ᠲᠤᠮᠤ ᠲᠤᠯᠤᠨᠤ
ᠨᠡᠶᠢᠲᠡᠯᠡᠭᠰᠡᠨ ᠴᠠᠭ᠄
2024/11/13
    ᠤᠮᠠᠷᠠᠲᠤ ᠤᠷᠤᠨ ᠤ ᠡᠯ᠎ᠡ ᠭᠠᠵᠠᠷ ᠢᠶᠠᠷ ᠪᠦᠷ ᠲᠠᠷᠢᠵᠦ ᠪᠤᠶᠢᠵᠢᠭᠤᠯᠵᠤ ᠪᠠᠶᠢᠨ᠎ᠠ᠃    ᠮᠤᠳᠤᠨ ᠤ ᠤᠷᠭᠤᠴᠠ ᠨᠢ ᠢᠳᠡᠷᠬᠡᠭ᠂ ᠦᠨᠳᠦᠷ ᠨᠢ 6-7 ᠮᠧᠲᠷ ᠪᠠᠶᠢᠳᠠᠭ᠃ ᠲᠠᠪᠬᠤᠷᠭᠠᠲᠤ ᠴᠢᠨᠠᠷ ᠨᠢ ᠢᠯᠡ ᠲᠤᠳᠤ᠂ ᠰᠤᠶᠤᠭᠠᠯᠠᠬᠤ ᠴᠢᠳᠠᠪᠤᠷᠢ ᠨᠢ ᠲᠤᠮᠳᠠ ᠲᠦᠯᠦᠪ᠂ ᠰᠠᠯᠠᠭᠠᠯᠠᠬᠤ ᠴᠢᠳᠠᠪᠤᠷᠢ ᠨᠢ ᠲᠤᠮᠳᠠ ᠠᠴᠠ ᠳᠡᠭᠡᠭᠰᠢ ᠪᠠᠶᠢᠳᠠᠭ᠃ ᠶᠡᠷᠦ ᠳᠤ ᠪᠠᠨ ᠵᠠᠯᠭᠠᠯᠲᠠ ᠬᠢᠭᠰᠡᠨ ᠤ ᠰᠡᠭᠦᠯᠡᠷ 3-4 ᠵᠢᠯ ᠪᠤᠯᠪᠠᠯ ᠵᠢᠮᠢᠰ ᠰᠠᠭᠤᠳᠠᠭ᠃ 10 ᠵᠢᠯ ᠤᠨ ᠬᠤᠶᠢᠨ᠎ᠠ ᠵᠤᠵᠠᠭᠠᠨ ᠵᠢᠮᠢᠰᠯᠡᠬᠦ ᠬᠤᠭᠤᠴᠠᠭᠠᠨ ᠳᠤ ᠤᠷᠤᠳᠠᠭ᠃ ᠦᠷ᠎ᠡ ᠵᠢᠮᠢᠰ ᠨᠢ ᠪᠦᠮᠪᠦᠷᠢᠬᠡᠨ ᠬᠡᠯᠪᠡᠷᠢᠳᠠᠢ ᠪᠤᠶᠤ ᠦᠨᠳᠡᠭᠡᠯᠵᠢᠨ ᠬᠡᠯᠪᠡᠷᠢᠳᠠᠢ᠂ ᠢᠷᠮᠡᠭ ᠦᠨᠴᠦᠭ ᠨᠢ ᠢᠯᠡᠷᠭᠡᠢ᠃    ᠵᠢᠮᠢᠰ ᠤᠨ ᠭᠠᠳᠠᠷᠭᠤ ᠨᠢ ᠬᠦᠨ ᠤᠯᠠᠭᠠᠨ ᠦᠩᠭᠡᠳᠡᠢ᠂ ᠲᠦᠭᠦᠷᠢᠭᠬᠡᠨ ᠬᠦᠷᠡᠩ ᠦᠩᠭᠡᠲᠦ ᠵᠢᠮᠢᠰ ᠢ ᠲᠤᠰᠤᠯ ᠪᠦᠷᠬᠦᠭᠰᠡᠨ ᠪᠠᠶᠢᠳᠠᠭ᠃ ᠴᠡᠴᠡᠭ ᠤᠨ ᠲᠤᠭᠲᠤᠢ ᠶᠢᠨ ᠤᠷᠴᠢᠮ ᠢᠶᠠᠷ ᠵᠢᠮᠢᠰ ᠤᠨ ᠲᠤᠰᠤᠯ ᠨᠢ ᠵᠢᠵᠢᠭ ᠪᠦᠭᠡᠳ ᠨᠢᠭᠲᠠ᠂ ᠬᠠᠷᠢᠨ ᠬᠡᠩᠬᠦᠳᠡᠭ ᠤᠨ ᠤᠷᠴᠢᠮ ᠢᠶᠠᠷ ᠲᠤᠮᠤ ᠪᠦᠭᠡᠳ ᠲᠠᠷᠠᠤ ᠪᠠᠶᠢᠳᠠᠭ᠃    ᠵᠢᠮᠢᠰ ᠤᠨ ᠭᠤᠤᠯ ᠨᠢ ᠨᠡᠯᠢᠶᠠᠳ ᠲᠤᠮᠤ ᠲᠠᠰᠤᠭ ᠲᠠᠢ᠂ ᠶᠡᠷᠦ ᠳᠤ ᠪᠠᠨ ᠲᠠᠰᠤᠭ ᠪᠦᠷᠢ ᠳᠤ ᠨᠢᠭᠡ ᠦᠷ᠎ᠡ ᠤᠷᠤᠰᠢᠨ᠎ᠠ᠃ ᠪᠠᠷᠤᠭ 9 ᠳ᠋ᠦ᠋ᠭᠡᠷ ᠰᠠᠷ᠎ᠠ ᠶᠢᠨ ᠰᠡᠭᠦᠯᠴᠢ ᠪᠠᠷ ᠪᠤᠯᠪᠠᠰᠤᠷᠠᠨ᠎ᠠ᠃ ᠬᠠᠳᠠᠭᠠᠯᠠᠬᠤ ᠪᠠ ᠲᠡᠭᠡᠭᠡᠪᠦᠷᠢᠯᠡᠬᠦ ᠳᠤ ᠲᠡᠰᠪᠦᠷᠢᠳᠠᠢ᠃
 
ᠢᠷᠡᠯᠲᠡ᠄ ︽ᠵᠢᠮᠢᠰ ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号