ᠬᠢᠩᠭᠠᠨ ᠠᠶᠢᠮᠠᠭ ᠤᠨ ᠣᠢ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠥᠪᠥᠷ ᠮᠣᠩᠭᠤᠯ ᠤᠨ ᠺᠧ ᠴᠢᠨ ᠸᠠᠨ ᠵᠢᠶᠠ ᠢᠳᠡᠭᠡᠨ ᠤ ᠬᠢᠵᠠᠭᠠᠷᠲᠤ ᠺᠣᠮᠫᠠᠨᠢ ᠳᠤ ᠬᠦᠷᠴᠦ ᠣᠢ ᠰᠢᠭᠤᠶ ᠶᠢᠨ ᠪᠦᠲᠦᠭᠡᠭᠳᠡᠬᠦᠨ ᠢ ᠨᠠᠷᠢᠯᠢᠭ ᠡᠳ᠋ᠰᠢᠭᠦᠯᠬᠦ ᠲᠥᠷᠥᠯ ᠵᠦᠢᠯ ᠢ ᠪᠠᠶᠢᠴᠠᠭᠠᠨ ᠰᠤᠳᠤᠯᠪᠠ
ᠨᠡᠶᠢᠲᠡᠯᠡᠭᠰᠡᠨ ᠴᠠᠭ᠄
2024/2/22
    ᠨᠤᠲᠤᠭ ᠤᠨ ᠣᠨᠴᠠ ᠭᠠᠷᠤᠯᠲᠠ ᠶᠢᠨ ᠬᠥᠭᠵᠢᠯᠲᠡ ᠶᠢᠨ ︽ᠬᠡᠪᠴᠢᠶᠡᠵᠢᠭᠦᠯᠬᠦ᠂ ᠠᠵᠤ ᠦᠢᠯᠡᠰᠵᠢᠭᠦᠯᠬᠦ᠂ ᠲᠥᠷᠥᠯ ᠲᠡᠮᠳᠡᠭᠵᠢᠭᠦᠯᠬᠦ︾ ᠱᠠᠭᠠᠷᠳᠠᠯᠭ᠎ᠠ ᠶᠢ ᠭᠦᠨᠵᠡᠭᠡᠶ ᠨᠠᠶᠢᠳᠠᠪᠤᠷᠢᠵᠢᠭᠤᠯᠵᠤ᠂ ᠨᠤᠲᠤᠭ ᠤᠨ ᠣᠨᠴᠠ ᠭᠠᠷᠤᠯᠲᠠ ᠶᠢᠨ ᠠᠵᠤ ᠦᠢᠯᠡᠰ ᠤᠨ ᠴᠢᠨᠠᠷ ᠰᠠᠶᠢᠲᠠᠶ ᠬᠥᠭᠵᠢᠯᠲᠡ ᠶᠢ ᠤᠯᠠᠮ ᠨᠢᠭᠡ ᠠᠯᠬᠤᠮ ᠠᠬᠢᠭᠤᠯᠬᠤ ᠶᠢᠨ ᠲᠥᠯᠥᠭᠡ᠂ 2 ᠰᠠᠷ᠎ᠠ ᠶᠢᠨ 18᠎ ᠤ ᠡᠳᠦᠷ᠂ ᠬᠢᠩᠭᠠᠨ ᠠᠶᠢᠮᠠᠭ ᠤᠨ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠶᠢᠨ ᠥᠭᠡᠷᠡᠴᠢᠯᠡᠯᠲᠡ ᠬᠥᠭᠵᠢᠯᠲᠡ ᠪᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠠᠮᠢᠶ᠎ᠠ ᠪᠥᠬᠦᠶ ᠠᠵᠢᠯᠲᠠᠨ ᠤᠯᠠᠭᠠᠨᠬᠤᠲᠠ ᠶᠢᠨ ᠢᠯᠠᠯᠲᠠ ᠪᠠᠯᠭᠠᠰᠤᠨ ᠤ ᠺᠧ ᠴᠢᠨ ᠸᠠᠨ ᠵᠢᠶᠠ ᠣᠶ ᠰᠢᠭᠤᠢ ᠶᠢᠨ ᠪᠦᠲᠦᠭᠡᠭᠳᠡᠬᠦᠨ ᠢ ᠨᠠᠷᠢᠯᠢᠭ ᠡᠳ᠋ᠰᠢᠭᠦᠯᠬᠦ ᠲᠥᠷᠥᠯ ᠵᠦᠢᠯ ᠳᠤ ᠬᠦᠷᠴᠦ ᠪᠠᠶᠢᠴᠠᠭᠠᠨ ᠰᠤᠳᠤᠯᠤᠯᠳᠠ ᠬᠢᠪᠠ᠃ ᠤᠯᠠᠭᠠᠨᠬᠤᠲᠠ ᠶᠢᠨ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠶᠢᠨ ᠭᠤᠤᠯ ᠬᠠᠷᠢᠭᠤᠴᠠᠯᠭᠠᠲᠠᠨ ᠨᠥᠬᠦᠳ᠂ ᠬᠤᠪᠢᠳᠠᠨ ᠬᠠᠮᠢᠶᠠᠷᠴᠤ ᠪᠥᠬᠦᠶ ᠤᠳᠤᠷᠢᠳᠤᠯᠭ᠎ᠠ ᠵᠢᠴᠢ ᠬᠠᠮᠢᠶ᠎ᠠ ᠪᠥᠬᠦᠶ ᠠᠵᠢᠯᠲᠠᠨ ᠤ ᠪᠠᠷ᠎ᠠ ᠪᠤᠯᠵᠤ ᠤᠷᠤᠯᠴᠠᠪᠠ᠃
W020240221594372354171.jpg
     ᠪᠠᠶᠢᠴᠠᠭᠠᠨ ᠰᠤᠳᠤᠯᠬᠤ ᠳᠤᠭᠤᠶᠢᠯᠠᠩ ᠤᠨ ᠬᠢᠨ ᠶᠠᠷᠢᠯᠴᠠᠭ᠎ᠠ ᠪᠠ ᠲᠤᠬᠠᠶ ᠶᠢᠨ ᠭᠠᠵᠠᠷ ᠲᠤᠨᠢ ᠰᠤᠷᠪᠤᠯᠵᠢᠯᠠᠬᠤ ᠪᠠᠷ ᠳᠡᠮᠵᠢᠨ᠂ ᠰᠡᠩᠳᠥᠩ ᠮᠤᠳᠤᠨ ᠤ ᠵᠢᠮᠢᠰ ᠤᠨ ᠲᠤᠰᠤᠨ ᠤ ᠰᠢᠨ᠎ᠡ ᠦᠢᠯᠡᠳᠬᠦᠨ ᠤ ᠣᠲᠣ ᠶᠢᠨ  ᠦᠢᠯᠡᠳᠪᠦᠷᠢᠯᠡᠯ ᠤᠨ ᠱᠤᠭᠤᠮ ᠢ ᠥᠷᠭᠡᠳᠬᠡᠨ ᠪᠠᠶᠢᠭᠤᠯᠬᠤ᠂ ᠦᠢᠯᠡᠳᠬᠦᠨ ᠤ ᠪᠣᠭᠤᠳᠠᠯ ᠪᠠᠭᠯᠠᠭ᠎ᠠ ᠵᠢᠴᠢ ᠰᠢᠨ᠎ᠡ ᠦᠢᠯᠡᠳᠬᠦᠨ ᠢ ᠰᠤᠳᠤᠯᠤᠨ ᠨᠡᠭᠡᠭᠡᠬᠦ ᠪᠠ ᠠᠵᠤ ᠠᠬᠤᠶᠢᠯᠠᠯ ᠤᠨ ᠠᠶᠤᠯ ᠥᠬᠡᠶ  ᠦᠢᠯᠡᠳᠪᠦᠷᠢᠯᠡᠯ ᠵᠡᠷᠭᠡ ᠪᠠᠶᠢᠳᠠᠯ ᠤᠨ ᠲᠠᠨᠢᠯᠴᠠᠭᠤᠯᠭ᠎ᠠ ᠶᠢ ᠰᠣᠨᠣᠰᠤᠭᠰᠠᠨ ᠪᠥᠭᠡᠳ ᠺᠧ ᠴᠢᠨ ᠸᠠᠨ ᠵᠢᠶᠠ ᠰᠠᠩᠳᠦᠩ ᠮᠤᠳᠤᠨ ᠤ ᠲᠣᠰᠣᠨ ᠤ ᠦᠢᠯᠡᠳᠪᠦᠷᠢᠯᠡᠯ ᠤᠨ ᠰᠠᠭᠤᠷᠢᠨ ᠭᠠᠵᠠᠷ ᠲᠤ ᠬᠦᠷᠴᠦ᠂ ᠠᠵᠤ ᠠᠬᠤᠶᠢᠯᠠᠯ ᠤᠨ ᠦᠢᠯᠡᠳᠪᠦᠷᠢᠯᠡᠯ ᠤᠨ ᠲᠠᠰᠤᠭ ᠢ ᠲᠣᠭᠤᠷᠢᠨ ᠦᠵᠡᠵᠦ᠂ ᠰᠠᠩᠳᠦᠩ ᠮᠤᠳᠤᠨ ᠤ ᠵᠢᠮᠢᠰ ᠤᠨ ᠲᠦᠭᠦᠬᠡᠶ ᠮᠠᠲ᠋ᠧᠷᠢᠶᠠᠯ ᠵᠢᠴᠢ ᠪᠦᠲᠦᠭᠡᠭᠳᠡᠬᠦᠨ ᠤ ᠡᠯ᠎ᠡ ᠭᠤᠭᠴᠤᠭ᠎ᠠ ᠬᠦᠷᠲᠡᠯᠡᠬᠢ ᠦᠢᠯᠡᠳᠪᠦᠷᠢᠯᠡᠯ ᠤᠨ ᠪᠠᠶᠢᠳᠠᠯ ᠢ ᠣᠶᠢᠯᠠᠭᠠᠪᠠ᠃ ᠬᠢᠩᠭᠠᠨ ᠠᠶᠢᠮᠠᠭ ᠲᠤ ᠰᠠᠩᠳᠦᠩ ᠮᠤᠳᠤᠨ ᠤ ᠵᠢᠮᠢᠰ ᠤᠨ ᠰᠠᠭᠤᠷᠢᠨ ᠭᠠᠵᠠᠷ 14 . 8 ᠲᠦᠮᠡᠨ ᠮᠥ᠂ 2024 ᠣᠨ ᠳᠤ ᠰᠠᠩᠳᠦᠩ ᠮᠤᠳᠤ ᠶᠢ 4 . 65 ᠲᠦᠮᠡᠨ ᠮᠥ ᠰᠢᠨ᠎ᠡ ᠪᠠᠷ ᠳᠠᠷᠢᠬᠤ ᠪᠠᠷ ᠲᠥᠯᠥᠪᠯᠡᠵᠦ ᠪᠣᠶ᠃ ᠣᠶᠢᠯᠠᠭᠠᠭᠰᠠᠨ ᠢᠶᠠᠷ᠂ ᠥᠪᠥᠷ ᠮᠣᠩᠭᠤᠯ ᠤᠨ ᠺᠧ ᠴᠢᠨ ᠸᠠᠨ ᠵᠢᠶᠠ ᠺᠣᠮᠫᠠᠨᠢ ᠨᠢ ᠰᠠᠩᠳᠦᠩ ᠮᠤᠳᠤᠨ ᠤ ᠠᠵᠤ ᠦᠢᠯᠡᠰ ᠤᠨ  ᠦᠢᠯᠡᠳᠪᠦᠷᠢᠯᠡᠯ ᠤᠨ ᠬᠡᠯᠬᠢᠶ᠎ᠡ ᠶᠢ ᠦᠷᠭᠦᠯᠵᠢᠯᠡᠨ ᠲᠡᠭᠦᠯᠳᠡᠷᠵᠢᠭᠦᠯᠵᠦ᠂ 4415 ᠲᠡᠭᠰᠢ ᠳᠥᠷᠪᠡᠯᠵᠢᠨ ᠮᠧᠲᠷ ᠤᠨ ᠦᠢᠯᠡᠳᠪᠦᠷᠢ ᠶᠢᠨ ᠬᠡᠷ ᠪᠠᠶᠢᠰᠢᠩ᠂ ᠰᠠᠩᠳᠦᠩ ᠮᠤᠳᠤᠨ ᠤ ᠵᠢᠮᠢᠰ ᠤᠨ  ᠲᠣᠰᠣ ᠰᠠᠪᠠᠯᠠᠬᠤ 2 ᠦᠢᠯᠡᠳᠪᠦᠷᠢᠯᠡᠯ ᠤᠨ ᠱᠤᠭᠤᠮ᠂ᠰᠠᠩᠳᠦᠩ ᠮᠤᠳᠤᠨ ᠤ ᠵᠢᠮᠢᠰ ᠤᠨ ᠲᠣᠰᠣᠨ ᠤ ᠬᠤᠮᠵᠢᠶ᠎ᠠ ᠪᠣᠯᠤᠨ ᠤᠭᠤᠷᠠᠭ ᠠᠭᠤᠯᠬᠤ ᠢᠯᠲᠠᠰᠤ ᠶᠢᠨ ᠦᠢᠯᠡᠳᠪᠦᠷᠢᠯᠡᠯ ᠤᠨ ᠱᠤᠭᠤᠮ ᠢ ᠲᠣᠰ ᠲᠣᠰ 1 ᠵᠤᠷᠪᠤᠰ ᠰᠢᠨ᠎ᠡ ᠪᠠᠷ ᠪᠠᠶᠢᠭᠤᠯᠬᠤ ᠪᠠᠷ ᠲᠥᠯᠥᠪᠯᠡᠵᠦ᠂ ᠵᠢᠱᠢᠯᠲᠡ ᠪᠠᠷ ᠪᠠᠶᠢᠭᠤᠯᠵᠤ ᠳᠠᠭᠤᠰᠤᠭᠰᠠᠨ ᠤ ᠳᠠᠷᠠᠭ᠎ᠠ ᠵᠢᠯ ᠤᠨ ᠪᠣᠷᠣᠯᠠᠭᠤᠯᠭ᠎ᠠ ᠶᠢᠨ ᠦᠢᠯᠡᠳᠬᠦᠨ ᠤ ᠥᠷᠲᠡᠭ ᠢ 1 . 84 ᠳ᠋ᠦᠩᠰᠢᠭᠤᠷ ᠲᠥᠭᠦᠷᠢᠭ ᠪᠡᠶᠡᠯᠡᠭᠦᠯᠵᠦ᠂ 500 ᠭᠠᠷᠤᠶ ᠠᠵᠢᠯ ᠤᠨ ᠪᠠᠶᠢᠷᠢ ᠬᠠᠩᠭᠠᠵᠤ᠂ ᠬᠥᠮᠦᠨ ᠳᠤᠮᠳᠠᠴᠢ ᠶᠢᠨ ᠣᠷᠣᠯᠭ᠎ᠠ ᠶᠢ 6 ᠲᠦᠮᠡᠨ ᠲᠥᠭᠦᠷᠢᠭ ᠨᠡᠮᠡᠭᠳᠡᠭᠦᠯᠬᠦ ᠪᠣᠯᠤᠨ᠎ᠠ᠃
W020240221594372397425.jpg
     ᠲᠠᠷᠠᠭᠠᠴᠢ ᠶᠢᠨ ᠠᠯᠬᠤᠮ ᠳᠤ᠂ ᠠᠶᠢᠮᠠᠭ ᠤᠨ ᠣᠶ ᠰᠢᠭᠤᠶ ᠪᠠ ᠨᠤᠲᠤᠭ ᠪᠡᠯᠴᠢᠭᠡᠷ ᠤᠨ ᠲᠣᠪᠴᠢᠶ᠎ᠠ ᠦᠷᠭᠦᠯᠵᠢᠯᠡᠨ ᠰᠡᠩᠳᠥᠩ ᠮᠤᠳᠤᠨ ᠤ ᠵᠢᠮᠢᠰ ᠤᠨ ᠲᠣᠰᠣ ᠵᠡᠷᠭᠡ ᠮᠣᠳᠣᠯᠢᠭ ᠲᠣᠰᠣᠨ ᠤ ᠮᠠᠲ᠋ᠧᠷᠢᠶᠠᠯ ᠢᠶᠠᠷ ᠭᠠᠷᠳᠠᠴᠠ ᠪᠣᠯᠭᠠᠵᠤ᠂ ᠣᠶ ᠰᠢᠭᠤᠶ ᠨᠤᠲᠤᠭ ᠪᠡᠯᠴᠢᠭᠡᠷ ᠤᠨ ᠣᠨᠴᠠ ᠭᠠᠷᠤᠯᠲᠠ ᠶᠢ  ᠦᠢᠯᠡᠳᠪᠦᠷᠢᠯᠡᠵᠦ ᠡᠳ᠋ᠰᠢᠭᠦᠯᠦᠨ ᠪᠣᠷᠣᠯᠠᠭᠤᠯᠬᠤ ᠠᠵᠢᠯ ᠢ ᠨᠢᠭᠡᠳᠦᠯᠲᠡᠶ ᠲᠥᠯᠥᠪᠵᠢᠭᠦᠯᠦᠨ ᠰᠠᠶᠢᠲᠤᠷ ᠠᠳᠬᠤᠵᠤ᠂ ᠣᠶ ᠰᠢᠭᠤᠶ ᠨᠤᠲᠤᠭ ᠪᠡᠯᠴᠢᠭᠡᠷ ᠤᠨ ᠠᠵᠤ ᠦᠢᠯᠡᠰ ᠤᠨ ᠴᠢᠨᠠᠷ ᠰᠠᠶᠢᠲᠠᠶ ᠬᠥᠭᠵᠢᠯᠲᠡ ᠳᠤ ᠬᠦᠴᠦᠨ ᠨᠡᠮᠡᠷᠢᠯᠡᠵᠦ᠂ ︽ᠠᠵᠤ ᠠᠬᠤᠶᠢᠯᠠᠯ ᠤᠨ ᠠᠰᠢᠭ ᠢ ᠨᠡᠮᠡᠭᠳᠡᠭᠦᠯᠵᠦ᠂ ᠠᠷᠠᠳ ᠣᠯᠠᠨ ᠤ ᠣᠷᠣᠯᠭ᠎ᠠ ᠶᠢ ᠨᠡᠮᠡᠭᠳᠡᠭᠦᠯᠦᠨ᠎ᠡ︾᠃
W020240221594372422688.jpg
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号