᠎ ᠶᠢᠨ ᠰᠢᠩ
ᠨᠡᠶᠢᠲᠡᠯᠡᠭᠰᠡᠨ ᠴᠠᠭ᠄
2024/5/21
   ᠡᠨᠡ ᠪᠤᠯ ᠨᠢᠭᠡ ᠵᠦᠢᠯ ᠤᠨ ᠤᠷᠤᠨ ᠨᠤᠲᠤᠭ ᠤᠨ ᠡᠭᠦᠯᠳᠡᠷ ᠮᠦᠨ᠃ ᠮᠠᠨ ᠤ ᠤᠷᠤᠨ ᠤ ᠲᠦᠮᠡᠳ ᠪᠠᠷᠠᠭᠤᠨ ᠬᠤᠰᠢᠭᠤᠨ ᠤ ᠭᠸᠦ ᠮᠸᠧᠨ᠂ ᠱᠠ ᠲᠦᠸᠧ ᠭᠸᠦ ᠪᠠᠷᠢᠭᠠᠳᠠ ᠳᠤ ᠪᠤᠶᠢᠵᠢᠭᠤᠯᠤᠭᠰᠠᠨ ᠲᠦᠷᠦᠯ ᠵᠦᠢᠯ ᠪᠤᠯᠤᠨ᠎ᠠ᠃   ᠮᠤᠳᠤᠨ ᠤ ᠤᠷᠭᠤᠴᠠ ᠨᠢ ᠢᠳᠡᠷᠡᠬᠦᠨ᠂ ᠲᠦᠷᠰᠦ ᠪᠠᠶᠢᠳᠠᠯ ᠨᠢ ᠳᠡᠯᠭᠡᠭᠦᠦ᠂ ᠵᠠᠶᠢᠯᠠᠭᠠᠳ ᠲᠦᠷᠪᠡᠨ ᠵᠢᠯ ᠪᠤᠯᠤᠭᠰᠠᠭᠠᠷ ᠵᠢᠮᠢᠰ ᠰᠠᠭᠤᠵᠤ ᠡᠬᠢᠯᠡᠳᠡᠭ᠃ ᠳᠤᠯᠤᠭᠠᠨ ᠵᠢᠯ ᠪᠤᠯᠪᠠᠯ ᠦᠷᠨᠢᠬᠦᠨ ᠵᠢᠮᠢᠰᠯᠡᠬᠦ ᠬᠤᠭᠤᠴᠠᠭᠠᠨ ᠳᠤ ᠪᠠᠨ ᠤᠷᠤᠳᠠᠭ᠃ ᠬᠤᠷᠢᠶᠠᠯᠳᠠ ᠨᠢ ᠲᠤᠮᠳᠠ ᠬᠡᠪ᠂ ᠪᠠᠰᠠ ︽ᠵᠢᠯ ᠦᠨᠵᠢᠵᠦ︾ ᠵᠢᠮᠢᠰᠯᠡᠬᠦ ᠦᠵᠡᠭᠳᠡᠯ ᠲᠠᠢ᠃   ᠦᠷ᠎ᠡ ᠵᠢᠮᠢᠰ ᠨᠢ ᠳᠤᠮᠤ᠂ ᠳᠤᠮᠳᠠᠴᠢ ᠬᠦᠨᠳᠦ ᠨᠢ 27.8 g᠂ ᠲᠤᠭᠤᠷᠢᠭ ᠬᠡᠯᠪᠡᠷᠢᠳᠠᠢ᠂ ᠵᠢᠮᠢᠰ ᠤᠨ ᠬᠠᠯᠢᠰᠤᠨ ᠤ ᠳᠡᠪᠢᠰᠭᠡᠷ ᠦᠩᠭᠡ ᠨᠢ ᠰᠢᠷ᠎ᠠ᠂ ᠳᠡᠭᠡᠷ᠎ᠡ ᠨᠢ ᠤᠯᠠᠭᠠᠨ ᠲᠤᠶᠠᠭ᠎ᠠ ᠰᠢᠭ᠋ ᠲᠤᠰᠤᠯ ᠲᠠᠢ᠃ ᠵᠢᠮᠢᠰ ᠤᠨ ᠬᠠᠯᠢᠰᠤ ᠨᠢ ᠵᠤᠵᠠᠭᠠᠨ᠂ ᠭᠢᠯᠦᠭᠡᠷ᠂ ᠵᠢᠮᠢᠰ ᠤᠨ ᠮᠢᠬ᠎ᠠ ᠨᠢ ᠰᠢᠷ᠎ᠠ ᠦᠩᠭᠡᠳᠡᠢ᠂ ᠵᠤᠵᠠᠭᠠᠨ ᠮᠦᠷᠳᠡᠭᠡᠨ ᠵᠦᠭᠡᠯᠡᠨ᠂ ᠰᠢᠷᠬᠡᠭ ᠡᠳ᠋ ᠴᠦᠬᠡᠨ᠂ ᠰᠢᠬᠢᠷᠯᠢᠭ ᠠᠮᠳᠠᠳᠠᠢ᠂ ᠴᠦᠮ᠎ᠡ ᠨᠢ ᠠᠮᠠᠷᠬᠠᠨ ᠰᠠᠯᠳᠠᠭ᠂ ᠴᠢᠨᠠᠷ ᠴᠢᠨᠰᠠᠭ᠎ᠠ ᠨᠢ ᠳᠡᠭᠡᠳᠦ ᠵᠡᠷᠭᠡ᠂ ᠡᠷᠲᠡ ᠪᠤᠯᠪᠠᠰᠤᠷᠠᠬᠤ ᠡᠭᠦᠯᠳᠡᠷ ᠮᠦᠨ᠃ ᠪᠠᠷᠤᠭ 6 ᠳ᠋ᠤᠭᠠᠷ ᠰᠠᠷ᠎ᠠ ᠶᠢᠨ ᠬᠤᠷᠢᠳ ᠢᠶᠠᠷ ᠪᠤᠯᠪᠠᠰᠤᠷᠠᠨ᠎ᠠ᠃ ᠲᠤᠳᠠᠭᠳᠠᠯ ᠲᠠᠢ ᠲᠠᠯ᠎ᠠ ᠨᠢ ᠬᠦᠢᠲᠡᠨ ᠢ ᠳᠡᠰᠪᠦᠷᠢᠯᠡᠬᠦ ᠴᠢᠨᠠᠷ ᠢᠶᠠᠷ ᠲᠤᠲᠠᠮᠠᠭ᠂ ᠤᠨᠴᠤᠭᠤᠢ ᠬᠦᠢᠲᠠᠨ ᠡᠪᠤᠯ ᠲᠤᠬᠢᠶᠠᠯᠳᠤᠪᠠᠯ ᠴᠡᠴᠡᠭ ᠤᠨ ᠨᠠᠬᠢᠶ᠎ᠠ ᠨᠢ ᠬᠦᠯᠳᠡᠳᠡᠭ᠃ ᠴᠡᠴᠡᠭᠯᠡᠬᠦ ᠬᠤᠭᠤᠴᠠᠭ᠎ᠠ ᠪᠤᠯᠤᠨ ᠨᠢᠷᠠᠢ ᠵᠢᠮᠢᠰ ᠤᠨ ᠬᠤᠭᠤᠴᠠᠭᠠᠨ ᠳᠤ ᠤᠷᠤᠢ ᠶᠢᠨ ᠬᠢᠷᠠᠭᠤ ᠳᠤ ᠬᠦᠨᠦᠭᠡᠭᠳᠡᠨ᠎ᠡ᠃
 
ᠢᠷᠡᠯᠲᠡ᠄ ︽ᠵᠢᠮᠢᠰ ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号