ᠬᠤᠪᠢᠯᠭ᠋ᠠᠨ ᠣᠩᠭᠤᠴᠠ ᠠᠷᠪᠠ ᠶᠢᠰᠦᠳᠦᠭᠡᠷ᠎ᠤᠨ ᠬᠥᠮᠦᠨ ᠠᠴᠢᠭᠰᠠᠨ ᠨᠢᠰᠦᠯᠲᠡ ᠵᠢᠨ ᠡᠭᠦᠷᠭᠡ ᠵᠢᠨ ᠲᠤᠬᠠᠶ ᠰᠣᠨᠢᠨ ᠮᠡᠳᠡᠭᠡ ᠨᠡᠶ᠋ᠢᠲᠡᠯᠡᠬᠦ ᠬᠤᠷᠠᠯ᠎ᠢ 29᠎ᠤ ᠡᠳᠦᠷ ᠵᠢᠦᠴᠢᠤᠸᠠᠨ ᠳᠠᠭ᠋ᠠᠭᠤᠯᠢ ᠣᠳᠣ ᠬᠠᠷᠪᠤᠬᠤ ᠲᠥᠪ᠎ᠲᠤ ᠶᠠᠪᠤᠭᠳᠠᠭᠤᠯᠵᠠᠢ᠃ ᠳᠤᠮᠳᠠᠳᠤ ᠤᠯᠤᠰ᠎ᠤᠨ ᠬᠥᠮᠦᠨ ᠠᠴᠢᠭᠰᠠᠨ ᠰᠠᠨᠰᠠᠷ ᠠᠶᠠᠯᠠᠯ᠎ᠤᠨ ᠢᠨᠵᠧᠨᠧᠷᠢᠩ᠎ᠤᠨ ᠰᠣᠨᠢᠨ ᠮᠡᠳᠡᠭᠡ ᠥᠭᠦᠯᠡᠭᠴᠢ ᠯᠢᠨ ᠰᠢ ᠴᠢᠶᠠᠩ ᠬᠤᠷᠠᠯ ᠳᠡᠭᠡᠷ᠎ᠡ ᠢᠯᠡᠷᠬᠡᠶ᠋ᠢᠯᠡᠭᠰᠡᠨ ᠵᠶ᠋ᠠᠷ᠂ ᠡᠭᠦᠷᠭᠡ ᠵᠢᠨ ᠶᠡᠷᠦᠩᠬᠡᠶ ᠵᠢᠯᠣᠭᠤᠳᠬᠤ ᠭᠠᠵᠠᠷ᠎ᠠᠴᠠ ᠪᠡᠭᠡᠵᠢᠩ᠎ᠤᠨ ᠴᠠᠭ ᠵᠶ᠋ᠠᠷ 10 ᠳ᠋ᠤᠭ᠋ᠠᠷ ᠰᠠᠷ᠎ᠠ ᠵᠢᠨ 30᠎ᠤ ᠡᠳᠦᠷ᠎ᠤᠨ 4 ᠴᠠᠭ 27 ᠮᠢᠨᠦ᠋ᠲ᠎ᠲᠤ ᠬᠤᠪᠢᠯᠭ᠋ᠠᠨ ᠣᠩᠭᠤᠴᠠ ᠠᠷᠪᠠ ᠶᠢᠰᠦᠳᠦᠭᠡᠷ ᠬᠥᠮᠦᠨ ᠠᠴᠢᠭᠰᠠᠨ ᠨᠢᠰᠬᠦ ᠣᠩᠭᠤᠴᠠ ᠵᠢ ᠬᠠᠷᠪᠤᠬᠤ᠎ᠪᠠᠷ ᠰᠤᠳᠤᠯᠤᠨ ᠲᠣᠭᠲᠠᠭ᠋ᠠᠪᠠ᠃
ᠳᠤᠮᠲᠠᠲᠦ ᠤᠯᠤᠰ᠎ᠤᠨ ᠬᠦᠮᠦᠨ ᠠᠴᠢᠭᠰᠠᠨ ᠰᠠᠨᠰᠠᠷ ᠠᠶᠠᠯᠠᠯ᠎ᠤᠨ ᠢᠨᠵᠧᠨᠧᠷᠢᠩ᠎ᠤᠨ ᠠᠯᠪᠡᠨ ᠭᠡᠷ᠎ᠤᠨ ᠮᠡᠲᠡᠭᠡ ᠵᠢ ᠦᠨᠲᠦᠰᠦᠯᠡᠪᠡᠯ᠂ ᠡᠭᠦᠷᠬᠡ ᠵᠢᠨ ᠶᠡᠷᠦᠩᠭᠡᠢ ᠵᠢᠯᠤᠭᠤᠳᠬᠤ ᠭᠠᠵᠠᠷ᠎ᠠᠴᠠ ᠬᠤᠪᠢᠯᠭ᠋ᠠᠨ ᠣᠩᠭᠤᠴᠠ ᠠᠷᠪᠠ ᠶᠢᠰᠦᠲᠦᠬᠡᠷ᠎ᠤᠨ ᠬᠦᠮᠦᠨ ᠠᠴᠢᠭᠰᠠᠨ ᠰᠠᠨᠰᠠᠷ ᠠᠶᠠᠯᠠᠯ᠎ᠤᠨ ᠡᠭᠦᠷᠬᠡ ᠵᠢ ᠭᠦᠢ᠍ᠴᠡᠳᠬᠡᠭᠦ ᠰᠠᠨᠰᠠᠷᠴᠢᠳ᠎ᠤᠨ ᠳᠤᠭᠤᠶ᠋ᠢᠯᠠᠩ᠎ᠨᠢ ᠼᠠᠢ ᠰᠢᠤᠢ ᠵᠧ᠂ ᠰᠦᠩ ᠯᠢᠩ ᠳ᠋ᠦᠩ᠂ ᠸᠠᠩ ᠬᠤᠤ ᠽᠧ 3 ᠰᠠᠨᠰᠠᠷᠴᠢᠨ ᠵᠶ᠋ᠠᠷ ᠪᠦᠷᠢᠯᠲᠤᠵᠦ᠂ ᠼᠠᠢ ᠰᠢᠤᠢ ᠵᠧ ᠵᠢ ᠵᠠᠷᠯᠢᠭᠲᠠᠨᠤ ᠲᠤᠰᠢᠶᠠᠯ ᠡᠭᠦᠷᠭᠡᠯᠡᠭᠦᠯᠬᠦ᠎ᠪᠠᠷ ᠲᠣᠭᠲᠠᠭ᠋ᠠᠪᠠ᠃ ᠡᠭᠦᠨ᠎ᠳᠤ ᠰᠠᠨᠰᠠᠷᠴᠢᠨ ᠼᠠᠢ ᠰᠢᠤᠶ ᠵᠧ ᠬᠤᠪᠢᠯᠭ᠋ᠠᠨ ᠣᠩᠭᠤᠴᠠ ᠠᠷᠪᠠᠨ ᠳᠥᠷᠪᠡᠳᠦᠭᠡᠷ᠎ᠤᠨ ᠬᠥᠮᠦᠨ ᠠᠴᠢᠭᠰᠠᠨ ᠨᠢᠰᠦᠯᠲᠡ ᠵᠢᠨ ᠡᠭᠦᠷᠭᠡ ᠵᠢ ᠭᠦᠢ᠍ᠴᠡᠳᠬᠡᠵᠦ ᠥᠩᠭᠡᠷᠡᠵᠡᠶ; ᠰᠠᠨᠰᠠᠷᠴᠢᠨ ᠰᠥᠩ ᠯᠢᠩ ᠳ᠋ᠦᠩ᠂ ᠰᠠᠨᠰᠠᠷᠴᠢᠨ ᠸᠠᠩ ᠬᠤᠤ ᠽᠧᠨᠢ ᠨᠢᠰᠦᠯᠲᠡ ᠵᠢᠨ ᠡᠭᠦᠷᠭᠡ ᠵᠢ ᠠᠩᠬ᠎ᠠ ᠤᠳᠠᠭ᠎ᠠ ᠭᠦᠢ᠍ᠴᠡᠳᠬᠡᠬᠦ ᠭᠡᠵᠦ ᠪᠠᠶ᠋ᠢᠭ᠎ᠠ ᠶᠡᠷᠡᠭᠡᠳ ᠣᠨ᠎ᠳᠤ ᠲᠥᠷᠥᠭᠰᠡᠳ ᠪᠥᠭᠡᠳ ᠰᠠᠨᠰᠠᠷᠴᠢᠨ ᠸᠠᠩ ᠬᠤᠤ ᠽᠧᠨᠢ ᠮᠠᠨ᠎ᠤ ᠤᠯᠤᠰ᠎ᠤᠨ ᠰᠠᠨᠰᠠᠷ ᠠᠶᠠᠯᠠᠯ᠎ᠤᠨ ᠠᠩᠬᠠᠳᠠᠭᠴᠢ ᠡᠮᠡᠭᠲᠡᠢ ᠢᠨᠵᠧᠨᠧᠷ ᠪᠣᠯᠣᠨ᠎ᠠ᠃