ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ ᠪᠷᠠᠽᠢᠯ᠎ᠤᠨ ᠶᠡᠷᠦᠩᠬᠡᠢᠯᠡᠭᠴᠢ ᠯᠦᠯᠠ ᠲᠠᠢ ᠤᠲᠠᠰᠤ᠎ᠪᠠᠷ ᠶᠠᠷᠢᠯᠴᠠᠪᠠ
ᠨᠡᠶ᠋ᠢᠲᠡᠯᠡᠭᠰᠡᠨ ᠴᠠᠭ᠄ 2025-08-13

ᠱᠢᠨᠬᠤᠸᠠ ᠬᠣᠷᠢᠶ᠎ᠠ᠎ᠶᠢᠨ ᠪᠡᠭᠡᠵᠢᠩ᠎ᠦᠨ 8 ᠰᠠᠷ᠎ᠠ᠎ᠶ᠋ᠢᠨ 12 ᠎ᠤ᠋ᠨ ᠴᠠᠬᠢᠯᠭᠠᠨ ᠮᠡᠳᠡᠭᠡ

8 ᠰᠠᠷ᠎ᠠ᠎ᠶ᠋ᠢᠨ 12 ᠎ᠤ᠋ᠨ ᠡᠳᠦᠷ᠂ ᠤᠯᠤᠰ᠎ᠤᠨ ᠲᠡᠷᠢᠭᠦᠯᠡᠭ᠌ᠴᠢ ᠰᠢ ᠵᠢᠨ ᠫᠢᠩ ᠪᠣᠯᠵᠣᠭ᠎ᠠ᠎ᠪᠠᠷ ᠪᠷᠠᠽᠢᠯ᠎ᠤᠨ ᠶᠡᠷᠦᠩᠬᠡᠢᠯᠡᠭ᠌ᠴᠢ ᠯᠦᠯᠠ᠎ᠲᠠᠢ ᠤᠲᠠᠰᠤ᠎ᠪᠠᠷ ᠶᠠᠷᠢᠯᠴᠠᠪᠠ᠃

ᠰᠢ ᠵᠢᠨ ᠫᠢᠩ᠂ ᠳᠤᠮᠳᠠᠳᠤ ᠪᠷᠠᠽᠢᠯ᠎ᠤᠨ ᠬᠠᠷᠢᠯᠴᠠᠭ᠎ᠠ ᠶᠠᠭ ᠲᠡᠦᠬᠡ᠎ᠶ᠋ᠢᠨ ᠬᠠᠮᠤᠭ᠎ᠤᠨ ᠰᠠᠢ᠌ᠨ ᠴᠠᠭ ᠦᠶ᠎ᠡ᠎ᠳᠦ ᠣᠷᠣᠱᠢᠵᠤ᠂ ᠳᠤᠮᠳᠠᠳᠤ ᠪᠷᠠᠽᠢᠯ᠎ᠤᠨ ᠬᠤᠪᠢ ᠵᠠᠶᠠᠭᠠᠨ᠎ᠤ ᠬᠠᠮᠲᠤ᠎ᠶ᠋ᠢᠨ ᠴᠣᠭ᠍ᠴᠠ᠎ᠶ᠋ᠢᠨ ᠪᠠᠢᠭᠤᠯᠤᠯᠲᠠ ᠪᠣᠯᠤᠨ ᠬᠣᠶᠠᠷ ᠤᠯᠤᠰ᠎ᠤᠨ ᠬᠥᠭ᠌ᠵᠢᠯᠲᠡ᠎ᠶ᠋ᠢᠨ ᠪᠠᠢᠯᠳᠤᠬᠤ ᠪᠤᠳᠤᠯᠭ᠎ᠠ᠎ᠶ᠋ᠢᠨ ᠵᠣᠯᠭᠠᠯᠴᠠᠭ᠎ᠠ ᠰᠠᠢ᠌ᠨ ᠡᠬᠢᠯᠡᠯᠲᠡ᠎ᠲᠡᠶ ᠪᠤᠯᠵᠤ᠂ ᠠᠬᠢᠴᠠ ᠤᠷᠤᠭ᠍ᠰᠢᠲᠠᠢ ᠪᠠᠢᠨ᠎ᠠ᠃ ᠳᠤᠮᠳᠠᠳᠤ ᠤᠯᠤᠰ ᠳᠤᠷᠠᠲᠠᠶ᠎ᠠ ᠪᠷᠠᠽᠢᠯ᠎ᠤᠨ ᠬᠢᠨ᠎ᠲᠠᠶ ᠬᠠᠮᠲᠤ᠎ᠪᠠᠷ ᠠᠵᠠ ᠲᠣᠬᠢᠶᠠᠯ᠎ᠢ ᠠᠮᠵᠢᠵᠤ᠂ ᠨᠢᠭᠡᠳᠦᠯᠲᠡᠢ ᠲᠥᠯᠥᠪᠵᠢᠭᠦᠯᠬᠦ᠌᠎ᠪᠡᠨ ᠴᠢᠩᠭᠠᠳᠭᠠᠵᠤ᠂ ᠨᠡᠩ ᠤᠯᠠᠨ ᠬᠠᠷᠢᠯᠴᠠᠨ ᠠᠱᠢᠭ᠍ᠲᠠᠢ ᠬᠠᠮᠲᠤᠷᠠᠯᠴᠠᠭᠠᠨ᠎ᠤ ᠦᠷ᠎ᠡ ᠪᠦᠲᠦᠭᠡᠯ᠎ᠢ ᠡᠭᠦᠳᠴᠦ᠍᠂ ᠪᠦᠬᠦ᠌ ᠪᠥᠮᠪᠥᠷᠴᠡᠭ᠎ᠦᠨ ᠬᠦᠭᠵᠢᠵᠦ ᠪᠠᠢᠭ᠎ᠠ ᠲᠤᠮᠤ ᠤᠯᠤᠰ᠎ᠤᠨ ᠪᠦᠯᠬᠦᠮᠳᠡᠨ ᠥᠪᠡᠷ᠎ᠢ᠎ᠪᠡᠨ ᠬᠦᠴᠦᠷᠬᠡᠭ᠌ᠵᠢᠭᠦᠯᠬᠦ᠌ ᠬᠡᠪ ᠳᠠᠭᠤᠷᠢᠶᠠᠯ᠎ᠢ ᠪᠤᠢ ᠪᠣᠯᠭᠠᠵᠤ᠂ ᠨᠡᠩ ᠲᠥᠪ ᠭᠣᠣᠯᠴᠢ ᠳᠡᠯᠡᠬᠡᠢ ᠶᠢᠷᠲᠢᠨᠴᠦ᠍ ᠪᠠ ᠨᠡᠩ ᠦᠷᠭᠦᠯᠵᠢᠯᠡᠬᠦ᠌ ᠤᠳᠤᠨ ᠪᠥᠮᠪᠥᠷᠴᠡᠭ᠎ᠢ ᠭᠠᠷ ᠬᠣᠯᠪᠣᠯᠴᠠᠨ ᠪᠠᠢᠭᠤᠯᠤᠨ᠎ᠠ ᠭᠡᠵᠦ ᠵᠢᠭᠠᠵᠤ ᠭᠠᠷᠭᠠᠪᠠ᠃

ᠯᠦᠯᠠ᠂ ᠪᠷᠠᠽᠢᠯ᠎ᠤᠨ ᠬᠢᠨ ᠳᠤᠮᠳᠠᠳᠤ ᠤᠯᠤᠰ᠎ᠯᠤᠭ᠎ᠠ᠎ᠶ᠋ᠢᠨ ᠬᠠᠷᠢᠯᠴᠠᠭ᠎ᠠ᠎ᠶ᠋ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ᠂ ᠳᠤᠮᠳᠠᠳᠤ ᠤᠯᠤᠰ ᠯᠤᠭ᠎ᠠ᠎ᠶ᠋ᠢᠨ ᠬᠠᠮᠲᠤᠷᠠᠯᠴᠠᠭ᠎ᠠ᠎ᠪᠠᠨ ᠴᠢᠩᠭᠠᠳᠭᠠᠵᠤ᠂ ᠪᠠᠢᠯᠳᠤᠬᠤ ᠪᠤᠳᠤᠯᠭ᠎ᠠ᠎ᠶ᠋ᠢᠨ ᠵᠣᠯᠭᠠᠯᠴᠠᠭ᠎ᠠ᠎ᠪᠠᠨ ᠭᠦᠨᠵᠡᠭᠡᠢᠷᠡᠭᠦᠯᠵᠦ᠍᠂ ᠬᠣᠶᠠᠷ ᠤᠯᠤᠰ᠎ᠤᠨ ᠬᠠᠷᠢᠯᠴᠠᠭ᠎ᠠ ᠨᠡᠩ ᠶᠡᠬᠡ ᠬᠥᠭ᠌ᠵᠢᠯᠲᠡ᠎ᠲᠡᠶ ᠪᠣᠯᠬᠤ᠎ᠶ᠋ᠢ ᠠᠬᠢᠭᠤᠯᠬᠤ᠎ᠶ᠋ᠢ ᠬᠦᠰᠡᠵᠦ᠍ ᠪᠠᠢᠨ᠎ᠠ ᠭᠡᠵᠤ ᠢᠯᠡᠳᠭᠡᠪᠡ᠃ ᠯᠦᠯᠠ ᠪᠷᠠᠽᠢᠯ ᠪᠣᠯᠤᠨ ᠠᠮᠧᠷᠢᠺᠠ᠎ᠶ᠋ᠢᠨ ᠬᠠᠷᠢᠯᠴᠠᠭ᠎ᠠ᠎ᠶ᠋ᠢᠨ ᠤᠢ᠍ᠢᠷ᠎ᠠ᠎ᠶ᠋ᠢᠨ ᠪᠠᠢᠳᠠᠯ ᠵᠢᠴᠢ ᠪᠷᠠᠽᠢᠯ᠎ᠤᠨ ᠲᠤᠰ ᠪᠡᠶ᠎ᠡ᠎ᠶ᠋ᠢᠨ ᠡᠷᠬᠡ ᠮᠡᠳᠡᠯ᠎ᠢᠶᠡᠨ ᠡᠷᠡᠰ ᠬᠠᠮᠠᠭᠠᠯᠠᠬᠤ ᠵᠠᠷᠴᠢᠮ ᠵᠣᠭ᠍ᠰᠣᠯᠲᠠ᠎ᠪᠠᠨ ᠲᠠᠨᠢᠯᠴᠠᠭᠤᠯᠵᠤ᠂ ᠳᠤᠮᠳᠠᠳᠤ ᠤᠯᠤᠰ᠎ᠤᠨ ᠤᠯᠠᠨ ᠲᠠᠯᠠᠲᠤ ᠦᠵᠡᠯ᠎ᠢ ᠪᠠᠷᠢᠮᠲᠠᠯᠠᠵᠤ᠂ ᠴᠢᠯᠥᠭᠡᠲᠦ ᠠᠷᠠᠯᠵᠢᠶᠠᠨ᠎ᠤ ᠲᠦᠷᠢᠮ᠎ᠢ ᠬᠠᠮᠠᠭᠠᠯᠠᠵᠤ᠂ ᠳᠡᠯᠡᠬᠡᠢ᠎ᠶ᠋ᠢᠨ ᠬᠡᠷᠡᠭ ᠶᠠᠪᠤᠳᠠᠯ᠎ᠳᠤ ᠬᠠᠷᠢᠭᠤᠴᠠᠯᠭ᠎ᠠ᠎ᠲᠠᠶ ᠦᠢᠯᠡᠳᠦᠯ ᠦᠵᠡᠭᠦᠯᠵᠦ᠍ ᠪᠠᠢᠬᠤ᠎ᠶ᠋ᠢ ᠮᠠᠭ᠍ᠲᠠᠨ ᠰᠠᠢᠱᠢᠶᠠᠪᠠ᠃ ᠪᠷᠠᠽᠢᠯ᠎ᠤᠨ ᠬᠢᠨ ᠳᠤᠷᠠᠲᠠᠶ᠎ᠠ ᠳᠤᠮᠳᠠᠳᠤ ᠤᠯᠤᠰ᠎ᠯᠤᠭ᠎ᠠ ᠠᠯᠳᠠᠨ ᠲᠣᠭᠣᠰᠭ᠎ᠠ ᠤᠯᠤᠰ᠎ᠤᠳ ᠵᠡᠷᠭᠡ ᠤᠯᠠᠨ ᠲᠠᠯᠠᠲᠤ ᠲᠣᠭ᠍ᠲᠠᠴᠠ᠎ᠳᠠᠬᠢ ᠤᠯᠤᠯᠴᠠᠭ᠎ᠠ ᠵᠣᠬᠢᠴᠠᠭᠤᠯᠭ᠎ᠠ᠎ᠪᠠᠨ ᠴᠢᠩᠭᠠᠳᠭᠠᠵᠤ᠂ ᠭᠠᠭ᠍ᠴᠠ ᠲᠠᠯ᠎ᠠ᠎ᠶ᠋ᠢᠨ ᠡᠵᠡᠷᠬᠡᠭᠯᠡᠨ ᠳᠠᠷᠤᠯᠠᠬᠤ ᠠᠵᠢᠯᠯᠠᠭ᠎ᠠ᠎ᠶ᠋ᠢ ᠡᠰᠡᠷᠭᠦᠴᠡᠵᠦ᠍᠂ ᠡᠯ᠎ᠡ ᠤᠯᠤᠰ᠎ᠤᠨ ᠬᠠᠮᠲᠤ᠎ᠶ᠋ᠢᠨ ᠠᠱᠢᠭ ᠲᠤᠰᠠ᠎ᠶ᠋ᠢ ᠬᠠᠮᠠᠭᠠᠯᠠᠨ᠎ᠠ ᠭᠡᠪᠡ᠃

ᠰᠢ ᠵᠢᠨ ᠫᠢᠩ᠂ ᠳᠤᠮᠳᠠᠳᠤ ᠤᠯᠤᠰ ᠪᠷᠠᠽᠢᠯ᠎ᠤᠨ ᠠᠷᠠᠳ ᠲᠦᠮᠡᠨ᠎ᠦ ᠤᠯᠤᠰ᠎ᠤᠨ ᠡᠷᠬᠡ ᠮᠡᠳᠡᠯ᠎ᠢᠶᠡᠨ ᠬᠠᠮᠠᠭᠠᠯᠠᠬᠤ᠎ᠶ᠋ᠢ ᠲᠡᠮᠵᠢᠵᠥ᠍᠂ ᠪᠷᠠᠽᠢᠯ᠎ᠤᠨ ᠬᠢᠨ᠎ᠦ ᠥᠪᠡᠷ᠎ᠦᠨ ᠵᠦᠢ ᠶᠣᠰᠣᠨ᠎ᠤ ᠡᠷᠬᠡ ᠠᠱᠢᠭ᠎ᠢᠶᠠᠨ ᠬᠠᠮᠠᠭᠠᠯᠠᠬᠤ᠎ᠶ᠋ᠢ ᠲᠡᠮᠵᠢᠨ᠎ᠡ᠃ ᠡᠯ᠎ᠡ ᠤᠯᠤᠰ ᠪᠦᠯᠬᠦᠮᠳᠡᠵᠡᠭᠡᠵᠦ᠍᠂ ᠲᠤᠭ ᠲᠡᠮᠳᠡᠭ ᠲᠣᠳᠣᠷᠬᠠᠢ᠎ᠪᠠᠷ ᠭᠠᠭ᠍ᠴᠠ ᠲᠠᠯᠠᠲᠤ ᠦᠵᠡᠯ᠂ ᠬᠠᠮᠠᠭᠠᠯᠠᠬᠤ ᠦᠵᠡᠯ᠎ᠢ ᠡᠰᠡᠷᠭᠦᠴᠡᠪᠡᠯ ᠵᠣᠬᠢᠨ᠎ᠠ᠃ ᠠᠯᠳᠠᠨ ᠲᠣᠭᠣᠰᠭ᠎ᠠ ᠤᠯᠤᠰ᠎ᠤᠳ᠎ᠤᠨ ᠲᠣᠭ᠍ᠲᠠᠴᠠ ᠪᠣᠯ ᠪᠦᠬᠦ᠌ ᠪᠥᠮᠪᠥᠷᠴᠡᠭ᠎ᠦᠨ ᠬᠦᠭᠵᠢᠵᠦ ᠪᠠᠢᠭ᠎ᠠ ᠤᠯᠤᠰ᠎ᠤᠳ᠎ᠤᠨ ᠬᠠᠮᠲᠤ᠎ᠶ᠋ᠢᠨ ᠲᠠᠨᠢᠯᠲᠠ᠎ᠶ᠋ᠢ ᠨᠢᠭ᠍ᠲᠠᠷᠠᠭᠤᠯᠬᠤ ᠴᠢᠬᠤᠯᠠ ᠲᠠᠪᠴᠠᠩ ᠪᠣᠯᠤᠨ᠎ᠠ᠂ ᠪᠷᠠᠽᠢᠯ᠎ᠤᠨ ᠬᠢᠨ ᠠᠯᠳᠠᠨ ᠲᠣᠭᠣᠰᠭ᠎ᠠ ᠤᠯᠤᠰ᠎ᠤᠳ᠎ᠤᠨ ᠤᠳᠤᠷᠢᠳᠭᠤ ᠬᠥᠮᠦᠰ᠎ᠦᠨ ᠠᠭᠤᠯᠵᠠᠯᠲᠠ᠎ᠶ᠋ᠢ ᠠᠮᠵᠢᠯᠲᠠ᠎ᠲᠠᠶ ᠡᠷᠬᠢᠯᠡᠭ᠌ᠰᠡᠨ᠎ᠳᠦ ᠪᠠᠶᠠᠷ ᠬᠦᠷᠭᠡᠵᠦ᠍ ᠪᠠᠢᠨ᠎ᠠ᠃ ᠪᠦᠬᠦ᠌ ᠪᠥᠮᠪᠥᠷᠴᠡᠭ᠎ᠦᠨ ᠬᠦᠭᠵᠢᠵᠦ ᠪᠠᠢᠭ᠎ᠠ ᠤᠯᠤᠰ᠎ᠤᠳ ᠤᠯᠠᠨ ᠤᠯᠤᠰ᠎ᠤᠨ ᠲᠥᠪ ᠭᠣᠣᠯᠴᠢ ᠱᠢᠳᠤᠷᠭᠤ ᠶᠣᠰᠣ᠎ᠶ᠋ᠢ ᠭᠠᠷ ᠬᠣᠯᠪᠣᠯᠴᠠᠨ ᠬᠠᠮᠠᠭᠠᠯᠠᠵᠤ᠂ ᠤᠯᠠᠨ ᠤᠯᠤᠰ᠎ᠤᠨ ᠬᠠᠷᠢᠯᠴᠠᠭᠠᠨ᠎ᠤ ᠦᠨᠳᠦᠰᠦᠨ ᠪᠠᠷᠢᠮᠵᠢᠶ᠎ᠠ᠎ᠶ᠋ᠢ ᠬᠠᠮᠠᠭᠠᠯᠠᠵᠤ᠂ ᠬᠥᠭ᠌ᠵᠢᠵᠦ᠍ ᠪᠠᠢᠭ᠎ᠠ ᠤᠯᠤᠰ᠎ᠤᠳ᠎ᠤᠨ ᠵᠦᠢ ᠶᠣᠰᠣᠨ᠎ᠤ ᠡᠷᠬᠡ ᠠᠱᠢᠭ᠎ᠢ ᠬᠠᠮᠠᠭᠠᠯᠠᠪᠠᠯ ᠵᠣᠬᠢᠨ᠎ᠠ᠃ ᠳᠤᠮᠳᠠᠳᠤ ᠪᠷᠠᠽᠢᠯ ᠦᠷᠭᠦᠯᠵᠢᠯᠡᠨ ᠪᠦᠬᠦ᠌ ᠪᠥᠮᠪᠥᠷᠴᠡᠭ᠎ᠦᠨ ᠴᠢᠨᠠᠷᠲᠠᠢ ᠥᠷᠢᠰᠥᠯᠳᠦᠭᠡᠨ᠎ᠢ ᠬᠠᠮᠲᠤ᠎ᠪᠠᠷ ᠠᠷᠭᠠᠴᠠᠭᠠᠵᠤ᠂ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠠᠭᠤᠷ ᠠᠮᠢᠰᠭᠤᠯ᠎ᠤᠨ ᠬᠤᠪᠢᠷᠠᠯᠲᠠ᠎ᠶ᠋ᠢᠨ ᠪᠸᠯᠸᠮ᠎ᠤᠨ ᠶᠡᠬᠡ ᠬᠤᠷᠠᠯ᠎ᠤᠨ ᠠᠮᠵᠢᠯᠲᠠ ᠤᠯᠬᠤ᠎ᠶ᠋ᠢ ᠪᠠᠲᠤᠯᠠᠵᠤ᠂ 《ᠡᠩᠬᠡ ᠲᠠᠢᠪᠤᠩ᠎ᠤᠨ ᠨᠠᠢᠵᠠ》᠎ᠶ᠋ᠢᠨ ᠳᠤᠭᠤᠢᠯᠠᠩ᠎ᠤᠨ ᠤᠯᠤᠰ ᠲᠦᠷᠦ᠍᠎ᠶ᠋ᠢᠨ ᠠᠷᠭ᠎ᠠ᠎ᠪᠠᠷ ᠦᠺᠷᠠᠢᠨ᠎ᠤ ᠬᠢᠮᠤᠷᠠᠯ᠎ᠢ ᠱᠢᠢᠳᠪᠦᠷᠢᠯᠡᠬᠦ᠌᠎ᠳᠦ ᠦᠢᠯᠡᠳᠦᠯ ᠦᠵᠡᠭᠦᠯᠬᠦ᠌᠎ᠶ᠋ᠢ ᠠᠬᠢᠭᠤᠯᠤᠶ᠎ᠠ ᠭᠡᠵᠦ ᠢᠯᠡᠳᠭᠡᠪᠡ᠃

ᠢᠷᠡᠯᠲᠡ᠄ ᠥᠪᠥᠷ ᠮᠣᠩᠭᠣᠯ᠎ᠤᠨ ᠡᠳᠦᠷ᠎ᠦᠨ ᠰᠣᠨᠢᠨ