ᠨᠢᠭᠡ ᠨᠠᠰᠤᠲᠤ ᠡᠪᠡᠰᠦᠯᠢᠭ ᠤᠷᠭᠤᠮᠠᠯ ᠪᠤᠶᠤ ᠳᠤᠮᠳᠠᠰᠠᠭ ᠬᠤᠯᠢᠮᠠᠭ ᠡᠪᠡᠰᠦ᠃ ᠠᠭᠤᠯᠠᠨ ᠬᠦᠲᠦᠯ᠂ ᠭᠤᠤ | ᠰᠤᠪᠠᠭ᠂ ᠭᠤᠤᠯ ᠤᠨ ᠬᠦᠨᠳᠡᠢ ᠶᠢᠨ ᠬᠠᠶᠢᠷ ᠴᠢᠯᠠᠭᠤᠯᠢᠭ ᠳᠠᠩ ᠭᠠᠵᠠᠷ ᠢᠶᠠᠷ ᠤᠷᠭᠤᠳᠠᠭ᠃ ᠪᠦᠬᠦ ᠤᠷᠤᠨ ᠢᠶᠠᠷ | ᠤᠷᠭᠤᠯᠳᠠ ᠲᠠᠢ᠃ ᠮᠠᠨ ᠤ ᠤᠯᠤᠰ ᠤᠨ ᠵᠡᠭᠦᠨ ᠬᠤᠶᠢᠲᠤ ᠤᠷᠤᠨ᠂ ᠤᠮᠠᠷᠠᠲᠤ ᠤᠷᠤᠨ᠂ ᠳᠤᠮᠳᠠᠳᠤ ᠤᠷᠤᠨ᠂ ᠪᠠᠷᠠᠭᠤᠨ | ᠬᠤᠶᠢᠲᠤ ᠤᠷᠤᠨ ᠢᠶᠠᠷ ᠲᠠᠷᠬᠠᠨ᠂ ᠤᠷᠤᠰ ᠤᠨ ᠰᠢᠪᠧᠷᠢᠶ᠎ᠠ᠂ ᠮᠤᠩᠭᠤᠯ ᠤᠯᠤᠰ ᠢᠶᠠᠷ ᠪᠠᠰᠠ ᠲᠠᠷᠬᠠᠵᠤ ᠪᠠᠶᠢᠳᠠᠭ᠃ | ᠪᠦᠬᠦᠯᠢ ᠤᠷᠭᠤᠮᠠᠯ ᠳᠤᠨᠢ ᠠᠩᠬᠢᠯᠤᠮ᠎ᠠ ᠲᠤᠰᠦ ᠠᠭᠤᠯᠠᠵᠤ ᠪᠠᠶᠢᠳᠠᠭ᠃ ᠭᠠᠳᠠᠭᠠᠳᠤ ᠶᠢᠨ ᠮᠠᠳᠡᠭᠡᠯᠡᠯ ᠢ | ᠦᠨᠳᠦᠰᠦᠯᠡᠪᠡᠯ᠂ ᠲᠡᠭᠦᠨ ᠳᠤ0.01%—0.17% ᠶᠢᠨ ᠲᠤᠰᠤ ᠠᠭᠤᠯᠵᠤ ᠪᠤᠢ᠂ ᠡᠭᠦᠨ ᠳᠤ ᠨᠢᠮᠪᠡᠭᠡ | ᠠᠯᠳᠧᠭᠢᠳ᠋25%—68%᠂ ᠮᠠᠨᠵᠢᠤᠬᠠᠢ ᠶᠢᠨ ᠠᠯᠺᠦᠦᠯ30%᠂ ᠵᠦᠷᠵᠢ ᠶᠢᠨ ᠴᠡᠴᠡᠭ ᠤᠨ ᠠᠯᠺᠦᠦᠯ | ᠠᠭᠤᠯᠬᠤ ᠲᠤᠯᠠ ᠲᠡᠭᠦᠨ ᠢᠶᠠᠷ ᠠᠩᠬᠢᠯᠤᠮ᠎ᠠ ᠡᠳ᠋ ᠬᠢᠵᠤ ᠪᠤᠯᠳᠠᠭ᠃ ᠭᠠᠵᠠᠷ ᠳᠡᠭᠡᠷᠡᠬᠢ ᠬᠡᠰᠡᠭ ᠨᠢ ᠮᠤᠩᠭᠤᠯ ᠡᠮ ᠳᠤ | ᠤᠷᠤᠵᠤ᠂ ᠭᠤᠤᠯᠳᠠᠭᠤ ᠰᠢᠷᠠᠯᠠᠬᠤ ᠡᠪᠡᠳᠴᠢᠨ᠂ ᠴᠢᠰᠤ ᠪᠠᠷ ᠪᠦᠬᠡᠯᠵᠢᠬᠦ᠂ ᠬᠠᠮᠠᠷ ᠠᠴᠠ ᠴᠢᠰᠤ ᠭᠠᠷᠬᠤ᠂ | ᠬᠤᠳᠤᠭᠤᠳᠤᠨ ᠤ ᠦᠷᠪᠢᠰᠦᠯ᠂ ᠲᠤᠯᠤᠭᠠᠢ ᠡᠪᠡᠳᠬᠦ᠂ ᠬᠤᠭᠤᠯᠠᠢ ᠡᠪᠡᠳᠬᠦ ᠵᠡᠷᠭᠡ ᠶᠢ ᠵᠠᠰᠠᠨ᠎ᠠ᠃ | | | | | | |