1. ᠰᠢᠨᠵᠢ ᠲᠡᠮᠳᠡᠭ | ᠲᠣᠰ ᠡᠪᠡᠳᠴᠢᠨ ᠬᠡᠵᠢᠶᠡᠳᠡ ᠤᠷᠢᠳᠠᠪᠠᠷ ᠵᠢᠮᠢᠰ ᠤᠨ ᠪᠠᠷᠢᠭᠤᠯ ᠳᠡᠭᠡᠷ᠎ᠡ ᠡᠪᠡᠳᠴᠢᠨ ᠡᠭᠦᠰᠴᠦ᠂ ᠡᠬᠢᠯᠡᠭᠡᠳ | ᠤᠰᠣᠳᠤᠭᠰᠠᠨ ᠮᠠᠶ᠋ᠢᠭ ᠤᠨ ᠬᠥᠶᠦᠬᠡᠨ ᠬᠦᠷᠡᠩ ᠥᠩᠭᠡᠲᠡᠢ ᠡᠮᠬᠢ ᠵᠠᠮᠪᠠᠷᠠᠭ᠎ᠠ ᠦᠭᠡᠢ ᠡᠪᠡᠳᠴᠢᠨ ᠤ ᠲᠣᠯᠪᠤ ᠭᠠᠷᠴᠤ᠂ | ᠠᠭᠠᠵᠢᠮ ᠢᠶᠠᠷ ᠵᠢᠮᠢᠰ ᠤᠨ ᠮᠥᠬᠦᠯᠢᠭ ᠵᠦᠭ ᠲᠠᠷᠬᠠᠵᠲ᠋ᠡᠯᠡᠷᠡᠳᠡᠭ᠃ ᠵᠢᠮᠢᠰᠦᠨ ᠣᠴᠣᠭᠤᠷ ᠬᠡᠰᠡᠭ ᠨᠢ ᠤᠷᠢᠲᠠᠪᠠᠷ | ᠭᠦᠶᠦᠬᠡᠨ ᠬᠦᠷᠡᠩ ᠥᠩᠭᠡᠲᠡᠢ ᠪᠣᠯᠵᠤ ᠬᠤᠪᠢᠷᠠᠵᠤ ᠢᠯᠵᠠᠷᠠᠳᠠᠭ᠂ ᠳᠠᠷᠠᠭ᠎ᠠ ᠪᠠᠷ ᠪᠥᠬᠦ ᠵᠢᠮᠢᠰ ᠨᠢ ᠬᠦᠷᠡᠩ | ᠥᠩᠭᠡᠲᠡᠢ ᠪᠣᠯᠵᠤ ᠢᠯᠵᠠᠷᠠᠭᠠᠳ ᠵᠢᠮᠢᠰ ᠤᠨ ᠪᠠᠷᠢᠭᠤᠯ ᠤᠨ ᠡᠰᠢ ᠨᠢ ᠦᠬᠦᠰᠢᠷᠡᠵᠦ ᠬᠠᠳᠠᠳᠠᠭ᠃ ᠡᠪᠡᠳᠴᠢᠲᠡᠢ | ᠵᠢᠮᠢᠰ ᠨᠢ ᠠᠭᠠᠵᠢᠮ ᠢᠶᠠᠷ ᠤᠰᠤ ᠠᠯᠳᠠᠵᠤ ᠬᠠᠲᠠᠵᠤ ᠠᠪᠴᠢᠭᠠᠳ ᠭᠦᠨ ᠬᠦᠷᠡᠩ ᠥᠩᠭᠡᠲᠡᠢ ᠮᠣᠳᠣᠯᠢᠭ ᠵᠢᠮᠢᠰ | ᠪᠣᠯᠳᠠᠭ᠂ ᠡᠪᠡᠳᠴᠢᠨ ᠨᠢ ᠬᠦᠨᠳᠦᠷᠡᠬᠦ ᠦᠶ᠎ᠡ ᠳᠤ ᠪᠥᠬᠦ ᠲᠦᠷᠦᠭᠦᠦ ᠨᠢ ᠢᠯᠴᠠᠷᠠᠳᠠᠭ᠃ | ᠮᠥᠴᠢᠷ ᠲᠤ ᠡᠪᠡᠳᠴᠢᠨ ᠡᠭᠦᠰᠬᠦ ᠨᠢ ᠶᠡᠷᠦ ᠳᠡᠭᠡᠨ ᠣᠷᠣᠢ ᠳᠠᠷᠤᠬᠤ ᠬᠡᠰᠡᠭ ᠪᠤᠶᠤ ᠮᠧᠬᠠᠨᠢᠭ ᠰᠢᠷᠬᠠᠨ ᠤ | ᠬᠡᠰᠡᠭ ᠲᠤ ᠢᠯᠡᠷᠡᠵᠦ᠂ ᠰᠢᠨ᠎ᠡ ᠮᠥᠴᠢᠷ ᠤᠨ ᠡᠪᠡᠳᠴᠢᠨ ᠤ ᠲᠣᠯᠪᠤ ᠨᠢ ᠣᠰᠤᠳᠤᠭᠰᠠᠨ ᠮᠠᠶ᠋ᠢᠭ ᠤᠨ ᠶᠠᠭᠠᠨ | ᠬᠦᠷᠡᠩ ᠦᠩᠭᠡᠳᠡᠢ᠂ ᠭᠥᠪᠡᠭᠡ ᠨᠢ ᠭᠦᠨ ᠬᠦᠷᠡᠩ ᠥᠩᠭᠡᠲᠡᠢ᠃ ᠡᠪᠡᠳᠴᠢᠨ ᠤ ᠲᠣᠯᠪᠤ ᠨᠢ ᠬᠤᠶᠠᠷ ᠦᠵᠦᠭᠦᠷ | ᠵᠦᠭ ᠢᠶᠠᠨ ᠬᠥᠭᠵᠢᠬᠦ ᠨᠢ ᠮᠠᠰᠢ ᠲᠦᠷᠭᠡᠨ ᠪᠠᠶᠢᠳᠠᠭ᠂ ᠰᠡᠭᠦᠯᠴᠢ ᠶᠢᠨ ᠬᠤᠭᠤᠴᠠᠭ᠎ᠠ ᠪᠣᠯᠪᠠᠯ ᠪᠦᠳᠡᠬᠢ ᠬᠦᠷᠡᠩ | ᠥᠩᠭᠡᠲᠡᠢ ᠪᠣᠯᠵᠤ ᠬᠤᠲᠣᠶᠢᠳᠠᠭ᠂ ᠥᠩᠭᠡᠨ ᠲᠠᠯ᠎ᠠ ᠳᠤᠨᠢ ᠨᠢᠭ᠋ ᠣᠷᠭᠤᠭᠰᠠᠨ ᠰᠡᠷᠡᠯ ᠥᠩᠭᠡ ᠶᠢᠨ ᠵᠢᠵᠢᠭ | ᠮᠥᠬᠦᠯᠢᠭᠲᠦ ᠲᠤᠰᠤᠯ ᠲᠠᠢ᠃ ᠡᠪᠡᠳᠴᠢᠨ ᠤ ᠲᠣᠯᠪᠤ ᠨᠢ ᠮᠥᠴᠢᠷ ᠢ ᠨᠢᠭᠡ ᠳᠤᠭᠤᠶᠢᠯᠠᠵᠤ ᠴᠠᠭᠠᠷᠢᠭᠯᠠᠬᠤ ᠦᠶ᠎ᠡ ᠳᠤ᠂ | ᠲᠡᠭᠦᠨ ᠤ ᠳᠡᠭᠡᠷᠡᠬᠢ ᠬᠡᠰᠡᠭ ᠤᠨ ᠨᠠᠪᠴᠢᠨ ᠢᠯᠳᠠᠰᠤ ᠨᠢ ᠥᠭᠦᠰᠢᠷᠡᠨ ᠰᠢᠷᠡᠯᠡᠵᠦ ᠤᠯᠠᠮ ᠢᠶᠠᠷ ᠬᠠᠲᠠᠵᠤ | ᠦᠬᠦᠳᠡᠭ᠃ ᠰᠡᠭᠦᠯᠴᠢ ᠶᠢᠨ ᠬᠤᠭᠤᠴᠠᠭᠠᠨ ᠳᠤ ᠪᠣᠯᠪᠠᠯ ᠡᠪᠡᠳᠴᠢᠳᠠᠢ ᠬᠠᠯᠢᠰᠤ ᠨᠢ ᠬᠡᠵᠢᠶᠡᠳᠡ ᠰᠢᠷᠬᠡᠭ | ᠬᠡᠯᠪᠡᠷᠢᠲᠡᠢ ᠭᠤᠯᠲᠤ ᠪᠠᠷ ᠬᠠᠭᠠᠷᠠᠵᠤ᠂ ᠮᠣᠳᠣᠯᠢᠭ ᠬᠡᠰᠡᠭ ᠨᠢ ᠰᠠᠯᠵᠤ ᠭᠠᠷᠳᠠᠭ᠃ | ᠨᠡᠪᠴᠢᠨ ᠢᠯᠳᠠᠰᠤᠨ ᠳᠤ ᠡᠪᠡᠳᠴᠢᠨ ᠬᠠᠯᠳᠠᠪᠤᠷᠢᠯᠠᠪᠠᠯ ᠤᠷᠢᠲᠠᠪᠠᠷ ᠨᠡᠪᠴᠢᠨ ᠤ ᠦᠵᠦᠭᠦᠷ᠂ ᠨᠡᠪᠴᠢᠨ | ᠬᠥᠪᠡᠭᠡ ᠠᠴᠠ ᠡᠬᠢᠯᠡᠵᠦ ᠨᠡᠪᠴᠢᠨ ᠤ ᠬᠥᠪᠡᠭᠡ ᠳᠡᠭᠡᠷ᠎ᠡ ᠨᠢ ᠰᠢᠷ᠎ᠠ ᠬᠦᠷᠡᠩ ᠥᠩᠭᠡᠲᠡᠢ ᠡᠪᠡᠳᠴᠢᠨ ᠤ ᠲᠣᠯᠪᠤ | ᠡᠭᠦᠰᠴᠦ᠂ ᠢᠷᠮᠡᠭ ᠨᠢ ᠤᠰᠤᠳᠤᠭᠰᠠᠨ ᠮᠠᠶ᠋ᠢᠭᠳᠠᠢ᠂ ᠡᠨᠡᠨᠢ ᠢᠳᠡᠭ ᠢᠳᠡᠭ ᠢᠶᠠᠷ ᠨᠡᠪᠴᠢᠨ ᠢᠯᠲᠡᠰᠦ ᠶᠢᠨ ᠲᠥᠪ | ᠬᠡᠰᠡᠭ ᠤᠷᠤᠭᠤ ᠬᠥᠭᠵᠢᠵᠦ᠂ ᠲᠣᠮᠣ ᠬᠡᠯᠪᠡᠷᠢ ᠶᠢᠨ ᠲᠤᠭᠤᠷᠢᠭᠯᠢᠭ ᠬᠡᠯᠪᠡᠷᠢᠲᠡᠢ ᠭᠦᠶᠦᠬᠡᠨ ᠬᠦᠷᠡᠩ ᠥᠩᠭᠡ ᠶᠢᠨ | ᠡᠪᠡᠳᠴᠢᠨ ᠤ ᠲᠣᠯᠪᠤ ᠪᠦᠷᠢᠯᠳᠦᠵᠦ᠂ ᠢᠢᠯᠡᠷᠬᠡᠢ ᠪᠤᠰᠤ ᠨᠢᠭᠡ ᠭᠤᠯᠲᠤ ᠴᠠᠭᠠᠷᠢᠭ ᠨᠠᠷ ᠲᠠᠢ᠃ ᠡᠪᠡᠳᠴᠢᠲᠡᠢ | ᠨᠡᠪᠴᠢᠨ ᠳᠡᠭᠡᠷ᠎ᠡ ᠪᠠᠰᠠ ᠰᠡᠷᠡᠯ ᠥᠩᠭᠡ ᠶᠢᠨ ᠵᠢᠵᠢᠭ ᠮᠥᠬᠦᠯᠢᠭᠲᠦ ᠲᠤᠰᠣᠯ ᠲᠠᠢ᠂ ᠡᠨᠡ ᠨᠢ ᠨᠡᠪᠴᠢᠨ ᠤ ᠭᠥᠪᠡᠭᠡ | ᠪᠠᠷ ᠠᠷᠪᠢᠨ ᠪᠠᠶᠢᠳᠠᠭ᠃ ᠡᠪᠡᠳᠴᠢᠲᠡᠢ ᠨᠡᠭᠡᠳᠡᠰᠦ ᠨᠢ ᠬᠠᠲᠠᠵᠤ ᠦᠬᠦᠰᠢᠷᠡᠭᠰᠡᠨ ᠤ ᠳᠠᠷᠠᠭ᠎ᠠ ᠠᠮᠠᠷᠬᠠᠨ ᠬᠠᠭᠠᠷᠠᠯ | ᠡᠭᠦᠰᠳᠡᠭ᠃ | 2. ᠰᠡᠷᠭᠡᠶᠢᠯᠡᠨ ᠵᠠᠰᠠᠬᠤ ᠠᠷᠭ᠎ᠠ | (1) ᠣᠷᠭᠤᠴᠠ ᠶᠢᠨ ᠤᠯᠠᠷᠢᠯ ᠳᠤ ᠡᠪᠡᠳᠴᠢᠲᠡᠢ ᠵᠢᠮᠢᠰ᠂ ᠡᠪᠡᠳᠴᠢᠲᠡᠢ ᠨᠡᠪᠴᠢ᠂ ᠡᠪᠡᠳᠴᠢᠲᠡᠢ ᠤᠷᠢᠶᠠᠩᠭᠤ | ᠶᠢ ᠨᠢ ᠬᠠᠶᠢᠴᠢᠯᠠᠨ ᠠᠪᠴᠤ ᠴᠡᠪᠡᠷᠯᠡᠵᠦ ᠠᠷᠢᠯᠭᠠᠨ᠎ᠠ᠂ ᠨᠠᠮᠤᠷ ᠤᠨ ᠤᠯᠠᠷᠢᠯ ᠳᠤ ᠨᠡᠪᠴᠢ ᠵᠤᠯᠭᠠᠷᠠᠭᠰᠠᠨ ᠤ ᠳᠠᠷᠠᠭ᠎ᠠ | ᠵᠢᠮᠢᠰ ᠤᠨ ᠬᠦᠷᠢᠶᠡᠯᠡᠩ ᠢᠶᠠᠨ ᠴᠡᠪᠡᠷᠯᠡᠨ ᠠᠷᠢᠯᠭᠠᠵᠤ᠂ ᠡᠪᠡᠳᠴᠢᠲᠡᠢ ᠦᠯᠡᠳᠡᠭᠳᠡᠯ ᠪᠣᠳᠠᠰ ᠢ ᠨᠢ ᠴᠤᠭᠯᠠᠭᠤᠯᠵᠤ | ᠰᠢᠳᠠᠭᠠᠨ᠎ᠠ᠃ | (2) ᠵᠢᠮᠢᠰ ᠰᠠᠭᠤᠬᠤ ᠬᠡᠰᠡᠭ ᠢ ᠨᠢ ᠳᠡᠭᠡᠭᠰᠢᠯᠡᠭᠦᠯᠵᠦ᠂ ᠬᠥᠷᠥᠰᠥ ᠰᠢᠷᠣᠢ ᠶᠢᠨ ᠡᠪᠡᠳᠴᠢᠨ ᠤ ᠪᠠᠺᠲ᠋ᠧᠷᠢ | ᠬᠠᠯᠳᠠᠵᠤ ᠬᠠᠯᠳᠠᠪᠤᠷᠢᠯᠠᠬᠤ ᠶᠢ ᠪᠠᠭᠠᠰᠠᠬᠠᠨ᠎ᠠ᠃ | (3) ᠵᠣᠨ ᠤ ᠤᠯᠠᠷᠢᠯ ᠳᠤ ᠴᠠᠭ ᠲᠤᠬᠠᠢ ᠳᠤᠨᠢ ᠬᠠᠶᠢᠴᠢᠯᠠᠨ ᠵᠠᠰᠠᠵᠤ᠂ ᠨᠡᠪᠴᠢ ᠤᠷᠢᠶᠠᠩᠭᠤ ᠶᠢᠨ | ᠬᠤᠭᠤᠷᠣᠨᠳᠤ ᠰᠠᠯᠬᠢ ᠨᠡᠪᠲᠠᠷᠠᠵᠤ ᠭᠡᠷᠡᠯ ᠲᠣᠰᠬᠤ ᠨᠢ ᠰᠠᠶᠢᠨ ᠪᠠᠶᠢᠬᠤ ᠶᠢ ᠪᠠᠳᠤᠯᠠᠬᠤ ᠬᠡᠷᠡᠭᠲᠡᠢ᠃ | (4) ᠡᠪᠡᠳᠴᠡᠨ ᠡᠭᠦᠰᠬᠦ ᠠᠴᠠ ᠡᠮᠦᠨ᠎ᠡ ᠵᠢᠶᠠᠰᠠᠨ ᠤ ᠳᠣᠣᠷ᠎ᠠ ᠨᠢ ᠡᠮ ᠰᠠᠴᠤᠵᠤ ᠪᠠᠺᠲ᠋ᠧᠷᠢ ᠶᠢ | ᠤᠰᠠᠳᠬᠠᠨ᠎ᠠ᠃ ᠡᠭᠦᠨ ᠳᠤ ᠬᠤᠣᠰ ᠹᠧᠷᠮᠠᠨ 1 ᠬᠤᠪᠢ᠂ ᠬᠥᠬᠦᠷ ᠤᠨ ᠲᠠᠯᠬ᠎ᠠ 1 ᠬᠤᠪᠢ᠂ ᠨᠡᠭᠦᠷᠡᠰᠦ ᠬᠦᠴᠢᠯ | ᠤᠨ ᠺᠠᠯᠼ 2 ᠬᠤᠪᠢ᠂ ᠡᠲᠡᠭᠡᠷ ᠢ ᠵᠢᠭᠳᠡ ᠬᠤᠯᠢᠵᠤ ᠨᠡᠶᠢᠯᠡᠭᠦᠯᠦᠭᠡᠳ ᠡᠾᠧᠺᠲ᠋ᠠᠷ ᠪᠦᠷᠢ ᠳᠤ 15~30 | ᠭᠢᠯᠣᠭ᠍ᠷᠡᠮ ᠬᠤᠯᠢᠵᠤ ᠨᠡᠶᠢᠯᠡᠭᠦᠯᠦᠭᠰᠡᠨ ᠡᠮ ᠤᠨ ᠲᠠᠯᠬ᠎ᠠ ᠰᠠᠴᠤᠵᠤ ᠣᠷᠣᠭᠤᠯᠤᠨ᠎ᠠ᠃ | (5) ᠡᠮ ᠰᠦᠷᠴᠢᠵᠦ ᠬᠠᠮᠠᠭᠠᠯᠠᠨ᠎ᠠ᠃ ᠠᠩᠬ᠎ᠠ ᠡᠪᠡᠳᠴᠢᠨ ᠡᠭᠦᠰᠦᠭᠰᠡᠨ ᠦᠶ᠎ᠡ ᠳᠤ ᠡᠬᠢᠯᠡᠵᠦ ᠡᠮ | ᠰᠦᠷᠴᠢᠨ᠎ᠡ᠂ ᠢᠩᠭᠢᠭᠡᠳ 10—15 ᠡᠲᠦᠷ ᠲᠤ 1 ᠤᠳᠠᠭ᠎ᠠ ᠰᠦᠷᠴᠢᠵᠦ᠂ ᠨᠡᠶᠢᠲᠡ 3—5 ᠤᠳᠠᠭ᠎ᠠ | ᠰᠦᠷᠴᠢᠨ᠎ᠡ᠃ ᠦᠵᠦᠮ ᠤᠨ ᠴᠠᠶᠢᠷᠠᠵᠤ ᠢᠯᠵᠠᠷᠠᠬᠤ ᠡᠪᠡᠳᠴᠢᠨ ᠢ ᠰᠡᠷᠭᠡᠶᠢᠯᠡᠨ ᠵᠠᠰᠠᠬᠤ ᠦᠢᠯᠡᠳᠦᠯ ᠲᠠᠢ ᠡᠮ ᠪᠣᠯ | 50% ᠶᠢᠨ ᠬᠤᠣᠰ ᠹᠧᠷᠮᠠ ᠶᠢᠨ ᠴᠢᠭᠢᠭᠳᠦᠮᠡᠭᠡᠢ ᠳᠠᠯᠬ᠎ᠠ 500 ~ 800 ᠲᠠᠬᠢᠨᠤ ᠠᠭᠤᠰᠤᠮᠠᠯ᠃ 70% | ᠶᠢᠨ ᠳ᠋ᠢᠼᠠᠨ ᠮᠠᠩᠭᠠᠨᠲᠤ ᠴᠠᠶᠢᠷ ᠤᠨ ᠴᠢᠭᠢᠭᠳᠦᠮᠡᠭᠡᠢ ᠳᠠᠯᠬ᠎ᠠ 600~800 ᠲᠠᠬᠢᠨ ᠠᠭᠤᠰᠤᠮᠠᠯ᠃ 50% ᠶᠢᠨ | ᠲᠦᠢ ᠵᠢᠶᠦ᠋ᠨ ᠲᠧ ᠴᠢᠭᠢᠭᠳᠦᠮᠡᠭᠡᠢ ᠲᠠᠯᠬ᠎ᠠ 800~1000 ᠲᠠᠬᠢᠨ ᠠᠭᠤᠰᠤᠮᠠᠯ ᠵᠡᠷᠭᠡ ᠪᠤᠢ᠃ | | |