ᠮᠢᠶᠤᠤ ᠸᠠᠨ 2 ᠳ᠋ᠤᠭᠠᠷ ᠨᠤᠮᠧᠷᠲᠤ
ᠨᠡᠶᠢᠲᠡᠯᠡᠭᠰᠡᠨ ᠴᠠᠭ᠄
2024/6/20
   ᠮᠦᠨᠴᠤ ᠤᠷᠤᠨ ᠨᠤᠲᠤᠭ ᠤᠨ ᠲᠦᠷᠦᠯ ᠵᠦᠢᠯ ᠪᠤᠯᠤᠨ᠎ᠠ᠂ ᠡᠭᠦᠨ ᠢ ᠪᠠᠰᠠ ᠲᠤᠮᠤ ᠤᠯᠠᠭᠠᠨ ᠭᠦᠢᠯᠡᠰᠦ  ᠭᠡᠨ᠎ᠡ᠃ 1966 ᠤᠨ ᠳᠤ ᠲᠦᠮᠡᠳ ᠪᠠᠷᠠᠭᠤᠨ ᠬᠤᠰᠢᠭᠤᠨ ᠤ ᠮᠢᠶᠤᠤ ᠸᠠᠨ ᠵᠢᠮᠢᠰ ᠤᠨ ᠬᠦᠷᠢᠶᠡᠯᠡᠩ ᠳᠤ ᠦᠷ᠎ᠡ ᠪᠠᠷ ᠲᠠᠷᠢᠵᠦ ᠭᠠᠷᠭᠠᠭᠰᠠᠨ ᠶᠤᠮ᠃   ᠮᠤᠳᠤᠨ ᠤ ᠤᠷᠭᠤᠴᠠ ᠨᠢ ᠢᠳᠡᠷᠡᠬᠦᠨ᠂ ᠮᠤᠳᠤᠨ ᠤ ᠤᠷᠤᠢ ᠨᠢ ᠳᠡᠯᠭᠡᠭᠦᠦ᠂ ᠰᠠᠯᠠᠭ᠎ᠠ ᠨᠠᠮᠠᠭ᠎ᠠ ᠨᠢ ᠳᠤᠷᠤᠭᠰᠢ ᠤᠨᠵᠠᠶᠢᠵᠦ ᠤᠷᠭᠤᠳᠠᠭ᠃ ᠮᠤᠳᠤᠨ ᠤ ᠬᠡᠯᠪᠡᠷᠢ ᠨᠢ ᠬᠠᠭᠠᠰ ᠲᠤᠭᠤᠷᠢᠭ ᠬᠡᠯᠪᠡᠷᠢᠳᠠᠢ᠂ ᠨᠢᠭᠡ ᠵᠢᠯ ᠤᠨ ᠮᠦᠴᠢᠷ ᠤᠨ ᠨᠠᠷᠠᠨ ᠲᠠᠯ᠎ᠠ ᠨᠢ ᠪᠤᠷᠤ ᠤᠯᠠᠭᠠᠨ ᠦᠩᠭᠡᠳᠡᠢ᠂ ᠭᠢᠯᠦᠭᠡᠷ᠂ ᠨᠠᠪᠴᠢ ᠨᠢ ᠲᠤᠮᠤ ᠪᠦᠭᠡᠳ ᠵᠤᠵᠠᠭᠠᠨ ᠬᠠᠷᠠᠪᠲᠤᠷ ᠨᠤᠭᠤᠭᠠᠨ᠂ ᠮᠤᠬᠤᠭᠤ ᠬᠢᠷᠦᠭᠡᠨ ᠰᠢᠲᠦᠲᠦ ᠬᠦᠪᠡᠭᠡ ᠲᠠᠢ᠃ ᠦᠷ᠎ᠡ ᠵᠢᠮᠢᠰ ᠨᠢ ᠬᠠᠪᠲᠠᠭᠠᠶᠢᠯᠵᠢᠨ ᠲᠤᠭᠤᠷᠢᠭ ᠬᠡᠯᠪᠡᠷᠢᠳᠠᠢ᠂ ᠵᠢᠮᠢᠰ ᠤᠨ ᠤᠷᠤᠢ ᠨᠢ ᠲᠡᠭᠰᠢᠬᠡᠨ᠂ ᠬᠠᠯᠢᠰᠤ ᠶᠢᠨ ᠰᠠᠭᠤᠷᠢ ᠦᠩᠭᠡ ᠨᠢ ᠰᠢᠷ᠎ᠠ᠂ ᠨᠠᠷᠠᠨ ᠡᠭᠡᠪᠦᠷ ᠲᠠᠯ᠎ᠠ ᠨᠢ ᠤᠯᠠᠭᠠᠨ ᠪᠠᠶᠢᠳᠠᠭ᠃ ᠵᠢᠮᠢᠰ ᠤᠨ ᠮᠢᠬ᠎ᠠ ᠨᠢ ᠰᠢᠷ᠎ᠠ ᠦᠩᠭᠡᠳᠡᠢ᠂ ᠵᠦᠭᠡᠯᠡᠨ᠂ ᠰᠢᠭᠦᠰᠦᠯᠢᠭ᠂ ᠲᠤᠩ ᠰᠢᠬᠢᠷᠯᠢᠭ ᠪᠠᠶᠢᠳᠠᠭ᠃ ᠦᠷ᠎ᠡ ᠵᠢᠮᠢᠰ ᠨᠢ 6 ᠳ᠋ᠤᠭᠠᠷ ᠰᠠᠷ᠎ᠠ ᠶᠢᠨ ᠬᠤᠷᠢᠳ ᠠᠴᠠ 7 ᠳ᠋ᠤᠭᠠᠷ ᠰᠠᠷ᠎ᠠ ᠶᠢᠨ ᠡᠬᠢᠨ ᠢᠶᠠᠷ ᠪᠤᠯᠪᠠᠰᠤᠷᠠᠨ᠎ᠠ᠃ ᠡᠯᠪᠡᠭ ᠬᠤᠷᠢᠶᠠᠯᠳᠠ ᠲᠠᠢ ᠰᠢᠯᠢᠳᠡᠭ ᠰᠠᠶᠢᠨ ᠡᠭᠦᠯᠳᠡᠷ ᠤᠨ ᠲᠦᠷᠦᠯ ᠵᠦᠢᠯ ᠪᠤᠯᠤᠨ᠎ᠠ᠃ ᠡᠬᠦᠨ ᠠᠴᠠ ᠭᠠᠳᠠᠨ᠎ᠠ᠂ ᠤᠷᠤᠨ ᠨᠤᠲᠤᠭ ᠤᠨ ᠰᠠᠶᠢᠨ ᠡᠭᠦᠯᠳᠡᠷ ᠨᠡᠯᠢᠶᠠᠳ ᠤᠯᠠᠨ ᠪᠠᠶᠢᠳᠠᠭ᠃ ᠵᠢᠱᠢᠶᠡᠯᠡᠪᠡᠯ ᠮᠢᠶᠤᠤ ᠸᠠᠨ 7 ᠳ᠋ᠤᠭᠠᠷ ᠨᠤᠮᠧᠷᠲᠤ᠂ ᠱᠤᠸᠠᠩ ᠲᠢᠶᠠᠨ ᠰᠢᠩ ᠵᠡᠷᠭᠡ ᠪᠤᠢ᠃
 
ᠢᠷᠡᠯᠲᠡ᠄ ︽ᠵᠢᠮᠢᠰ ᠤᠨ ᠮᠤᠳᠤ ᠢᠳᠡᠰᠢᠨ ᠨᠤᠭᠤᠭ᠎ᠠ ᠲᠠᠷᠢᠵᠦ ᠡᠵᠡᠩᠨᠡᠬᠦ ᠮᠡᠷᠭᠡᠵᠢᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号