| ᠠᠯᠮᠤᠷᠠᠳ ᠤᠨ ᠮᠤᠳᠤ ᠪᠠ ᠠᠯᠢᠮ᠎ᠠ ᠶᠢᠨ ᠮᠤᠳᠤᠨ ᠤ ᠢᠯᠵᠠᠷᠠᠬᠤ ᠡᠪᠡᠳᠴᠢᠨ ᠨᠢ ᠮᠤᠳᠤᠨ ᠤ ᠮᠦᠴᠢᠷ ᠡᠰᠢ | ᠳᠡᠭᠡᠷ᠎ᠡ ᠡᠭᠦᠰᠳᠡᠭ᠃ ᠡᠪᠡᠳᠴᠢᠨ ᠡᠭᠦᠰᠭᠡᠭᠴᠢ ᠪᠠᠺᠲ᠋ᠧᠷᠢ ᠨᠢ ᠠᠳᠠᠯᠢ ᠦᠭᠡᠢ ᠪᠤᠯᠪᠠᠴᠤ ᠰᠢᠨᠵᠢ ᠲᠡᠮᠳᠡᠭ ᠪᠤᠯᠤᠨ | ᠰᠡᠷᠭᠡᠶᠢᠯᠡᠨ ᠵᠠᠰᠠᠬᠤ ᠠᠷᠭ᠎ᠠ ᠨᠢ ᠠᠳᠠᠯᠢ ᠪᠠᠶᠢᠳᠠᠭ᠃ | 1.ᠰᠢᠨᠵᠢ ᠲᠡᠮᠳᠡᠭ | ︵1︶ ᠰᠢᠷᠬᠠᠯᠠᠭ᠎ᠠ ᠶᠢᠨ ᠬᠡᠯᠪᠡᠷᠢ᠄ | ᠡᠬᠢᠨ ᠤ ᠬᠤᠭᠤᠴᠠᠭᠠᠨ ᠳᠤ ᠡᠪᠡᠳᠴᠢᠨ ᠤ ᠬᠡᠰᠡᠭ ᠨᠢ ᠤᠯᠠᠭᠠᠨ ᠬᠦᠷᠡᠩ ᠦᠩᠭᠡᠳᠡᠢ᠂ ᠪᠠᠭ᠎ᠠ ᠰᠢᠭ᠋ | ᠬᠦᠳᠦᠶᠢᠵᠦ᠂ ᠤᠰᠤᠳᠤᠭᠰᠠᠨ ᠮᠠᠶ᠋ᠢᠭᠳᠠᠢ᠂ ᠨᠡᠬᠡᠳᠡᠰᠦ ᠨᠢ ᠵᠦᠭᠡᠯᠡᠨ᠂ ᠡᠪᠡᠳᠴᠢᠳᠠᠢ ᠬᠠᠯᠢᠰᠤ ᠨᠢ ᠠᠮᠠᠷᠬᠠᠨ | ᠬᠠᠭᠤᠯᠤᠭᠳᠠᠨᠠ᠂ ᠲᠤᠳᠤᠷ᠎ᠠ ᠬᠡᠰᠡᠭ ᠤᠨ ᠨᠡᠬᠡᠳᠡᠰᠦ ᠨᠢ ᠬᠦᠨ ᠤᠯᠠᠭᠠᠨ ᠬᠦᠷᠡᠩ ᠦᠩᠭᠡᠳᠡᠢ᠂ ᠠᠷᠢᠬᠢᠨ | ᠪᠠᠵᠠᠮᠠᠭ ᠤᠨ ᠦᠨᠦᠷ ᠲᠠᠢ᠂ ᠵᠠᠷᠢᠮ ᠳᠠᠭᠠᠨ ᠡᠪᠡᠳᠴᠢᠳᠠᠢ ᠬᠡᠰᠡᠭ ᠠᠴᠠ ᠨᠢ ᠰᠢᠷ᠎ᠠ ᠬᠦᠷᠡᠩ ᠦᠩᠭᠡ ᠶᠢᠨ ᠰᠢᠩᠭᠡᠨ | ᠪᠡᠶᠡᠲᠦ ᠭᠤᠭᠤᠵᠢᠳᠠᠭ᠃ ᠰᠡᠭᠦᠯᠴᠢ ᠶᠢᠨ ᠬᠤᠭᠤᠴᠠᠭᠠᠨ ᠳᠤ ᠡᠪᠡᠳᠴᠢᠳᠡᠢ ᠬᠡᠰᠡᠭ ᠨᠢ ᠬᠠᠳᠠᠵᠤ ᠠᠪᠴᠢᠭᠠᠳ᠂ | ᠬᠤᠲᠤᠶᠢᠬᠤ ᠪᠠ ᠬᠠᠲᠠᠭᠤᠷᠠᠭᠠᠳ ᠬᠠᠷ᠎ᠠ ᠬᠦᠷᠡᠩ ᠦᠩᠭᠡᠳᠡᠢ ᠪᠤᠯᠵᠤ ᠬᠤᠪᠢᠷᠠᠨ᠂ ᠡᠪᠡᠳᠴᠢᠳᠠᠢ ᠬᠡᠰᠡᠭ ᠤᠨ | ᠦᠩᠭᠡᠨ ᠬᠡᠰᠡᠭ ᠲᠤ ᠬᠠᠷ᠎ᠠ ᠦᠩᠭᠡ ᠶᠢᠨ ᠵᠢᠵᠢᠭ ᠲᠤᠯᠪᠤ ᠲᠤᠰᠤᠯ ᠢᠯᠡᠷᠡᠳᠡᠭ᠃ ᠡᠪᠡᠳᠴᠢᠨ ᠤ ᠲᠤᠯᠪᠤ ᠨᠢ | ᠡᠬᠢᠨ ᠤ ᠦᠶ᠎ᠡ ᠳᠤ ᠪᠠᠨ ᠲᠠᠷᠬᠠᠵᠤ ᠳᠡᠯᠭᠡᠷᠡᠬᠦ ᠨᠢ ᠬᠤᠷᠳᠤᠨ ᠪᠠᠶᠢᠵᠤ᠂ ᠤᠬᠤᠷ ᠬᠤᠭᠤᠴᠠᠭᠠᠨ ᠤ ᠲᠤᠳᠤᠷ᠎ᠠ | ᠬᠦᠭᠵᠢᠭᠡᠳ ᠲᠤᠮᠤ ᠬᠡᠯᠪᠡᠷᠢ ᠶᠢᠨ ᠡᠪᠡᠳᠴᠢᠨ ᠤ ᠲᠤᠯᠪᠤ ᠪᠤᠯᠵᠤ᠂ ᠮᠤᠳᠤᠨ ᠤ ᠮᠦᠴᠢᠷ ᠡᠰᠢ ᠶᠢ ᠲᠤᠭᠤᠷᠢᠭᠠᠳ | ᠴᠠᠭᠠᠷᠢᠭᠯᠠᠨ ᠬᠠᠯᠢᠰᠤᠯᠠᠭᠰᠠᠨ ᠪᠠᠶᠢᠳᠠᠯ ᠡᠭᠦᠰᠴᠦ᠂ ᠳᠡᠭᠡᠷ᠎ᠡ ᠲᠠᠯ᠎ᠠ ᠶᠢᠨ ᠮᠦᠴᠢᠷ ᠡᠰᠢ ᠶᠢ ᠨᠢ ᠬᠠᠲᠠᠭᠠᠵᠤ | ᠦᠬᠦᠬᠦᠯᠳᠡᠭ ᠲᠤᠯᠠ ᠬᠤᠤᠷ ᠬᠦᠨᠦᠭᠡᠯ ᠢᠶᠠᠷ ᠲᠤᠶᠢᠯ ᠤᠨ ᠶᠡᠭᠡ ᠪᠠᠶᠢᠳᠠᠭ᠃ | ︵2︶ ᠮᠦᠴᠢᠷ ᠬᠠᠳᠠᠬᠤ ᠬᠡᠯᠪᠡᠷᠢ᠄ | ᠤᠯᠠᠩᠬᠢ ᠳᠠᠭᠠᠨ ᠬᠤᠶᠠᠷ ᠠᠴᠠ ᠭᠤᠷᠪᠠᠨ ᠨᠠᠰᠤᠨ ᠤ ᠮᠦᠴᠢᠷ ᠲᠤ ᠡᠭᠦᠰᠳᠡᠭ᠂ ᠪᠠᠰᠠ ᠳᠦᠷᠪᠠ ᠠᠴᠠ ᠲᠠᠪᠤᠨ | ᠨᠠᠰᠤᠲᠦ ᠮᠦᠴᠢᠷ ᠪᠤᠶᠤ ᠵᠢᠮᠢᠰᠯᠡᠬᠦ ᠰᠠᠭᠤᠳᠠᠯ ᠳᠡᠭᠡᠷ᠎ᠡ ᠬᠠᠯᠳᠠᠪᠤᠷᠢᠯᠠᠬᠤ ᠴᠤ ᠪᠤᠢ᠂ ᠡᠨᠡ ᠨᠢ ᠲᠤᠷᠤᠢ ᠮᠤᠳᠤᠨ | ᠳᠡᠭᠡᠷ᠎ᠡ ᠡᠭᠦᠰᠬᠦ ᠨᠢ ᠢᠯᠡᠷᠬᠡᠢ ᠪᠠᠶᠢᠳᠠᠭ᠃ ᠡᠪᠡᠳᠴᠢᠳᠠᠢ ᠬᠡᠰᠡᠭ ᠨᠢ ᠤᠯᠠᠭᠠᠨ ᠬᠦᠷᠡᠩ ᠦᠩᠭᠡᠳᠡᠢ᠂ | ᠤᠰᠤᠳᠤᠭᠰᠠᠨ ᠮᠠᠶ᠋ᠢᠭᠳᠠᠢ᠂ ᠬᠡᠯᠪᠡᠷᠢ ᠨᠢ ᠡᠮᠬᠢ ᠵᠢᠷᠤᠮ ᠦᠭᠡᠢ ᠪᠦᠭᠡᠳ ᠮᠠᠰᠢ ᠲᠦᠷᠬᠡᠨ ᠢᠶᠠᠷ ᠪᠦᠬᠦ ᠮᠦᠴᠢᠷ ᠲᠤ | ᠲᠠᠷᠬᠠᠵᠤ᠂ ᠡᠴᠦᠰ ᠲᠤ ᠪᠠᠨ ᠮᠦᠴᠢᠷ ᠰᠠᠯᠠᠭ᠎ᠠ ᠨᠢ ᠬᠠᠳᠠᠵᠤ ᠦᠬᠦᠳᠡᠭ ᠪᠠᠶᠢᠨ᠎ᠠ᠃ ᠵᠢᠮᠢᠰ ᠤᠨ ᠬᠦᠷᠢᠶᠡᠯᠡᠩ ᠤᠨ | ᠰᠠᠯᠠᠭ᠎ᠠ ᠮᠦᠴᠢᠷ ᠳᠡᠭᠡᠷᠡᠬᠢ ᠨᠠᠪᠴᠢ ᠨᠢ ᠰᠢᠷᠠᠯᠠᠭᠰᠠᠨ ᠪᠤᠯ ᠤᠯᠠᠩᠬᠢ ᠳᠤ ᠪᠠᠨ ᠲᠤᠰ ᠡᠪᠡᠳᠴᠢᠨ ᠪᠤᠯᠳᠠᠭ᠃ | 2.ᠰᠡᠷᠭᠡᠶᠢᠯᠡᠨ ᠵᠠᠰᠠᠬᠤ ᠠᠷᠭ᠎ᠠ | ᠤᠰᠤ ᠪᠤᠷᠳᠤᠭᠤᠷ ᠤᠨ ᠬᠠᠮᠢᠶᠠᠷᠤᠯᠳᠠ ᠶᠢ ᠴᠢᠩᠭᠠᠳᠬᠠᠵᠤ ᠮᠤᠳᠤᠨ ᠤ ᠤᠷᠭᠤᠴᠠ ᠶᠢ ᠰᠠᠶᠢᠵᠢᠷᠠᠭᠤᠯᠬᠤ ᠪᠤᠯ | ᠢᠯᠵᠠᠷᠠᠬᠤ ᠡᠪᠡᠳᠴᠢᠨ ᠢ ᠰᠡᠷᠭᠡᠶᠢᠯᠡᠨ ᠵᠠᠰᠠᠬᠤ ᠶᠢᠨ ᠦᠨᠳᠦᠰᠦᠨ ᠠᠷᠭ᠎ᠠ ᠬᠡᠮᠵᠢᠶ᠎ᠡ ᠪᠤᠯᠤᠨ᠎ᠠ᠃ ᠪᠠᠰᠠ ᠡᠮ ᠢᠶᠠᠷ | ᠰᠡᠷᠭᠡᠶᠢᠯᠡᠨ ᠵᠠᠰᠠᠬᠤ ᠶᠢ ᠬᠠᠪᠰᠤᠷᠭᠠᠵᠤ ᠪᠤᠯᠤᠨ᠎ᠠ᠃ | ︵1︶ ᠮᠦᠴᠢᠷ ᠡᠰᠢ ᠳᠡᠭᠡᠷ᠎ᠡ ᠡᠮ ᠲᠦᠷᠬᠢᠬᠦ᠄ 40 % ᠶᠢᠨ ᠹᠧᠷᠮᠠ ᠠᠷᠰᠢᠨ ᠤ ᠴᠢᠭᠢᠭᠳᠦᠮᠡᠬᠡᠢ ᠲᠠᠯᠬ᠎ᠠ | 100 ᠲᠠᠬᠢᠨ ᠤ ᠠᠭᠤᠰᠤᠮᠠᠯ ᠢ ᠮᠦᠴᠢᠷ ᠡᠰᠢᠨ ᠳᠡᠭᠡᠷ᠎ᠡ ᠲᠦᠷᠬᠢᠨ᠎ᠡ᠃ ᠡᠮ ᠲᠦᠷᠬᠢᠬᠦ ᠠᠴᠠ ᠡᠮᠦᠨ᠎ᠡ | ᠡᠪᠡᠳᠴᠢᠨ ᠤ ᠲᠤᠯᠪᠤ ᠪᠤᠯᠤᠨ ᠭᠠᠳᠠᠨᠠᠬᠢ ᠠᠷᠵᠠᠭᠠᠷ ᠬᠠᠯᠢᠰᠤ ᠶᠢ ᠨᠢ ᠬᠤᠰᠤᠵᠤ ᠠᠷᠢᠯᠭᠠᠬᠤ ᠬᠡᠷᠡᠭᠳᠡᠢ᠂ ᠢᠩᠬᠢᠭᠡᠳ | 3 ᠰᠠᠷ᠎ᠠ ᠶᠢᠨ ᠰᠡᠭᠦᠯᠴᠢ ᠠᠴᠠ 4 ᠰᠠᠷ᠎ᠠ ᠶᠢᠨ ᠡᠬᠢ ᠪᠠᠷ ᠳ᠋ᠢᠶᠠᠮᠧᠲᠷ ᠨᠢ 3~4 cm ᠠᠴᠠ ᠳᠡᠭᠡᠭᠰᠢᠬᠢ ᠮᠦᠴᠢᠷ | ᠡᠰᠢᠨ ᠳᠡᠭᠡᠷ᠎ᠡ ᠡᠮ ᠰᠦᠷᠴᠢᠨ᠎ᠠ᠃ 6 ᠰᠠᠷ᠎ᠠ ᠶᠢᠨ ᠰᠡᠭᠦᠯᠴᠢ ᠠᠴᠠ 7 ᠰᠠᠷ᠎ᠠ ᠶᠢᠨ ᠡᠬᠢ ᠪᠠᠷ ᠭᠤᠤᠯ ᠡᠰᠢ᠂ ᠲᠦᠪ | ᠡᠰᠢ ᠪᠤᠯᠤᠨ ᠡᠯ᠎ᠡ ᠲᠤᠮᠤ ᠭᠤᠤᠯ ᠮᠦᠴᠢᠷ ᠤᠨ ᠤᠵᠤᠭᠤᠷ ᠤᠨ ᠬᠡᠰᠡᠭ ᠲᠤᠨᠢ ᠡᠮ ᠲᠦᠷᠬᠢᠵᠤ ᠱᠤᠸᠠᠰᠠᠳᠠᠨ᠎ᠠ᠃ | ᠡᠨᠡ ᠮᠡᠲᠦ ᠪᠠᠷ ᠵᠢᠯ ᠪᠤᠯᠭᠠᠨ ᠡᠮ ᠲᠦᠷᠬᠢᠪᠡᠯ ᠰᠡᠷᠭᠡᠶᠢᠯᠡᠨ ᠵᠠᠰᠠᠬᠤ ᠦᠷ᠎ᠡ ᠳ᠋ᠦᠩ ᠢ ᠶᠡᠭᠡ ᠪᠠᠷ ᠳᠡᠭᠡᠭᠰᠢᠯᠡᠭᠦᠯᠳᠡᠭ | ᠪᠠᠶᠢᠨ᠎ᠠ᠃ | ︵2︶ ᠡᠪᠡᠳᠴᠢᠨ ᠤ ᠲᠤᠯᠪᠤ ᠶᠢ ᠡᠮᠨᠡᠨ ᠵᠠᠰᠠᠬᠤ᠄ ᠵᠢᠯ ᠪᠦᠷᠢ ᠶᠢᠨ 3~4 ᠰᠠᠷ᠎ᠠ ᠳᠤ᠂ ᠬᠤᠷᠴᠠ | ᠬᠢᠲᠤᠭ᠎ᠠ ᠪᠠᠷ ᠡᠪᠡᠳᠴᠢᠨ ᠤ ᠲᠤᠯᠪᠤ ᠶᠢ ᠲᠤᠶᠢᠯᠪᠤᠷᠢᠳᠠᠢ ᠬᠤᠰᠤᠵᠤ ᠠᠷᠢᠯᠭᠠᠨ᠎ᠠ᠂ ᠲᠡᠷᠡᠴᠢᠯᠠᠨ ᠨᠡᠭᠡᠳᠡᠰᠦᠨ ᠠᠴᠠ 0. | 5mm ᠬᠢᠷᠢᠳᠡᠢ ᠬᠤᠰᠤᠵᠤ ᠠᠪᠬᠤ ᠬᠡᠷᠡᠭᠳᠡᠢ᠃ ᠡᠮᠨᠡᠨ ᠵᠠᠰᠠᠬᠤ ᠲᠠᠯ᠎ᠠ ᠨᠢ ᠤᠷᠬᠢᠴᠠ ᠬᠡᠯᠪᠡᠷᠢᠳᠠᠢ ᠪᠠᠶᠢᠵᠤ᠂ | ᠦᠩᠭᠡᠨ ᠲᠠᠯ᠎ᠠ ᠨᠢ ᠬᠦᠯᠢᠭᠡᠷ᠂ ᠦᠨᠴᠦᠭ ᠦᠯᠡᠳᠡᠭᠡᠬᠦ ᠦᠭᠡᠢ᠂ ᠦᠵᠦᠬᠦᠷ ᠶᠤᠵᠤᠭᠤᠷ ᠭᠠᠷᠭᠠᠬᠤ ᠦᠭᠡᠢ᠃ | ᠡᠭᠦᠨ ᠤ ᠳᠠᠷᠠᠭ᠎ᠠ ᠪᠠᠷ ᠡᠮᠨᠡᠨ ᠵᠠᠰᠠᠬᠤ ᠬᠡᠰᠡᠭ ᠲᠤᠨᠢ ᠡᠮ ᠳᠦᠷᠬᠢᠨ᠎ᠡ᠃ ᠡᠬᠦᠨ ᠳᠤ ᠲᠤᠤᠷᠠᠬᠢ ᠡᠮ ᠤᠳ ᠢ | ᠬᠡᠷᠡᠭᠯᠡᠨ᠎ᠡ᠃ | ①ᠪᠤᠮᠸᠢ 10 ᠨᠢᠭᠡᠴᠢᠯᠡᠯ ᠤᠨ ᠴᠤᠬᠤᠢ ᠬᠦᠬᠦᠷᠲᠤ ᠨᠡᠶᠢᠯᠡᠮᠡᠯ ᠡᠮ᠃ | ② 40 % ᠶᠢᠨ ᠹᠧᠷᠮᠠ ᠠᠷᠰᠢᠨ 50 ᠲᠠᠬᠢᠨ ᠤ ᠠᠭᠤᠰᠤᠮᠠᠯ᠃ | ③ 40 % ᠶᠢᠨ ᠲᠦᠢ ᠵᠢᠶᠦ᠋ᠨ ᠲᠧ 50 ᠲᠠᠬᠢᠨ ᠤ ᠠᠭᠤᠰᠤᠮᠠᠯ᠃ | ④ 50 % ᠶᠢᠨ ᠲᠢᠶᠠᠨ ᠠᠨ ᠤᠰᠤᠨ ᠡᠮ 5 ᠲᠠᠬᠢᠨ ᠤ ᠠᠭᠤᠰᠤᠮᠠᠯ᠃ | ⑤ S~ 921 ᠢᠰᠭᠡᠬᠦ ᠰᠢᠩᠭᠡᠨ᠃ | ⑥5 % ᠶᠢᠨ ᠠᠨ ᠰᠦᠸᠧ ᠵᠢᠶᠦ᠋ᠨ ᠳ᠋ᠦ᠋ ᠴᠢᠩ 50~ 100 ᠲᠠᠬᠢᠨ ᠤ ᠠᠭᠤᠰᠤᠮᠠᠯ᠃ | ⑦RBF ᠡᠮᠲᠦ ᠪᠦᠷᠬᠦᠪᠴᠢ ︵药膜剂︶ 200 ᠲᠠᠬᠢᠨ ᠤ ᠠᠭᠤᠰᠤᠮᠠᠯ᠃ ᠳᠡᠭᠡᠷᠡᠬᠢ | ᠡᠮ ᠤᠳ ᠠᠴᠠ ᠠᠯᠢ ᠶᠢ ᠨᠢ ᠰᠤᠩᠭᠤᠪᠠᠴᠤ ᠪᠦᠷ ᠪᠤᠯᠤᠨ᠎ᠠ᠃ ᠬᠡᠷᠪᠡ ᠡᠪᠡᠳᠴᠢᠨ ᠤ ᠲᠤᠯᠪᠤ ᠨᠢ ᠲᠠᠬᠢᠭᠰᠠᠨᠪᠠᠶᠢᠳᠠᠯ | ᠢᠯᠡᠷᠡᠪᠡᠯ ᠨᠢᠭᠡ ᠰᠠᠷ᠎ᠠ ᠳᠤ ᠨᠢᠭᠡ ᠤᠳᠠᠭ᠎ᠠ ᠡᠮ ᠲᠦᠷᠬᠢᠵᠤ᠂ ᠦᠷᠬᠦᠯᠵᠢᠯᠡᠨ 4~ 5 ᠤᠳᠠᠭ᠎ᠠ ᠲᠦᠷᠬᠢᠪᠡᠯ | ᠰᠠᠶᠢᠨ ᠦᠷ᠎ᠡ ᠳ᠋ᠦᠩ ᠤᠯᠬᠤ ᠶᠤᠮ᠃ |