《ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ》 ᠳᠤᠮᠳᠠᠳᠤ ᠵᠢ ᠦᠭᠦᠯᠡᠬᠦᠢ 2023 ᠣᠨ᠎ᠤ ᠬᠢᠯᠢ ᠬᠢᠵᠠᠭ᠋ᠠᠷ ᠵᠢᠡᠷ ᠠᠶᠠᠯᠠᠬᠤ ᠠᠵᠢᠯᠯᠠᠭ᠎ᠠ ᠵᠢᠩᠬᠢᠨᠢ᠎ᠪᠠᠷ ᠡᠬᠢᠯᠡᠪᠡ
11 ᠳ᠋ᠦ᠍ᠭᠡᠷ ᠰᠠᠷ᠎ᠠ ᠵᠢᠨ 18᠎ᠤ ᠡᠳᠦᠷ᠂ 《ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ》 ᠳᠤᠮᠳᠠᠳᠤ ᠵᠢ ᠦᠭᠦᠯᠡᠬᠦᠢ 2023 ᠣᠨ᠎ᠤ ᠬᠢᠯᠢ ᠬᠢᠵᠠᠭ᠋ᠠᠷ ᠵᠢᠡᠷ ᠠᠶᠠᠯᠠᠬᠤ ᠠᠵᠢᠯᠯᠠᠭ᠎ᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠯᠥᠨ ᠪᠣᠢ᠌ᠷ ᠬᠣᠲᠠ᠎ᠳᠤ ᠵᠢᠩᠬᠢᠨᠢ᠎ᠪᠠᠷ ᠡᠬᠢᠯᠡᠪᠡ᠃ ᠲᠣᠰ ᠤᠳᠠᠭ᠋ᠠᠨ᠎ᠤ ᠠᠵᠢᠯᠯᠠᠭ᠎ᠠ ᠵᠢ ᠳᠤᠮᠳᠠᠳᠤ ᠤᠯᠤᠰ᠎ᠤᠨ ᠦᠨᠳᠦᠰᠦᠲᠡᠨ ᠰᠣᠨᠢᠨ᠎ᠤ ᠬᠣᠷᠢᠶ᠎ᠠ ᠭᠣᠤᠯᠯᠠᠨ ᠡᠷᠭᠢᠯᠡᠵᠦ᠂ 《ᠳᠤᠮᠳᠠᠳᠤ ᠵᠢ ᠦᠭᠦᠯᠡᠬᠦᠢ》 ᠲᠠᠪᠴᠠᠩ ᠳᠠᠭ᠋ᠠᠭ᠋ᠠᠴᠢᠯᠠᠨ ᠡᠷᠭᠢᠯᠡᠪᠡ᠃
ᠲᠣᠰ ᠤᠳᠠᠭ᠋ᠠᠨ᠎ᠤ ᠠᠵᠢᠯᠯᠠᠭ᠎ᠠ᠎ᠨᠢ ᠮᠡᠳᠡᠬᠡ ᠵᠠᠭᠤᠴᠢᠯᠠᠭᠤᠷ᠎ᠤᠨ ᠰᠤᠷᠪᠤᠯᠵᠢᠯᠠᠭᠴᠢᠳ ᠪᠤᠯᠤᠨ ᠰᠦᠯᠵᠢᠶᠡᠨ᠎ᠤ ᠤᠳᠤᠳ᠎ᠢ ᠵᠤᠬᠢᠶᠠᠨ ᠪᠠᠢ᠌ᠭᠤᠯᠵᠤ᠂ ᠥᠪᠥᠷ ᠮᠣᠩᠭᠣᠯ᠎ᠤᠨ ᠬᠥᠯᠥᠨ ᠪᠣᠢ᠌ᠷ ᠬᠣᠲᠠ᠂ ᠰᠢᠨᠵᠢᠶᠠᠩ᠎ᠤᠨ ᠺᠠᠱᠭ᠋ᠠᠷ ᠣᠷᠣᠨ᠂ ᠲᠠᠷᠪᠠᠭ᠋ᠠᠲᠠᠢ ᠣᠷᠣᠨ᠂ ᠶᠦᠨᠨᠠᠨ᠎ᠤ ᠫᠦ᠋ ᠡᠯ ᠬᠣᠲᠠ᠂ ᠭᠤᠸᠠᠩᠰᠢ ᠵᠢᠨ ᠴᠥᠩ ᠽᠦᠸᠧ ᠬᠣᠲᠠ᠎ᠪᠠᠷ ᠤᠴᠢᠵᠤ᠂ ᠡᠯ᠎ᠡ ᠦᠨᠳᠦᠰᠦᠲᠡᠨ ᠬᠠᠮᠲᠤ᠎ᠪᠠᠷ ᠥᠷᠭᠡᠨ ᠠᠭᠤᠳᠠᠮ ᠬᠢᠯᠢ ᠬᠢᠵᠠᠭ᠋ᠠᠷ᠎ᠢ ᠨᠡᠭᠡᠭᠡᠨ ᠬᠥᠭᠵᠢᠭᠦᠯᠦᠭᠰᠡᠨ᠂ ᠥᠨᠢ ᠤᠳᠠᠭ᠋ᠠᠨ ᠲᠡᠦᠬᠡ ᠵᠢ ᠬᠠᠮᠲᠤ᠎ᠪᠠᠷ ᠪᠢᠴᠢᠭᠯᠡᠭᠰᠡᠨ᠂ ᠭᠡᠷᠡᠯ ᠰᠠᠴᠤᠷᠠᠩᠭᠤᠶ ᠰᠣᠶᠣᠯ᠎ᠢ ᠬᠠᠮᠲᠤ᠎ᠪᠠᠷ ᠡᠭᠦᠳᠦᠨ ᠪᠦᠲᠦᠭᠡᠭᠰᠡᠨ᠂ ᠠᠭᠤᠤ ᠶᠡᠬᠡ ᠵᠣᠷᠢᠭ ᠰᠠᠨᠠᠭ᠎ᠠ ᠵᠢ ᠬᠠᠮᠲᠤ᠎ᠪᠠᠷ ᠪᠤᠢ᠌ᠵᠢᠭᠤᠯᠤᠭᠰᠠᠨ ᠭᠡᠷᠡᠯ ᠰᠠᠴᠤᠷᠠᠩᠭᠤᠶ ᠥᠩᠭᠡᠷᠡᠯᠲᠡ ᠵᠢ ᠬᠦᠨᠵᠡᠭᠡᠢ ᠣᠢ᠌ᠯᠠᠭ᠋ᠠᠪᠠ; ᠰᠢ ᠵᠢᠨ ᠫᠢᠩ ᠨᠥᠬᠥᠷ ᠵᠶ᠋ᠡᠷ ᠭᠣᠤᠯ ᠪᠣᠯᠭ᠋ᠠᠭᠰᠠᠨ ᠨᠠᠮ᠎ᠤᠨ ᠲᠥᠪ ᠬᠣᠷᠢᠶᠠᠨ᠎ᠤ ᠪᠠᠲᠤ ᠴᠢᠩᠭ᠎ᠠ ᠤᠳᠤᠷᠢᠳᠤᠯᠭ᠎ᠠ ᠳᠣᠤᠷ᠎ᠠ᠂ ᠮᠠᠨ᠎ᠤ ᠤᠯᠤᠰ᠎ᠤᠨ ᠦᠨᠳᠦᠰᠦᠲᠡᠨ᠎ᠤ ᠪᠦᠯᠬᠦᠮᠳᠡᠯ ᠲᠠᠪᠰᠢᠯᠳᠠ ᠵᠢᠨ ᠦᠢ᠍ᠯᠡᠰ᠎ᠤᠨ ᠣᠯᠤᠭᠰᠠᠨ ᠲᠡᠦᠬᠡᠲᠦ ᠴᠢᠨᠠᠷᠲᠠᠢ ᠰᠢᠨ᠎ᠡ ᠠᠮᠵᠢᠯᠲᠠ ᠪᠦᠲᠦᠮᠵᠢ ᠵᠢ ᠪᠡᠶᠡᠴᠢᠯᠡᠨ ᠣᠢ᠌ᠯᠠᠭ᠋ᠠᠪᠠ; ᠳᠠᠮᠵᠢᠭᠤᠯᠤᠨ ᠳᠠᠷᠬᠠᠭ᠋ᠠᠬᠤ ᠠᠷᠭ᠎ᠠ ᠬᠡᠯᠪᠡᠷᠢ ᠵᠢᠨ ᠳᠠᠯ᠎ᠠ᠎ᠪᠠᠷ ᠤᠯᠠᠮ ᠨᠢᠭᠡ ᠠᠯᠬᠤᠮ ᠰᠢᠨ᠎ᠡ ᠵᠢ ᠡᠭᠦᠳᠴᠦ᠂ ᠠᠭᠤᠯᠭ᠎ᠠ᠎ᠪᠠᠨ ᠪᠠᠶᠠᠯᠢᠬ᠍ᠵᠢᠭᠤᠯᠵᠤ᠂ ᠠᠷᠭ᠎ᠠ ᠵᠠᠮ ᠵᠶ᠋ᠠᠨ ᠥᠷᠭᠡᠳᠭᠡᠵᠦ᠂ ᠳᠤᠮᠳᠠᠳᠤ ᠵᠢᠨ ᠦᠨᠳᠦᠰᠦᠲᠡᠨ᠎ᠤ ᠦᠯᠢᠭᠡᠷ᠎ᠢ ᠰᠠᠢ᠌ᠲᠤᠷ ᠶᠠᠷᠢᠪᠠ; ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠢ ᠬᠥᠲᠥᠯᠥᠨ ᠵᠢᠯᠣᠭᠣᠳᠴᠤ ᠪᠠᠢ᠌ᠭ᠋ᠠᠳ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠪᠠ ᠨᠡᠢ᠌ᠭᠡᠮ ᠵᠢᠷᠤᠮᠲᠤ ᠪᠠᠢ᠌ᠭᠤᠯᠤᠯ ᠪᠣᠯ ᠮᠠᠨ᠎ᠤ ᠤᠯᠤᠰ᠎ᠤᠨ ᠦᠨᠳᠦᠰᠦᠲᠡᠨ᠎ᠨᠦᠭᠦᠳ᠎ᠤᠨ ᠬᠠᠮᠲᠤ ᠵᠢᠨ ᠬᠥᠭᠵᠢᠯᠲᠡ ᠳᠠᠪᠰᠢᠯᠲᠠ ᠵᠢᠨ ᠨᠠᠢ᠌ᠳᠠᠪᠤᠷᠢᠲᠠᠶ ᠪᠠᠲᠤᠯᠠᠭ᠎ᠠ ᠮᠥᠨ᠂ ᠳᠤᠮᠳᠠᠳᠤ ᠵᠢᠨ ᠦᠨᠳᠦᠰᠦᠲᠡᠨ ᠪᠣᠯ ᠬᠦᠴᠦᠷᠬᠡᠭ ᠶᠡᠬᠡ ᠡᠨᠡᠭᠰᠢᠯ ᠪᠠ ᠨᠢᠭᠲᠠᠷᠠᠯ᠎ᠤᠨ ᠬᠦᠴᠦᠨ᠎ᠲᠠᠢ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠮᠥᠨ᠂ ᠳᠤᠮᠳᠠᠳᠤ ᠤᠯᠤᠰ᠎ᠤᠨ ᠣᠨᠴᠠᠯᠢᠭ᠎ᠲᠠᠢ ᠦᠨᠳᠦᠰᠦᠲᠡᠨ᠎ᠤ ᠠᠰᠠᠭᠤᠳᠠᠯ᠎ᠢ ᠰᠢᠢᠳᠪᠦᠷᠢᠯᠡᠬᠦ ᠵᠥᠪ ᠵᠠᠮ᠎ᠳᠤ ᠢᠯᠡᠳᠲᠡ ᠳᠠᠪᠠᠭᠤᠯᠢᠭ ᠴᠢᠨᠠᠷᠲᠠᠢ ᠶᠤᠮ ᠭᠡᠳᠡᠭ᠎ᠢ ᠭᠦᠨᠵᠡᠭᠡᠢ ᠲᠠᠨᠢᠭᠤᠯᠪᠠ᠃ ᠪᠢᠳᠠ ᠬᠦᠴᠦᠷᠬᠡᠭ ᠤᠯᠤᠰ᠎ᠢ ᠪᠦᠲᠦᠭᠡᠨ ᠪᠠᠢ᠌ᠭᠤᠯᠵᠤ ᠦᠨᠳᠦᠰᠦᠲᠡᠨ᠎ᠤ ᠰᠡᠷᠭᠦᠨ ᠮᠠᠨᠳᠤᠯᠲᠠ ᠵᠢᠨ ᠰᠢᠨ᠎ᠡ ᠠᠶᠠᠨ᠎ᠳᠤ ᠰᠡᠳᠬᠢᠯ ᠵᠢᠷᠦᠬᠡ᠎ᠪᠠᠨ ᠬᠤᠯᠪᠤᠨ ᠠᠯᠬᠤᠮ ᠨᠢᠬᠡᠳᠡᠢ ᠤᠷᠤᠭᠰᠢᠯᠠᠨ᠎ᠠ᠂ ᠳᠤᠮᠳᠠᠳᠤ ᠵᠢᠨ ᠦᠨᠳᠦᠰᠦᠲᠡᠨ᠎ᠤ ᠰᠠᠢ᠌ᠨ ᠰᠠᠢ᠌ᠬᠠᠨ ᠢᠷᠡᠭᠡᠳᠦᠶ ᠵᠢ ᠬᠠᠮᠲᠤ᠎ᠪᠠᠷ ᠴᠣᠭᠴᠠᠯᠠᠨ᠎ᠠ᠂ ᠦᠨᠳᠦᠰᠦᠲᠡᠨ᠎ᠤ ᠰᠡᠷᠭᠦᠨ ᠮᠠᠨᠳᠤᠯᠲᠠ ᠵᠢᠨ ᠠᠭᠤᠤ ᠶᠡᠬᠡ ᠢᠷᠠᠭᠤ ᠠᠯᠳᠠᠷ᠎ᠢ ᠬᠠᠮᠲᠤ᠎ᠪᠠᠷ ᠡᠳ᠋ᠯᠡᠨ᠎ᠡ᠃
ᠰᠤᠷᠪᠤᠯᠵᠢᠯᠠᠭ᠎ᠠ ᠵᠢᠨ ᠪᠦᠯᠬᠦᠮ᠎ᠤᠨ᠎ᠬᠢᠨ ᠠᠵᠢᠯᠯᠠᠭ᠎ᠠ ᠵᠢᠨ ᠨᠢᠭᠡᠳᠦᠭᠡᠷ ᠥᠷᠲᠡᠭᠡ ᠪᠤᠯᠬᠤ ᠬᠥᠯᠥᠨ ᠪᠣᠢ᠌ᠷ᠎ᠲᠤ ᠬᠦᠷᠴᠦ 《ᠱᠤᠩᠬᠤᠷ》 ᠮᠣᠷᠢᠲᠤ ᠴᠠᠭᠳᠠᠭ᠎ᠠ ᠵᠢᠨ ᠠᠩᠭᠢ᠂ ᠬᠢᠯᠢ ᠬᠠᠮᠠᠭ᠋ᠠᠯᠠᠭᠴᠢ ᠮᠠᠯᠴᠢᠳ᠎ᠲᠠᠢ ᠰᠠᠨᠠᠯ ᠵᠶ᠋ᠠᠨ ᠰᠣᠯᠢᠯᠴᠠᠵᠤ᠂ ᠤᠯᠤᠰ᠎ᠤᠨ ᠬᠢᠯᠢ ᠵᠢᠨ ᠪᠣᠭᠣᠮᠲᠠ᠂ ᠬᠤᠪᠢᠰᠬᠠᠯ᠎ᠤᠨ ᠪᠠᠭᠤᠷᠢ᠂ ᠬᠥᠳᠡᠭᠡ ᠲᠣᠰᠬᠣᠨ ᠨᠡᠢ᠌ᠭᠡᠮ ᠲᠣᠭᠣᠷᠢᠭ ᠵᠡᠷᠭᠡ ᠲᠤᠬᠠᠶ ᠵᠢᠨ ᠭᠠᠵᠠᠷ᠎ᠲᠤ ᠬᠦᠷᠴᠦ ᠰᠤᠷᠪᠤᠯᠵᠢᠯᠠᠪᠠ᠃

ᠲᠠ ᠡᠬᠡ ᠤᠯᠤᠰ᠎ᠤᠨ ᠬᠢᠯᠢ ᠵᠢᠨ ᠬᠠᠮᠠᠭ᠋ᠠᠯᠠᠯᠲᠠ ᠵᠢᠨ ᠦᠨᠡᠨ ᠪᠣᠳᠠᠲᠠᠶ ᠳᠦᠷᠢ ᠳᠥᠷᠬᠦ ᠵᠢ ᠦᠵᠡᠵᠦ ᠥᠩᠭᠡᠷᠡᠭᠰᠡᠨ ᠦᠦ
1733 . 32 ᠺᠢᠯᠣᠮᠧᠲᠷ ᠪᠣᠯ
ᠥᠪᠥᠷ ᠮᠣᠩᠭᠣᠯ᠎ᠤᠨ ᠬᠥᠯᠥᠨ ᠪᠣᠢ᠌ᠷ ᠬᠣᠲᠠ
ᠡᠬᠡ ᠤᠯᠤᠰ᠎ᠤᠨ ᠵᠶ᠋ᠠᠨ ᠲᠥᠯᠥᠭᠡ ᠰᠠᠬᠢᠨ ᠬᠠᠮᠠᠭ᠋ᠠᠯᠠᠵᠤ ᠪᠠᠢ᠌ᠭ᠎ᠠ ᠬᠢᠯᠢ ᠵᠢᠨ ᠱᠤᠭᠤᠮ᠎ᠤᠨ ᠣᠷᠳᠣ ᠵᠢᠨ ᠬᠡᠮᠵᠢᠶ᠎ᠡ ᠪᠣᠯᠣᠨ᠎ᠠ
(ᠵᠢᠷᠤᠭ᠎ᠤᠨ ᠲᠣᠳᠣᠷᠬᠠᠢ᠌ᠯᠠᠯᠲᠠ᠄ ᠬᠢᠯᠢ ᠬᠠᠮᠠᠭ᠋ᠠᠯᠠᠯᠳᠠ ᠵᠢᠨ ᠴᠠᠭᠳᠠᠭ᠎ᠠ ᠬᠢᠯᠢ ᠵᠢᠨ ᠡᠬᠦᠳᠡ᠎ᠪᠠᠷ ᠴᠠᠭᠳᠠᠨ ᠲᠣᠭᠣᠷᠢᠵᠤ ᠪᠠᠢ᠌ᠭ᠎ᠠ᠎ᠨᠢ)
ᠬᠥᠯᠥᠨ ᠪᠤᠢ᠍ᠢ᠍ᠷ ᠭᠡᠵᠦ
ᠰᠡᠳᠬᠢᠯ ᠳᠤᠳᠤᠷ᠎ᠠ᠎ᠪᠠᠨ ᠡᠨᠡ ᠨᠠᠷᠠ ᠵᠢ ᠪᠤᠳᠤᠬᠤᠯᠠᠷ᠂
ᠴᠢᠬᠢᠨ᠎ᠳᠤ ᠴᠢᠨᠢ ᠤᠷᠲᠤ ᠵᠢᠨ ᠳᠠᠭᠤᠤ ᠬᠠᠩᠭᠢᠨᠠᠵᠤ᠂
ᠲᠠᠯ᠎ᠠ ᠵᠢᠨ ᠰᠠᠷᠢᠬᠦᠨ ᠰᠠᠯᠬᠢ
ᠰᠢᠷᠠᠭᠰᠠᠨ ᠬᠣᠨᠢᠨ ᠮᠢᠬᠠᠨ᠎ᠤ ᠠᠩᠬᠢᠯᠤᠮ᠎ᠠ ᠦᠨᠦᠷ᠎ᠢ ᠦᠯᠢᠶᠡᠨ ᠠᠪᠴᠢᠷᠠᠨ᠎ᠠ;
ᠠᠭᠤᠯᠠ ᠤᠰᠤ ᠠᠭᠤᠳᠠᠮ ᠳᠡᠨᠢᠭᠡᠷ᠂ ᠬᠥᠮᠦᠨ᠎ᠤ ᠠᠮᠢᠳᠤᠷᠠᠯ ᠬᠦᠭᠵᠢᠨ ᠪᠠᠳᠠᠷᠠᠨ᠎ᠠ;
ᠤᠷᠭᠤᠬᠤ ᠨᠠᠷᠠᠨ᠎ᠤ ᠵᠦᠭ᠎ᠠᠴᠠ ᠦᠷᠯᠦᠭ ᠳᠠᠢ᠌ᠴᠢᠨ ᠠᠭᠳᠠ ᠬᠦᠯᠦᠭ ᠳᠠᠨ᠎ᠢ ᠴᠢᠭᠯᠡᠨ ᠠᠢ᠌ᠰᠤᠶ᠂
ᠡᠨᠡ ᠪᠣᠯ 《ᠱᠤᠩᠬᠤᠷ》 ᠮᠣᠷᠢᠲᠤ ᠴᠠᠭᠳᠠᠭ᠎ᠠ ᠵᠢᠨ ᠠᠩᠭᠢ᠂
ᠱᠤᠩᠬᠤᠷ᠂ ᠲᠠᠯ᠎ᠠ ᠨᠤᠲᠤᠭ᠎ᠤᠨ ᠬᠠᠮᠤᠭ ᠰᠠᠢ᠌ᠨ ᠠᠪᠠᠴᠢᠨ᠂
《ᠮᠣᠷᠢᠨ᠎ᠳᠤ᠎ᠪᠠᠨ ᠮᠤᠷᠳᠠᠭ᠋ᠠᠳ ᠨᠠᠮᠠᠢ᠍ᠢ ᠳᠠᠭ᠋ᠠᠭ᠋ᠠᠳ ᠢᠷᠡᠬᠡᠷᠡᠢ!》
(ᠵᠢᠷᠤᠭ᠎ᠤᠨ ᠲᠣᠳᠣᠷᠬᠠᠢ᠌ᠯᠠᠯᠲᠠ᠄ ᠠᠳᠤᠭᠤᠨ ᠰᠦᠷᠦᠭ ᠴᠠᠰᠤᠲᠤ ᠲᠠᠯ᠎ᠠ᠎ᠪᠠᠷ ᠲᠤᠪᠳᠤᠯᠤᠨ᠎ᠠ)
8 ᠲᠦᠮᠡᠨ ᠲᠡᠭᠰᠢ ᠳᠥᠷᠪᠡᠯᠵᠢᠨ ᠺᠢᠯᠣᠮᠧᠲᠷ᠎ᠤᠨ ᠲᠠᠯ᠎ᠠ ᠨᠤᠲᠤᠭ
12 ᠲᠦᠮᠡᠨ ᠲᠡᠭᠰᠢ ᠳᠥᠷᠪᠡᠯᠵᠢᠨ ᠺᠢᠯᠣᠮᠧᠲᠷ᠎ᠤᠨ ᠬᠦᠪᠴᠢ ᠤᠢ ᠵᠢ ᠦᠵᠡᠭᠡᠴᠢ
(ᠵᠢᠷᠤᠭ᠎ᠤᠨ ᠲᠣᠳᠣᠷᠬᠠᠢ᠌ᠯᠠᠯᠲᠠ᠄ ᠦᠵᠡᠰᠬᠦᠯᠡᠩᠲᠦ ᠰᠠᠢ᠌ᠬᠠᠨ ᠬᠥᠯᠥᠨ ᠪᠤᠢ᠍ᠢ᠍ᠷ᠎ᠤᠨ ᠲᠠᠯ᠎ᠠ ᠨᠤᠲᠤᠭ)
ᠤᠯᠠᠭ᠋ᠠᠨ ᠠᠭᠤᠯᠠ ᠵᠢᠨ ᠲᠤᠡᠭ ᠴᠠᠭ᠋ᠠᠨ ᠴᠠᠰᠤ
ᠮᠠᠨᠵᠤᠤᠷ᠎ᠤᠨ ᠬᠠᠷᠢ ᠨᠤᠲᠤᠭ᠎ᠤᠨ ᠦᠵᠡᠮᠵᠢ ᠵᠢ ᠰᠤᠨᠢᠷᠬᠠᠶ᠎ᠠ
(ᠵᠢᠷᠤᠭ᠎ᠤᠨ ᠲᠣᠳᠣᠷᠬᠠᠢ᠌ᠯᠠᠯᠲᠠ᠄ ᠶᠡᠬᠡ ᠴᠠᠰᠤᠨ ᠳᠤᠮᠳᠠᠬᠢ ᠰᠠᠭ᠋ᠠᠳᠠᠭᠴᠢᠳ)
(ᠵᠢᠷᠤᠭ᠎ᠤᠨ ᠲᠣᠳᠣᠷᠬᠠᠢ᠌ᠯᠠᠯᠲᠠ᠄ ᠮᠠᠨᠵᠤᠤᠷ᠎ᠤᠨ ᠬᠡᠦᠬᠡᠯᠳᠡᠢ ᠵᠢᠨ ᠦᠵᠡᠮᠵᠢ)
ᠳᠤᠭᠤᠰᠤ ᠰᠠᠭᠤᠳᠠᠭ ᠦᠭᠡᠢ ᠡᠷᠳᠡᠨᠢ ᠵᠢᠨ ᠴᠢᠯᠠᠭᠤ ᠰᠢᠭ᠋ ᠬᠥᠯᠥᠨ ᠨᠠᠭᠤᠷ᠎ᠢ ᠰᠤᠨᠢᠷᠬᠠᠶ᠎ᠠ
ᠴᠤᠪᠤᠵᠤ ᠪᠤᠴᠠᠬᠤ ᠭᠠᠯᠠᠭᠤᠨ᠎ᠤᠨ ᠴᠥᠷᠭᠦᠯᠦᠭᠡ ᠵᠢ ᠰᠠᠷᠠᠪᠴᠢᠯᠠᠶᠠ
ᠴᠠ ᠪᠤᠭᠤ ᠵᠢᠨ ᠬᠤᠩᠬᠤᠨᠤ ᠴᠤᠤᠷᠢᠶ᠎ᠠ ᠵᠢ ᠴᠢᠩᠨᠠᠶᠠ
ᠮᠠᠯᠴᠢᠨ᠎ᠤ ᠬᠡᠦᠬᠡᠳ᠎ᠤᠨ ᠤᠩᠰᠢᠯᠭ᠎ᠠ ᠵᠢᠨ ᠳᠠᠭᠤᠨ᠎ᠢ ᠰᠣᠨᠣᠰᠣᠶ᠎ᠠ
(ᠵᠢᠷᠤᠭ᠎ᠤᠨ ᠲᠣᠳᠣᠷᠬᠠᠢ᠌ᠯᠠᠯᠲᠠ᠄ ᠵᠠᠯᠠᠨ ᠠᠢ᠌ᠯ ᠬᠣᠲᠠ ᠵᠢᠨ ᠴᠠᠢ ᠾᠧ ᠦᠵᠡᠮᠵᠢ ᠵᠢᠨ ᠣᠷᠣᠨ)

(ᠵᠢᠷᠤᠭ᠎ᠤᠨ ᠲᠣᠳᠣᠷᠬᠠᠢ᠌ᠯᠠᠯᠲᠠ ᠄ ᠬᠤᠷᠴᠠ ᠤᠯᠠᠭ᠋ᠠᠨ ᠴᠡᠴᠡᠭ ᠠᠭᠤᠯᠠ ᠪᠥᠷᠭᠦᠨ ᠳᠡᠯᠭᠡᠷᠡᠵᠡᠢ)
ᠲᠡᠳᠡᠭᠡᠷ ᠶᠡᠷᠦ᠎ᠠᠴᠠ ᠤᠴᠢᠵᠤ ᠥᠩᠭᠡᠷᠡᠭᠰᠡᠨ ᠦᠭᠡᠢ ᠦᠵᠡᠮᠵᠢ ᠵᠢᠨ ᠤᠷᠤᠨ ᠵᠢᠡᠷ
《ᠳᠤᠮᠳᠠᠳᠤ ᠵᠢ ᠦᠭᠦᠯᠡᠬᠦᠢ》 ᠳᠠᠨ᠎ᠢ ᠳᠠᠭ᠋ᠠᠭᠤᠯᠵᠤ ᠤᠴᠢᠨ᠎ᠠ
(ᠵᠢᠷᠤᠭ᠎ᠤᠨ ᠲᠣᠳᠣᠷᠬᠠᠢ᠌ᠯᠠᠯᠲᠠ᠄ ᠶᠡᠬᠡ ᠬᠢᠩᠭ᠋ᠠᠨ ᠳᠠᠪᠠᠭ᠎ᠠ ᠵᠢᠨ ᠨᠠᠮᠤᠷ᠎ᠤᠨ ᠦᠵᠡᠮᠵᠢ)

(ᠵᠢᠷᠤᠭ᠎ᠤᠨ ᠲᠣᠳᠣᠷᠬᠠᠢ᠌ᠯᠠᠯᠲᠠ᠄ ᠡᠷᠭᠦᠨ᠎ᠡ ᠵᠢᠨ ᠣᠶ ᠰᠢᠭᠤᠶ ᠵᠢᠨ ᠠᠩᠬᠠᠨ᠎ᠤ ᠬᠢᠷᠠᠭᠤ)
11 ᠳ᠋ᠤᠬᠡᠷ ᠰᠠᠷ᠎ᠠ ᠵᠢᠨ 18᠎ᠤ ᠡᠳᠦᠷ
ᠡᠷᠳᠡ ᠴᠦ᠍ ᠪᠢᠰᠢ ᠤᠷᠤᠢ ᠴᠦ᠍ ᠪᠢᠰᠢ᠂ ᠡᠨᠡᠬᠡᠨ ᠮᠦᠴᠠ᠎ᠳᠤ
ᠡᠩᠭᠡ ᠮᠡᠨᠳᠦ ᠵᠢᠨ ᠡᠨᠡ ᠯᠡ ᠡᠳᠦᠷ᠎ᠤᠨ ᠡᠨᠡ ᠰᠠᠢ᠌ᠬᠠᠨ ᠴᠠᠭ ᠮᠥᠴᠡ ᠵᠢ ᠠᠮᠵᠢᠵᠤ
ᠬᠢᠯᠢ ᠬᠢᠵᠠᠭ᠋ᠠᠷ ᠣᠷᠣᠨ ᠵᠶ᠋ᠠᠷ ᠠᠶᠠᠯᠠᠶ᠎ᠠ
ᠤᠮᠠᠷᠠᠰᠢ᠎ᠪᠠᠨ ᠠᠶᠠᠯᠠᠶ᠎ᠠ
ᠬᠥᠯᠥᠨ ᠪᠤᠢ᠍ᠢ᠍ᠷ᠎ᠳᠤ ᠬᠦᠷᠦᠶ᠎ᠡ
(ᠵᠢᠷᠤᠭ᠎ᠤᠨ ᠲᠣᠳᠣᠷᠬᠠᠢ᠌ᠯᠠᠯᠲᠠ᠄ ᠤᠨᠢᠶᠠᠷᠯᠠᠭᠰᠠᠨ ᠢ ᠺᠸ ᠰᠠ ᠮᠠ ᠴᠡᠴᠡᠷᠯᠢᠭ)

ᠣᠷᠴᠢᠭᠤᠯᠤᠭᠴᠢ᠄ ᠣᠶᠤᠨᠰᠡᠴᠡᠨ
ᠬᠢᠨᠠᠨ ᠣᠷᠴᠢᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠦᠸᠠᠢ ᠳ᠋ᠦᠩ