ᠰᠢᠨᠬᠤᠸᠠ ᠬᠤᠷᠢᠶ᠎ᠠ ᠵᠢᠨ ᠪᠡᠭᠡᠵᠢᠩ᠎ᠤᠨ 8 ᠰᠠᠷ᠎ᠠ ᠵᠢᠨ 31᠎ᠤ ᠴᠠᠭᠢᠯᠭ᠋ᠠᠨ ᠮᠡᠳᠡᠭᠡ 9 ᠰᠠᠷ᠎ᠠ ᠵᠢᠨ 1᠎ᠤ ᠡᠳᠦᠷ ᠬᠡᠪᠯᠡᠭᠳᠡᠭᠰᠡᠨ 17 ᠳ᠋ᠤᠭ᠋ᠠᠷ ᠬᠤᠭᠤᠴᠠᠭ᠋ᠠᠨ᠎ᠤ 《ᠦᠨᠡᠨ》 ᠰᠡᠳᠬᠦᠯ ᠲᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ ᠵᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠠ ᠵᠢᠨ ᠲᠡᠷᠢᠭᠦᠯᠡᠭᠴᠢ ᠰᠢ ᠵᠢᠨ ᠫᠢᠩ᠎ᠤᠨ 《ᠶᠣᠰᠣ ᠰᠤᠷᠲᠠᠬᠤᠨ ᠣᠶᠤᠨ ᠤᠬᠠᠭ᠋ᠠᠨ ᠪᠡᠶ᠎ᠡ ᠮᠠᠬᠠᠪᠤᠳ ᠭᠤᠸ᠎ᠠ ᠰᠠᠶ᠋ᠢᠬᠠᠨ ᠭᠦᠳᠡᠯᠮᠦᠷᠢ ᠪᠦᠭᠦ ᠲᠠᠯ᠎ᠠ᠎ᠪᠠᠷ ᠬᠥᠭᠵᠢᠭᠰᠡᠨ ᠨᠡᠶ᠋ᠢᠭᠡᠮ ᠵᠢᠷᠤᠮ᠎ᠤᠨ ᠪᠦᠲᠦᠭᠡᠨ ᠪᠠᠶ᠋ᠢᠭᠤᠯᠤᠭᠴᠢ ᠪᠣᠯᠣᠨ ᠵᠠᠯᠭ᠋ᠠᠮᠵᠢᠯᠠᠭᠴᠢ ᠵᠢ ᠬᠥᠮᠥᠵᠢᠭᠦᠯᠬᠦ ᠬᠡᠷᠡᠭᠲᠡᠢ》 ᠭᠡᠬᠦ ᠴᠢᠬᠤᠯᠠ ᠵᠣᠬᠢᠶᠠᠯ᠎ᠢ ᠨᠡᠶ᠋ᠢᠲᠡᠯᠡᠪᠡ
ᠵᠣᠬᠢᠶᠠᠯ᠎ᠳᠤ᠂ ᠶᠠᠮᠠᠷ ᠬᠥᠮᠥᠨ᠎ᠢ ᠬᠥᠮᠥᠵᠢᠭᠦᠯᠬᠦ ᠪᠣᠯ ᠰᠤᠷᠭ᠋ᠠᠨ ᠬᠥᠮᠦᠵᠢᠯ᠎ᠤᠨ ᠲᠡᠷᠢᠭᠦᠨ ᠴᠢᠬᠤᠯᠠ ᠠᠰᠠᠭᠤᠳᠠᠯ ᠪᠣᠯᠣᠨ᠎ᠠ᠃ ᠮᠠᠨ᠎ᠤ ᠤᠯᠤᠰ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠭᠰᠠᠨ ᠨᠡᠶ᠋ᠢᠭᠡᠮ ᠵᠢᠷᠤᠮᠲᠤ ᠤᠯᠤᠰ ᠮᠥᠨ᠂ ᠡᠨᠡ᠎ᠨᠢ ᠮᠠᠨ᠎ᠤ ᠰᠤᠷᠭ᠋ᠠᠨ ᠬᠥᠮᠦᠵᠢᠯ ᠡᠷᠬᠡᠪᠰᠢ ᠨᠡᠶ᠋ᠢᠭᠡᠮ ᠵᠢᠷᠤᠮ᠎ᠤᠨ ᠪᠦᠲᠦᠭᠡᠨ ᠪᠠᠶ᠋ᠢᠭᠤᠯᠤᠭᠴᠢ ᠪᠠ ᠵᠠᠯᠭ᠋ᠠᠮᠵᠢᠯᠠᠭᠴᠢ ᠵᠢ ᠬᠥᠮᠥᠵᠢᠭᠦᠯᠬᠦ᠎ᠪᠠᠷ ᠦᠨᠳᠦᠰᠦᠨ ᠡᠭᠦᠷᠭᠡ᠎ᠪᠠᠨ ᠪᠤᠯᠭ᠋ᠠᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠪᠠ ᠮᠠᠨ᠎ᠤ ᠤᠯᠤᠰ᠎ᠤᠨ ᠨᠡᠶ᠋ᠢᠭᠡᠮ ᠵᠢᠷᠤᠮᠲᠤ ᠪᠠᠶ᠋ᠢᠭᠤᠯᠤᠯ᠎ᠢ ᠬᠦᠷᠢᠶᠡᠯᠡᠬᠦ᠂ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠶ᠋ᠢᠭᠡᠮ ᠵᠢᠷᠤᠮ᠎ᠤᠨ ᠲᠥᠯᠥᠭᠡ ᠨᠠᠰᠤᠨ ᠲᠤᠷᠰᠢᠲᠠ ᠲᠡᠮᠡᠴᠡᠬᠦ᠎ᠪᠠᠷ ᠵᠣᠷᠢᠭ ᠰᠢᠭᠤᠳᠤᠭᠰᠠᠨ ᠦᠶ᠎ᠡ ᠦᠶ᠎ᠡ ᠵᠢᠨ ᠬᠡᠷᠡᠭᠴᠡᠭᠡ᠎ᠲᠠᠢ ᠴᠢᠳᠠᠪᠤᠷᠢᠲᠠᠨ᠎ᠢ ᠬᠥᠮᠥᠵᠢᠭᠦᠯᠬᠦ ᠬᠡᠷᠡᠭᠲᠡᠢ ᠭᠡᠳᠡᠭ᠎ᠢ ᠲᠣᠭᠲᠠᠭ᠋ᠠᠵᠠᠢ᠃ ᠪᠦᠭᠦᠳᠡᠭᠡᠷ ᠬᠥᠮᠥᠨ᠎ᠢ ᠬᠥᠮᠥᠵᠢᠭᠦᠯᠬᠦ᠂ ᠪᠦᠭᠦ ᠶᠠᠪᠤᠴᠠ᠎ᠪᠠᠷ ᠬᠥᠮᠥᠨ᠎ᠢ ᠬᠥᠮᠥᠵᠢᠭᠦᠯᠬᠦ᠂ ᠪᠦᠭᠦ ᠲᠠᠯ᠎ᠠ᠎ᠪᠠᠷ ᠬᠥᠮᠥᠨ᠎ᠢ ᠬᠥᠮᠥᠵᠢᠭᠦᠯᠬᠦ ᠪᠠᠶ᠋ᠢᠭᠤᠯᠤᠮᠵᠢ ᠲᠣᠭᠲᠠᠴᠠ ᠵᠢ ᠲᠡᠭᠦᠯᠳᠡᠷᠵᠢᠭᠦᠯᠵᠦ᠂ ᠦᠶ᠎ᠡ ᠦᠶ᠎ᠡ ᠵᠢᠨ ᠨᠡᠶ᠋ᠢᠭᠡᠮ ᠵᠢᠷᠤᠮ᠎ᠤᠨ ᠪᠦᠲᠦᠭᠡᠨ ᠪᠠᠶ᠋ᠢᠭᠤᠯᠤᠭᠴᠢ ᠪᠠ ᠵᠠᠯᠭ᠋ᠠᠮᠵᠢᠯᠠᠭᠴᠢ ᠵᠢ ᠲᠠᠰᠤᠷᠠᠯᠲᠠ ᠦᠭᠡᠢ ᠬᠥᠮᠥᠵᠢᠭᠦᠯᠬᠦ ᠬᠡᠷᠡᠭᠲᠡᠢ᠃ ᠡᠨᠡ ᠪᠣᠯ ᠰᠤᠷᠭ᠋ᠠᠨ ᠬᠥᠮᠦᠵᠢᠯ᠎ᠤᠨ ᠠᠵᠢᠯ᠎ᠤᠨ ᠦᠨᠳᠦᠰᠦᠨ ᠡᠭᠦᠷᠭᠡ ᠮᠥᠨ᠂ ᠪᠠᠰᠠ ᠴᠤ᠌ ᠰᠤᠷᠭ᠋ᠠᠨ ᠬᠥᠮᠦᠵᠢᠯ᠎ᠤᠨ ᠣᠳᠣᠬᠢᠴᠢᠯᠠᠯᠲᠠ ᠵᠢᠨ ᠴᠢᠭᠯᠡᠯ ᠬᠠᠷᠠᠯᠲᠠ ᠮᠥᠨ ᠭᠡᠵᠦ ᠴᠢᠬᠤᠯᠠᠴᠢᠯᠠᠪᠠ᠃
ᠵᠣᠬᠢᠶᠠᠯ᠎ᠳᠤ᠂ ᠪᠢᠳᠡᠨ᠎ᠤ ᠬᠥᠮᠥᠵᠢᠭᠦᠯᠬᠦ ᠭᠡᠵᠦ ᠪᠠᠶ᠋ᠢᠭ᠎ᠠ ᠨᠡᠶ᠋ᠢᠭᠡᠮ ᠵᠢᠷᠤᠮ᠎ᠤᠨ ᠪᠦᠲᠦᠭᠡᠨ ᠪᠠᠶ᠋ᠢᠭᠤᠯᠤᠭᠴᠢ ᠪᠣᠯᠣᠨ ᠵᠠᠯᠭ᠋ᠠᠮᠵᠢᠯᠠᠭᠴᠢ ᠶᠠᠮᠠᠷᠰᠢᠤ ᠦᠨᠳᠦᠰᠦᠨ ᠬᠡᠪ ᠪᠣᠯᠪᠠᠰᠤᠷᠠᠯ ᠪᠣᠯᠣᠨ ᠤᠶᠤᠨ ᠰᠠᠨᠠᠭ᠋ᠠᠨ᠎ᠤ ᠳᠦᠷᠰᠦ ᠪᠠᠶ᠋ᠢᠳᠠᠯ᠎ᠢ ᠪᠦᠷᠢᠯᠳᠦᠭᠦᠯᠪᠡᠯ ᠵᠣᠬᠢᠬᠤ ᠪᠤᠢ᠂ ᠬᠡᠷᠬᠢᠨ ᠬᠥᠮᠥᠵᠢᠭᠦᠯᠬᠦ ᠪᠤᠢ ᠭᠡᠪᠡᠯ ᠵᠠᠩᠭᠢᠯᠠᠭ᠎ᠠ᠎ᠨᠢ ᠳᠣᠣᠷᠠᠬᠢ ᠬᠡᠳᠦᠨ ᠲᠠᠯ᠎ᠠ ᠵᠢᠨ ᠠᠵᠢᠯ᠎ᠢ ᠰᠠᠶ᠋ᠢᠲᠤᠷ ᠬᠢᠬᠦ᠎ᠳᠤ ᠪᠠᠶ᠋ᠢᠨ᠎ᠠ᠃ ᠨᠢᠭᠡ᠎ᠳᠤ᠂ ᠬᠦᠰᠡᠯᠡᠩ ᠢᠲᠡᠭᠡᠯ ᠪᠢᠰᠢᠷᠡᠯ ᠵᠶ᠋ᠠᠨ ᠪᠠᠲᠤᠳᠬᠠᠬᠤ ᠳᠡᠭᠡᠷ᠎ᠡ ᠬᠦᠴᠦ ᠲᠠᠯᠪᠢᠬᠤ ᠬᠡᠷᠡᠭᠲᠡᠢ᠃ ᠮᠠᠨ᠎ᠤ ᠬᠥᠮᠥᠵᠢᠭᠦᠯᠵᠦ ᠪᠠᠶ᠋ᠢᠭ᠎ᠠ ᠬᠥᠮᠥᠨ ᠡᠷᠬᠡᠪᠰᠢ ᠡᠪ ᠬᠠᠮᠲᠤ ᠶᠣᠰᠣᠨ᠎ᠤ ᠠᠯᠤᠰ ᠭᠡᠳᠦ ᠵᠢᠨ ᠬᠦᠰᠡᠯᠡᠩ ᠪᠠ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠶ᠋ᠢᠭᠡᠮ ᠵᠢᠷᠤᠮ᠎ᠤᠨ ᠬᠠᠮᠲᠤ ᠵᠢᠨ ᠬᠦᠰᠡᠯᠡᠩ᠎ᠢ ᠪᠤᠢ ᠪᠤᠯᠭ᠋ᠠᠬᠤ ᠬᠡᠷᠡᠭᠲᠡᠢ᠃ ᠰᠤᠷᠤᠬ᠍ᠴᠢᠳ᠎ᠤᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠶ᠋ᠢᠭᠡᠮ ᠵᠢᠷᠤᠮ᠎ᠤᠨ ᠵᠠᠮ᠎ᠤᠨ ᠢᠲᠡᠭᠡᠯ᠂ ᠤᠨᠤᠯ᠎ᠤᠨ ᠢᠲᠡᠭᠡᠯ᠂ ᠪᠠᠶ᠋ᠢᠭᠤᠯᠤᠯ᠎ᠤᠨ ᠢᠲᠡᠭᠡᠯ᠂ ᠰᠣᠶᠣᠯ᠎ᠤᠨ ᠢᠲᠡᠭᠡᠯ᠎ᠢ ᠴᠢᠩᠭ᠋ᠠᠳᠬᠠᠵᠤ᠂ ᠦᠨᠳᠦᠰᠦᠲᠡᠨ᠎ᠤ ᠰᠡᠷᠭᠦᠨ ᠮᠠᠨᠳᠤᠯᠲᠠ ᠵᠢᠨ ᠴᠠᠭ ᠦᠶ᠎ᠡ ᠵᠢᠨ ᠬᠦᠨᠳᠦ ᠡᠭᠦᠷᠭᠡ ᠵᠢ ᠡᠭᠦᠷᠭᠡᠯᠡᠬᠦ᠎ᠪᠠᠷ ᠵᠣᠷᠢᠭ ᠰᠢᠭᠤᠳᠬᠤ ᠬᠡᠷᠡᠭᠲᠡᠢ᠃ ᠬᠤᠶᠠᠷ᠎ᠲᠤ᠂ ᠤᠯᠤᠰ ᠵᠶ᠋ᠠᠨ ᠬᠠᠶ᠋ᠢᠷᠠᠯᠠᠬᠤ ᠦᠵᠡᠯ᠎ᠤᠨ ᠬᠠᠶ᠋ᠢᠷ᠎ᠠ ᠰᠡᠳᠬᠢᠯᠭᠡ ᠵᠢ ᠵᠤᠵᠠᠭ᠋ᠠᠳᠬᠠᠬᠤ ᠳᠡᠭᠡᠷ᠎ᠡ ᠬᠦᠴᠦ ᠲᠠᠯᠪᠢᠬᠤ ᠬᠡᠷᠡᠭᠲᠡᠢ᠃ ᠤᠯᠤᠰ ᠵᠶ᠋ᠠᠨ ᠬᠠᠶ᠋ᠢᠷᠠᠯᠠᠬᠤ ᠦᠵᠡᠯ ᠪᠣᠯ ᠳᠤᠮᠳᠠᠳᠤ ᠵᠢᠨ ᠦᠨᠳᠦᠰᠦᠲᠡᠨ᠎ᠤ ᠦᠨᠳᠦᠰᠦᠲᠡᠨ᠎ᠤ ᠰᠡᠳᠬᠢᠯ᠂ ᠦᠨᠳᠦᠰᠦᠲᠡᠨ᠎ᠤ ᠰᠦᠭ ᠰᠦᠨᠡᠰᠦ ᠮᠥᠨ᠂ ᠨᠡᠶ᠋ᠢᠭᠡᠮ ᠵᠢᠷᠤᠮ᠎ᠤᠨ ᠪᠦᠲᠦᠭᠡᠨ ᠪᠠᠶ᠋ᠢᠭᠤᠯᠤᠭᠴᠢ ᠪᠠ ᠵᠠᠯᠭ᠋ᠠᠮᠵᠢᠯᠠᠭᠴᠢ ᠵᠢ ᠬᠥᠮᠥᠵᠢᠭᠦᠯᠬᠦ᠎ᠳᠤ ᠡᠩ ᠲᠡᠷᠢᠭᠦᠨ᠎ᠳᠤ ᠰᠤᠷᠤᠬ᠍ᠴᠢᠳ᠎ᠤᠨ ᠡᠬᠡ ᠣᠷᠣᠨᠴᠢ ᠰᠡᠳᠬᠢᠯᠭᠡ ᠵᠢ ᠬᠥᠮᠥᠵᠢᠭᠦᠯᠬᠦ ᠬᠡᠷᠡᠭᠲᠡᠢ᠃ ᠰᠤᠷᠤᠬ᠍ᠴᠢᠳ᠎ᠤᠨ ᠳᠤᠮᠳᠠᠳᠤ ᠤᠯᠤᠰ᠎ᠤᠨ ᠡᠪ ᠬᠠᠮᠲᠤ ᠨᠠᠮ᠎ᠢ ᠬᠠᠶ᠋ᠢᠷᠠᠯᠠᠨ ᠬᠦᠷᠢᠶᠡᠯᠡᠵᠦ᠂ ᠨᠠᠮ᠎ᠤᠨ ᠦᠭᠡ ᠵᠢ ᠰᠣᠨᠣᠰᠬᠤ᠂ ᠨᠠᠮ ᠵᠶ᠋ᠠᠨ᠎ᠲᠠᠭᠠᠨ ᠤᠷᠤᠭᠰᠢᠯᠠᠬᠤ᠎ᠪᠠᠷ ᠵᠣᠷᠢᠭ ᠰᠢᠭᠤᠳᠴᠤ᠂ ᠠᠷᠠᠳ ᠲᠦᠮᠡᠨ᠎ᠤ ᠳᠤᠮᠳᠠ ᠦᠨᠳᠦᠰᠦᠯᠡᠬᠦ᠂ ᠤᠯᠤᠰ ᠣᠷᠣᠨ᠎ᠳᠠᠭᠠᠨ ᠬᠤᠪᠢ ᠨᠡᠮᠡᠷᠢ ᠦᠵᠡᠭᠦᠯᠭᠦ᠎ᠪᠠᠷ ᠵᠣᠷᠢᠭ ᠰᠢᠭᠤᠳᠬᠤ ᠵᠢ ᠬᠥᠮᠥᠵᠢᠭᠦᠯᠦᠨ ᠵᠢᠯᠤᠭᠤᠳᠬᠤ ᠬᠡᠷᠡᠭᠲᠡᠢ᠃ ᠭᠤᠷᠪᠠ᠎ᠳᠤ᠂ ᠵᠠᠩ ᠮᠣᠷᠠᠯ᠎ᠤᠨ ᠪᠣᠯᠪᠠᠰᠤᠷᠠᠯ᠎ᠢ ᠴᠢᠩᠭ᠋ᠠᠳᠬᠠᠬᠤ ᠳᠡᠭᠡᠷ᠎ᠡ ᠬᠦᠴᠦ ᠲᠠᠯᠪᠢᠬᠤ ᠬᠡᠷᠡᠭᠲᠡᠢ᠃ ᠶᠣᠰᠣ ᠰᠤᠷᠲᠠᠬᠤᠨ᠎ᠢ ᠲᠡᠷᠢᠭᠦᠨ᠎ᠳᠤ ᠲᠠᠯᠪᠢᠵᠤ᠂ ᠪᠡᠶ᠎ᠡ᠎ᠪᠠᠨ ᠵᠠᠰᠠᠬᠤ᠎ᠪᠠᠷ ᠦᠨᠳᠦᠰᠦ ᠪᠤᠯᠭ᠋ᠠᠬᠤ ᠪᠣᠯ ᠴᠢᠳᠠᠪᠤᠷᠢᠲᠠᠨ᠎ᠤ ᠦᠰᠦᠨ ᠪᠤᠶ᠋ᠢᠵᠢᠯᠲᠠ ᠵᠢᠨ ᠦᠨᠳᠦᠰᠦᠨ ᠯᠣᠭᠢᠭ ᠮᠥᠨ᠃ ᠰᠤᠷᠤᠬ᠍ᠴᠢᠳ᠎ᠢ ᠬᠥᠮᠥᠵᠢᠭᠦᠯᠵᠦ ᠬᠥᠲᠥᠯᠥᠨ ᠵᠢᠯᠤᠭᠤᠳᠴᠤ ᠪᠠᠶ᠋ᠢᠭ᠋ᠠᠳ ᠨᠡᠶ᠋ᠢᠭᠡᠮ ᠵᠢᠷᠤᠮ᠎ᠤᠨ ᠭᠤᠣᠯᠯᠠᠭᠴᠢ ᠥᠷᠲᠡᠭ᠎ᠤᠨ ᠦᠵᠡᠯᠲᠡ ᠵᠢ ᠪᠣᠶ᠋ᠢᠵᠢᠭᠤᠯᠤᠨ ᠦᠢ᠍ᠯᠡᠳᠦᠯᠭᠡᠵᠢᠭᠦᠯᠵᠦ᠂ ᠶᠣᠰᠣ ᠰᠤᠷᠲᠠᠬᠤᠨ ᠵᠶ᠋ᠠᠷ ᠪᠡᠶ᠎ᠡ᠎ᠪᠠᠨ ᠴᠢᠮᠡᠬᠦ᠂ ᠨᠡᠶ᠋ᠢᠲᠡ ᠵᠢᠨ ᠶᠣᠰᠣ ᠰᠤᠷᠲᠠᠬᠤᠨ ᠴᠠᠶ᠋ᠢᠯᠭ᠋ᠠᠨ ᠰᠡᠳᠬᠢᠯ᠎ᠲᠠᠢ ᠪᠠᠶ᠋ᠢᠬᠤ᠂ ᠶᠡᠭᠡ ᠶᠣᠰᠣ ᠰᠤᠷᠲᠠᠬᠤᠨ ᠵᠶ᠋ᠠᠷ ᠰᠦᠭ ᠰᠦᠨᠡᠰᠦ ᠵᠢ ᠱᠤᠭᠤᠬᠤ ᠵᠢ ᠪᠡᠶᠡᠯᠡᠭᠦᠯᠵᠦ᠂ ᠯᠠᠪᠳᠠᠭᠤᠨ ᠪᠠᠲᠤᠲᠠᠢ᠎ᠪᠠᠷ ᠶᠣᠰᠣ ᠰᠤᠷᠲᠠᠬᠤᠨ ᠵᠶ᠋ᠠᠨ ᠱᠤᠭᠤᠵᠤ᠂ ᠶᠡᠭᠡ ᠬᠠᠶ᠋ᠢᠷ᠎ᠠ ᠶᠡᠭᠡ ᠶᠣᠰᠣ ᠰᠤᠷᠲᠠᠬᠤᠨ ᠶᠡᠭᠡ ᠬᠠᠶ᠋ᠢᠷ᠎ᠠ ᠰᠡᠳᠬᠢᠯᠭᠡ᠎ᠲᠠᠢ ᠬᠥᠮᠥᠨ ᠪᠤᠯᠭ᠋ᠠᠬᠤ ᠵᠢ ᠪᠠᠷᠢᠮᠲᠠᠯᠠᠬᠤ ᠬᠡᠷᠡᠭᠲᠡᠢ᠃ ᠳᠥᠷᠪᠡ᠎ᠳᠤ᠂ ᠮᠡᠳᠡᠯᠭᠡ ᠮᠡᠳᠡᠴᠡ᠎ᠪᠠᠨ ᠨᠡᠮᠡᠭᠳᠡᠭᠦᠯᠬᠦ ᠳᠡᠭᠡᠷ᠎ᠡ ᠬᠦᠴᠦ ᠲᠠᠯᠪᠢᠬᠤ ᠬᠡᠷᠡᠭᠲᠡᠢ᠃ ᠮᠡᠳᠡᠯᠭᠡ ᠰᠤᠷᠤᠯᠴᠠᠬᠤ ᠪᠣᠯ ᠰᠤᠷᠤᠬ᠍ᠴᠢ ᠵᠢᠨ ᠲᠤᠬᠠᠶ᠋ᠢᠯᠠᠭᠰᠠᠨ ᠠᠵᠢᠯ ᠪᠣᠯᠣᠨ᠎ᠠ᠃ ᠰᠤᠷᠤᠬ᠍ᠴᠢᠳ᠎ᠢ ᠰᠤᠷᠤᠯᠴᠠᠬᠤ ᠴᠠᠭ ᠮᠥᠴᠡ᠎ᠪᠠᠨ ᠨᠠᠨᠳᠢᠩᠨᠠᠵᠤ᠂ ᠨᠢᠭᠡ ᠰᠡᠳᠬᠢᠯ ᠨᠢᠭᠡ ᠵᠣᠷᠢᠭ ᠵᠶ᠋ᠠᠷ ᠡᠷᠳᠡᠮ ᠮᠡᠳᠡᠯᠭᠡ ᠰᠤᠷᠴᠤ᠂ ᠰᠤᠷᠤᠯᠴᠠᠬᠤ ᠳᠤᠮᠳᠠ ᠮᠡᠳᠡᠯᠭᠡ᠎ᠪᠠᠨ ᠨᠡᠮᠡᠭᠳᠡᠭᠦᠯᠵᠦ᠂ ᠮᠡᠳᠡᠯᠭᠡ ᠮᠡᠳᠡᠴᠡ᠎ᠪᠠᠨ ᠪᠠᠶᠠᠯᠢᠭᠵᠢᠭᠤᠯᠵᠤ᠂ ᠦᠨᠡᠨ ᠶᠣᠰᠣ ᠵᠢ ᠡᠷᠢᠯᠬᠢᠯᠡᠬᠦ᠂ ᠶᠣᠰᠣ ᠤᠴᠢᠷ᠎ᠢ ᠤᠬᠠᠬᠤ᠂ ᠤᠴᠢᠷ ᠶᠣᠰᠣ ᠵᠢ ᠣᠶ᠋ᠢᠯᠠᠭ᠋ᠠᠬᠤ ᠴᠢᠭᠯᠡᠯ ᠵᠶ᠋ᠠᠷ ᠤᠷᠤᠭᠰᠢᠯᠠᠬᠤ ᠵᠢ ᠬᠥᠮᠥᠵᠢᠭᠦᠯᠦᠨ ᠵᠢᠯᠤᠭᠤᠳᠬᠤ ᠬᠡᠷᠡᠭᠲᠡᠢ᠃ ᠲᠠᠪᠤ᠎ᠳᠤ᠂ ᠲᠡᠮᠡᠴᠡᠯ᠎ᠤᠨ ᠵᠣᠷᠢᠭ ᠰᠠᠨᠠᠭ᠎ᠠ ᠵᠢ ᠬᠥᠮᠥᠵᠢᠭᠦᠯᠬᠦ ᠳᠡᠭᠡᠷ᠎ᠡ ᠬᠦᠴᠦ ᠲᠠᠯᠪᠢᠬᠤ ᠬᠡᠷᠡᠭᠲᠡᠢ᠃ ᠰᠤᠷᠤᠬ᠍ᠴᠢᠳ᠎ᠢ ᠰᠤᠷᠭ᠋ᠠᠨ ᠬᠥᠮᠥᠵᠢᠭᠦᠯᠵᠦ ᠬᠥᠲᠥᠯᠥᠨ ᠵᠢᠯᠤᠭᠤᠳᠴᠤ ᠪᠠᠶ᠋ᠢᠭ᠋ᠠᠳ ᠠᠯᠤᠰ ᠭᠡᠲᠦ ᠵᠢᠨ ᠬᠦᠰᠡᠯ ᠵᠣᠷᠢᠯᠲᠠ᠎ᠲᠠᠢ ᠪᠤᠯᠭ᠋ᠠᠵᠤ᠂ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠬᠦ᠂ ᠴᠥᠬᠦᠷᠡᠰᠢ ᠦᠭᠡᠢ ᠲᠡᠮᠡᠴᠡᠬᠦ ᠵᠣᠷᠢᠭ ᠰᠠᠨᠠᠭ᠎ᠠ ᠵᠢ ᠳᠠᠪᠲᠠᠨ ᠪᠤᠯᠪᠠᠰᠤᠷᠠᠭᠤᠯᠵᠤ᠂ ᠵᠣᠷᠢᠭᠲᠠᠢ᠎ᠪᠠᠷ ᠲᠡᠮᠡᠴᠡᠬᠦ ᠣᠶᠤᠨ ᠰᠠᠨᠠᠭ᠋ᠠᠨ᠎ᠤ ᠳᠦᠷᠰᠦ ᠪᠠᠶ᠋ᠢᠳᠠᠯ᠂ ᠪᠠᠶᠠᠰᠤᠩᠭᠤᠢ ᠥᠭᠡᠳᠡᠷᠬᠡᠭ ᠠᠮᠢᠳᠤᠷᠠᠬᠤᠢ ᠵᠢᠨ ᠣᠪᠣᠷ᠎ᠲᠠᠢ ᠪᠤᠯᠭ᠋ᠠᠵᠤ᠂ ᠮᠡᠳᠡᠬᠦ ᠬᠢᠬᠦ ᠵᠢ ᠨᠢᠭᠡᠳᠬᠡᠬᠦ ᠵᠢ ᠦᠨᠡᠨ ᠬᠦ᠌ ᠪᠡᠶᠡᠯᠡᠭᠦᠯᠵᠦ᠂ ᠳᠣᠷᠪᠢᠯᠢᠭ ᠠᠵᠢᠯᠯᠠᠵᠤ᠂ ᠬᠦᠴᠦᠷᠬᠡᠭᠵᠢᠬᠦ᠎ᠪᠠᠷ ᠬᠦᠴᠦᠯᠡᠨ ᠴᠢᠷᠮᠠᠶ᠋ᠢᠬᠤ ᠬᠡᠷᠡᠭᠲᠡᠢ᠃ ᠵᠢᠷᠭᠤᠭ᠎ᠠ᠎ᠳᠤ᠂ ᠶᠡᠷᠦᠩᠬᠡᠶ᠋ᠢᠯᠡᠭᠰᠡᠨ ᠬᠡᠪ ᠴᠢᠨᠠᠷ᠎ᠢ ᠴᠢᠩᠭ᠋ᠠᠳᠬᠠᠬᠤ ᠳᠡᠭᠡᠷ᠎ᠡ ᠬᠦᠴᠦ ᠲᠠᠯᠪᠢᠬᠤ ᠬᠡᠷᠡᠭᠲᠡᠢ᠃ ᠨᠡᠶ᠋ᠢᠭᠡᠮ ᠵᠢᠷᠤᠮ᠎ᠤᠨ ᠪᠦᠲᠦᠭᠡᠨ ᠪᠠᠶ᠋ᠢᠭᠤᠯᠤᠭᠴᠢ ᠪᠠ ᠵᠠᠯᠭ᠋ᠠᠮᠵᠢᠯᠠᠭᠴᠢ ᠡᠷᠬᠡᠪᠰᠢ ᠪᠦᠭᠦ ᠲᠠᠯ᠎ᠠ᠎ᠪᠠᠷ ᠬᠥᠭᠵᠢᠬᠦ ᠬᠡᠷᠡᠭᠲᠡᠢ᠃ ᠰᠤᠷᠤᠬ᠍ᠴᠢᠳ᠎ᠤᠨ ᠶᠡᠷᠦᠩᠬᠡᠶ᠋ᠢᠯᠡᠭᠰᠡᠨ ᠴᠢᠳᠠᠪᠤᠷᠢ ᠵᠢ ᠬᠥᠮᠥᠵᠢᠭᠦᠯᠵᠦ ᠬᠥᠲᠥᠯᠥᠨ ᠵᠢᠯᠤᠭᠤᠳᠴᠤ᠂ ᠰᠢᠨ᠎ᠡ ᠵᠢ ᠡᠭᠦᠳᠬᠦ ᠰᠡᠳᠬᠢᠬᠦᠢ ᠵᠢ ᠬᠥᠮᠥᠵᠢᠭᠦᠯᠬᠦ ᠬᠡᠷᠡᠭᠲᠡᠢ᠃ ᠡᠷᠡᠭᠦᠯ ᠴᠢᠭᠢᠷᠠᠭ᠎ᠢ ᠲᠡᠷᠢᠭᠦᠨ᠎ᠳᠤ ᠲᠠᠯᠪᠢᠬᠤ ᠰᠤᠷᠭ᠋ᠠᠨ ᠬᠥᠮᠦᠵᠢᠯ᠎ᠤᠨ ᠣᠶ᠋ᠢᠯᠠᠭ᠋ᠠᠭᠳᠠᠬᠤᠨ᠎ᠢ ᠪᠤᠶ ᠪᠤᠯᠭ᠋ᠠᠵᠤ᠂ ᠪᠡᠶ᠎ᠡ ᠵᠢᠨ ᠲᠠᠮᠢᠷ᠎ᠤᠨ ᠬᠢᠴᠢᠶᠡᠯ᠎ᠢ ᠪᠦᠷᠢᠨ ᠭᠦᠢ᠍ᠴᠡᠳ ᠨᠡᠭᠡᠭᠡᠬᠦ ᠬᠡᠷᠡᠭᠲᠡᠢ᠃ ᠰᠤᠷᠭ᠋ᠠᠭᠤᠯᠢ ᠵᠢᠨ ᠭᠤᠸ᠎ᠠ ᠰᠠᠶ᠋ᠢᠬᠠᠨ᠎ᠤ ᠬᠥᠮᠦᠵᠢᠯ᠎ᠢ ᠪᠦᠭᠦ ᠲᠠᠯ᠎ᠠ᠎ᠪᠠᠷ ᠴᠢᠩᠭ᠋ᠠᠳᠬᠠᠨ ᠰᠠᠶ᠋ᠢᠵᠢᠷᠠᠭᠤᠯᠵᠤ᠂ ᠰᠤᠷᠤᠬ᠍ᠴᠢᠳ᠎ᠤᠨ ᠭᠤᠸ᠎ᠠ ᠰᠠᠶ᠋ᠢᠬᠠᠨ᠎ᠤ ᠲᠠᠭ᠋ᠠᠰᠢᠶᠠᠯ ᠪᠠ ᠬᠥᠮᠥᠨ ᠨᠡᠶ᠋ᠢᠭᠡᠮ᠎ᠤᠨ ᠬᠡᠪ ᠪᠣᠯᠪᠠᠰᠤᠷᠠᠯ᠎ᠢ ᠳᠡᠭᠡᠭᠰᠢᠯᠡᠭᠦᠯᠭᠦ ᠬᠡᠷᠡᠭᠲᠡᠢ᠃ ᠰᠤᠷᠤᠬ᠍ᠴᠢᠳ᠎ᠤᠨ ᠳᠤᠮᠳᠠ ᠭᠦᠳᠡᠯᠮᠦᠷᠢ ᠵᠢᠨ ᠵᠣᠷᠢᠭ ᠰᠠᠨᠠᠭ᠎ᠠ ᠵᠢ ᠪᠠᠳᠠᠷᠠᠭᠤᠯᠵᠤ᠂ ᠰᠤᠷᠤᠬ᠍ᠴᠢᠳ᠎ᠢ ᠭᠦᠳᠡᠯᠮᠦᠷᠢ ᠵᠢ ᠡᠷᠭᠢᠮᠯᠡᠭᠦ᠂ ᠭᠦᠳᠡᠯᠮᠦᠷᠢ ᠵᠢ ᠬᠦᠨᠳᠦᠳᠬᠡᠬᠦ ᠵᠢ ᠰᠤᠷᠭ᠋ᠠᠨ ᠬᠥᠮᠥᠵᠢᠭᠦᠯᠵᠦ ᠬᠥᠲᠥᠯᠥᠨ ᠵᠢᠯᠤᠭᠤᠳᠬᠤ ᠬᠡᠷᠡᠭᠲᠡᠢ ᠭᠡᠵᠦ ᠵᠢᠭ᠋ᠠᠵᠤ ᠭᠠᠷᠭ᠋ᠠᠪᠠ᠃
ᠵᠣᠬᠢᠶᠠᠯ᠎ᠳᠤ᠂ ᠶᠣᠰᠣ ᠰᠤᠷᠲᠠᠬᠤᠨ ᠤᠶᠤᠨ ᠤᠬᠠᠭ᠋ᠠᠨ ᠪᠡᠶ᠎ᠡ ᠮᠠᠬᠠᠪᠤᠳ ᠭᠤᠸ᠎ᠠ ᠰᠠᠶ᠋ᠢᠬᠠᠨ ᠭᠦᠳᠡᠯᠮᠦᠷᠢ ᠪᠦᠭᠦ ᠲᠠᠯ᠎ᠠ᠎ᠪᠠᠷ ᠬᠥᠮᠥᠵᠢᠭᠦᠯᠬᠦ ᠰᠤᠷᠭ᠋ᠠᠨ ᠬᠥᠮᠦᠵᠢᠯ᠎ᠤᠨ ᠰᠢᠰᠲ᠋ᠧᠮ᠎ᠢ ᠴᠢᠷᠮᠠᠶ᠋ᠢᠨ ᠪᠠᠶ᠋ᠢᠭᠤᠯᠵᠤ᠂ ᠨᠡᠩ ᠥᠨᠳᠥᠷ ᠲᠦᠪᠰᠢᠨ ᠪᠦᠬᠦᠢ ᠴᠢᠳᠠᠪᠤᠷᠢᠲᠠᠨ ᠬᠥᠮᠥᠵᠢᠭᠦᠯᠬᠦ ᠰᠢᠰᠲ᠋ᠧᠮ᠎ᠢ ᠪᠦᠷᠢᠯᠳᠦᠭᠦᠯᠬᠦ ᠬᠡᠷᠡᠭᠲᠡᠢ᠃ ᠶᠣᠰᠣ ᠰᠤᠷᠲᠠᠬᠤᠨ ᠵᠶ᠋ᠠᠷ ᠬᠥᠮᠥᠨ᠎ᠢ ᠬᠥᠮᠥᠵᠢᠭᠦᠯᠬᠦ ᠵᠢ ᠦᠵᠡᠯ ᠰᠠᠨᠠᠭ᠎ᠠ ᠶᠣᠰᠣ ᠰᠤᠷᠲᠠᠬᠤᠨ᠎ᠤ ᠬᠥᠮᠦᠵᠢᠯ᠂ ᠰᠣᠶᠣᠯ ᠮᠡᠳᠡᠯᠭᠡ ᠵᠢᠨ ᠬᠥᠮᠦᠵᠢᠯ᠂ ᠨᠡᠶ᠋ᠢᠭᠡᠮ᠎ᠤᠨ ᠦᠢ᠍ᠯᠡᠳᠦᠯᠭᠡ ᠵᠢᠨ ᠬᠥᠮᠦᠵᠢᠯ᠎ᠤᠨ ᠡᠯ᠎ᠡ ᠭᠤᠭᠴᠤᠭ᠎ᠠ᠎ᠳᠤ ᠠᠭᠤᠰᠤᠯᠴᠠᠭᠤᠯᠵᠤ᠂ ᠰᠠᠭᠤᠷᠢ ᠰᠤᠷᠭ᠋ᠠᠨ ᠬᠥᠮᠦᠵᠢᠯ᠂ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠂ ᠳᠡᠭᠡᠳᠦ ᠵᠡᠷᠭᠡ ᠵᠢᠨ ᠰᠤᠷᠭ᠋ᠠᠨ ᠬᠥᠮᠦᠵᠢᠯ ᠵᠡᠷᠭᠡ ᠡᠯ᠎ᠡ ᠬᠦᠷᠢᠶᠡᠨ᠎ᠳᠤ ᠲᠤᠭᠤᠰᠢᠯᠠᠭᠤᠯᠵᠤ᠂ ᠰᠢᠨᠵᠢᠯᠡᠭᠡᠨ᠎ᠤ ᠰᠢᠰᠲ᠋ᠧᠮ᠂ ᠵᠢᠭ᠋ᠠᠨ ᠰᠤᠷᠭ᠋ᠠᠯᠲᠠ ᠵᠢᠨ ᠰᠢᠰᠲ᠋ᠧᠮ᠂ ᠵᠢᠭ᠋ᠠᠬᠤ ᠮᠠᠲ᠋ᠧᠷᠢᠶᠠᠯ᠎ᠤᠨ ᠰᠢᠰᠲ᠋ᠧᠮ᠂ ᠬᠠᠮᠢᠶᠠᠷᠤᠯᠲᠠ ᠵᠢᠨ ᠰᠢᠰᠲ᠋ᠧᠮ᠎ᠢ ᠡᠨᠡ ᠬᠦ᠌ ᠬᠠᠷᠠᠯᠲᠠ ᠵᠢᠨ ᠲᠣᠭᠤᠷᠢᠨ᠎ᠳᠤ ᠵᠢᠷ᠎ᠤᠨ ᠲᠥᠯᠥᠪᠯᠡᠵᠦ᠂ ᠪᠠᠭᠰᠢ ᠨᠠᠷ ᠡᠨᠡ ᠬᠦ᠌ ᠬᠠᠷᠠᠯᠲᠠ ᠵᠢᠨ ᠲᠣᠭᠤᠷᠢᠨ᠎ᠳᠤ ᠵᠢᠭ᠋ᠠᠨ ᠰᠤᠷᠭ᠋ᠠᠬᠤ ᠬᠡᠷᠡᠭᠲᠡᠢ᠂ ᠰᠤᠷᠤᠬ᠍ᠴᠢᠳ ᠡᠨᠡ ᠬᠦ᠌ ᠬᠠᠷᠠᠯᠲᠠ ᠵᠢᠨ ᠲᠣᠭᠤᠷᠢᠨ᠎ᠳᠤ ᠰᠤᠷᠤᠯᠴᠠᠬᠤ ᠬᠡᠷᠡᠭᠲᠡᠢ᠃ ᠡᠨᠡ ᠬᠦ᠌ ᠬᠠᠷᠠᠯᠲᠠ ᠵᠢ ᠪᠡᠶᠡᠯᠡᠭᠦᠯᠬᠦ᠎ᠳᠤ ᠠᠰᠢᠭ ᠦᠭᠡᠢ ᠠᠷᠭ᠎ᠠ ᠬᠢᠳᠡᠯ ᠪᠦᠭᠦᠨ᠎ᠢ ᠡᠷᠡᠰ ᠵᠠᠯᠠᠷᠠᠭᠤᠯᠬᠤ ᠬᠡᠷᠡᠭᠲᠡᠢ ᠭᠡᠵᠦ ᠵᠢᠭ᠋ᠠᠵᠤ ᠭᠠᠷᠭ᠋ᠠᠪᠠ᠃
ᠵᠣᠬᠢᠶᠠᠯ᠎ᠳᠤ᠂ ᠵᠢᠭ᠋ᠠᠬᠤ ᠮᠠᠲ᠋ᠧᠷᠢᠶᠠᠯ᠎ᠤᠨ ᠪᠠᠶ᠋ᠢᠭᠤᠯᠤᠯᠲᠠ ᠵᠢ ᠴᠢᠬᠤᠯᠠᠴᠢᠯᠠᠬᠤ ᠬᠡᠷᠡᠭᠲᠡᠢ᠃ ᠵᠢᠭ᠋ᠠᠬᠤ ᠮᠠᠲ᠋ᠧᠷᠢᠶᠠᠯ ᠪᠣᠯ ᠮᠡᠳᠡᠯᠭᠡ ᠵᠢ ᠤᠯᠠᠮᠵᠢᠯᠠᠬᠤ ᠭᠤᠣᠯ ᠠᠴᠢᠶᠠᠯᠠᠪᠤᠷᠢ ᠮᠥᠨ᠂ ᠲᠡᠷᠡ᠎ᠨᠢ ᠨᠢᠭᠡ ᠤᠯᠤᠰ᠂ ᠨᠢᠭᠡ ᠦᠨᠳᠦᠰᠦᠲᠡᠨ᠎ᠤ ᠦᠷᠳᠡᠭ᠎ᠤᠨ ᠦᠵᠡᠯᠲᠡ ᠵᠢᠨ ᠰᠢᠰᠲ᠋ᠧᠮ᠎ᠢ ᠢᠯᠡᠷᠡᠭᠦᠯᠵᠦ᠂ ᠪᠠᠭᠰᠢ ᠵᠢᠨ ᠵᠢᠭ᠋ᠠᠨ ᠰᠤᠷᠭ᠋ᠠᠯᠲᠠ᠂ ᠰᠤᠷᠤᠬ᠍ᠴᠢᠳ᠎ᠤᠨ ᠰᠤᠷᠤᠯᠴᠠᠯᠭ᠎ᠠ ᠵᠢᠨ ᠴᠢᠬᠤᠯᠠ ᠪᠠᠭ᠋ᠠᠵᠢ ᠪᠣᠯᠵᠤ ᠪᠠᠶ᠋ᠢᠳᠠᠭ᠃ ᠵᠢᠭ᠋ᠠᠬᠤ ᠮᠠᠲ᠋ᠧᠷᠢᠶᠠᠯ᠎ᠳᠤ ᠮᠠᠷᠺᠰ᠎ᠤᠨ ᠦᠵᠡᠯ᠎ᠤᠨ ᠵᠢᠯᠤᠭᠤᠳᠬᠤ ᠪᠠᠶ᠋ᠢᠷᠢ ᠰᠠᠭᠤᠷᠢ ᠵᠢ ᠪᠠᠷᠢᠮᠲᠠᠯᠠᠵᠤ᠂ ᠮᠠᠷᠺᠰ᠎ᠤᠨ ᠦᠵᠡᠯ᠎ᠢ ᠳᠤᠮᠳᠠᠳᠤ ᠤᠯᠤᠰᠴᠢᠯᠠᠬᠤ ᠱᠠᠭ᠋ᠠᠷᠳᠠᠯᠭ᠎ᠠ ᠵᠢ ᠢᠯᠡᠷᠡᠭᠦᠯᠵᠦ᠂ ᠳᠤᠮᠳᠠᠳᠤ ᠤᠯᠤᠰ ᠪᠠ ᠳᠤᠮᠳᠠᠳᠤ ᠵᠢᠨ ᠦᠨᠳᠦᠰᠦᠲᠡᠨ᠎ᠤ ᠬᠡᠪ ᠨᠠᠮᠪᠠ ᠵᠢ ᠢᠯᠡᠷᠡᠭᠦᠯᠵᠦ᠂ ᠨᠠᠮ ᠪᠠ ᠤᠯᠤᠰ᠎ᠤᠨ ᠰᠤᠷᠭ᠋ᠠᠨ ᠬᠥᠮᠦᠵᠢᠯ᠎ᠳᠠᠬᠢ ᠦᠨᠳᠦᠰᠦᠨ ᠱᠠᠭ᠋ᠠᠷᠳᠠᠯᠭ᠎ᠠ ᠵᠢ ᠢᠯᠡᠷᠡᠭᠦᠯᠵᠦ᠂ ᠤᠯᠤᠰ ᠪᠠ ᠦᠨᠳᠦᠰᠦᠲᠡᠨ᠎ᠤ ᠦᠨᠳᠦᠰᠦᠨ ᠥᠷᠲᠡᠭ᠎ᠤᠨ ᠦᠵᠡᠯᠲᠡ ᠵᠢ ᠢᠯᠡᠷᠡᠭᠦᠯᠵᠦ᠂ ᠬᠥᠮᠥᠨ ᠲᠥᠷᠥᠯᠬᠢᠲᠡᠨ᠎ᠤ ᠰᠣᠶᠣᠯ᠎ᠤᠨ ᠮᠡᠳᠡᠯᠭᠡ ᠵᠢᠨ ᠬᠤᠷᠠᠮᠳᠤᠭᠤᠯᠤᠯ ᠪᠠ ᠰᠢᠨ᠎ᠡ ᠵᠢ ᠡᠭᠦᠳᠦᠭᠰᠡᠨ ᠦᠷ᠎ᠡ ᠪᠦᠲᠦᠭᠡᠯ᠎ᠢ ᠢᠯᠡᠷᠡᠭᠦᠯᠬᠦ ᠬᠡᠷᠡᠭᠲᠡᠢ ᠭᠡᠵᠦ ᠴᠢᠬᠤᠯᠠᠴᠢᠯᠠᠪᠠ᠃