ ᠤᠨ ᠤᠮᠠᠷᠠᠲᠤ ᠶᠢᠨ ᠡᠨᠡ ᠬᠦ ᠲᠦᠮᠡᠨ ᠭᠠᠵᠠᠷ ᠤᠨ ᠨᠣᠮᠢᠨ ᠨᠣᠭᠤᠭᠠᠨ | ᠬᠠᠯᠬᠠᠪᠴᠢ ᠶᠢ ᠨᠡᠩ ᠪᠠᠲᠤ ᠪᠠᠬᠢ ᠴᠣᠭᠴᠠᠯᠠᠵᠤ᠂ ᠦᠵᠡᠰᠬᠦᠯᠡᠩᠲᠦ ᠰᠠᠶᠢᠬᠠᠨ ᠳᠤᠮᠳᠠᠳᠤ ᠤᠯᠤᠰ ᠢ ᠪᠦᠲᠦᠭᠡᠨ | ᠪᠠᠶᠢᠭᠤᠯᠬᠤ ᠠᠬᠢᠴᠠ ᠳᠤᠮᠳᠠ ᠥᠪᠥᠷ ᠮᠣᠩᠭᠤᠯ ᠤᠨ ᠰᠦᠷᠯᠢᠭ ᠰᠠᠶᠢᠬᠠᠨ ᠨᠣᠮᠢᠨ ᠨᠣᠭᠤᠭᠠᠨ ᠬᠠᠷᠢᠭᠤᠯᠲᠠ ᠶᠢᠨ | ᠬᠠᠭᠤᠳᠠᠰᠤ ᠶᠢ ᠪᠢᠴᠢᠭᠯᠡᠵᠦ ᠪᠠᠶᠢᠨ᠎ᠠ᠃ |