| ᠤᠯᠠᠭᠠᠨᠬᠠᠳᠠ ᠬᠤᠲᠠ ᠡᠨᠡ ᠵᠢᠯ ᠤᠯᠤᠰ ᠤᠨ ᠭᠤᠣᠯᠳᠠᠯᠭ᠎ᠠ ᠲᠠᠢ ᠠᠮᠢ ᠠᠬᠤᠢ ᠶᠢᠨ ᠪᠦᠲᠦᠭᠡᠨ | ᠪᠠᠶᠢᠭᠤᠯᠤᠯᠲᠠ ᠶᠢᠨ ᠢᠨᠵᠧᠨᠧᠷᠢᠩ ᠢ ᠦᠷᠭᠦᠯᠵᠢᠯᠡᠨ ᠭᠦᠨᠵᠡᠭᠡᠢ ᠬᠡᠷᠡᠭᠵᠢᠭᠦᠯᠵᠦ᠂ ᠶᠡᠭᠡ ᠬᠡᠪᠴᠢᠶᠡᠨ ᠤ ᠤᠯᠤᠰ ᠤᠨ | ᠨᠤᠲᠤᠭ ᠳᠡᠪᠢᠰᠬᠡᠷ ᠢ ᠨᠣᠭᠤᠭᠠᠷᠠᠭᠤᠯᠬᠤ ᠪᠠ ᠡᠯᠡᠰᠦ ᠶᠢ ᠰᠡᠷᠭᠡᠶᠢᠯᠡᠨ ᠵᠠᠰᠠᠬᠤ ᠠᠵᠢᠯ ᠢ ᠰᠢᠨᠵᠢᠯᠡᠬᠦ ᠤᠬᠠᠭᠠᠨᠴᠢ ᠪᠠᠷ | ᠦᠷᠨᠢᠭᠦᠯᠵᠦ ᠪᠤᠢ᠃ ᠣᠲᠣ ᠪᠣᠯᠲᠠᠯ᠎ᠠ᠂ ᠪᠥᠬᠦ ᠬᠤᠲᠠ ᠳᠤ ᠨᠢᠭᠡᠨᠲᠡ 27.72 ᠲᠦᠮᠡᠨ ᠮᠦ ᠡᠯᠡᠰᠦ ᠶᠢ | ᠰᠡᠷᠭᠡᠶᠢᠯᠡᠨ ᠵᠠᠰᠠᠪᠠ᠂ ᠡᠭᠦᠨ ᠳᠤ 12.74 ᠲᠦᠮᠡᠨ ᠮᠦ ᠶᠢ ᠬᠥᠮᠥᠨ ᠤ ᠬᠦᠴᠦ ᠪᠠᠷ ᠣᠶᠢᠵᠢᠭᠤᠯᠵᠤ᠂ 1.5 | ᠲᠦᠮᠡᠨ ᠮᠦ ᠠᠭᠤᠯᠠ ︵ᠡᠯᠡᠰᠦ︶ ᠶᠢ ᠪᠢᠲᠡᠭᠦᠮᠵᠢᠯᠡᠵᠦ ᠣᠶᠢᠵᠢᠭᠤᠯᠤᠨ᠂ 5.44 ᠲᠦᠮᠡᠨ ᠮᠦ ᠮᠠᠭᠤᠳᠠᠭᠰᠠᠨ | ᠣᠶ ᠶᠢ ᠵᠠᠰᠠᠨ ᠰᠡᠷᠭᠦᠭᠡᠵᠦ᠂ 0.91 ᠲᠦᠮᠡᠨ ᠮᠦ ᠬᠠᠰᠢᠶᠠᠯᠠᠨ ᠪᠢᠲᠡᠭᠦᠮᠵᠢᠯᠡᠵᠦ ᠣᠶᠢᠵᠢᠭᠤᠯᠤᠨ᠂ 4.72 ᠲᠦᠮᠡᠨ | ᠮᠦ ᠡᠯᠡᠰᠦ ᠶᠢ ᠢᠨᠵᠧᠨᠧᠷᠢᠩ ᠢᠶᠠᠷ ᠲᠣᠭᠲᠠᠪᠤᠷᠢᠵᠢᠭᠤᠯᠵᠤ᠂ 2.41 ᠲᠦᠮᠡᠨ ᠮᠦ ᠡᠯᠡᠰᠦ ᠶᠢ ᠭᠡᠷᠡᠯᠴᠢ ᠴᠡᠨᠡᠭ ᠢᠶᠠᠷ | ᠵᠠᠰᠠᠪᠠ᠃ | ᠳᠤᠷᠠᠳᠤᠭᠤᠰᠢᠲᠠᠢ ᠨᠢ᠂ ᠡᠨᠡ ᠵᠢᠯ ᠤᠯᠠᠭᠠᠨᠬᠠᠳᠠ ᠬᠤᠲᠠ ᠴᠦᠯᠵᠢᠯᠲᠡ ᠶᠢ ᠰᠡᠷᠭᠡᠶᠢᠯᠡᠨ ᠵᠠᠰᠠᠬᠤ ᠪᠠ ᠰᠢᠨ᠎ᠡ | ᠡᠨᠧᠷᠭᠢ ᠶᠢᠨ ᠪᠦᠲᠦᠭᠡᠨ ᠪᠠᠶᠢᠭᠤᠯᠤᠯᠲᠠ ᠶᠢᠨ ᠬᠤᠣᠰ ᠴᠢᠭᠯᠡᠯ ᠢᠶᠠᠷ ᠬᠦᠴᠦᠯᠡᠬᠦ ᠶᠢ ᠠᠬᠢᠭᠤᠯᠵᠤ᠂ ᠪᠥᠬᠦ | ᠬᠤᠲᠠ ᠪᠠᠷ ᠢᠶᠠᠨ ᠵᠢᠯ ᠳᠤ ᠭᠡᠷᠡᠯᠴᠢ ᠴᠡᠨᠡᠭ ᠢᠶᠠᠷ ᠡᠯᠡᠰᠦ ᠶᠢ ᠵᠠᠰᠠᠬᠤ ᠢᠨᠵᠧᠨᠧᠷᠢᠩ ᠢ 120 ᠲᠦᠮᠡᠨ ᠺᠢᠯᠣᠸᠠᠲ | ᠪᠦᠲᠦᠭᠡᠨ ᠪᠠᠶᠢᠭᠤᠯᠵᠤ᠂ 20 ᠲᠦᠮᠡᠨ ᠮᠦ ᠡᠯᠡᠰᠦᠷᠬᠡᠭ ᠭᠠᠵᠠᠷ ᠢ ᠵᠠᠰᠠᠬᠤ ᠪᠠᠷ ᠲᠥᠯᠥᠪᠯᠡᠵᠦ ᠪᠠᠶᠢᠨ᠎ᠠ᠃ 2025 | ᠣᠨ ᠪᠣᠯᠬᠤ ᠳᠤ᠂ ᠰᠢᠨ᠎ᠡ ᠡᠨᠧᠷᠭᠢ ᠪᠣᠯᠣᠨ ᠡᠯᠡᠰᠦ ᠶᠢ ᠵᠠᠰᠠᠬᠤ ᠢᠨᠵᠧᠨᠧᠷᠢᠩ ᠵᠡᠷᠭᠡ ᠪᠠᠷ ᠳᠠᠭᠤᠰᠴᠤ ᠦᠷ᠎ᠡ | ᠪᠦᠲᠦᠮᠵᠢ ᠣᠯᠵᠤ᠂ ᠬᠤᠶᠠᠷ ᠶᠡᠭᠡ ᠡᠯᠡᠰᠦᠷᠬᠡᠭ ᠭᠠᠵᠠᠷ ᠤᠨ ᠰᠥᠨᠥᠭᠡᠯᠲᠡ ᠶᠢᠨ ᠢᠯᠠᠯᠲᠠ ᠶᠢ ᠣᠯᠬᠤ ᠳᠤ ᠬᠦᠴᠦ | ᠨᠡᠮᠡᠷᠢᠯᠡᠨ᠎ᠡ᠃ | |