ᠠᠯᠲᠠᠨ ᠳᠤᠰᠤᠯ ᠴᠡᠴᠡᠭ
ᠨᠡᠶᠢᠲᠡᠯᠡᠭᠰᠡᠨ ᠴᠠᠭ᠄
2023/7/24
      ᠤᠯᠠᠨ ᠨᠠᠰᠤᠲᠤ ᠡᠪᠡᠰᠦᠯᠢᠭ ᠲᠤᠮᠳᠠᠰᠠᠭ ᠤᠷᠭᠤᠮᠠᠯ᠃ ᠲᠠᠯ᠎ᠠ ᠨᠤᠲᠤᠭ ᠪᠤᠯᠤᠨ ᠴᠢᠬᠢᠭᠯᠢᠭ ᠲᠠᠷᠢᠶᠠᠨ ᠭᠠᠵᠠᠷ᠂ ᠲᠠᠷᠢᠶᠠᠨ ᠰᠢᠨᠠ ᠪᠤᠯᠤᠨ ᠵᠠᠮ ᠤᠨ ᠬᠠᠵᠠᠭᠤ ᠪᠠᠷ ᠤᠷᠭᠤᠨ᠎ᠠ᠃ ᠮᠠᠨ ᠤ ᠤᠷᠤᠨ ᠤ ᠤᠯᠠᠭᠠᠨᠬᠠᠳᠠ ᠶᠢᠨ ᠳᠤᠪᠤ ᠲᠤᠪᠤᠷᠴᠠᠭ᠂ ᠬᠤᠷᠴᠢᠨ ᠲᠤᠭᠤᠷᠢᠭ᠂ ᠭᠦᠯᠦᠨ ᠪᠤᠶᠢᠷ— ᠰᠢᠯᠢ ᠶᠢᠨ ᠭᠤᠤᠯ ᠤᠨ ᠦᠨᠳᠦᠷᠯᠢᠭ᠂ ᠲᠠᠪᠠᠭᠠᠨ ᠤ ᠪᠠᠷᠠᠭᠤᠨ ᠲᠤᠭᠤᠷᠢᠭ᠂ ᠮᠤᠨᠢ ᠠᠭᠤᠯᠠ ᠶᠢᠨ ᠲᠤᠭᠤᠷᠢᠭ᠂ ᠤᠷᠳᠤᠰ ᠲᠤᠭᠤᠷᠢᠭ ᠢᠶᠠᠷ ᠤᠷᠭᠤᠯᠲᠠ ᠲᠠᠢ᠃ ᠮᠠᠨ ᠤ ᠤᠯᠤᠰ ᠤᠨ ᠵᠡᠭᠦᠨ ᠬᠤᠶᠢᠲᠤ ᠤᠷᠤᠨ᠂ ᠤᠮᠠᠷᠠᠲᠤ ᠤᠷᠤᠨ᠂ ᠪᠠᠷᠠᠭᠤᠨ ᠬᠤᠶᠢᠲᠤ ᠤᠷᠤᠨ ᠢᠶᠠᠷ ᠲᠠᠷᠬᠠᠨ᠂ ᠮᠤᠩᠭᠤᠯ ᠤᠯᠤᠰ᠂ ᠤᠷᠤᠰ᠂ ᠰᠤᠯᠥᠩᠭᠤᠰ᠂ ᠶᠠᠫᠣᠨ᠂ ᠡᠸᠦ᠋ᠷᠦᠫᠡ᠂ ᠳᠤᠮᠳᠠ ᠠᠽᠢᠶ᠎ᠠ ᠪᠠᠷ ᠪᠠᠰᠠ ᠲᠠᠷᠬᠠᠵᠤ ᠪᠠᠶᠢᠳᠠᠭ᠃ ᠨᠠᠮᠤᠷ ᠤᠷᠤᠵᠤ ᠡᠪᠡᠰᠦ ᠰᠢᠷᠠᠯᠠᠭᠰᠠᠨ ᠤ ᠰᠡᠭᠦᠯᠡᠷ᠂ ᠦᠬᠡᠷ ᠬᠤᠨᠢ ᠪᠦᠷ ᠳᠤᠷᠠᠲᠠᠢ ᠢᠳᠡᠳᠡᠭ᠃ ᠪᠠᠭ ᠴᠡᠴᠡᠭ ᠨᠢ ᠡᠮ ᠳᠤ ᠤᠷᠤᠵᠤ᠂  ᠭᠤᠤᠯᠳᠠᠭᠤ ᠴᠡᠷ ᠶᠡᠭᠡ ᠲᠠᠢ ᠬᠠᠨᠢᠶᠠᠳᠤ᠂ ᠪᠦᠭᠡᠯᠵᠢᠭᠦ᠂ ᠤᠰᠤᠨ ᠬᠠᠪᠤᠩ ᠵᠡᠷᠭᠡ ᠶᠢ ᠵᠠᠰᠠᠨ᠎ᠠ᠃ ᠲᠡᠭᠦᠨ ᠢ ᠮᠤᠩᠭᠤᠯ ᠡᠮ ᠳᠤ ᠬᠡᠷᠡᠭᠯᠡᠵᠦ ᠤᠶᠢᠴᠢᠵᠤ ᠳᠤᠰᠦᠭ᠌ᠰᠠᠨ ᠰᠢᠷᠠᠬ᠎ᠠ ᠶᠢ ᠵᠠᠰᠠᠳᠠᠭ᠃
1.jpg
2.jpg
 
ᠢᠷᠡᠯᠲᠡ᠄ ᠦᠪᠦᠷ ᠮᠤᠩᠭᠤᠯ ᠤᠨ ᠬᠡᠭᠡᠷ᠎ᠡ ᠶᠢᠨ ᠤᠷᠭᠤᠮᠠᠯ ᠤᠨ ᠵᠢᠷᠤᠭᠲᠤ ᠲᠤᠯᠠᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号