ᠰᠢᠷᠠᠯᠵᠢᠨ ᠲᠠᠤᠯᠠᠢ ᠶᠢᠨ ᠲᠠᠩᠨᠠᠢ
ᠨᠡᠶᠢᠲᠡᠯᠡᠭᠰᠡᠨ ᠴᠠᠭ᠄
2024/1/10
      ᠤᠠᠯᠨ ᠨᠠᠰᠤᠲᠤ ᠡᠪᠡᠰᠦᠯᠢᠭ ᠳᠤᠮᠳᠠᠰᠠᠭ ᠭᠠᠩᠰᠠᠭ ᠤᠷᠭᠤᠮᠠᠯ᠃ ᠨᠡᠶᠢᠲᠡᠯᠢᠭ ᠪᠡᠯᠴᠢᠭᠡᠷ ᠪᠤᠯᠤᠨ ᠨᠤᠭᠤ ᠪᠡᠯᠴᠢᠭᠡᠷ ᠢᠶᠠᠷ ᠬᠡᠵᠢᠶᠠᠳᠡ ᠳᠠᠭᠠᠯᠳᠤᠬᠤ ᠳᠦᠷᠰᠦ ᠨᠢ ᠪᠤᠯᠳᠠᠭ᠃ ᠮᠠᠨ ᠤ ᠤᠷᠤᠨ ᠤ ᠬᠢᠩᠭᠠᠨ ᠤ ᠬᠤᠶᠢᠲᠤ ᠬᠡᠰᠡᠭ᠂ ᠬᠢᠩᠭᠠᠨ ᠤ ᠡᠮᠦᠨᠡᠲᠦ ᠬᠡᠰᠡᠭ᠂ ᠳᠠᠪᠠᠭᠠᠨ ᠤ ᠵᠡᠭᠦᠨ ᠲᠤᠭᠤᠷᠢᠭ᠂ ᠳᠠᠪᠠᠭᠠᠨ ᠤ ᠪᠠᠷᠠᠭᠤᠨ ᠲᠤᠭᠤᠷᠢᠭ᠂ ᠯᠢᠶᠣᠤ ᠾᠧ ᠭᠤᠤᠯ ᠤᠨ ᠲᠠᠯ᠎ᠠ ᠭᠠᠵᠠᠷ᠂ ᠬᠦᠯᠦᠨ ᠪᠤᠶᠢᠷ— ᠰᠢᠯᠢ ᠶᠢᠨ ᠭᠤᠤᠯ ᠤᠨ ᠦᠨᠳᠦᠷᠯᠢᠭ᠂ ᠤᠯᠠᠭᠠᠨᠴᠠᠪ ᠲᠤᠭᠤᠷᠢᠭ᠂ ᠮᠤᠨᠢ ᠠᠭᠤᠯᠠ ᠶᠢᠨ ᠲᠤᠭᠤᠷᠢᠭ᠂ ᠮᠤᠨᠢ ᠠᠭᠤᠯᠠ ᠶᠢᠨ ᠦᠪᠤᠷ ᠲᠠᠬᠢ ᠲᠤᠪᠤ ᠳᠤᠪᠤᠷᠴᠠᠭ᠂ ᠤᠷᠳᠤᠰ ᠲᠤᠭᠤᠷᠢᠭ ᠢᠶᠠᠷ ᠤᠷᠭᠤᠯᠳᠠ ᠲᠠᠢ᠃ ᠮᠠᠨ ᠤ ᠤᠯᠤᠰ ᠤᠨ ᠵᠡᠭᠦᠨ ᠬᠤᠶᠢᠲᠤ ᠤᠷᠤᠨ᠂ ᠤᠮᠠᠷᠠᠲᠤ ᠤᠷᠤᠨ ᠢᠶᠠᠷ ᠲᠠᠷᠬᠠᠨ᠂ ᠮᠤᠩᠭᠤᠯ ᠤᠯᠤᠰ᠂ ᠤᠷᠤᠰ ᠤᠨ ᠰᠢᠪᠧᠷᠢᠶ᠎ᠠ ᠪᠤᠯᠤᠨ ᠠᠯᠤᠰ ᠳᠤᠷᠤᠨᠠᠲᠤ ᠶᠢᠨ ᠭᠠᠵᠠᠷ ᠤᠷᠤᠨ ᠢᠶᠠᠷ ᠪᠠᠰᠠ ᠲᠠᠷᠬᠠᠵᠤ ᠪᠠᠶᠢᠳᠠᠭ᠃ ᠳᠤᠮᠳᠠ ᠵᠡᠷᠭᠡ ᠶᠢᠨ ᠲᠡᠵᠢᠭᠡᠯᠲᠦ ᠤᠷᠭᠤᠮᠠᠯ᠃ ᠦᠬᠡᠷ᠂ ᠠᠳᠤᠭᠤ ᠵᠦᠭᠡᠯᠡᠨ ᠰᠤᠷᠭᠤᠭ ᠦᠶ᠎ᠠ ᠳᠤᠨᠢ ᠳᠤᠷᠠᠲᠠᠢ ᠢᠳᠡᠵᠤ᠂ ᠬᠤᠨᠢ ᠨᠠᠪᠴᠢ ᠶᠢ ᠨᠢ ᠪᠠᠭ᠎ᠠ ᠰᠠᠭ᠎ᠠ ᠢᠳᠡᠨ᠎ᠡ᠃ ᠪᠦᠬᠦᠯᠢ ᠡᠪᠡᠰᠦ ᠨᠢ ᠡᠮ ᠳᠤ ᠤᠷᠤᠵᠤ᠂ ᠭᠤᠤᠯᠳᠠᠭᠤ ᠬᠡᠳᠡᠰᠤᠨ ᠤ ᠦᠷᠪᠢᠰᠤᠯ᠂ ᠶᠤᠯᠬᠤᠳᠠᠰᠤ᠂ ᠴᠢᠰᠤ ᠪᠠᠷ ᠪᠦᠭᠡᠯᠵᠢᠬᠦ᠂ ᠴᠢᠰᠤ ᠪᠠᠷ ᠰᠠᠭᠤᠯᠭᠠᠬᠤ᠂ ᠲᠠᠭᠰᠢᠭᠤᠷ᠂ ᠠᠭᠤᠰᠬᠢᠨ ᠦᠷᠪᠢᠰᠤᠯ᠂ ᠬᠤᠤᠷᠠᠳᠤ ᠬᠠᠪᠤᠲᠠᠷᠲᠤ ᠬᠠᠲᠠᠬᠢ ᠵᠡᠷᠡᠭᠡ ᠶᠢ ᠵᠠᠰᠠᠳᠠᠭ᠃
u=183129431,1266180099&fm=253&fmt=auto&app=138&f=JPEG.webp.jpg
 
ᠢᠷᠡᠯᠲᠡ᠄ ᠦᠪᠦᠷ ᠮᠤᠩᠭᠤᠯ ᠤᠨ ᠬᠡᠭᠡᠷ᠎ᠡ ᠶᠢᠨ ᠤᠷᠭᠤᠮᠠᠯ ᠤᠨ ᠵᠢᠷᠤᠭᠲᠤ ᠲᠤᠯᠠᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号