| ᠴᠠᠭᠠᠨ ᠬᠤᠰᠤᠨ ᠤᠢ ᠶᠢᠨ ᠦᠵᠡᠮᠵᠢᠲᠦ ᠤᠷᠤᠨ ᠨᠢ ᠪᠠᠷᠤᠭ 1000 ᠾᠧᠺᠲ᠋ᠠᠷ ᠤᠷᠴᠢᠮ ᠭᠠᠵᠠᠷ ᠢ | ᠡᠵᠡᠯᠡᠵᠦ᠂ ᠬᠤᠲᠠ ᠶᠢᠨ ᠲᠦᠪ ᠠᠴᠠ ᠬᠠᠮᠤᠭ ᠤᠨ ᠤᠶᠢᠷ᠎ᠠ ᠪᠠᠶᠢᠭ᠎ᠠ ᠪᠠᠶᠢᠭᠠᠯᠢᠭ ᠤᠢ ᠪᠤᠯᠤᠨ᠎ᠠ᠃ ᠴᠠᠭᠠᠨ ᠬᠤᠰᠤ | ᠨᠢ ᠨᠠᠬᠢᠯᠵᠠᠬᠤ ᠤᠯᠠᠨ ᠳᠦᠷᠢ ᠲᠦᠯᠦᠪ ᠲᠠᠢ᠂ ᠰᠠᠯᠠᠭ᠎ᠠ ᠨᠠᠮᠠᠭ᠎ᠠ ᠨᠢ ᠰᠢᠯᠤᠭᠤᠨ ᠪᠠᠶᠢᠳᠠᠭ᠃ ᠴᠠᠭᠠᠨ ᠬᠤᠰᠤ | ᠪᠤᠯ ᠡᠷᠭᠦᠨ᠎ᠡ ᠬᠤᠲᠠ ᠶᠢᠨ ᠪᠡᠯᠭᠡᠲᠦ ᠮᠤᠳᠤ ᠮᠦᠨ᠃ ᠡᠷᠭᠦᠨ᠎ᠡ ᠶᠢᠨ ᠴᠠᠭᠠᠨ ᠬᠤᠰᠤ ᠨᠢ ᠪᠤᠰᠤᠳ ᠭᠠᠵᠠᠷ | ᠤᠷᠤᠨ ᠤ ᠴᠠᠭᠠᠨ ᠬᠤᠰᠤ ᠲᠠᠢ ᠠᠳᠠᠯᠢ ᠦᠭᠡᠢ ᠪᠠᠶᠢᠳᠠᠭ᠂ ᠶᠠᠭ ᠡᠸᠦ᠋ᠷᠦᠫᠡ ᠲᠢᠪ ᠠᠴᠠ ᠢᠷᠡᠯᠲᠡ ᠲᠠᠢ ᠰᠢᠭ | ᠪᠠᠶᠢᠳᠠᠭ᠃ ᠴᠠᠭᠠᠨ ᠬᠤᠰᠤᠨ ᠤ ᠰᠠᠯᠠᠭᠠᠨ ᠳᠡᠭᠡᠷ᠎ᠡ ᠨᠢ ᠬᠠᠷ᠎ᠠ ᠳᠤᠯᠪᠤ ᠲᠠᠢ᠂ ᠶᠠᠭ ᠪᠤᠷᠤᠭᠠᠨ ᠤ ᠬᠠᠷ᠎ᠠ ᠳᠤᠰᠤᠯ | ᠰᠢᠭ᠃ ᠴᠠᠭᠠᠨ ᠬᠤᠰᠤᠨ ᠤ ᠬᠡᠷᠡᠭᠴᠡᠭᠡ ᠦᠷᠭᠡᠨ ᠳᠡᠯᠭᠡᠷ ᠶᠤᠮ᠃ ᠴᠠᠭᠠᠨ ᠬᠤᠰᠤᠨ ᠤ ᠬᠠᠯᠢᠰᠤ ᠪᠠᠷ ᠨᠢ ᠭᠡᠷ | ᠪᠠᠷᠢᠯᠭ᠎ᠠ ᠶᠢᠨ ᠰᠠᠷᠠᠪᠴᠢᠨ ᠤ ᠪᠤᠷᠤᠭᠠᠨ ᠢ ᠬᠠᠯᠬᠠᠯᠠᠬᠤ ᠮᠠᠲ᠋ᠧᠷᠢᠶᠠᠯ᠂ ᠳᠤᠯᠠᠭᠠᠯᠠᠬᠤ ᠮᠠᠲ᠋ᠧᠷᠢᠶᠠᠯ᠂ ᠴᠢᠮᠡᠭᠯᠡᠯ ᠤᠨ | ᠡᠳ᠋ ᠤᠨ ᠲᠦᠭᠦᠬᠡᠢ ᠮᠠᠲ᠋ᠧᠷᠢᠶᠠᠯ ᠪᠤᠯᠭᠠᠵᠤ ᠪᠤᠯᠤᠨ᠎ᠠ᠃ ᠴᠠᠭᠠᠨ ᠬᠤᠰᠤᠨ ᠤ ᠰᠠᠯᠠᠭ᠎ᠠ ᠨᠠᠮᠠᠭ᠎ᠠ ᠪᠠᠷ ᠪᠠᠷᠢᠯᠭ᠎ᠠ ᠶᠢᠨ | ᠮᠠᠲ᠋ᠧᠷᠢᠶᠠᠯ ᠪᠤᠯᠭᠠᠵᠤ ᠪᠤᠯᠤᠨ᠎ᠠ᠃ ᠴᠠᠭᠠᠨ ᠬᠤᠰᠤᠨ ᠤ ᠰᠢᠭᠦᠰᠦ ᠪᠠᠷ ᠤᠮᠳᠠᠭᠠᠨ ᠬᠢᠵᠦ ᠪᠤᠯᠤᠨ᠎ᠠ᠃ | ᠤᠯᠠᠮᠵᠢᠯᠠᠯ ᠢᠶᠠᠷ᠂ ᠴᠢᠩᠭᠢᠰ ᠬᠠᠭᠠᠨ ᠤ ᠴᠡᠷᠢᠭ ᠠᠩᠭᠢ ᠨᠡᠨ ᠬᠡᠰᠡᠭ ᠴᠠᠭᠠᠨ ᠬᠤᠰᠤᠨ ᠤᠢ ᠳᠤ ᠲᠦᠷ | ᠠᠮᠠᠷᠠᠵᠤ ᠦᠩᠭᠡᠷᠡᠭᠰᠡᠨ ᠭᠡᠳᠡᠭ᠃ ᠶᠠᠭ ᠨᠡᠨ ᠦᠶ᠎ᠡ ᠳᠤ ᠮᠤᠳᠤ ᠤᠭᠲᠤᠯᠬᠤ ᠪᠠᠷ ᠢᠷᠡᠭᠰᠡᠨ ᠤᠷᠤᠰᠴᠤᠳ ᠠᠳᠡᠬᠢ | ᠦᠵᠡᠮᠵᠢ ᠳᠤ ᠰᠤᠭᠲᠤᠷᠠᠨ᠂ ᠲᠡᠳᠡᠨᠡᠷ ᠲᠠᠢ ᠡᠰᠡᠷᠭᠦᠴᠡᠯᠳᠦᠭᠰᠡᠨ ᠦᠭᠡᠢ ᠪᠠᠷ ᠪᠠᠭᠤᠨ ᠦᠭᠴᠡᠢ᠃ ᠡᠶᠢᠮᠦ ᠠᠴᠠ | ᠤᠶᠠᠩᠭᠠᠯᠢᠭ ᠰᠠᠶᠢᠬᠠᠨ《 ᠴᠠᠭᠠᠨ ᠬᠤᠰᠤᠨ ᠤᠢ 》 ᠭᠡᠬᠦ ᠳᠠᠭᠤᠤ ᠪᠤᠢ ᠪᠤᠯᠪᠠ᠃ | | | | | | | | | | |