| ᠲᠦᠷᠦᠭᠦᠬᠡᠨ ᠳᠤ᠂ ᠤᠯᠠᠭᠠᠨᠬᠠᠳᠠ ᠬᠤᠲᠠ ︽ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ | ᠲᠣᠭᠲᠠᠯᠴᠠᠭᠠᠨ ᠤ ᠬᠥᠭᠵᠢᠯᠲᠡ ᠶᠢᠨ ᠲᠥᠯᠥᠪᠯᠡᠭᠡ︾ ᠶᠢ ᠵᠢᠩᠬᠢᠨᠢ ᠪᠠᠷ ᠳᠠᠷᠤᠮᠠᠯᠯᠠᠨ ᠲᠠᠷᠬᠠᠭᠠᠵᠤ᠂ ᠪᠥᠬᠦ | ᠬᠤᠲᠠ ᠶᠢᠨ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ ᠬᠥᠭᠵᠢᠯᠲᠡ ᠶᠢᠨ ᠴᠢᠭᠯᠡᠯ ᠪᠠ ᠭᠤᠣᠯᠳᠠᠯᠭ᠎ᠠ ᠶᠢ | ᠰᠢᠨᠵᠢᠯᠡᠬᠦ ᠤᠬᠠᠭᠠᠨᠴᠢ ᠪᠠᠷ ᠲᠥᠯᠥᠪᠯᠡᠨ᠂ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ ᠰᠢᠨᠵᠢᠯᠡᠬᠦ | ᠤᠬᠠᠭᠠᠨᠴᠢᠯᠠᠭᠰᠠᠨ᠂ ᠨᠠᠷᠢᠯᠢᠭᠵᠢᠭᠤᠯᠤᠭᠰᠠᠨ ᠬᠠᠮᠢᠶᠠᠷᠤᠯᠲᠠ ᠶᠢ ᠵᠢᠯᠤᠭᠤᠳᠴᠤ᠂ ᠮᠠᠨ ᠤ ᠤᠯᠤᠰ ᠤᠨ ᠤᠮᠠᠷᠠᠲᠤ ᠶᠢᠨ | ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢᠨ ᠪᠦᠲᠦᠭᠡᠨ ᠪᠠᠶᠢᠭᠤᠯᠤᠯᠲᠠ ᠳᠤ ᠨᠠᠩ ᠰᠠᠶᠢᠨ | ᠦᠢᠯᠡᠴᠢᠯᠡᠵᠦ ᠪᠠᠶᠢᠨ᠎ᠠ᠃ ︽ᠲᠥᠯᠥᠪᠯᠡᠭᠡ︾ ᠶᠢ ᠳᠠᠷᠤᠮᠠᠯᠯᠠᠨ ᠲᠠᠷᠬᠠᠭᠠᠵᠤ ᠬᠡᠷᠡᠭᠵᠢᠭᠦᠯᠦᠭᠰᠡᠨ ᠨᠢ ᠤᠯᠠᠭᠠᠨᠬᠠᠳᠠ | ᠬᠤᠲᠠ ᠶᠢᠨ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ ᠪᠦᠲᠦᠭᠡᠨ ᠪᠠᠶᠢᠭᠤᠯᠤᠯᠲᠠ ᠰᠢᠨ᠎ᠡ ᠳᠡᠭᠲᠡᠷ ᠲᠤ | ᠭᠠᠷᠤᠭᠰᠠᠨ ᠢ ᠬᠠᠷᠠᠭᠤᠯᠵᠤ ᠪᠠᠶᠢᠨ᠎ᠠ᠃ | ︽ᠲᠥᠯᠥᠪᠯᠡᠭᠡ︾ ᠨᠢ ᠰᠢ ᠶᠢᠨ ᠫᠢᠩ ᠤᠨ ᠠᠮᠢ ᠠᠬᠤᠢ ᠶᠢᠨ ᠪᠣᠯᠪᠠᠰᠤᠨ ᠤ ᠦᠵᠡᠯ ᠰᠠᠨᠠᠭ᠎ᠠ ᠪᠠᠷ | ᠵᠢᠯᠣᠭᠤᠳᠤᠯᠭ᠎ᠠ ᠪᠣᠯᠭᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ | ᠪᠠᠲᠤᠳᠬᠠᠬᠤ ᠭᠤᠣᠯ ᠰᠢᠵᠢᠮ ᠲᠠᠢ ᠤᠶᠠᠯᠳᠤᠭᠤᠯᠵᠤ᠂ ᠠᠭᠤᠯᠠ ᠤᠰᠤ ᠤᠢ ᠲᠠᠷᠢᠶ᠎ᠠ ᠨᠠᠭᠤᠷ ᠡᠪᠡᠰᠦ ᠡᠯᠡᠰᠦ ᠶᠢ | ᠨᠢᠭᠡ ᠴᠣᠭᠴᠠᠵᠢᠭᠤᠯᠤᠨ ᠬᠠᠮᠠᠭᠠᠯᠠᠬᠤ ᠪᠠ ᠰᠢᠰᠲ᠋ᠧᠮ ᠲᠠᠢ ᠵᠠᠰᠠᠬᠤ ᠶᠢ ᠪᠠᠷᠢᠮᠲᠠᠯᠠᠵᠤ᠂ ᠪᠠᠶᠢᠭᠠᠯᠢ ᠶᠢᠨ ᠠᠮᠢ | ᠠᠬᠤᠢ ᠶᠢᠨ ᠰᠢᠰᠲ᠋ᠧᠮ ᠤᠨ ᠣᠣᠷ ᠴᠢᠨᠠᠷ ᠪᠠ ᠪᠦᠷᠢᠨ ᠪᠦᠲᠦᠨ ᠴᠢᠨᠠᠷ ᠢ ᠬᠠᠮᠠᠭᠠᠯᠠᠬᠤ ᠪᠠᠨ ᠴᠢᠩᠭᠠᠳᠬᠠᠵᠤ᠂ | ᠤᠯᠠᠭᠠᠨᠬᠠᠳᠠ ᠬᠤᠳᠠ ᠶᠢᠨ ᠣᠷᠣᠨ ᠪᠦᠰᠡ ᠶᠢᠨ ᠬᠥᠭᠵᠢᠯᠲᠡ ᠳᠠᠬᠢ ᠦᠢᠯᠡᠳᠦᠯ ᠢ ᠪᠠᠳᠠᠷᠠᠭᠤᠯᠵᠤ᠂ | ᠦᠷᠭᠦᠯᠵᠢᠯᠡᠬᠦ᠋ᠢᠴᠡ ᠬᠥᠭᠵᠢᠯᠲᠡ ᠶᠢ ᠪᠡᠶᠡᠯᠡᠭᠦᠯᠦᠨ᠎ᠡ᠃ | ︽ᠲᠥᠯᠥᠪᠯᠡᠭᠡ︾ ᠳᠤ ᠪᠥᠬᠦ ᠬᠤᠲᠠ ᠶᠢᠨ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠲᠤ ᠣᠷᠣᠰᠢᠵᠤ ᠪᠠᠶᠢᠭ᠎ᠠ | ᠠᠰᠠᠭᠤᠳᠠᠯ ᠵᠢᠴᠢ ᠲᠤᠯᠭᠠᠷᠠᠵᠤ ᠪᠠᠶᠢᠭ᠎ᠠ ᠲᠣᠬᠢᠶᠠᠯ ᠪᠠ ᠥᠷᠢᠰᠦᠯᠳᠦᠭᠡᠨ ᠢ ᠰᠢᠰᠲ᠋ᠧᠮ ᠲᠠᠢ ᠡᠮᠬᠢᠳᠬᠡᠵᠦ᠂ ᠪᠥᠬᠦ | ᠬᠤᠲᠠ ᠶᠢᠨ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ ᠲᠣᠭᠲᠠᠯᠴᠠᠭᠠᠨ ᠤ ᠪᠠᠶᠢᠭᠤᠯᠤᠯᠲᠠ ᠳᠤ ᠴᠢᠭᠯᠡᠭᠦᠯᠦᠨ᠂ | ᠪᠠᠶᠢᠭᠠᠯᠢ ᠶᠢᠨ ᠡᠬᠢ ᠪᠠᠶᠠᠯᠢᠭ ᠤᠨ ᠨᠢᠭᠡᠳᠦᠯᠲᠡᠢ ᠡᠷᠬᠡ ᠶᠢ ᠨᠤᠲᠠᠯᠠᠨ ᠳᠠᠩᠰᠠᠯᠠᠬᠤ ᠠᠷᠭ᠎ᠠ ᠶᠢ ᠲᠡᠭᠦᠯᠳᠡᠷᠵᠢᠭᠦᠯᠵᠦ᠂ | ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ ᠬᠡᠪᠴᠢᠶ᠎ᠡ ᠶᠢ ᠰᠢᠨᠵᠢᠯᠡᠬᠦ ᠤᠬᠠᠭᠠᠨᠴᠢ ᠪᠥᠭᠡᠳ ᠵᠦᠢ ᠵᠣᠬᠢᠰᠲᠠᠢ | ᠲᠣᠬᠢᠷᠠᠭᠤᠯᠵᠤ᠂ ᠨᠡᠶᠢᠲᠡ ᠶᠢᠨ ᠰᠤᠷᠭᠠᠨ ᠬᠥᠮᠦᠵᠢᠯ ᠤᠨ ᠠᠵᠢᠯ ᠢ ᠪᠦᠲᠦᠮᠵᠢᠲᠡᠶ ᠠᠬᠢᠭᠤᠯᠵᠤ᠂ ᠨᠡᠶᠢᠭᠡᠮ | ᠲᠣᠭᠤᠷᠢᠭ ᠤᠨ ᠬᠥᠭᠵᠢᠯᠲᠡ ᠶᠢᠨ ᠵᠠᠭᠪᠤᠷ ᠪᠠ ᠪᠥᠬᠦ ᠠᠷᠠᠳ ᠢᠶᠠᠷ ᠢᠶᠠᠨ ᠬᠤᠪᠢᠶᠠᠯᠴᠠᠬᠤ ᠲᠣᠭᠲᠠᠴᠠ ᠶᠢ | ᠰᠦᠪᠡᠭᠴᠢᠯᠡᠨ᠎ᠡ ᠭᠡᠵᠦ ᠳᠤᠷᠠᠳᠪᠠ᠃ | ︽ᠲᠥᠯᠥᠪᠯᠡᠭᠡ︾ ᠳᠤ 2035 ᠣᠨ ᠪᠣᠯᠬᠤ ᠳᠤ ᠣᠶᠤᠨᠲᠤ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ | ᠪᠦᠲᠦᠭᠡᠨ ᠪᠠᠶᠢᠭᠤᠯᠤᠯᠲᠠ ᠪᠠ ᠬᠠᠮᠢᠶᠠᠷᠤᠯᠲᠠ ᠶᠢ ᠪᠡᠶᠡᠯᠡᠭᠦᠯᠵᠦ᠂ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ | ᠰᠢᠨᠵᠢᠯᠡᠬᠦ ᠤᠬᠠᠭᠠᠨ ᠰᠤᠳᠤᠯᠭᠠᠨ ᠤ ᠬᠢᠨᠠᠨ ᠰᠢᠨᠵᠢᠬᠦ ᠲᠣᠭᠲᠠᠯᠴᠠᠭ᠎ᠠ ᠶᠢ ᠲᠡᠭᠦᠯᠳᠡᠷᠵᠢᠭᠦᠯᠦᠨ᠂ ᠠᠮᠢᠳᠤ ᠪᠣᠳᠠᠰ ᠤᠨ | ᠣᠯᠠᠨ ᠶᠠᠩᠵᠤᠲᠤ ᠴᠢᠨᠠᠷ ᠤᠨ ᠣᠷᠳᠣ ᠬᠤᠭᠤᠴᠠᠭᠠᠨ ᠤ ᠬᠢᠨᠠᠨ ᠰᠢᠨᠵᠢᠯᠲᠡ ᠶᠢ ᠠᠬᠢᠭᠤᠯᠤᠨ᠎ᠠ᠃ ᠪᠥᠬᠦ ᠬᠤᠲᠠ ᠶᠢᠨ | ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ ᠤᠨ ᠬᠠᠮᠢᠶᠠᠷᠤᠯᠲᠠ ᠶᠢᠨ ᠴᠢᠳᠠᠮᠵᠢ᠂ ᠶᠠᠰᠤ ᠴᠢᠨᠠᠷ ᠪᠠ ᠠᠮᠢ ᠠᠬᠤᠢ ᠶᠢᠨ | ᠪᠦᠲᠦᠭᠡᠭᠳᠡᠬᠦᠨ ᠤ ᠬᠠᠩᠭᠠᠯᠭ᠎ᠠ ᠶᠢᠨ ᠴᠢᠳᠠᠪᠤᠷᠢ ᠨᠢ ᠥᠪᠡᠷᠲᠡᠭᠡᠨ ᠵᠠᠰᠠᠬᠤ ᠣᠷᠣᠨ ᠤ ᠲᠡᠷᠢᠭᠦᠨ ᠲᠦᠪᠰᠢᠨ ᠳᠤ | ᠬᠦᠷᠴᠦ᠂ ᠠᠮᠢ ᠠᠬᠤᠢ᠂ ᠨᠡᠶᠢᠭᠡᠮ ᠪᠠ ᠠᠵᠤ ᠠᠬᠤᠢ ᠶᠢᠨ ᠢᠯᠡᠳᠲᠡ ᠦᠷ᠎ᠡ ᠠᠰᠢᠭ ᠢ ᠠᠪᠴᠢᠷᠠᠨ᠂ ᠮᠠᠨ ᠤ | ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠦᠨ᠎ᠡ ᠥᠷᠲᠡᠭ ᠲᠠᠢ ᠣᠷᠣᠨ ᠪᠦᠰᠡ᠂ ᠪᠥᠬᠦ | ᠠᠷᠠᠳ ᠢᠶᠠᠷ ᠢᠶᠠᠨ ᠬᠤᠪᠢᠶᠠᠯᠴᠠᠬᠤ ᠠᠮᠢ ᠠᠬᠤᠢ ᠶᠢᠨ ᠪᠡᠶᠡᠴᠢᠯᠡᠨ ᠥᠩᠭᠡᠷᠡᠭᠡᠬᠦ ᠣᠷᠣᠨ ᠪᠣᠯᠤᠭᠰᠠᠨ ᠪᠠᠶᠢᠨ᠎ᠠ ᠭᠡᠵᠦ | ᠳᠤᠷᠠᠳᠴᠠᠢ᠃ ᠤᠯᠠᠭᠠᠨᠬᠠᠳᠠ ᠬᠤᠳᠠ ᠳᠤ ᠤᠢ ᠰᠢᠭᠤᠢ᠂ ᠲᠠᠯ᠎ᠠ ᠨᠤᠲᠤᠭ᠂ ᠨᠤᠭᠤ ᠭᠠᠵᠠᠷ᠂ ᠭᠤᠣᠯ | ᠮᠥᠷᠡᠨ᠂ ᠨᠠᠭᠤᠷ ᠴᠥᠭᠦᠷᠥᠮ᠂ ᠡᠯᠡᠰᠦ ᠮᠠᠩᠬ᠎ᠠ ᠵᠡᠷᠭᠡ ᠡᠯᠪᠡᠭ ᠪᠠᠶᠠᠯᠢᠭ ᠪᠠᠶᠢᠭᠠᠯᠢ ᠶᠢᠨ ᠬᠡᠯᠪᠡᠷᠢ ᠲᠠᠢ ᠪᠠᠶᠢᠵᠤ᠂ | ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠴᠢᠳᠠᠮᠵᠢᠲᠤ ᠣᠷᠣᠨ ᠪᠣᠯᠣᠨ᠎ᠠ᠃ ᠣᠳᠣᠬᠠᠨ ᠳᠤ᠂ | ᠪᠥᠬᠦ ᠬᠤᠲᠠ ᠳᠤ ᠨᠡᠶᠢᠲᠡ 5 ᠲᠥᠷᠥᠯ ᠤᠨ ᠪᠠᠶᠢᠭᠠᠯᠢ ᠶᠢᠨ ᠬᠠᠮᠠᠭᠠᠯᠠᠯᠲᠠ ᠶᠢᠨ ᠭᠠᠵᠠᠷ 48 ᠪᠠᠶᠢᠵᠤ᠂ ᠶᠡᠷᠦᠩᠬᠡᠢ | ᠲᠠᠯᠠᠪᠠᠶ ᠨᠢ 150.75 ᠲᠦᠮᠡᠨ ᠾᠧᠺᠲ᠋ᠠᠷ ᠪᠠᠶᠢᠨ᠎ᠠ᠃ | |