᠎ ᠪᠠᠷ ᠴᠡᠴᠡᠭ
ᠨᠡᠶᠢᠲᠡᠯᠡᠭᠰᠡᠨ ᠴᠠᠭ᠄
2024/4/9
      ᠣᠯᠠᠨ ᠨᠠᠰᠤᠲᠤ ᠡᠪᠡᠰᠦᠯᠢᠭ ᠭᠠᠩᠰᠠᠭ ᠳᠤᠮᠳᠠᠰᠠᠭ ᠤᠷᠭᠤᠮᠠᠯ᠃ ᠤᠶᠢᠳᠤ ᠪᠡᠯᠴᠢᠭᠡᠷ᠂ ᠠᠭᠤᠯᠠᠷᠬᠠᠭ ᠭᠠᠵᠠᠷ ᠎ ᠤᠨ ᠪᠡᠯᠴᠢᠭᠡᠷ᠂ ᠨᠡᠶᠢᠲᠡᠯᠢᠭ ᠪᠡᠯᠴᠢᠭᠡᠷ ᠤᠨ ᠪᠦᠰᠡᠨ ᠳᠠᠬᠢ ᠨᠤᠭᠤ ᠪᠡᠯᠴᠢᠭᠡᠷ᠂ ᠡᠯᠡᠰᠦᠷᠬᠡᠭ ᠪᠡᠯᠴᠢᠭᠡᠷ ᠵᠢᠴᠢ ᠪᠤᠳᠡ ᠰᠦᠬᠡᠭ ᠢᠶᠠᠷ ᠣᠷᠭᠤᠨ᠎ᠠ᠃ ᠨᠣᠭᠤ ᠪᠡᠯᠴᠢᠭᠡᠷ ᠲᠤ ᠦᠷᠭᠦᠯᠵᠢ ᠲᠣᠬᠢᠶᠠᠯᠳᠤᠳᠠᠭ ᠬᠤᠯᠢᠮᠠᠭ ᠡᠪᠡᠰᠦ ᠪᠣᠯᠣᠨ᠎ᠠ᠃ ᠮᠠᠨ ᠤ ᠣᠷᠣᠨ ᠤ ᠬᠢᠩᠭᠠᠨ ᠤ ᠬᠤᠶᠢᠲᠤ ᠬᠡᠰᠡᠭ᠂ ᠬᠢᠩᠭᠠᠨ ᠤ ᠡᠮᠦᠨᠡᠲᠦ ᠬᠡᠰᠡᠭ᠂ ᠳᠠᠪᠠᠭᠠᠨ ᠤ ᠵᠡᠭᠦᠨ ᠲᠣᠭᠤᠷᠢᠭ᠂ ᠳᠠᠪᠠᠭᠠᠨ ᠤ ᠪᠠᠷᠠᠭᠤᠨ ᠲᠣᠭᠤᠷᠢᠭ᠂ ᠯᠢᠶᠣᠤ ᠾᠧ ᠭᠤᠣᠯ ᠤᠨ ᠲᠠᠯ᠎ᠠ ᠭᠠᠵᠠᠷ᠂ ᠶᠠᠨᠱᠠᠨ ᠠᠭᠤᠯᠠᠨ ᠤ ᠬᠤᠶᠢᠲᠤ ᠬᠡᠰᠡᠭ᠂ ᠬᠦᠯᠦᠨ ᠪᠤᠶᠢᠷ — ᠰᠢᠯᠢ ᠶᠢᠨ ᠭᠤᠣᠯ ᠤᠨ ᠥᠨᠳᠦᠷᠯᠢᠭ ᠤᠨ ᠵᠡᠭᠦᠨ ᠡᠮᠦᠨᠡᠲᠦ ᠬᠡᠰᠡᠭ᠂ ᠤᠯᠠᠭᠠᠨᠴᠠᠪ ᠎ ᠤᠨ ᠡᠮᠦᠨᠡᠲᠦ ᠬᠡᠰᠡᠭ᠂ ᠮᠤᠨᠢ ᠠᠭᠤᠯᠠ ᠶᠢᠨ ᠲᠣᠭᠤᠷᠢᠭ᠂ ᠮᠤᠨᠢ ᠠᠭᠤᠯᠠ ᠶᠢᠨ ᠥᠪᠥᠷ ᠲᠠᠬᠢ ᠲᠣᠣ ᠳᠣᠪᠣᠷᠴᠠᠭ᠂ ᠤᠷᠳᠤᠰ ᠲᠣᠭᠤᠷᠢᠭ ᠢᠶᠠᠷ ᠣᠷᠭᠤᠯᠲᠠ ᠲᠠᠢ᠃ ᠮᠠᠨ ᠤᠯᠤᠰ ᠤᠨ ᠵᠡᠭᠦᠨ ᠬᠤᠶᠢᠲᠤ ᠣᠷᠣᠨ᠂ ᠤᠮᠠᠷᠠᠲᠤ ᠣᠷᠣᠨ᠂ ᠪᠠᠷᠠᠭᠤᠨ ᠡᠮᠦᠨᠡᠲᠦ ᠣᠷᠣᠨ ᠢᠶᠠᠷ ᠳᠠᠷᠬᠠᠨ᠂ ᠮᠣᠩᠭᠤᠯ ᠤᠯᠤᠰ᠂ ᠤᠷᠤᠰ ᠤᠨ ᠰᠢᠪᠧᠷᠢᠶ᠎ᠡ ᠪᠠᠷ ᠪᠠᠰᠠ ᠲᠠᠷᠬᠠᠵᠤ ᠪᠠᠶᠢᠳᠠᠭ᠃ ᠭᠡᠷ ᠤᠨ ᠲᠡᠵᠢᠭᠡᠪᠦᠷᠢ ᠪᠠᠷᠤᠭ ᠢᠳᠡᠬᠦ ᠦᠭᠡᠢ ᠶᠤᠮ᠃ ᠲᠡᠭᠦᠨ ᠢ ᠢᠳᠡᠪᠡᠯ ᠮᠠᠯ ᠲᠡᠵᠢᠭᠡᠪᠦᠷᠢ ᠵᠠᠷᠢᠮ ᠎ ᠳᠠᠭᠠᠨ ᠬᠤᠣᠷᠠᠳᠠᠭᠳᠠᠬᠤ᠂ ᠠᠮᠢᠰᠬᠤᠭ᠎ᠠ ᠠᠪᠬᠤ ᠳᠤ ᠬᠦᠴᠢᠷᠲᠡᠬᠦ᠂ ᠴᠢᠰᠤᠨ ᠤ ᠡᠷᠭᠢᠯᠲᠡ ᠳᠤᠨᠢ ᠰᠠᠭᠠᠳ ᠤᠴᠠᠷᠠᠬᠤ᠂ ᠵᠢᠷᠦᠬᠡ᠂ ᠮᠠᠳᠠᠷᠠᠯ᠂ ᠪᠤᠯᠴᠢᠩ ᠮᠢᠬ᠎ᠠ ᠨᠢ ᠮᠢᠨᠴᠦᠭᠦᠷᠡᠨ ᠲᠠᠲᠠᠪᠠᠯᠵᠠᠳᠠᠭ᠃ ᠪᠦᠭᠦᠯᠢ ᠡᠪᠡᠰᠦ ᠨᠢ ᠡᠮ ᠎ ᠳᠤ ᠣᠷᠣᠵᠤ᠂ ᠡᠪᠡᠳᠬᠦ ᠶᠢ ᠵᠣᠭᠰᠣᠭᠠᠬᠤ ᠪᠤᠶᠤ ᠬᠤᠷᠣᠬᠠᠢ ᠠᠯᠠᠬᠤ ᠦᠢᠯᠡᠳᠦᠯ ᠲᠠᠢ᠃ ᠭᠠᠳᠠᠷ ᠬᠡᠷᠡᠭᠯᠡᠵᠦ ᠰᠢᠳᠦ ᠡᠪᠡᠳᠬᠦ ᠶᠢ ᠵᠠᠰᠠᠳᠠᠭ᠃ ᠮᠣᠩᠭᠤᠯ ᠡᠮ ᠳᠤ ᠬᠡᠷᠡᠭᠯᠡᠪᠡᠯ ᠭᠤᠣᠯᠳᠠᠭᠤ ᠭᠡᠳᠡᠰᠦᠨ ᠤ ᠦᠷᠪᠢᠰᠦᠯ᠂ ᠰᠠᠭᠤᠯᠭᠠᠬᠤ ᠶᠢ ᠵᠡᠰᠡᠨ᠎ᠡ᠃ ᠴᠡᠴᠡᠭ ᠨᠢ ᠲᠣᠮᠣ ᠪᠥᠭᠡᠳ ᠰᠣᠷᠭᠤᠭ ᠪᠣᠯᠬᠤᠷ ᠦᠵᠡᠮᠦᠷᠢ ᠶᠢᠨ ᠴᠡᠴᠡᠭ ᠪᠣᠯᠭᠠᠵᠤ ᠪᠣᠯᠣᠨ᠎ᠠ᠃
5b7cd84329947.jpg
2015082604334627164323.jpg
 
ᠢᠷᠡᠯᠲᠡ᠄ ᠦᠪᠦᠷ ᠮᠤᠩᠭᠤᠯ ᠤᠨ ᠬᠡᠭᠡᠷ᠎ᠡ ᠶᠢᠨ ᠤᠷᠭᠤᠮᠠᠯ ᠤᠨ ᠵᠢᠷᠤᠭᠲᠤ ᠲᠤᠯᠠᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号