《ᠶᠡᠬᠡ ᠨᠢᠭᠡᠳᠦᠯ》 ᠪᠣᠯ ᠳᠤᠮᠳᠠᠳᠤ ᠤᠯᠤᠰ᠎ᠤᠨ ᠤᠯᠠᠮᠵᠢᠯᠠᠯᠲᠤ ᠤᠯᠤᠰ ᠲᠦᠷᠦ᠂ ᠦᠵᠡᠯ ᠰᠠᠨᠠᠭ᠎ᠠ᠎ᠳᠤ ᠨᠡᠪᠲᠡᠷᠡᠭᠰᠡᠨ ᠭᠤᠤᠯ ᠦᠵᠡᠯᠲᠡ ᠮᠥᠨ᠂ ᠪᠠᠰᠠ ᠴᠤ᠌ ᠳᠤᠮᠳᠠᠳᠤ ᠤᠯᠤᠰ᠎ᠤᠨ ᠤᠯᠤᠰ ᠲᠦᠷᠦ ᠵᠢᠨ ᠪᠣᠯᠪᠠᠰᠤᠨ᠎ᠤ ᠴᠢᠬᠤᠯᠠ ᠦᠵᠡᠭᠳᠡᠯ ᠮᠥᠨ᠃ ᠶᠡᠷᠦᠩᠬᠡᠢ ᠱᠦᠵᠢ ᠰᠢ ᠵᠢᠨ ᠫᠢᠩ 《ᠳᠤᠮᠳᠠᠳᠤ ᠣᠷᠣᠨ᠎ᠳᠤ ᠣᠷᠣᠵᠤ ᠢᠷᠡᠭᠰᠡᠨ ᠠᠯᠢ ᠨᠢᠭᠡᠨ ᠦᠨᠳᠦᠰᠦᠲᠡᠨ ᠴᠤ᠌᠂ ᠪᠦᠷ ᠳᠡᠯᠡᠬᠡᠢ ᠳ᠋ᠠᠬᠢᠨ᠎ᠢ ᠨᠢᠭᠡᠳᠬᠡᠬᠦ᠎ᠪᠠᠷ ᠥᠪᠡᠷ᠎ᠤᠨ ᠠ᠋ᠭᠦᠷᠭᠡ᠎ᠪᠠᠨ ᠪᠣᠯᠭ᠋ᠠᠵᠤ᠂ ᠪᠦᠷ ᠦᠪᠡᠷ᠎ᠢ᠎ᠪᠠᠨ ᠳᠤᠮᠳᠠᠳᠤ ᠵᠢᠨ ᠰᠣᠶᠣᠯ᠎ᠤᠨ ᠲᠦᠪ ᠤᠳᠤᠮᠰᠢᠯ ᠪᠤᠯᠭ᠋ᠠᠭᠰᠠᠭ᠋ᠠᠷ ᠢᠷᠡᠭᠰᠡᠨ ᠶᠤᠮ》 ᠭᠡᠵᠦ ᠵᠢᠭ᠋ᠠᠪᠠ᠃ ᠮᠠᠨᠵᠤᠴᠤᠳ᠎ᠤᠨ ᠪᠠᠶ᠋ᠢᠭᠤᠯᠤᠭᠰᠠᠨ ᠴᠢᠩ ᠤᠯᠤᠰ ᠴᠤ᠌ ᠶᠠᠷᠢᠶᠠᠨ ᠥᠬᠡᠶ ᠠ᠋ᠶ᠋ᠢᠮᠦ ᠶᠤᠮ᠃ ᠳᠤᠮᠳᠠᠳᠤ ᠤᠯᠤᠰ᠎ᠤᠨ ᠤᠯᠠᠮᠵᠢᠯᠠᠯᠲᠤ 《ᠶᠡᠬᠡ ᠨᠢᠭᠡᠳᠦᠯ》᠎ᠤᠨ ᠦᠵᠡᠯᠳᠡ ᠵᠢ ᠴᠢᠩ ᠤᠯᠤᠰ᠎ᠤᠨ ᠦᠶ᠎ᠡ᠎ᠳᠤ ᠲᠠᠰᠤᠷᠠᠯᠲᠠ ᠦᠭᠡᠶ ᠲᠠᠶ᠋ᠢᠯᠪᠤᠷᠢᠯᠠᠨ ᠲᠤᠳᠤᠷᠬᠠᠶ᠋ᠢᠯᠠᠵᠤ᠂ ᠪᠠᠳᠠᠷᠠᠭᠤᠯᠤᠨ ᠬᠦᠭᠵᠢᠬᠦᠯᠵᠦ᠂ ᠨᠢᠭᠡᠳᠦᠭᠰᠡᠨ ᠣᠯᠠᠨ ᠦᠨᠳᠦᠰᠦᠲᠡᠨ᠎ᠲᠠᠢ 《ᠶᠡᠬᠡ ᠨᠢᠭᠡᠳᠦᠯ》 ᠪᠦᠬᠦᠢ ᠤᠯᠤᠰ᠎ᠤᠨ ᠲᠦᠯᠦᠪᠰᠢᠯ ᠶᠠᠭ ᠴᠢᠩ ᠤᠯᠤᠰ᠎ᠤᠨ ᠦᠶ᠎ᠡ᠎ᠳᠤ ᠵᠢᠩᠬᠢᠨᠢ᠎ᠪᠠᠷ ᠪᠦᠷᠢᠯᠳᠦᠵᠠᠢ᠃ ᠲᠡᠭᠡᠪᠡᠯ 《ᠶᠡᠬᠡ ᠨᠢᠭᠡᠳᠦᠯ》 ᠨᠢᠭᠡ ᠵᠦᠢ᠍ᠯ᠎ᠤᠨ ᠦᠵᠡᠯᠳᠡ ᠪᠠ ᠤᠯᠤᠰ ᠲᠦᠷᠦ ᠵᠢᠨ ᠦᠢ᠍ᠯᠡᠳᠦᠯᠭᠡ ᠪᠣᠯᠤᠭᠰᠠᠨ᠎ᠤ ᠬᠤᠪᠢ᠎ᠳᠤ᠂ ᠲᠡᠦᠬᠡ ᠵᠢᠨ ᠬᠥᠭᠵᠢᠯᠲᠡ ᠵᠢᠨ ᠶᠠᠮᠠᠷ ᠵᠢᠮ᠎ᠠ ᠶᠤᠰᠤ ᠵᠢ ᠢᠯᠡᠷᠡᠭᠦᠯᠦᠭᠰᠡᠨ ᠪᠤᠢ? ᠴᠢᠩ ᠤᠯᠤᠰ᠎ᠤᠨ ᠨᠣᠶᠠᠷᠬᠠᠭᠴᠢᠳ 《ᠶᠡᠬᠡ ᠨᠢᠭᠡᠳᠦᠯ》᠎ᠤᠨ ᠦᠵᠡᠯᠲᠡ ᠵᠢᠨ ᠬᠥᠭᠵᠢᠯᠲᠡ᠎ᠳᠤ ᠶᠠᠮᠠᠷ ᠶᠠᠮᠠᠷ ᠲᠣᠬᠢᠷᠠᠭᠤᠯᠤᠯᠲᠠ ᠬᠢᠭᠰᠡᠨ ᠪᠤᠢ? ᠪᠠᠰᠠ ᠬᠡᠷᠬᠢᠨ ᠪᠤᠳᠠᠳᠠᠢ᠎ᠳᠤ ᠨᠠᠶ᠋ᠢᠳᠠᠪᠤᠷᠢᠵᠢᠭᠤᠯᠤᠬᠰᠠᠨ ᠪᠤᠢ? ᠣᠳᠣ ᠦᠶ᠎ᠡ ᠵᠢᠨ ᠳᠤᠮᠳᠠᠳᠤ ᠤᠯᠤᠰ᠎ᠤᠨ ᠤᠯᠤᠰ ᠲᠥᠷᠥ᠎ᠳᠤ ᠪᠠᠰᠠ ᠶᠠᠮᠠᠷ ᠰᠡᠩᠬᠡᠷᠡᠭᠦᠯᠬᠦ ᠠᠴᠢ ᠬᠣᠯᠪᠣᠭᠳᠠᠯ᠎ᠲᠠᠢ ᠪᠤᠢ? ᠠ᠋ᠨᠡ ᠲᠤᠬᠠᠢ 《ᠳᠤᠮᠳᠠᠳᠤ ᠵᠢᠨ ᠦᠨᠳᠦᠰᠦᠲᠡᠨ ᠰᠤᠨᠢᠨ》᠎ᠤ 《ᠳᠤᠮᠳᠠᠳᠤ ᠵᠢ ᠦᠬᠦᠯᠡᠭᠦᠢ》 ᠪᠤᠯᠤᠩ ᠳᠤᠮᠳᠠᠳᠤ ᠤᠯᠤᠰ᠎ᠤᠨ ᠠᠷᠠᠳ᠎ᠤᠨ ᠶᠡᠬᠡ ᠰᠤᠷᠭ᠋ᠠᠭᠤᠯᠢ ᠵᠢᠨ ᠫᠷᠤᠹᠧᠰᠰᠤᠷ ᠶᠠᠩ ᠨᠢᠶᠠᠨ ᠴᠢᠶᠦ᠋ᠨᠢ ᠤᠷᠢᠵᠤ᠂ 《ᠶᠡᠬᠡ ᠨᠢᠭᠡᠳᠦᠯ》 ᠭᠡᠬᠦ ᠠ᠋ᠨᠡ ᠬᠦ᠌ ᠠᠤᠭ᠎ᠠ ᠶᠡᠬᠡ ᠲᠡᠦᠬᠡ ᠵᠢᠨ ᠦᠢ᠍ᠯᠡ ᠶᠠᠪᠤᠳᠠᠯ᠎ᠤᠨ ᠲᠤᠬᠠᠢ ᠲᠡᠶ᠋ᠢᠯᠤᠮᠵᠢ ᠬᠢᠯᠭᠡᠪᠡ᠃
ᠰᠤᠷᠪᠤᠯᠵᠢᠯᠠᠭᠴᠢ᠄ ᠲᠠ ᠪᠢᠳᠡᠨ᠎ᠳᠤ 《ᠶᠡᠬᠡ ᠨᠢᠭᠡᠳᠦᠯ》᠎ᠢ ᠠᠯᠢ ᠬᠡᠳᠦᠨ ᠲᠠᠯ᠎ᠠ᠎ᠠᠴᠠ ᠣᠶ᠋ᠢᠯᠠᠭ᠋ᠠᠬᠤ ᠲᠤᠬᠠᠶ ᠲᠠᠨᠢᠯᠴᠠᠭᠤᠯᠤᠭ᠋ᠠᠳ ᠥᠭᠭᠦᠨ᠎ᠡ ᠦᠦ?
ᠶᠠᠩ ᠨᠢᠶᠠᠨ ᠴᠢᠶᠦ᠋ᠨ᠄ 《ᠶᠡᠬᠡ ᠨᠢᠭᠡᠳᠦᠯ》 ᠪᠣᠯ ᠳᠤᠮᠳᠠᠳᠤ ᠤᠯᠤᠰ᠎ᠤᠨ ᠲᠡᠦᠬᠡ ᠵᠢᠨ ᠴᠢᠬᠤᠯᠠ ᠣᠨᠴᠠᠯᠢᠭ ᠮᠥᠨ᠃ ᠥᠩᠭᠡᠷᠡᠭᠰᠡᠨ᠎ᠤ ᠰᠤᠳᠤᠯᠭ᠋ᠠᠨ᠎ᠳᠤ᠂ ᠪᠢᠳᠡ ᠭᠣᠣᠯᠳᠠᠭᠤ ᠥᠷᠭᠡᠨ ᠠᠭᠤᠳᠠᠮ ᠨᠤᠲᠤᠭ ᠳᠡᠪᠢᠰᠬᠡᠷ᠂ ᠬᠢᠯᠢ ᠬᠢᠵᠠᠭ᠋ᠠᠷ᠎ᠤᠨ ᠦᠨᠳᠦᠰᠦᠲᠡᠨ᠎ᠢ ᠨᠢᠭᠡᠳᠭᠡᠬᠦ᠂ ᠲᠥᠪ᠎ᠲᠤ ᠲᠥᠪᠯᠡᠷᠡᠭᠦᠯᠦᠨ ᠵᠠᠬᠢᠷᠬᠤ ᠤᠯᠤᠰ ᠲᠦᠷᠦ ᠵᠢᠨ ᠪᠠᠶ᠋ᠢᠭᠤᠯᠤᠯ᠂ ᠨᠢᠭᠡᠳᠦᠯ᠎ᠳᠤ ᠠᠰᠢᠬᠳᠠᠢ ᠠᠵᠤ ᠠᠬᠤᠢ ᠨᠡᠶ᠋ᠢᠭᠡᠮ ᠰᠣᠶᠣᠯ᠎ᠤᠨ ᠨᠥᠬᠥᠴᠡᠯ ᠵᠡᠷᠭᠡ ᠬᠠᠷᠠᠭ᠋ᠠᠰᠤ᠎ᠠᠴᠠ ᠵᠠᠳᠠᠯᠤᠨ ᠰᠢᠨᠵᠢᠯᠡᠵᠦ᠂ 《ᠪᠣᠳᠠᠲᠠᠢ》 ᠲᠠᠯ᠎ᠠ ᠵᠢ ᠴᠢᠬᠤᠯᠠᠴᠢᠯᠠᠵᠦ ᠪᠠᠶ᠋ᠢᠵᠠᠢ᠃ ᠭᠡᠬᠦ᠎ᠳᠤ᠂ ᠪᠢᠳᠡ ᠪᠠᠰᠠ 《ᠶᠡᠬᠡ ᠨᠢᠭᠡᠳᠦᠯ》᠎ᠤᠨ 《ᠬᠡᠶ᠋ᠢᠰᠪᠦᠷᠢ》 ᠲᠠᠯ᠎ᠠ᠂ ᠤᠨᠴᠠᠭ᠋ᠠᠢ᠍ᠢ᠍ᠯᠠᠨ ᠲᠡᠭᠦᠨ᠎ᠤ 《ᠲᠦᠪ ᠤᠳᠤᠮᠰᠢᠯ》᠎ᠤᠨ ᠠᠰᠠᠭᠤᠳᠠᠯ᠎ᠯᠤᠭ᠎ᠠ ᠵᠢᠨ ᠨᠢᠭᠲᠠ ᠬᠠᠷᠢᠴᠠᠭ᠎ᠠ ᠳᠡᠭᠡᠷ᠎ᠡ ᠢᠯᠡᠷᠡᠵᠦ ᠪᠠᠶ᠋ᠢᠬᠤ ᠢᠯᠡᠷᠡᠯ᠎ᠢ ᠤᠯᠵᠤ ᠬᠠᠷᠠᠬᠤ ᠬᠡᠷᠡᠭᠲᠡᠢ᠃
ᠣᠷᠴᠢᠨ ᠦᠶ᠎ᠡ᠎ᠠᠴᠠ ᠨᠠᠭ᠋ᠠᠰᠢ᠂ ᠮᠡᠳᠡᠯᠭᠡ ᠵᠢᠨ ᠰᠢᠰᠲ᠋ᠧᠮ ᠪᠦᠬᠦᠯᠢ ᠴᠣᠭᠴᠠ᠎ᠪᠠᠷ ᠵᠶ᠋ᠠᠨ ᠰᠢᠨᠡᠴᠢᠯᠡᠭᠳᠡᠵᠦ᠂ ᠲᠦᠪ ᠤᠳᠤᠮᠰᠢᠯ᠎ᠤᠨ ᠤᠨᠤᠯ᠎ᠢ ᠴᠤ᠌ ᠨᠢᠭᠡ ᠦᠶ᠎ᠡ ᠨᠣᠶᠠᠷᠬᠠᠭᠴᠢᠳ᠎ᠤᠨ ᠵᠠᠬᠢᠷᠤᠨ ᠡᠵᠡᠮᠰᠢᠳᠡᠭ ᠪᠠᠮᠪᠠᠢ᠎ᠪᠠᠷ ᠦᠵᠡᠬᠦ ᠪᠤᠯᠪᠠ᠃ ᠭᠡᠪᠡᠴᠤ ᠲᠡᠦᠬᠡ ᠵᠢᠨ ᠣᠷᠴᠢᠨ᠎ᠳᠤ ᠪᠤᠴᠠᠭ᠋ᠠᠨ ᠦᠬᠦᠯᠡᠪᠡᠯ᠂ 《ᠲᠦᠪ ᠤᠳᠤᠮᠰᠢᠯ》 ᠪᠤᠯ ᠵᠠᠰᠠᠭ᠎ᠤᠨ ᠠ᠋ᠷᠬᠡ ᠵᠢᠨ ᠵᠦᠢ ᠶᠣᠰᠣᠴᠢ ᠴᠢᠨᠠᠷ᠎ᠢ ᠨᠤᠲᠠᠯᠠᠬᠤ᠎ᠳᠤ ᠬᠣᠯᠪᠣᠭᠳᠠᠳᠠᠭ ᠵᠢᠡᠷ ᠪᠠᠷᠠᠬᠤ ᠦᠭᠡᠢ᠂ ᠪᠠᠰᠠ ᠲᠩᠷᠢ ᠭᠠᠵᠠᠷ ᠲᠦᠮᠡᠨ ᠪᠣᠳᠠᠰ᠂ ᠬᠥᠮᠦᠨ᠎ᠤ ᠰᠡᠳᠬᠢᠯ ᠵᠠᠩ ᠵᠠᠩᠰᠢᠯ ᠴᠦᠮ ᠬᠠᠭ᠋ᠠᠨ ᠡᠵᠡᠨ᠎ᠳᠤ ᠵᠠᠬᠢᠷᠤᠬᠳᠠᠬᠤ ᠵᠢ ᠵᠢᠭ᠋ᠠᠵᠤ᠂ ᠲᠡᠷᠡᠴᠢᠯᠡᠨ ᠲᠤᠰ ᠲᠤᠰ᠎ᠤᠨ ᠠᠮᠢ ᠨᠠᠰᠤ᠂ ᠠ᠋ᠶ᠎ᠡ ᠵᠣᠬᠢᠴᠠᠩᠭᠤᠢ ᠠ᠋ᠷᠭᠢᠯᠲᠡ ᠵᠢᠨ 《ᠨᠢᠭᠡ᠎ᠳᠤ ᠲᠤᠠᠠᠳᠠᠭ᠋ᠠᠳᠠᠭ》᠎ᠢ ᠵᠢᠭ᠋ᠠᠵᠤ ᠪᠤᠢ; ᠪᠠᠢ᠍ᠢ᠍ᠭ᠋ᠠᠯᠢ ᠪᠠ ᠬᠦᠮᠤᠨ ᠨᠢᠭᠡᠳᠦᠯᠳᠡᠢ᠂ ᠤᠯᠤᠰ ᠭᠡᠷ᠎ᠤᠨ ᠪᠦᠲᠦᠴᠡ ᠨᠢᠭᠡᠳᠡᠢ ᠪᠠᠶ᠋ᠢᠬᠰᠠᠨ ᠤᠯᠠᠮᠵᠢᠯᠠᠯᠲᠤ ᠳᠤᠮᠳᠠᠳᠤ ᠤᠯᠤᠰ᠎ᠲᠤ᠂ ᠠ᠋ᠨᠡ᠎ᠨᠢ ᠵᠥᠪᠬᠡᠨ ᠴᠠᠭ᠋ᠠᠰᠤᠨ ᠳᠡᠭᠡᠷᠡᠬᠢ ᠰᠣᠩᠭᠣᠳᠠᠭ ᠥᠭᠦᠯᠡᠯᠲᠡ ᠪᠤᠶᠤ ᠶᠣᠰᠣ ᠰᠤᠷᠲᠠᠬᠤᠨ᠎ᠤ ᠬᠦᠰᠡᠯᠡᠩ ᠲᠡᠳᠤᠢ ᠪᠢᠰᠢ᠂ ᠬᠠᠷᠢᠨ ᠦᠢ᠍ᠯᠡᠳᠦᠯᠭᠡ᠎ᠳᠤ ᠨᠡᠡᠭ ᠢᠯᠡᠬᠦᠦ ᠨᠠᠶ᠋ᠢᠳᠠᠪᠤᠷᠢᠵᠢᠭᠤᠯᠤᠠᠠᠳᠠᠵᠤ ᠪᠠᠶ᠋ᠢᠵᠠᠢ᠃ ᠭᠠᠭᠴᠠ ᠬᠦ᠌ ᠢᠩᠭᠢᠮᠠᠠᠵᠢᠨ ᠰᠠᠶᠢ ᠠᠷᠠᠳ᠎ᠤᠨ ᠰᠤᠷᠲᠠᠯ ᠪᠣᠷᠣᠭᠵᠢᠭᠤᠨ᠂ ᠲᠡᠯᠡᠭᠡᠢ ᠳ᠋ᠡᠬᠢᠨ ᠠᠮᠤᠷ ᠲᠠᠶ᠋ᠢᠪᠤᠡᠭ ᠪᠠᠶ᠋ᠢᠵᠤ ᠴᠢᠳᠠᠨ᠎ᠠ ᠭᠡᠳᠡᠭ᠃ 《ᠶᠡᠬᠡ ᠨᠢᠭᠡᠳᠦᠯ》᠎ᠢ ᠣᠶ᠋ᠢᠯᠠᠭ᠋ᠠᠬᠤ᠎ᠳᠤ ᠵᠥᠪᠬᠡᠨ 《ᠪᠣᠳᠠᠲᠠᠢ》 ᠲᠠᠯ᠎ᠠ᠎ᠠᠴᠠ᠎ᠨᠢ ᠠᠪᠴᠤ ᠦᠵᠡᠭᠡᠳ ᠪᠤᠯᠬᠤ ᠦᠭᠡᠢ᠂ ᠨᠡᠩ ᠴᠤ᠌ ᠲᠡᠭᠦᠨ᠎ᠳᠤ ᠠᠭᠤᠯᠤᠬᠳᠠᠵᠤ ᠪᠠᠶ᠋ᠢᠭ᠎ᠠ ᠥᠷᠥᠨᠡᠳᠠᠬᠢᠨ᠎ᠲᠠᠢ ᠠᠳᠠᠯᠢ ᠪᠤᠰᠤ ᠰᠡᠳᠬᠢᠬᠦᠢ ᠵᠢᠨ ᠠᠷᠭ᠎ᠠ ᠮᠠᠶᠢᠭ ᠪᠠ ᠦᠢ᠍ᠯᠡᠳᠦᠯᠭᠡ ᠵᠢᠨ ᠯᠣᠭᠢᠭ᠎ᠢ ᠠᠩᠬᠠᠷᠬᠤ ᠬᠡᠷᠡᠭᠲᠡᠢ᠃ ᠠ᠋ᠨᠡ ᠪᠣᠯ ᠨᠢᠭᠡ ᠵᠦᠢ᠍ᠯ᠎ᠤᠨ ᠬᠡᠶ᠋ᠢᠰᠪᠦᠷᠢ ᠪᠠ ᠪᠣᠳᠠᠲᠠᠢ ᠵᠢ ᠨᠢᠭᠡᠳᠬᠡᠭᠰᠡᠨ᠂ ᠬᠥᠳᠡᠯᠦᠩᠭᠦᠢ᠎ᠪᠠᠷ ᠢᠯᠡᠷᠡᠭᠰᠡᠨ ᠤᠯᠤᠰ ᠲᠦᠷᠦ ᠰᠣᠶᠣᠯ᠎ᠤᠨ ᠦᠵᠡᠭᠳᠡᠯ ᠮᠥᠨ᠃ ᠲᠡᠭᠦᠨ᠎ᠢ ᠶᠡᠬᠡ ᠲᠥᠯᠥᠪ ᠳᠣᠣᠷᠠᠬᠢ ᠲᠦᠷᠪᠡᠨ ᠲᠠᠯ᠎ᠠ᠎ᠠᠴᠠ ᠣᠶ᠋ᠢᠯᠠᠭ᠋ᠠᠵᠤ ᠪᠣᠯᠤᠨ᠎ᠠ᠄
ᠠ᠋ᠩ ᠲᠡᠷᠢᠭᠦᠨ᠎ᠳᠤ᠂ 《ᠶᠡᠬᠡ ᠨᠢᠭᠡᠳᠦᠯ》 ᠪᠣᠯ ᠳᠤᠮᠳᠠᠳᠤ ᠤᠯᠤᠰ᠎ᠤᠨ ᠠ᠋ᠷᠲᠡᠨ᠎ᠤ ᠲᠦᠷᠦ ᠱᠠᠰᠢᠨ᠎ᠤ ᠬᠠᠷᠢᠴᠠᠭ᠋ᠠᠨ᠎ᠤ ᠠ᠋ᠬᠢᠯᠡᠯᠲᠡ ᠮᠥᠨ᠃ 《ᠠᠷᠪᠠᠨ ᠭᠤᠷᠪᠠᠨ ᠨᠤᠮ᠎ᠤᠨ ᠲᠠᠶ᠋ᠢᠯᠪᠤᠷᠢ · ᠴᠦᠨ ᠴᠢᠦ ᠵᠢᠨ ᠬᠥᠩ ᠶᠠᠩ᠎ᠤᠨ ᠱᠠᠰᠳᠢᠷ᠎ᠤᠨ ᠲᠠᠶ᠋ᠢᠯᠪᠤᠷᠢ》᠎ᠳᠤ ᠲᠡᠮᠳᠡᠭᠯᠡᠭᠰᠡᠨᠢ ᠦᠨᠳᠦᠰᠦᠯᠡᠪᠡᠯ᠄ 《ᠨᠣᠶᠠᠷᠬᠠᠭᠴᠢ ᠬᠡᠮᠡᠭᠴᠢ ᠪᠤᠯ ᠵᠠᠷᠯᠢᠭ ᠬᠦᠯᠢᠶᠡᠯᠭᠡᠨ ᠲᠦᠷᠢᠮ ᠵᠢᠷᠤᠮᠳᠤ ᠦᠭᠡᠷᠡᠴᠢᠯᠡᠯᠳᠡ ᠬᠢᠵᠦ᠂ ᠵᠠᠰᠠᠭ ᠶᠠᠪᠤᠭᠤᠯᠤᠨ ᠳᠡᠯᠡᠬᠡᠶ ᠳ᠋ᠠᠬᠢᠨᠳᠤᠷ ᠬᠥᠮᠦᠵᠢᠯ ᠬᠦᠷᠲᠡᠭᠡᠮᠦᠢ᠂ ᠬᠥᠩ ᠾᠧᠦ᠎ᠠᠴᠠ ᠠᠪᠤᠭ᠋ᠠᠳ ᠠ᠋ᠭᠡᠯ ᠠᠷᠠᠳ᠎ᠲᠤ ᠬᠦᠷᠲᠡᠯ᠎ᠡ᠂ ᠠᠭᠤᠯᠠ ᠤᠰᠤᠨ᠎ᠠᠴᠠ ᠠᠪᠤᠭ᠋ᠠᠳ ᠡᠪᠡᠰᠦ ᠮᠣᠳᠣ ᠬᠤᠷᠤᠬᠠᠢ ᠰᠢᠪᠠᠵᠢ᠎ᠳᠤ ᠬᠦᠷᠲᠡᠯ᠎ᠡ ᠠᠯᠢ᠎ᠨᠢ ᠴᠤ᠌ ᠭᠡᠳ ᠴᠦᠮ ᠴᠠᠭ᠋ᠠᠨ ᠰᠠᠷᠠᠯᠤᠭᠠ ᠬᠠᠷᠢᠴᠠᠭ᠎ᠠ ᠬᠤᠯᠪᠤᠭ᠎ᠠ᠎ᠲᠠᠢ ᠪᠦᠯᠦᠭᠡ》 ᠬᠡᠵᠡᠢ᠃ ᠠ᠋ᠨᠡ ᠦᠭᠡ ᠪᠤᠯ ᠬᠠᠮᠤᠭ᠎ᠤᠨ ᠳᠡᠭᠡᠳᠦ ᠨᠣᠶᠠᠷᠬᠠᠭᠴᠢᠳ ᠪᠤᠯ ᠲᠡᠭᠷᠢ ᠪᠠ ᠬᠥᠮᠦᠨ᠎ᠤ ᠨᠢᠭᠡᠳᠦᠯ᠎ᠤᠨ ᠣᠶ᠋ᠢᠯᠠᠭ᠋ᠠᠭᠳᠠᠬᠤᠨ᠎ᠢ ᠦᠨᠳᠦᠰᠦᠯᠡᠵᠤ᠂ ᠥᠷᠭᠡᠨ ᠠᠭᠤᠳᠠᠮ ᠣᠷᠣᠨ ᠵᠠᠶ᠎ᠳᠤ ᠴᠠᠭ᠎ᠤᠨ ᠲᠠᠷᠠᠭ᠋ᠠᠯᠠᠯ᠎ᠢ ᠲᠣᠬᠢᠷᠠᠭᠤᠯᠵᠤ᠂ ᠲᠩᠷᠢ ᠵᠢᠨ ᠶᠤᠰᠤ ᠵᠢ ᠳᠠᠭ᠋ᠠᠬᠰᠠᠨ ᠳᠦᠷᠢᠮ ᠪᠠ ᠵᠠᠰᠠᠭ᠎ᠤᠨ ᠵᠠᠷᠯᠢᠭ᠎ᠢ ᠶᠠᠪᠤᠭᠤᠯᠵᠤ᠂ ᠳᠡᠯᠡᠬᠡᠶ ᠳ᠋ᠡᠬᠢᠨᠤ ᠠᠵᠢᠯᠯᠠᠭ᠎ᠠ ᠵᠢ ᠵᠤᠬᠢᠴᠠᠭᠤᠯᠵᠤ᠂ ᠲᠩᠷᠢ᠂ ᠭᠠᠵᠠᠷ᠂ ᠬᠥᠮᠦᠨ ᠭᠤᠷᠪᠠ ᠵᠢ ᠨᠢᠭᠡᠳᠦᠬᠦᠯᠬᠦ ᠶᠠᠪᠤᠳᠠᠯ ᠪᠤᠯᠤᠨ᠎ᠠ ᠭᠡᠰᠡᠨ ᠤᠤᠠᠬ᠎ᠠ᠎ᠲᠠᠢ᠃ ᠥᠭᠡᠷ᠎ᠡ᠎ᠪᠠᠷ ᠬᠡᠯᠡᠪᠡᠯ᠂ ᠣᠷᠴᠢᠯᠠᠩ᠎ᠤᠨ ᠠ᠋ᠮᠬᠢ ᠵᠢᠷᠤᠮ ᠵᠶ᠋ᠠᠷ ᠬᠥᠮᠦᠨ᠎ᠤ ᠶᠢᠷᠲᠢᠨᠴᠦ ᠵᠢᠨ ᠠ᠋ᠮᠬᠢ ᠵᠢᠷᠤᠮ᠎ᠢ ᠲᠣᠬᠢᠷᠠᠭᠤᠯᠵᠤ᠂ ᠬᠥᠮᠦᠨ᠎ᠤ ᠶᠢᠷᠲᠢᠨᠴᠦ ᠵᠢᠨ ᠠ᠋ᠮᠬᠢ ᠵᠢᠷᠤᠮ ᠵᠶ᠋ᠠᠷ ᠣᠷᠴᠢᠯᠠᠩ᠎ᠤᠨ ᠠ᠋ᠮᠬᠢ ᠵᠢᠷᠤᠮ᠎ᠢ ᠢᠯᠡᠷᠡᠭᠦᠯᠬᠦ ᠶᠠᠪᠤᠳᠠᠯ ᠪᠤᠯᠤᠨ᠎ᠠ᠂ ᠤᠯᠤᠰ ᠲᠥᠷᠥ ᠵᠢᠨ ᠵᠠᠷᠯᠢᠭ ᠬᠢᠭᠡᠳ ᠶᠣᠰᠣ ᠰᠤᠷᠲᠠᠬᠤᠨ᠎ᠤ ᠬᠥᠮᠦᠵᠢᠯ᠎ᠢ ᠦᠵᠡᠬᠦ᠎ᠳᠤ ᠠᠳᠠᠯᠢ ᠪᠤᠰᠤ ᠪᠠᠶ᠋ᠢᠳᠠᠭ ᠪᠣᠯᠪᠠᠴᠤ ᠦᠨᠡᠨ᠎ᠳᠤ᠎ᠪᠠᠨ ᠬᠤᠭᠤᠷᠤᠡᠳᠤ᠎ᠪᠠᠨ ᠠᠳᠠᠯᠢᠬᠠᠨ ᠬᠠᠷᠢᠴᠠᠭ᠎ᠠ᠎ᠲᠠᠢ ᠪᠠᠶ᠋ᠢᠳᠠᠭ᠂ ᠠ᠋ᠨᠡ ᠪᠤᠯ ᠤᠯᠠᠮᠵᠢᠯᠠᠯᠲᠤ ᠲᠥᠷᠥ ᠱᠠᠰᠢᠨ᠎ᠤ ᠬᠠᠷᠢᠴᠠᠭ᠎ᠠ ᠵᠢᠨ ᠦᠨᠳᠦᠰᠦᠨ ᠠ᠋ᠭᠦᠰᠦᠯᠲᠡ ᠪᠣᠯᠤᠨ᠎ᠠ᠃

▲ ᠴᠢᠩ ᠤᠯᠤᠰ᠎ᠤᠨ ᠦᠶ᠎ᠡ ᠵᠢᠨ 《ᠠᠷᠪᠠᠨ ᠭᠤᠷᠪᠠᠨ ᠰᠤᠳᠤᠷ᠎ᠤᠨ ᠲᠠᠶ᠋ᠢᠯᠪᠤᠷᠢ》 (ᠴᠢᠩ ᠤᠯᠤᠰ) ᠷᠤᠸᠠᠨ ᠶᠤᠸᠠᠨ ᠵᠣᠬᠢᠶᠠᠪᠠ᠂ ᠴᠢᠩ ᠤᠯᠤᠰ᠎ᠤᠨ ᠰᠠᠶ᠋ᠢᠰᠢᠶᠠᠯᠲᠤ ᠢᠷᠥᠭᠡᠯᠲᠦ (1796 —1820) ᠵᠢᠨ ᠬᠡᠪᠯᠡᠯ᠃ (ᠵᠢᠷᠤᠭ᠎ᠨᠢ ᠰᠦᠯᠵᠢᠶ᠎ᠡ᠎ᠠᠴᠠ ᠢᠷᠡᠯᠲᠡ᠎ᠲᠠᠢ)
ᠲᠠᠷᠠᠭ᠋ᠠᠯᠠᠪᠠᠯ᠂ 《ᠶᠡᠬᠡ ᠨᠢᠭᠡᠳᠦᠯ》᠎ᠳᠤ 《ᠨᠤᠶᠠᠷᠬᠠᠬ᠍ᠴᠢ ᠵᠢ ᠪᠠᠬᠳᠠᠭ᠋ᠠᠬᠤ》 ᠵᠢ ᠰᠠᠨᠠᠭ᠋ᠠᠴᠢᠯᠠᠳᠠᠭᠨᠢ ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨᠯᠦᠭᠡ ᠵᠢᠨ ᠬᠣᠶᠠᠷ ᠠ᠋ᠰᠢᠲᠦ ᠠ᠋ᠰᠡᠷᠭᠦᠴᠡᠯᠳᠦᠯᠢ ᠲᠠᠪᠠᠵᠠᠢ᠃ ᠴᠦᠨ ᠴᠢᠦ ᠵᠢᠨ ᠬᠥᠩ ᠶᠠᠩ᠎ᠤᠨ ᠰᠤᠷᠭ᠋ᠠᠯ᠎ᠳᠤ ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨ᠎ᠤ ᠢᠯᠭ᠋ᠠᠭ᠎ᠠ ᠵᠢ ᠴᠢᠬᠤᠯᠠᠴᠢᠯᠠᠬᠰᠠᠨ ᠪᠠᠢ᠍ᠢ᠍ᠳᠠᠭ ᠪᠦᠭᠡᠳ ᠪᠠᠰᠠ ᠠ᠋ᠨᠡ ᠬᠣᠶᠠᠷ᠎ᠤᠨ ᠬᠤᠭᠤᠷᠤᠨᠳᠤᠬᠢ ᠤᠯᠠᠷᠢᠯ ᠬᠤᠪᠢᠷᠠᠯ᠎ᠢ ᠴᠢᠬᠤᠯᠠᠴᠢᠯᠠᠵᠤ᠂ ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨ᠎ᠤ ᠢᠯᠭ᠋ᠠᠭ᠎ᠠ ᠪᠤᠯ 《ᠶᠣᠰᠣ》 ᠪᠠᠶ᠋ᠢᠬᠤ ᠠ᠋ᠰᠡᠬᠦ᠎ᠳᠤ ᠪᠠᠶ᠋ᠢᠳᠠᠭ᠎ᠠᠴᠠ ᠪᠢᠰᠢ᠂ ᠬᠠᠷᠢᠨ ᠭᠠᠵᠠᠷ ᠵᠦᠶ᠂ ᠠᠷᠠᠰᠤᠲᠠᠨ ᠶᠠᠰᠤᠳᠠᠨ ᠪᠤᠶᠤ ᠰᠣᠶᠣᠯ᠎ᠤᠨ ᠬᠡᠯᠪᠡᠷᠢ ᠪᠠᠶ᠋ᠢᠳᠠᠯ ᠪᠠ ᠠᠮᠢᠳᠤᠷᠠᠯ᠎ᠤᠨ ᠠᠷᠭ᠎ᠠ ᠮᠠᠶᠢᠭ᠎ᠲᠤ ᠪᠠᠶ᠋ᠢᠳᠠᠭ ᠥᠬᠡᠶ ᠭᠡᠵᠦ ᠦᠵᠡᠪᠡ᠃ ᠠ᠋ᠨᠡ ᠬᠦ᠌ 《ᠶᠣᠰᠣ》 ᠭᠡᠳᠡᠭ᠎ᠢ ᠨᠠᠩ ᠲᠤᠳᠤᠷᠠᠭᠤᠯᠤᠨ ᠬᠡᠯᠡᠪᠡᠯ᠂ ᠺᠦᠩᠽᠢ ᠵᠢᠨ ᠰᠤᠷᠭ᠋ᠠᠯᠲᠠᠨ ᠵᠶ᠋ᠠᠷ ᠭᠤᠤᠯ ᠪᠣᠯᠭ᠋ᠠᠭᠰᠠᠨ ᠳᠤᠮᠳᠠᠳᠤ ᠤᠯᠤᠰ᠎ᠤᠨ ᠤᠯᠠᠮᠵᠢᠯᠠᠯᠲᠤ ᠰᠣᠶᠣᠯ ᠪᠣᠯᠤᠨ᠎ᠠ᠂ ᠠ᠋ᠭᠦᠨ᠎ᠤ ᠤᠯᠠᠮ᠎ᠠᠴᠠ ᠪᠤᠰᠤᠤᠨ ᠦᠨᠳᠦᠰᠦᠳᠡᠨ᠎ᠨᠦᠭᠦᠳ ᠬᠡᠷᠪᠡ ᠳᠤᠮᠳᠠᠳᠤ ᠣᠷᠣᠨ᠎ᠳᠤ ᠤᠷᠤᠵᠤ ᠢᠷᠡᠵᠦ᠂ ᠮᠦᠨ ᠳᠤᠮᠳᠠᠳᠤ ᠵᠢᠨ ᠰᠣᠶᠣᠯ ᠵᠶ᠋ᠠᠷ ᠸᠠᠩᠲᠤ ᠲᠥᠷᠥ ᠵᠢᠨ ᠵᠢᠡᠨ ᠲᠥᠷᠥ ᠱᠠᠰᠢᠨ᠎ᠤ ᠭᠤᠤᠯᠳᠠᠯᠭ᠎ᠠ ᠪᠤᠯᠭ᠋ᠠᠬᠤ᠎ᠳᠤ ᠬᠦᠷᠪᠡᠯ᠂ ᠪᠤᠰᠤᠤᠨ ᠦᠨᠳᠦᠰᠦᠳᠡᠨ᠎ᠨᠦᠭᠦᠳ ᠴᠤ᠌ ᠲᠤᠮᠳᠠᠳᠤ ᠵᠢᠨ᠎ᠬᠢ ᠪᠤᠯᠤᠨ᠎ᠠ; ᠠ᠋ᠭᠦᠨ᠎ᠤ ᠠ᠋ᠰᠡᠷᠭᠦ᠎ᠪᠠᠷ᠂ ᠬᠢᠳᠡᠳ ᠦᠨᠳᠦᠰᠦᠳᠡᠨ ᠬᠡᠷᠪᠡ ᠳᠤᠮᠳᠠᠳᠤ ᠵᠢᠨ ᠰᠣᠶᠣᠯ᠎ᠢ ᠲᠠᠶᠠᠭᠳᠠᠵᠦ᠂ ᠪᠤᠰᠤᠤᠨ ᠦᠨᠳᠦᠰᠦᠳᠡᠨᠨᠦᠭᠦᠳᠢ ᠲᠠᠭ᠋ᠠᠬᠤ᠎ᠳᠤ ᠬᠦᠷᠪᠡᠯ᠂ ᠬᠢᠳᠡᠳ ᠦᠡᠳᠦᠰᠦᠳᠡᠨ ᠴᠤ᠌ ᠪᠤᠰᠤᠤᠨ ᠦᠨᠳᠦᠰᠦᠳᠡᠨ ᠪᠤᠯᠵᠤ ᠬᠤᠪᠢᠷᠠᠨ᠎ᠠ ᠭᠡᠵᠦ ᠦᠵᠡᠵᠡᠢ᠃ ᠴᠦᠨ ᠴᠢᠦ ᠵᠢᠨ ᠬᠥᠩ ᠶᠠᠩ᠎ᠤᠨ ᠰᠤᠷᠭ᠋ᠠᠯ᠎ᠳᠤ ᠪᠠᠰᠠ 《ᠰᠠᠨ ᠱ᠌ᠢ ᠭᠤᠷᠪᠠᠳᠤᠭ᠋ᠠᠷ ᠦᠶ᠎ᠡ ᠵᠢᠨ ᠰᠤᠷᠭ᠋ᠠᠯ》᠎ᠢ ᠦᠨᠳᠦᠰᠦᠯᠡᠨ 《ᠬᠢᠳᠡᠳ ᠦᠨᠳᠦᠰᠦᠳᠡᠨ》 ᠪᠠ 《ᠪᠤᠰᠤᠤᠨ ᠦᠨᠳᠦᠰᠦᠳᠡᠨ》᠎ᠢ ᠴᠤ᠌ 《ᠰᠠᠮᠠᠭᠤᠨ ᠴᠠᠭ》᠂ 《ᠠᠮᠤᠷ ᠲᠠᠶ᠋ᠢᠪᠤᠩ᠎ᠳᠤ ᠲᠡᠪᠰᠢᠬᠤ ᠴᠠᠭ》᠂ 《ᠠ᠋ᠩᠬᠡ ᠲᠦᠪᠰᠢᠨ ᠴᠠᠭ》 ᠭᠡᠵᠦ ᠬᠦᠳᠡᠯᠦᠡᠭᠭᠦᠢ ᠪᠠᠶ᠋ᠢᠳᠠᠯ᠎ᠤᠨ ᠬᠤᠪᠢᠷᠠᠯᠲᠠ ᠵᠢᠨ ᠪᠣᠷᠣ ᠲᠥᠯᠥᠪ᠎ᠲᠤ ᠣᠷᠣᠭᠤᠯᠵᠤ᠂ ᠬᠠᠮᠤᠭ᠎ᠤᠨ ᠡᠴᠦᠰ᠎ᠲᠤ 《ᠪᠤᠰᠤᠤᠨ ᠦᠨᠳᠦᠰᠦᠳᠡᠨᠢ ᠬᠡᠷᠭᠡᠮᠲᠡᠨᠤ ᠵᠡᠷᠭᠡ᠎ᠳᠤ ᠲᠡᠪᠰᠢᠬᠦᠯᠵᠦ ᠪᠤᠯᠤᠨ᠎ᠠ᠂ ᠳᠡᠯᠡᠬᠡᠶ ᠳ᠋ᠠᠬᠢᠨ᠎ᠳᠤ ᠬᠣᠯᠠ ᠣᠶ᠋ᠢᠷ᠎ᠠ ᠶᠡᠬᠡ ᠪᠠᠭ᠎ᠠ ᠵᠢᠨ ᠢᠯᠭ᠋ᠠᠯ ᠦᠭᠡᠢ ᠠᠳᠠᠯᠢ ᠪᠠᠢ᠍ᠢ᠍ᠬᠤ》 ᠬᠦᠰᠡᠯᠡᠡᠭᠳᠦ ᠪᠠᠶ᠋ᠢᠳᠠᠯ᠎ᠳᠤ ᠤᠷᠤᠭᠤᠯᠬᠤ᠎ᠪᠠᠷ ᠬᠦᠰᠡᠮᠵᠢᠯᠡᠵᠡᠢ᠃ ᠢᠩᠭᠢᠭᠡᠳ ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨᠢ ᠴᠦᠮ 《ᠶᠡᠬᠡ ᠨᠢᠭᠡᠳᠦᠯ》᠎ᠤᠨ ᠤᠯᠤᠰ ᠲᠥᠷᠥ ᠵᠢᠨ ᠠ᠋ᠮᠬᠢ ᠲᠢᠭᠯᠢᠮ᠎ᠳᠤ ᠬᠠᠮᠲᠤᠳᠤᠨᠢ ᠬᠠᠮᠤᠷᠤᠨ ᠤᠷᠤᠭᠤᠯᠵᠤ᠂ ᠣᠷᠴᠢᠨ ᠦᠶ᠎ᠡ ᠵᠢᠨ ᠦᠨᠳᠦᠰᠦᠲᠡᠨ᠎ᠤ ᠦᠵᠡᠯ᠎ᠠᠴᠠ ᠢᠯᠭ᠋ᠠᠭᠳᠠᠬᠤ ᠤᠯᠤᠰ ᠲᠥᠷᠥ ᠵᠢᠨ ᠲᠥᠰᠦᠪᠯᠡᠯ ᠪᠠ ᠤᠯᠤᠰ᠎ᠤᠨ ᠬᠡᠪ ᠵᠠᠭᠪᠤᠷ᠎ᠢ ᠢᠯᠡᠷᠡᠭᠦᠯᠵᠠᠢ᠃
▲ ᠤᠮᠠᠷᠠᠲᠤ ᠸᠧᠶ ᠤᠯᠤᠰ᠎ᠤᠨ ᠰᠢᠶᠤᠤ ᠸᠸᠨ ᠳ᠋ᠢ ᠲᠣᠪᠠ ᠬᠣᠩ ᠬᠠᠭ᠋ᠠᠨ᠎ᠤ ᠱᠤᠭᠤᠮᠠᠯ ᠬᠥᠷᠥᠭ᠃ ᠰᠢᠶᠤᠤ ᠸᠸᠨ ᠳ᠋ᠢ ᠬᠠᠭ᠋ᠠᠨ ᠨᠡᠶ᠋ᠢᠰᠯᠡᠯ ᠵᠶ᠋ᠠᠨ ᠯᠦᠸᠸᠶᠠᠩᠳᠤ ᠨᠡᠭᠦᠯᠭᠡᠵᠦ᠂ ᠠᠯᠪᠠᠨ ᠳᠦᠷᠢᠮ᠎ᠢ ᠥᠭᠡᠷᠡᠴᠢᠯᠡᠵᠦ᠂ ᠬᠡᠪ ᠵᠠᠩᠰᠢᠯ᠎ᠢ ᠥᠭᠡᠷᠡᠴᠢᠯᠡᠨ ᠬᠢᠲᠠᠳᠴᠢᠯᠠᠵᠤ᠂ ᠤᠮᠠᠷᠠᠲᠤ ᠵᠢᠨ ᠡᠯ᠎ᠡ ᠦᠨᠳᠦᠰᠦᠲᠡᠨ᠎ᠤ ᠠᠭᠤᠰᠤᠯᠴᠠᠯ᠎ᠢ ᠠᠬᠢᠭᠤᠯᠪᠠ᠃ (ᠵᠢᠷᠤᠭ ᠪᠣᠯ ᠰᠦᠯᠵᠢᠶ᠎ᠡ᠎ᠠᠴᠠ ᠢᠷᠡᠯᠲᠡ᠎ᠲᠠᠢ)
ᠭᠤᠷᠪᠠᠳᠤᠭ᠋ᠠᠷ᠎ᠲᠤ᠂ 《ᠶᠡᠬᠡ ᠨᠢᠭᠡᠳᠦᠯ》᠎ᠤᠨ ᠬᠢᠯᠢ ᠬᠢᠵᠠᠭ᠋ᠠᠷ ᠣᠷᠣᠨ᠎ᠢ ᠥᠷᠭᠡᠳᠬᠡᠬᠦ ᠱᠠᠭ᠋ᠠᠷᠳᠠᠯᠭ᠎ᠠ ᠪᠠ ᠶᠣᠰᠣ ᠮᠣᠷᠠᠯ᠎ᠤᠨ ᠥᠷᠲᠡᠭ᠎ᠤᠨ ᠪᠦᠳᠦᠴᠡ᠎ᠨᠢ ᠠᠳᠠᠯᠢ ᠶᠤᠮ᠃ 《ᠶᠡᠬᠡ ᠨᠢᠭᠡᠳᠦᠯ》 ᠪᠤᠯ ᠥᠷᠭᠡᠨ ᠠᠭᠤᠳᠠᠮ ᠨᠤᠲᠤᠭ ᠳᠡᠪᠢᠰᠬᠡᠷ᠎ᠢ ᠨᠣᠶᠠᠷᠬᠠᠬᠤ ᠵᠢ ᠱᠠᠭ᠋ᠠᠷᠳᠠᠳᠠᠭ᠂ ᠭᠡᠪᠡᠴᠦ ᠠ᠋ᠨᠡ᠎ᠨᠢ ᠭᠠᠳᠠᠭᠰᠢ ᠲᠦᠷᠢᠬᠦ ᠦᠵᠡᠯ᠎ᠤᠨ ᠤᠯᠵᠠᠷᠬᠠᠬᠤ ᠣᠪᠣᠷ᠎ᠲᠠᠢ ᠠᠳᠠᠯᠢ ᠦᠭᠡᠢ ᠶᠤᠮ᠃ ᠴᠢᠨ᠂ ᠵᠢᠨ᠂ ᠰᠦᠶ ᠵᠡᠷᠭᠡ ᠤᠯᠤᠰ᠎ᠨᠢ ᠬᠡᠳᠦᠶ᠋ᠢᠪᠡᠷ ᠳᠡᠯᠡᠬᠡᠶ ᠳ᠋ᠠᠬᠢᠨ᠎ᠢ ᠨᠢᠭᠡᠳᠬᠡᠵᠦ ᠴᠢᠳᠠᠬᠰᠠᠨ ᠪᠣᠯᠪᠠᠴᠤ 《ᠡᠵᠡᠷᠬᠡᠭ ᠶᠣᠰᠣ》 ᠵᠢ ᠠ᠋ᠷᠬᠢᠮᠯᠡᠵᠦ᠂ ᠥᠷᠥᠰᠢᠶᠡᠯ ᠵᠢᠷᠤᠮ ᠵᠶ᠋ᠠᠷ ᠳᠡᠯᠡᠬᠡᠶ ᠳ᠋ᠠᠬᠢᠨ᠎ᠢ ᠵᠠᠰᠠᠬᠰᠠᠨ ᠦᠭᠡᠶ ᠪᠤᠯᠬᠤᠷ ᠮᠠᠰᠢ ᠲᠦᠷᠭᠡᠨ ᠮᠦᠬᠦᠯ᠎ᠤᠨ ᠬᠤᠪᠢ ᠵᠠᠶᠠᠭ᠎ᠠ᠎ᠳᠤ ᠤᠨᠠᠵᠠᠢ; ᠭᠠᠭᠴᠠ ᠬᠦ᠌ ᠥᠷᠥᠰᠢᠶᠡᠯᠲᠦ ᠵᠠᠰᠠᠭ ᠶᠠᠪᠤᠭᠤᠯᠵᠤ᠂ ᠠᠷᠠᠳ ᠵᠶ᠋ᠠᠨ ᠬᠠᠶ᠋ᠢᠷᠠᠯᠠᠨ ᠠᠷᠠᠳ ᠵᠶ᠋ᠠᠨ ᠲᠡᠳᠬᠦᠪᠡᠯ ᠰᠠᠶᠢ ᠤᠯᠤᠰ ᠣᠷᠣᠨ ᠤᠷᠲᠤ ᠤᠳᠠᠭ᠋ᠠᠨ ᠦᠷᠭᠦᠯᠵᠢᠯᠡᠨ ᠤᠷᠤᠰᠢᠨ ᠲᠤᠠᠠᠳᠠᠨᠢᠵᠤ᠂ 《ᠲᠦᠪ ᠤᠳᠤᠮᠰᠢᠯ》 ᠪᠦᠬᠦᠢ 《ᠶᠡᠬᠡ ᠨᠢᠭᠡᠳᠦᠯ》᠎ᠤᠨ ᠸᠠᠩᠲᠤ ᠲᠥᠷᠥ ᠵᠢ ᠴᠤᠬ᠍ᠴᠠᠯᠠᠵᠤ ᠴᠢᠳᠠᠨ᠎ᠠ᠃ ᠨᠢᠭᠡᠳᠦᠬᠦᠯᠬᠦ ᠭᠠᠪᠢᠶ᠎ᠠ ᠵᠢᠳᠬᠦᠯ᠎ᠢ ᠣᠨᠴᠠᠭ᠋ᠠᠶ᠋ᠢᠯᠠᠨ ᠴᠢᠬᠤᠯᠠᠴᠢᠯᠠᠳᠠᠭ ᠴᠢᠩ ᠤᠯᠤᠰ᠎ᠨᠢ ᠴᠤ᠌ ᠮᠦᠨ ᠵᠡᠪᠰᠡᠭ᠎ᠤᠨ ᠭᠠᠪᠢᠶ᠎ᠠ ᠵᠢᠤᠡᠬᠦᠯᠢ ᠴᠢᠬᠤᠯᠠᠴᠢᠯᠠᠬᠤ᠎ᠪᠠᠷ ᠦᠯᠦ ᠪᠠᠷᠠᠮ ᠬᠢᠯᠢ ᠬᠢᠵᠠᠭ᠋ᠠᠷ ᠵᠶ᠋ᠠᠨ ᠨᠡᠭᠡᠭᠡᠵᠦ ᠨᠤᠲᠤᠭ ᠳᠡᠪᠢᠰᠬᠡᠷ ᠵᠶ᠋ᠠᠨ ᠥᠷᠭᠡᠳᠬᠡᠬᠦ ᠶᠠᠪᠤᠳᠠᠯ᠎ᠢ 《ᠲᠡᠯᠡᠭᠡᠢ ᠳ᠋ᠠᠬᠢᠨ᠎ᠢ ᠲᠦᠪᠯᠡᠨ ᠪᠠᠢ᠍ᠢ᠍ᠷᠢᠯᠠᠵᠤ᠂ ᠲᠡᠭᠷᠢ ᠵᠢᠨ ᠲᠤᠤᠷᠠᠬᠢ ᠵᠢ ᠨᠢᠭᠡᠨ ᠰᠠᠤᠡᠬᠢᠮᠤᠢ》 ᠭᠡᠵᠦ ᠨᠡᠷ᠎ᠡ ᠲᠦᠷᠤ ᠪᠠᠢ᠍ᠢ᠍ᠭᠤᠯᠬᠤ ᠵᠢ ᠰᠤᠷᠲᠠᠯᠴᠢᠯᠠᠳᠠᠭ ᠪᠠᠶ᠋ᠢᠵᠠᠢ᠃ ᠠ᠋ᠶ᠋ᠢᠮᠦ᠎ᠠᠴᠠ 《ᠶᠡᠬᠡ ᠨᠢᠭᠡᠳᠦᠯ》᠎ᠢ ᠪᠠᠶ᠋ᠢᠭᠤᠯᠬᠤ ᠪᠠ ᠬᠠᠮᠠᠭ᠋ᠠᠯᠠᠬᠤ ᠵᠢᠨ ᠦᠪᠡᠷ᠎ᠤᠨ ᠬᠢᠨᠢ ᠱᠠᠭ᠋ᠠᠷᠳᠠᠯᠭ᠎ᠠ᠎ᠳᠤ ᠳᠤᠮᠳᠠᠳᠤ ᠵᠢᠨ ᠰᠦᠷ ᠬᠦᠴᠤᠡᠳᠦ ᠱᠠᠰᠢᠨ᠎ᠤ ᠰᠤᠶᠤᠯ ᠰᠤᠷᠭ᠋ᠠᠯ᠎ᠤᠨ ᠰᠣᠶᠣᠯ᠎ᠤᠨ ᠠᠭᠤᠯᠤᠭᠳᠠᠬᠤᠨ᠎ᠲᠠᠢ ᠪᠠᠢ᠍ᠢ᠍ᠳᠠᠭ᠎ᠠᠴᠠ ᠳᠠᠩ ᠭᠠᠭᠴᠠ ᠵᠡᠪᠰᠡᠭᠲᠦ ᠬᠦᠴᠦᠨ ᠵᠶ᠋ᠠᠷ ᠬᠢᠯᠢ ᠬᠢᠵᠠᠭ᠋ᠠᠷ᠎ᠢ ᠨᠡᠭᠡᠭᠡᠵᠦ ᠨᠤᠲᠤᠭ ᠳᠡᠪᠢᠰᠬᠡᠷ ᠵᠶ᠋ᠠᠨ ᠥᠷᠭᠡᠳᠬᠡᠬᠦ ᠵᠢ ᠲᠠᠭ᠋ᠠᠰᠢᠶᠠᠳᠠᠭ ᠦᠭᠡᠢ ᠪᠠᠶ᠋ᠢᠵᠠᠢ ᠭᠡᠵᠦ ᠬᠡᠯᠡᠵᠦ ᠪᠣᠯᠤᠨ᠎ᠠ᠃
ᠳᠥᠷᠪᠡᠳᠦᠭᠡᠷ᠎ᠲᠤ᠂ 《ᠶᠡᠬᠡ ᠨᠢᠭᠡᠳᠦᠯ》 ᠪᠤᠯ ᠦᠵᠡᠯ ᠰᠠᠨᠠᠭ᠎ᠠ ᠪᠤᠯᠬᠤ ᠮᠥᠷᠲᠡᠭᠡᠨ ᠦᠢ᠍ᠯᠡᠳᠦᠯᠭᠡ ᠪᠤᠯᠤᠨ᠎ᠠ᠃ 《ᠶᠡᠭᠡ ᠨᠢᠭᠡᠳᠦᠯ》 ᠭᠡᠳᠡᠭ ᠦᠭᠡ ᠪᠤᠯ 《ᠳᠡᠯᠡᠬᠡᠶ ᠳ᠋ᠠᠬᠢᠨ》 ᠪᠤᠶᠤ 《ᠳᠤᠮᠳᠠᠳᠤ ᠤᠯᠤᠰ》 ᠵᠡᠷᠭᠡ 《ᠨᠡᠷ᠎ᠡ ᠦᠭᠡ》᠎ᠲᠠᠢ ᠠᠳᠠᠯᠢ ᠥᠬᠡᠶ ᠶᠤᠮ᠃ 《ᠶᠡᠬᠡ ᠨᠢᠭᠡᠳᠦᠯ》 ᠪᠤᠯ ᠲᠥᠷᠥ ᠱᠠᠰᠢᠨ᠎ᠤ ᠪᠤᠳᠠᠳᠤ ᠦᠢ᠍ᠯᠡᠳᠦᠯᠭᠡ ᠮᠦᠨ ᠪᠦᠭᠡᠳ 《ᠦᠢ᠍ᠯᠡ ᠦᠭᠡ》 ᠵᠢᠨ ᠰᠢᠨᠵᠢ ᠴᠢᠨᠠᠷ ᠵᠢᠡᠷ ᠲᠡᠢ᠍ᠢ᠍ᠯᠦᠩᠬᠦᠢ ᠤᠤᠠᠬ᠎ᠠ᠎ᠲᠠᠢ ᠦᠭᠡ ᠪᠤᠯᠤᠨ᠎ᠠ᠃ ᠴᠢᠩ ᠤᠯᠤᠰ ᠵᠢᠡᠷ ᠵᠢᠱ᠌ᠢᠶᠡᠯᠡᠬᠦ᠎ᠳᠤ᠂ ᠲᠡᠬᠦᠨ᠎ᠳᠤ ᠦᠵᠡᠯᠳᠡ ᠵᠢᠨ ᠠᠭᠤᠯᠤᠭᠳᠠᠬᠤᠨ᠎ᠲᠠᠢ ᠮᠥᠷᠲᠡᠭᠡᠨ ᠪᠠᠰᠠ ᠳᠦᠷᠢᠮ ᠲᠣᠭᠲᠠᠭ᠋ᠠᠯ᠂ ᠲᠥᠷᠥ ᠵᠢᠨ ᠪᠣᠳᠣᠯᠭ᠎ᠠ᠂ ᠳᠠᠶ᠋ᠢᠨ ᠪᠠᠶ᠋ᠢᠯᠳᠤᠭ᠋ᠠᠨ᠂ ᠶᠣᠰᠣᠯᠠᠯ᠂ ᠮᠡᠳᠡᠯᠭᠡ᠂ ᠪᠡᠯᠭᠡᠳᠡᠯ ᠭᠡᠬᠦ ᠮᠡᠳᠦ ᠵᠢᠨ ᠨᠢᠭᠡᠨ ᠢᠵᠢ ᠪᠦᠷᠢᠨ ᠲᠥᠬᠥᠷ 《ᠬᠡᠶ᠋ᠢᠰᠪᠦᠷᠢ》 ᠪᠠ 《ᠪᠣᠳᠠᠲᠠᠶ》 ᠵᠢ ᠤᠶᠠᠯᠳᠤᠭᠤᠯᠤᠭᠰᠠᠨ ᠨᠣᠶᠠᠷᠬᠠᠯ᠎ᠤᠨ ᠠᠷᠭ᠎ᠠ ᠬᠡᠯᠪᠡᠷᠢ ᠪᠠ ᠵᠠᠰᠠᠯᠲᠠ ᠵᠢᠨ ᠮᠡᠷᠭᠡᠵᠢᠯ᠎ᠢ ᠪᠠᠬᠳᠠᠭ᠋ᠠᠬᠰᠠᠨ 《ᠶᠡᠬᠡ ᠨᠢᠭᠡᠳᠦᠯ》᠎ᠤᠨ ᠪᠠᠶ᠋ᠢᠳᠠᠯ᠎ᠢ ᠪᠦᠷᠢᠯᠳᠦᠭᠦᠯᠦᠭᠰᠡᠨ ᠪᠦᠬᠦ ᠠ᠋ᠯᠧᠮᠧᠨ᠋ᠲᠤᠨ ᠶᠡᠷᠦᠩᠬᠡᠶ᠋ᠢᠯᠡᠯ ᠪᠤᠯᠤᠨ᠎ᠠ᠃ 《ᠶᠡᠬᠡ ᠨᠢᠭᠡᠳᠦᠯ》 ᠪᠤᠯ ᠬᠡᠶ᠋ᠢᠰᠪᠦᠷᠢ 《ᠬᠦᠰᠡᠯᠠᠩ᠎ᠤᠨ ᠬᠡᠯᠪᠡᠷᠢ》 ᠪᠢᠰᠢ᠂ ᠬᠠᠷᠢᠨ ᠪᠣᠳᠠᠲᠠᠢ ᠤᠯᠤᠰ ᠲᠦᠷᠦ ᠵᠢᠨ ᠠᠵᠢᠯᠯᠠᠭ᠎ᠠ ᠳᠤᠮᠳᠠ ᠲᠤᠭᠤᠰᠢᠯᠠᠬᠳᠠᠵᠤ ᠪᠠᠶ᠋ᠢᠭ᠎ᠠ ᠣᠶ᠋ᠢᠯᠠᠭ᠋ᠠᠭᠳᠠᠬᠤᠨ ᠮᠦᠨ ᠪᠦᠭᠡᠳ ᠪᠤᠳᠠᠳᠤ ᠠᠬᠤᠢ ᠪᠠ ᠪᠣᠳᠠᠲᠤ ᠠᠵᠢᠯᠯᠠᠭ᠎ᠠ ᠵᠢᠨ ᠳᠤᠮᠳᠠ ᠢᠯᠡᠷᠡᠬᠦᠯᠬᠦ ᠵᠢ ᠱᠠᠭ᠋ᠠᠷᠳᠠᠳᠠᠭ᠃ ᠠ᠋ᠶ᠋ᠢᠮᠦ᠎ᠠᠴᠠ ᠪᠢᠳᠠ ᠲᠡᠬᠦᠨ᠎ᠢ ᠠ᠋ᠷᠬᠡᠪᠰᠢ ᠤᠯᠤᠰ ᠲᠤᠢ᠍ᠷᠦ ᠵᠢᠨ ᠦᠢ᠍ᠯᠡᠳᠦᠯᠭᠡ᠎ᠪᠠᠷ ᠣᠶ᠋ᠢᠯᠠᠭ᠋ᠠᠵᠤ᠂ ᠠ᠋ᠷᠬᠡᠪᠰᠢ ᠦᠵᠡᠯ ᠰᠠᠨᠠᠭ᠎ᠠ ᠪᠣᠯᠤᠨ ᠤᠯᠤᠰ ᠲᠤᠢ᠍ᠷᠦ ᠵᠢᠨ ᠵᠠᠭ᠋ᠠᠭ᠎ᠢ ᠲᠠᠪᠠᠵᠤ᠂ ᠲᠡᠭᠦᠨ᠎ᠤ ᠬᠤᠭᠤᠷᠤᠡᠳᠤ ᠵᠢᠨ ᠬᠠᠷᠢᠯᠴᠠᠨ ᠨᠦᠯᠦᠭᠡᠯᠡᠯᠴᠡᠯᠢ ᠶᠡᠷᠦᠩᠬᠡᠢ᠎ᠳᠤ᠎ᠨᠢ ᠤᠯᠵᠤ ᠬᠠᠷᠠᠬᠤ ᠬᠡᠷᠡᠭᠲᠡᠢ᠃
1708 ᠣᠨ᠎ᠳᠤ ᠡᠩᠬᠡ ᠠᠮᠤᠭᠤᠯᠠᠩ ᠬᠠᠭ᠋ᠠᠨ ᠵᠠᠷᠯᠢᠭ ᠪᠠᠭᠤᠯᠭ᠋ᠠᠨ 《ᠡᠩᠬᠡ ᠠᠮᠤᠭᠤᠯᠠᠩ ᠬᠠᠭ᠋ᠠᠨ᠎ᠤ ᠬᠢᠵᠠᠭ᠋ᠠᠷ᠎ᠤᠨ ᠪᠦᠭᠦᠳᠡ ᠲᠤᠢ᠌ᠮᠤ ᠵᠢᠷᠤᠭ》᠎ᠢ ᠨᠠᠶ᠋ᠢᠷᠠᠭᠤᠯᠤᠨ ᠵᠢᠷᠤᠭᠤᠯᠬᠤᠳᠤᠪᠠᠨ ᠣᠳᠣᠨ ᠣᠷᠣᠨ᠎ᠤ ᠠᠵᠢᠭᠯᠠᠯᠲᠠ ᠪᠠ ᠣᠳᠣᠨ ᠣᠷᠣᠨ᠎ᠤ ᠭᠤᠷᠪᠠᠯᠵᠢᠨᠤ ᠬᠡᠮᠵᠢᠯᠲᠡ ᠵᠢᠨ ᠠᠷᠭ᠎ᠠ᠎ᠪᠠᠷ ᠱᠠᠲᠤᠯᠵᠢᠨ ᠲᠤᠰᠬᠠᠯᠲᠠ᠎ᠪᠠᠷ ᠳᠥᠴᠢᠨ ᠲᠦᠮᠡᠨ ᠬᠤᠪᠢ ᠵᠢᠨ ᠨᠢᠭᠡ ᠵᠢᠨ ᠬᠠᠷᠢᠴᠠᠯ ᠵᠢᠨᠷ ᠵᠢᠷᠤᠭᠤᠯᠤᠭᠰᠠᠨ ᠪᠠᠢ᠌ᠳᠠᠭ᠃ ᠡᠨᠡ ᠬᠦ᠌ ᠭᠠᠵᠠᠷ᠎ᠤᠨ ᠵᠢᠷᠤᠭᠲᠤ ᠵᠢᠷᠤᠭᠳᠠᠨ ᠣᠷᠣᠭᠰᠠᠨ ᠭᠠᠵᠠᠷ ᠨᠤᠲᠤᠭ᠎ᠤᠨ ᠬᠡᠪᠴᠢᠶ᠎ᠡ ᠵᠢ ᠵᠡᠭᠦᠨ ᠬᠣᠶ᠋ᠢᠰᠢ ᠺᠦᠶᠸ ᠠᠷᠠᠯ᠂ ᠵᠡᠭᠦᠨ ᠡᠮᠦᠨᠡᠰᠢ ᠲᠠᠶ᠋ᠢᠸᠠᠨ᠂ ᠪᠠᠷᠠᠭᠤᠨᠰᠢ ᠢᠯᠢ ᠭᠣᠣᠯ᠂ ᠤᠮᠠᠷᠠᠰᠢ ᠪᠠᠶ᠋ᠢᠭ᠋ᠠᠯ ᠨᠠᠭᠤᠷ᠂ ᠡᠮᠦᠨᠡᠰᠢ ᠶᠠᠨᠵᠸᠤ (ᠣᠳᠣ ᠵᠢᠨ ᠬᠠᠢ᠌ᠨᠠᠨ ᠠᠷᠠᠯ)᠎ᠳᠤ ᠬᠦᠷᠭᠡᠵᠡᠢ᠃ ᠡᠨᠡ ᠬᠦ᠌ ᠵᠢᠷᠤᠭ᠎ᠢ ᠨᠠᠷᠢᠯᠢᠭ ᠵᠢᠷᠤᠭᠤᠯᠤᠭᠰᠠᠨᠤ ᠮᠡᠷᠭᠡᠵᠢᠯ ᠤᠬᠠᠭ᠋ᠠᠨ ᠪᠣᠯ ᠴᠢᠩ ᠤᠯᠤᠰ᠎ᠤᠨ ᠨᠣᠶᠠᠷᠬᠠᠭᠴᠢᠳ᠎ᠤᠨ 《ᠶᠡᠬᠡ ᠨᠢᠭᠡᠳᠦᠯ》᠎ᠢ ᠬᠡᠷᠡᠭᠵᠢᠭᠦᠯᠦᠭᠰᠡᠨ᠎ᠤ ᠢᠯᠡᠷᠡᠯ ᠮᠥᠨ᠃ (ᠵᠢᠷᠤᠭ᠎ᠤᠨ ᠢᠷᠡᠯᠲᠡ᠄ ᠲᠥᠪ ᠲᠧᠯᠸᠢᠰ᠎ᠤᠨ ᠪᠠᠷᠢᠮᠲᠠᠲᠤ ᠺᠢᠨᠣ᠋ 《ᠣᠷᠳᠣ ᠴᠠᠭ᠋ᠠᠨ ᠬᠡᠷᠡᠮ᠄ ᠳᠤᠮᠳᠠᠳᠤ ᠤᠯᠤᠰ᠎ᠤᠨ ᠥᠯᠢᠭᠡᠷ》᠎ᠤᠨ ᠵᠢᠷᠤᠭ)
ᠠ᠋ᠭᠦᠨ᠎ᠠᠴᠠ 《ᠶᠡᠬᠡ ᠨᠢᠭᠡᠳᠦᠯ》 ᠪᠤᠯ ᠲᠡᠦᠬᠡᠨ᠎ᠳᠠᠬᠢ ᠴᠢᠬᠤᠯᠠ ᠦᠵᠡᠭᠳᠡᠯ ᠮᠥᠨ᠂ ᠪᠠᠰᠠ ᠴᠤ᠌ ᠤᠯᠠᠮᠵᠢᠯᠠᠯᠲᠤ ᠤᠯᠤᠰ ᠲᠦᠷᠦ ᠪᠠ ᠦᠵᠡᠯ ᠰᠠᠨᠠᠭ᠎ᠠ᠎ᠳᠤ ᠨᠡᠪᠲᠡᠷᠡᠭᠰᠡᠨ ᠭᠤᠤᠯ ᠦᠵᠡᠯᠲᠡ ᠮᠥᠨ᠂ ᠲᠡᠭᠦᠨ᠎ᠢ ᠤᠳᠤ ᠦᠶ᠎ᠡ ᠵᠢᠨ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠤ ᠪᠤᠰᠤᠳᠴᠢ ᠬᠠᠷᠠᠭ᠋ᠠᠰᠤ᠎ᠠᠴᠠ ᠦᠵᠡᠪᠡᠯ᠂ 《ᠶᠡᠭᠡ ᠨᠢᠭᠡᠳᠤᠯ》 ᠪᠤᠯ ᠳᠤᠮᠳᠠᠳᠤ ᠤᠯᠤᠰ᠎ᠤᠨ ᠦᠪᠡᠷ᠎ᠤᠨ ᠬᠢᠨᠢ ᠬᠦᠭᠵᠢᠯᠳᠡ ᠵᠢᠨ ᠵᠠᠮ ᠮᠦᠷ᠎ᠲᠠᠢ ᠤᠯᠠᠮ ᠨᠡᠢ᠍ᠢ᠍ᠴᠡᠭᠰᠡᠨ ᠠᠷᠭ᠎ᠠ ᠪᠠᠷᠢᠯ ᠮᠦᠨ ᠭᠡᠳᠡᠭ᠎ᠢ ᠮᠡᠳᠡᠵᠦ ᠪᠣᠯᠤᠨ᠎ᠠ᠃
ᠰᠤᠷᠪᠤᠯᠵᠢᠯᠠᠭᠴᠢ᠄ ᠲᠠ ᠪᠢᠴᠢᠭᠰᠡᠨ ᠨᠣᠮ᠎ᠳᠤ᠎ᠪᠠᠨ ᠴᠢᠩ ᠤᠯᠤᠰ ᠪᠠᠶ᠋ᠢᠭᠤᠯᠤᠭᠳᠠᠭᠰᠠᠨ᠎ᠤ ᠲᠠᠷᠠᠭ᠋ᠠᠬᠢ ᠪᠠᠢ᠍ᠢ᠍ᠳᠠᠯ᠎ᠢ ᠥᠩᠭᠡᠷᠡᠭᠰᠡᠨ᠎ᠤ᠎ᠬᠢ᠎ᠲᠠᠢ ᠬᠠᠷᠢᠴᠠᠭᠤᠯᠪᠠᠯ᠂ ᠴᠢᠩ ᠤᠯᠤᠰ᠎ᠤᠨ ᠬᠠᠭ᠋ᠠᠤᠨ 《ᠶᠡᠬᠡ ᠨᠢᠭᠡᠳᠦᠯ》᠎ᠤᠨ ᠦᠵᠡᠯᠲᠡ᠎ᠳᠤ ᠰᠢᠨ᠎ᠡ ᠭᠡᠯᠪᠡᠷᠢ ᠵᠢᠨ ᠥᠭᠡᠷᠡᠴᠢᠯᠡᠯᠲᠡ ᠬᠢᠭᠰᠡᠨ ᠭᠡᠵᠦ ᠲᠤᠷᠠᠳᠤᠠᠠᠰᠠᠨ ᠪᠠᠢ᠍ᠢ᠍ᠪᠠ᠂ ᠶᠠᠭ᠋ᠠᠬᠢᠵᠤ ᠬᠤᠪᠢᠷᠠᠭᠤᠯᠤᠠᠠᠰᠠᠨ ᠲᠤᠬᠠᠢ ᠪᠣᠳᠠᠲᠠᠶ᠎ᠪᠠᠷ ᠲᠠᠶ᠋ᠢᠯᠪᠤᠷᠢᠯᠠᠵᠤ ᠥᠭᠭᠦᠨ᠎ᠡ ᠦᠦ? ᠪᠠᠰᠠ 《ᠶᠡᠬᠡ ᠨᠢᠭᠡᠳᠦᠯ》᠎ᠤᠨ ᠦᠵᠡᠯᠲᠡ ᠵᠢ ᠬᠡᠷᠬᠢᠨ ᠠᠯᠬᠤᠮ ᠠᠯᠬᠤᠮ ᠵᠶ᠋ᠠᠷ ᠨᠠᠶ᠋ᠢᠳᠠᠪᠤᠷᠢᠵᠢᠭᠤᠯᠤᠭᠰᠠᠨ ᠪᠤᠢ?
ᠶᠠᠩ ᠨᠢᠶᠠᠨ ᠴᠢᠶᠦᠢ᠍ᠨ᠄ ᠬᠠᠨ᠂ ᠲᠠᠩ᠎ᠤᠨ 《ᠶᠡᠬᠡ ᠨᠢᠭᠡᠳᠦᠯ》 ᠪᠤᠯ ᠨᠤᠲᠤᠭ ᠳᠡᠪᠢᠰᠬᠡᠷ᠎ᠤᠨ ᠥᠷᠭᠡᠨ ᠠᠭᠤᠳᠠᠮ᠂ ᠳᠥᠷᠪᠡᠨ ᠵᠦᠭ᠎ᠤᠨ ᠦᠨᠳᠦᠰᠦᠳᠡᠨ ᠶᠠᠰᠤᠳᠠᠤᠨ ᠬᠠᠭ᠋ᠠᠨ ᠡᠵᠡᠨ᠎ᠢ ᠪᠠᠷᠠᠳᠠᠨ ᠪᠡᠯᠡᠭ ᠰᠡᠯᠳᠡ ᠠ᠋ᠷᠬᠦᠵᠦ ᠲᠦᠷᠦ ᠬᠦᠷᠦᠨ᠎ᠢ ᠲᠤᠰᠠᠯᠠᠨ ᠮᠠᠠᠳᠤᠭᠤᠯᠬᠤ ᠵᠢ ᠴᠢᠬᠤᠯᠠᠴᠢᠯᠠᠨ ᠦᠵᠡᠳᠡᠭ ᠪᠠᠶ᠋ᠢᠵᠠᠢ᠃ ᠠ᠋ᠮᠦᠨᠡᠲᠦ ᠰᠦᠩ ᠤᠯᠤᠰ᠎ᠤᠨ ᠦᠶ᠎ᠡ᠎ᠳᠤ᠂ ᠳᠡᠯᠡᠬᠡᠶ ᠳ᠋ᠠᠬᠢᠨ᠎ᠢ ᠨᠢᠭᠡᠳᠬᠡᠬᠦ ᠵᠢᠨ ᠠᠷᠭ᠎ᠠ ᠦᠭᠡᠢ ᠪᠤᠯᠤᠬᠰᠠᠨ ᠪᠣᠳᠠᠲᠤ ᠪᠠᠶ᠋ᠢᠳᠠᠯ᠎ᠤᠨ ᠠ᠋ᠮᠦᠨ᠎ᠡ ᠠ᠋ᠷᠳᠡᠮᠳᠡᠨ ᠮᠡᠷᠭᠡᠳ ᠦᠡᠳᠦᠰᠦᠳᠡᠨ ᠤᠠᠠᠰᠠᠭ᠋ᠠᠳᠠᠨ ᠪᠠ ᠰᠣᠶᠣᠯ᠎ᠤᠨ ᠳᠠᠪᠠᠭᠤᠯᠢᠭ ᠵᠶ᠋ᠠᠷ ᠵᠶ᠋ᠠᠨ 《ᠲᠦᠪ ᠤᠳᠤᠮᠰᠢᠯ》᠎ᠢ ᠢᠯᠡᠷᠡᠭᠦᠯᠵᠦ ᠪᠠᠢ᠍ᠢ᠍ᠠᠠᠰᠠᠨ᠎ᠨᠢ ᠤᠳᠤ ᠦᠶ᠎ᠡ ᠵᠢᠨ ᠦᠨᠳᠦᠰᠦᠲᠡᠨ᠎ᠤ ᠦᠵᠡᠯᠳᠡ᠎ᠲᠠᠢ ᠠᠳᠠᠯᠢᠪᠲᠤᠷ ᠬᠡᠯᠪᠡᠷᠢᠯ᠎ᠲᠠᠢ ᠶᠤᠮ᠃ ᠮᠢᠩ ᠤᠯᠤᠰ᠎ᠤᠨ ᠦᠶ᠎ᠡ᠎ᠳᠤ ᠶᠤᠰᠤ ᠵᠦᠢ ᠵᠢᠨ ᠤᠬᠠᠭ᠋ᠠᠨ ᠬᠦᠭᠵᠢᠭᠰᠡᠨ ᠮᠦᠷᠳᠡᠭᠡᠨ ᠪᠠᠰᠠ ᠤᠷᠲᠤ ᠬᠤᠭᠤᠴᠠᠭ᠎ᠠ᠎ᠪᠠᠷ ᠮᠣᠩᠭᠣᠯ᠂ ᠮᠠᠨᠵᠤ᠎ᠲᠠᠢ ᠠ᠋ᠰᠡᠷᠭᠦᠴᠡᠯᠳᠦᠭᠰᠡᠨᠤ ᠬᠠᠮᠳᠤ ᠮᠢᠩ ᠤᠯᠤᠰ᠎ᠤᠨ ᠰᠡᠭᠦᠯᠴᠢ ᠪᠤᠯᠬᠤ᠎ᠳᠤ ᠲᠠᠬᠢᠨ ᠰᠦᠩ ᠤᠯᠤᠰ᠎ᠤᠨ ᠭᠤᠨᠢᠠᠠᠳᠤ ᠲᠡᠤᠭᠡ ᠵᠢ ᠲᠠᠪᠳᠠᠭᠰᠠᠨ᠎ᠨᠢ ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨᠢ ᠢᠯᠭ᠋ᠠᠨ ᠦᠵᠡᠬᠦ ᠦᠵᠡᠯ ᠰᠡᠳᠬᠢᠯᠭᠡ ᠤᠯᠠᠮ ᠴᠢᠡᠭᠭ᠎ᠠ ᠠ᠋ᠬᠦᠰᠦᠭᠰᠡᠨ᠎ᠠᠴᠠ ᠶᠤᠮ᠃ ᠮᠠᠨᠵᠤᠴᠤᠳ᠎ᠤᠨ ᠲᠤᠮᠳᠠᠳᠤ ᠣᠷᠣᠨ᠎ᠳᠤ ᠪᠠᠶ᠋ᠢᠭᠤᠯᠤᠭᠰᠠᠨ ᠴᠢᠩ᠎ᠤᠨ ᠲᠦᠷᠤ᠎ᠨᠢ ᠲᠦᠪ ᠤᠳᠤᠮᠰᠢᠯ᠎ᠳᠦ ᠴᠢᠨᠠᠷ᠎ᠢ ᠦᠭᠡᠢ᠍ᠢ᠍ᠰᠭᠡᠳᠡᠭ ᠶᠤᠰᠤ ᠵᠦᠢ ᠵᠢᠨ ᠤᠬᠠᠭ᠋ᠠᠨ ᠪᠠ ᠤᠷᠢᠳ ᠠ᠋ᠮᠦᠨ᠎ᠡ ᠭᠠᠷᠤᠭ᠎ᠠ ᠦᠭᠡᠢ ᠥᠷᠭᠡᠨ ᠠᠭᠤᠳᠠᠮ ᠨᠤᠲᠤᠭ ᠳᠡᠪᠢᠰᠬᠡᠷ᠎ᠢ ᠲᠥᠪ᠎ᠲᠤ ᠲᠦᠪᠯᠡᠷᠡᠬᠦᠯᠦᠨ ᠵᠠᠬᠢᠷᠤᠠᠠᠰᠠᠨ ᠸᠠᠡᠭ᠎ᠳᠦ ᠲᠦᠷᠦ ᠵᠢᠨ ᠨᠣᠶᠠᠷᠬᠠᠯ᠎ᠤᠨ ᠬᠡᠪᠴᠢᠶᠡᠨ᠎ᠳᠤ ᠤᠷᠤᠭᠤᠯᠤᠠᠠᠰᠠᠨ ᠪᠠᠢ᠍ᠢ᠍ᠳᠠᠯ᠎ᠤᠨ ᠲᠤᠤᠷ᠎ᠠ᠂ ᠴᠢᠩ ᠤᠯᠤᠰ᠎ᠤᠨ ᠦᠶ᠎ᠡ ᠵᠢᠨ 《ᠶᠡᠬᠡ ᠨᠢᠭᠡᠳᠦᠯ》᠎ᠤᠨ ᠦᠵᠡᠯᠲᠡ᠎ᠳᠤ ᠮᠠᠰᠢ ᠤᠯᠠᠨ ᠰᠢᠨ᠎ᠡ ᠣᠨᠴᠠᠯᠢᠭ ᠢᠯᠡᠷᠡᠵᠡᠢ᠃
ᠪᠣᠳᠠᠲᠠᠶ᠎ᠪᠠᠷ ᠬᠡᠯᠡᠪᠡᠯ᠂ ᠲᠡᠭᠦᠨ᠎ᠳᠤ ᠭᠤᠷᠪᠠᠨ ᠲᠠᠪᠬᠤᠷ ᠠᠭᠤᠯᠭ᠎ᠠ ᠪᠠᠭᠲᠠᠵᠤ ᠪᠤᠶ᠄ ᠨᠢᠭᠡ᠂ ᠴᠢᠩ ᠤᠯᠤᠰ᠎ᠤᠨ ᠬᠠᠭ᠋ᠠᠤᠨ ᠲᠦᠪ ᠤᠳᠤᠮᠰᠢᠯ᠎ᠤᠨ ᠦᠵᠡᠯᠳᠡ᠎ᠪᠠᠨ ᠬᠠᠨ ᠲᠠᠩ᠎ᠤᠨ ᠠ᠋ᠷᠲᠡᠨ᠎ᠤ ᠶᠤᠰᠤ ᠵᠦᠢ᠎ᠳᠤ ᠬᠦᠴᠦᠯᠡᠨ ᠪᠤᠴᠠᠭ᠋ᠠᠵᠤ᠂ ᠬᠢᠳᠡᠳ ᠦᠨᠳᠦᠰᠦᠳᠡᠨ᠎ᠲᠠᠢ ᠨᠢᠭᠡᠳᠦᠬᠦᠯᠬᠦ ᠵᠢ ᠲᠤᠪᠤᠢ᠍ᠢ᠍ᠯᠭ᠋ᠠᠭᠰᠠᠨ ᠵᠢᠡᠷ᠂ ᠬᠢᠯᠢ ᠬᠢᠵᠠᠭ᠋ᠠᠷ᠎ᠢ ᠦᠷᠭᠡᠤᠡᠭᠡᠨ ᠲᠡᠯᠡᠭᠰᠡᠨ ᠵᠢᠡᠷ ᠠ᠋ᠮᠤᠨᠡᠬᠢ ᠲᠦᠷᠤᠨᠦᠭᠦᠳᠠᠴᠠ ᠬᠤᠯᠠ ᠲᠠᠪᠠᠵᠤ᠂ 《ᠳᠤᠮᠳᠠᠳᠤ ᠭᠠᠳᠠᠭ᠋ᠠᠳᠤ ᠵᠢᠨ᠎ᠬᠢᠨ ᠨᠢᠭᠡ ᠭᠡᠷ ᠪᠦᠯᠢ》᠂ 《ᠠᠬᠠᠮᠠᠤᠨ ᠨᠠᠰᠤᠳᠠᠨ ᠵᠶ᠋ᠠᠨ ᠬᠦᠨᠳᠦᠳᠬᠡᠬᠦ》 ᠭᠡᠳᠡᠭ ᠵᠶ᠋ᠠᠷ ᠴᠢᠩ ᠤᠯᠤᠰ᠎ᠤᠨ ᠦᠶ᠎ᠡ ᠵᠢᠨ ᠲᠦᠪ ᠤᠳᠤᠮᠰᠢᠯᠲᠤ ᠴᠢᠨᠠᠷ᠎ᠢ ᠨᠤᠲᠠᠯᠠᠵᠠᠶ; ᠬᠣᠶᠠᠷ᠂ ᠰᠠᠨᠠᠭ᠋ᠠᠴᠢᠯᠠᠭ᠎ᠠ᠎ᠠᠴᠠ᠎ᠪᠠᠨ ᠦᠵᠡᠯ ᠰᠠᠨᠠᠭ᠋ᠠᠨ᠎ᠤ ᠬᠦᠷᠢᠶ᠎ᠡ ᠴᠡᠷᠠᠭ᠋ᠠᠨᠳᠤ ᠤᠷᠤᠵᠤ᠂ 《ᠴᠦᠨ ᠴᠢᠦ》᠂ 《ᠵᠠᠰᠠᠭᠲᠤᠷ ᠲᠤᠰᠠᠯᠠᠬᠤ ᠨᠡᠪᠲᠡᠷᠬᠡᠶ ᠲᠣᠯᠢ》 ᠮᠡᠳᠦ ᠵᠢᠨ ᠴᠢᠬᠤᠯᠠ ᠪᠢᠴᠢᠭᠤᠳᠢ ᠳᠠᠬᠢᠨ ᠲᠠᠶ᠋ᠢᠯᠪᠤᠷᠢᠯᠠᠨ ᠤᠩᠰᠢᠬᠤ᠎ᠪᠠᠷ ᠳᠠᠮᠵᠢᠭᠤᠯᠵᠤ᠂ ᠪᠢᠴᠢᠭ᠎ᠤᠨ ᠰᠤᠷᠭ᠋ᠠᠯᠲᠠᠨ᠎ᠤ ᠲᠤᠳᠤᠷ᠎ᠠ ᠨᠢᠭᠡ ᠵᠦᠢ᠍ᠯ᠎ᠤᠨ 《ᠶᠡᠬᠡ ᠨᠢᠭᠡᠳᠦᠯ》᠎ᠲᠠᠢ ᠵᠣᠬᠢᠴᠠᠭᠰᠠᠨ 《ᠬᠠᠭ᠋ᠠᠳᠤᠨ ᠨᠤᠮᠯᠠᠯ ᠰᠤᠷᠭ᠋ᠠᠯ》 ᠪᠠ ᠤᠯᠤᠰ ᠲᠥᠷᠥ ᠲᠡᠦᠬᠡ ᠵᠢ ᠬᠦᠤᠷᠨᠢᠵᠤ᠂ 《ᠬᠠᠭ᠋ᠠᠨ᠎ᠢ ᠬᠦᠨᠳᠦᠯᠡᠬᠦ ᠠ᠋ᠰᠡᠬᠦ》᠎ᠪᠠᠷ ᠶᠣᠰᠣ ᠰᠤᠷᠲᠠᠬᠤᠨ᠎ᠲᠠᠢ ᠪᠠᠶ᠋ᠢᠬᠤ ᠠ᠋ᠰᠡᠬᠦ᠂ ᠬᠢᠳᠡᠳ ᠦᠨᠳᠦᠰᠦᠳᠡᠨ ᠪᠠ ᠪᠤᠰᠤᠤᠨ ᠦᠨᠳᠦᠰᠦᠳᠡᠨ᠎ᠤ ᠲᠠᠪᠰᠢᠬᠰᠠᠨ ᠠ᠋ᠰᠡᠬᠦ ᠵᠢ ᠦᠨᠡᠯᠡᠬᠦ ᠬᠠᠮᠤᠭ᠎ᠤᠨ ᠥᠨᠳᠥᠷ ᠪᠠᠷᠢᠮᠵᠢᠶ᠎ᠠ ᠪᠣᠯᠭ᠋ᠠᠪᠠ; ᠭᠤᠷᠪᠠ᠂ ᠬᠠᠭ᠋ᠠᠨ᠎ᠤ ᠠ᠋ᠷᠬᠡ᠎ᠪᠠᠷ 《ᠶᠣᠰᠣ ᠰᠤᠷᠲᠠᠬᠤᠨ᠎ᠤ ᠤᠯᠠᠮᠵᠢᠯᠠᠯ》᠎ᠢ ᠦᠷᠬᠦᠯᠵᠢᠯᠡᠨ ᠨᠢᠭᠡᠳᠦᠬᠦᠯᠦᠭᠰᠡᠨᠤ ᠬᠠᠮᠲᠤ᠂ ᠶᠣᠰᠣ ᠵᠦᠢ ᠵᠢᠨ ᠤᠬᠠᠭ᠋ᠠᠨ᠎ᠤ ᠶᠤᠰᠤ ᠰᠤᠷᠳᠠᠬᠤᠨ᠎ᠤ ᠤᠯᠠᠮᠵᠢᠯᠠᠯ᠎ᠤᠨ ᠦᠵᠡᠯᠳᠡ ᠬᠢᠭᠡᠤᠨ ᠪᠤᠰᠤᠤᠨ ᠦᠨᠳᠦᠰᠦᠳᠡᠨ ᠪᠠ ᠬᠢᠳᠡᠳ ᠦᠨᠳᠦᠰᠦᠳᠡᠨ᠎ᠤ ᠲᠤᠬᠠᠢ ᠦᠵᠡᠯᠲᠡ ᠵᠢ ᠥᠭᠡᠷᠡᠴᠢᠯᠡᠭᠰᠡᠨ ᠪᠤᠯ᠂ ᠨᠢᠭᠡ ᠲᠠᠯ᠎ᠠ᠎ᠪᠠᠷ ᠴᠢᠨ ᠤᠯᠤᠰ᠎ᠠᠴᠠ ᠠ᠋ᠮᠤᠨᠡᠬᠢ ᠨᠣᠮ ᠰᠤᠳᠤᠷ᠎ᠤᠨ 《ᠱᠦᠨ ᠳ᠋ᠢ ᠲᠤᠷᠤᠨᠠᠳᠡᠬᠢᠨᠤ ᠬᠠᠷᠢ ᠵᠢᠨ ᠬᠥᠮᠦᠨ᠂ ᠸᠸᠨ ᠸᠠᠩ ᠦᠷᠦᠨᠡᠳᠡᠬᠢᠨᠤ ᠬᠠᠷᠢ ᠵᠢᠨ ᠬᠥᠮᠦᠨ》 ᠭᠡᠳᠡᠭ ᠥᠭᠦᠯᠡᠯᠲᠡ᠎ᠪᠠᠷ ᠠ᠋ᠰᠢ ᠲᠠᠲᠠᠵᠤ᠂ ᠪᠣᠭᠳᠠ ᠬᠥᠮᠦᠨ ᠲᠦᠷᠦᠬᠦ᠎ᠨᠢ ᠭᠠᠵᠠᠷ ᠵᠦᠢ ᠦᠨᠳᠦᠰᠦᠲᠡᠨ ᠤᠠᠠᠰᠠᠭ᠋ᠠᠳᠠᠨᠤ ᠢᠯᠭ᠋ᠠᠯ ᠭᠡᠵᠦ ᠪᠠᠶ᠋ᠢᠬᠤ ᠦᠭᠡᠢ᠂ ᠬᠢᠳᠡᠳ ᠪᠠ ᠪᠤᠰᠤᠤᠨ ᠦᠨᠳᠦᠰᠦᠳᠡᠨ᠎ᠤ ᠨᠤᠳᠤᠭ ᠲᠠᠪᠢᠰᠭᠡᠷ ᠭᠡᠳᠡᠭ ᠪᠤᠯ ᠲᠤᠳᠤᠷ ᠭᠠᠵᠠᠷ᠎ᠤᠨ᠎ᠬᠢᠨ᠎ᠤ ᠭᠡᠯᠡᠳᠡᠭ ᠤᠭ ᠨᠤᠲᠤᠭ᠎ᠢ ᠵᠢᠭ᠋ᠠᠵᠤ ᠪᠠᠶ᠋ᠢᠬᠤ ᠲᠡᠳᠤᠢ ᠭᠡᠵᠦ᠂ ᠮᠠᠠᠵᠤ᠎ᠳᠤ ᠲᠦᠪ ᠤᠳᠤᠮᠰᠢᠯ᠎ᠤᠨ ᠬᠢᠷᠢ ᠭᠡᠮ ᠤᠯᠭᠤᠬᠤ ᠵᠢᠨ ᠲᠠᠭ᠋ᠠᠤ᠎ᠳᠤ ᠨᠦᠭᠦᠭᠡ ᠲᠠᠯ᠎ᠠ᠎ᠪᠠᠷ ᠲᠠᠪᠤᠨ ᠠ᠋ᠰᠢ ᠤᠨᠤᠯ᠎ᠤᠨ ᠳᠡᠰ ᠳᠠᠷᠠᠭ᠎ᠠ ᠵᠢ ᠲᠣᠩᠭᠣᠷᠠᠭᠤᠯᠬᠤᠪᠠᠷ ᠳᠠᠮᠵᠢᠭᠤᠯᠵᠤ᠂ 《ᠡᠵᠡᠨ ᠰᠠᠶ᠋ᠢᠳ》᠎ᠤᠨ ᠬᠠᠷᠢᠴᠠᠭ᠎ᠠ ᠵᠢ 《ᠡᠴᠢᠭᠡ ᠬᠥᠪᠡᠭᠦᠨ》᠎ᠤ ᠬᠠᠷᠢᠴᠠᠭ᠋ᠠᠨ᠎ᠠᠴᠠ ᠲᠡᠭᠡᠳᠦ ᠪᠠᠢ᠍ᠢ᠍ᠷᠢᠨ᠎ᠳᠤ ᠲᠠᠯᠪᠢᠵᠤ᠂ 《ᠦᠨᠠᠨᠴᠢ ᠰᠢᠳᠤᠷᠭᠤ》 ᠵᠢ 《ᠠᠴᠢᠯᠠᠯ ᠵᠢᠷᠦᠮ》᠎ᠠᠴᠠ ᠳᠠᠪᠠᠭᠤᠯᠵᠤ᠂ ᠶᠣᠰᠣ ᠵᠦᠢ ᠵᠢᠨ ᠤᠬᠠᠭ᠋ᠠᠨ᠎ᠤ ᠤᠯᠤᠰ ᠲᠦᠷᠦ ᠵᠢᠨ ᠭᠡᠪ᠎ᠠᠴᠠ ᠭᠡᠳᠦᠷᠡᠭᠰᠡᠨ ᠳᠠᠪᠠᠭᠤᠯᠢᠭ ᠰᠢᠡᠵᠢ ᠪᠠ ᠪᠡᠶ᠎ᠡ᠎ᠪᠠᠨ ᠲᠠᠭ᠋ᠠᠭ᠋ᠠᠭᠰᠠᠨ ᠰᠢᠡᠵᠢ ᠵᠢ ᠰᠤᠯᠠᠷᠠᠭᠤᠯᠵᠠᠢ᠃
▲《ᠰᠤᠳᠤᠷ ᠪᠢᠴᠢᠭ᠎ᠢ ᠰᠤᠨᠢᠷᠬᠠᠨ ᠦᠵᠡᠭᠰᠡᠨ ᠲᠡᠮᠲᠡᠭᠯᠡᠯ》 (ᠴᠢᠩ ᠤᠯᠤᠰ) ᠶᠢᠤ ᠳ᠋ᠦᠩ ᠵᠣᠬᠢᠶᠠᠪᠠ᠂ ᠶᠤᠸᠠᠨ ᠤᠯᠤᠰ᠂ ᠮᠢᠩ ᠤᠯᠤᠰ᠎ᠤᠨ ᠵᠣᠬᠢᠶᠠᠯ ᠨᠡᠪᠲᠡᠷᠬᠡᠢ ᠲᠤᠯᠢ ᠵᠢᠨ ᠲᠤᠬᠠᠢ ᠦᠵᠡᠯᠲᠡ ᠵᠢᠨ ᠣᠯᠠᠩᠬᠢ ᠵᠢ᠎ᠨᠢ ᠵᠠᠰᠠᠵᠤ᠂ 《ᠶᠡᠬᠡ ᠨᠢᠭᠡᠳᠦᠯ》᠎ᠤᠨ ᠦᠵᠡᠯᠳᠡ ᠵᠢᠨ ᠳᠣᠣᠷᠠᠬᠢ 《ᠲᠣᠲᠣᠷ ᠭᠠᠳᠠᠨ᠎ᠠ ᠵᠢᠨ᠎ᠬᠢᠨ ᠨᠢᠭᠡ ᠭᠡᠷ ᠪᠦᠯᠢ ᠮᠡᠲᠦ》 ᠭᠡᠳᠡᠭ ᠤᠯᠤᠰ ᠲᠦᠷᠦ ᠵᠢᠨ ᠤᠬᠠᠮᠰᠠᠷ᠎ᠢ ᠲᠤᠪᠤᠢ᠍ᠢ᠍ᠯᠭ᠋ᠠᠪᠠ᠃
ᠠ᠋ᠨᠡ ᠭᠤᠷᠪᠠᠨ ᠲᠠᠪᠬᠤᠷ ᠠᠭᠤᠯᠭ᠎ᠠ ᠬᠠᠷᠢᠯᠴᠠᠨ ᠬᠣᠯᠪᠣᠯᠳᠤᠵᠤ ᠬᠠᠷᠢᠯᠴᠠᠨ ᠨᠡᠪᠴᠢᠯᠴᠡᠵᠦ᠂ ᠪᠦᠷᠬᠦᠪᠴᠢ ᠵᠢᠨ ᠰᠢᠡᠵᠢᠳᠠᠢ ᠪᠦᠬᠦᠯᠢ ᠴᠤᠠᠠᠴᠠ᠎ᠳᠤ ᠪᠣᠷᠣ ᠲᠥᠯᠥᠪ᠎ᠢ ᠪᠦᠷᠢᠯᠳᠦᠭᠦᠯᠵᠡᠶ᠄ ᠪᠢᠴᠢᠭ᠎ᠤᠨ ᠰᠤᠷᠭ᠋ᠠᠯᠲᠠᠨ᠎ᠤ ᠤᠯᠠᠮᠵᠢᠯᠠᠯ᠎ᠳᠠᠬᠢ 《ᠡᠵᠡᠨ ᠬᠠᠭ᠋ᠠᠨ᠎ᠢ ᠬᠦᠨᠳᠦᠯᠡᠬᠦ》 ᠪᠤᠯ ᠰᠠᠭᠤᠷᠢᠯᠠᠬᠤ ᠴᠢᠨᠠᠷᠲᠠᠶ ᠪᠠᠶ᠋ᠢᠷᠢ ᠰᠠᠭᠤᠷᠢ᠎ᠲᠠᠢ ᠶᠤᠮ᠂ ᠲᠡᠭᠦᠨ᠎ᠤ ᠪᠠᠶ᠋ᠢᠭᠤᠯᠤᠭᠳᠠᠭᠰᠠᠨ᠎ᠨᠢ ᠤᠯᠤᠰ ᠲᠥᠷᠥ ᠪᠠ ᠶᠣᠰᠣ ᠰᠤᠷᠳᠠᠬᠤᠨ᠎ᠤ ᠳᠠᠪᠬᠤᠷ ᠤᠳᠬ᠎ᠠ᠎ᠲᠠᠢ ᠪᠠᠢ᠍ᠢ᠍ᠵᠤ᠂ ᠬᠠᠭ᠋ᠠᠨ ᠡᠵᠡᠨ᠎ᠤ ᠲᠥᠷᠥ ᠱᠠᠰᠢᠨ᠎ᠤ ᠶᠣᠰᠣ ᠮᠤᠷᠠᠯ᠂ ᠠᠷᠠᠳ ᠢᠷᠭᠡᠳ᠎ᠤᠨ ᠵᠠᠩ ᠠᠭ᠋ᠠᠯᠢ ᠵᠢᠨ ᠠ᠋ᠭᠡᠯ ᠪᠣᠷᠣᠭᠵᠢᠭᠤᠨ᠂ ᠤᠯᠤᠰ ᠲᠥᠷᠥ ᠨᠡᠶ᠋ᠢᠭᠡᠮ᠎ᠤᠨ ᠲᠩᠷᠢ ᠵᠢᠨ ᠶᠣᠰᠣᠨ᠎ᠳᠤ ᠨᠡᠶ᠋ᠢᠴᠡᠵᠤ ᠪᠠᠢ᠍ᠢ᠍ᠬᠤ ᠠ᠋ᠰᠡᠬᠦ ᠵᠢ ᠭᠡᠷᠡᠴᠢᠯᠡᠬᠦ ᠵᠢᠨ ᠵᠠᠩᠭᠢᠯᠠᠭ᠎ᠠ ᠪᠤᠯᠪᠠ; 《ᠶᠡᠬᠡ ᠨᠢᠭᠡᠳᠦᠯ》 ᠵᠢᠡᠷ ᠦᠷᠭᠡᠨ ᠠᠭᠤᠳᠠᠮ ᠨᠤᠲᠤᠭ ᠳᠡᠪᠢᠰᠬᠡᠷ ᠪᠠ ᠣᠯᠠᠨ ᠠ᠋ᠰᠢᠲᠦ ᠦᠨᠳᠦᠰᠦᠲᠡᠨ ᠤᠬᠰᠠᠭ᠋ᠠᠳᠠᠨᠢ ᠴᠢᠩ ᠤᠯᠤᠰ᠎ᠤᠨ ᠬᠠᠭ᠋ᠠᠨᠲᠤ ᠲᠥᠷᠥ ᠵᠢᠨ ᠨᠣᠶᠠᠷᠬᠠᠯ ᠳᠣᠣᠷ᠎ᠠ ᠲᠣᠭᠲᠠᠭᠤᠨ ᠵᠶ᠋ᠠᠷ ᠣᠷᠣᠭᠤᠯᠵᠤ᠂ 《ᠡᠵᠡᠨ ᠬᠠᠭ᠋ᠠᠨ᠎ᠢ ᠬᠦᠨᠳᠦᠯᠡᠬᠦ》 ᠬᠦᠷᠢᠶ᠎ᠡ ᠬᠡᠪᠴᠢᠶ᠎ᠡ ᠤᠷᠢᠳ ᠠ᠋ᠮᠦᠨ᠎ᠡ ᠭᠠᠷᠤᠭ᠎ᠠ ᠦᠭᠡᠶ ᠥᠷᠭᠡᠵᠢᠭᠰᠡᠨ ᠤᠯᠤᠰ ᠲᠥᠷᠥ ᠵᠢᠨ ᠪᠣᠳᠠᠲᠤ ᠪᠠᠶ᠋ᠢᠳᠠᠯ᠎ᠢ ᠪᠤᠶ ᠪᠤᠯᠭ᠋ᠠᠭᠰᠠᠨ᠎ᠨᠢ ᠦᠨᠡᠨ᠎ᠳᠤ᠎ᠪᠠᠨ ᠲᠤᠮᠳᠠᠳᠤ ᠤᠯᠤᠰ᠎ᠤᠨ ᠲᠤᠬᠠᠢ 《ᠶᠠᠷᠢᠶ᠎ᠠ ᠦᠬᠦᠯᠡᠮᠵᠢ ᠵᠢᠨ ᠬᠦᠮᠤᠵᠢᠯ》᠎ᠤᠨ ᠨᠥᠯᠥᠭᠡ ᠵᠢ ᠥᠷᠭᠡᠨ ᠵᠢᠨᠷ ᠲᠡᠯᠭᠡᠷᠡᠬᠦᠯᠵᠦ᠂ 《ᠶᠤᠰᠤ ᠰᠤᠷᠳᠠᠬᠤᠨ ᠨᠢᠭᠡᠳᠡᠢ ᠭᠡᠪ ᠵᠠᠩᠰᠢᠯ ᠢᠵᠢᠯ》 ᠶᠣᠰᠣ ᠰᠤᠷᠳᠠᠬᠤᠨ᠎ᠤ ᠠ᠋ᠮᠬᠢ ᠵᠢᠷᠤᠮ᠎ᠢ ᠪᠤᠶ ᠪᠤᠯᠭ᠋ᠠᠭᠰᠠᠨ᠎ᠨᠢ ᠴᠢᠩ ᠤᠯᠤᠰ᠎ᠤᠨ ᠨᠣᠶᠠᠷᠬᠠᠯ᠎ᠤᠨ 《ᠠ᠋ᠰᠢ ᠤᠳᠤᠮ》᠎ᠢ ᠭᠡᠷᠡᠴᠢᠯᠡᠵᠠᠢ; 《ᠡᠵᠡᠨ ᠬᠠᠭ᠋ᠠᠨ᠎ᠢ ᠬᠦᠨᠳᠦᠯᠡᠬᠦ》 ᠵᠢ ᠲᠤᠪᠤᠢ᠍ᠢ᠍ᠯᠭ᠋ᠠᠭᠰᠠᠨ ᠪᠠ 《ᠦᠨᠡᠨᠴᠢ ᠰᠢᠳᠤᠷᠭᠤ》 ᠵᠢᠨ ᠪᠠᠶ᠋ᠢᠷᠢ ᠰᠠᠭᠤᠷᠢ ᠵᠢ ᠲᠡᠭᠡᠭᠰᠢᠯᠡᠬᠦᠯᠵᠠᠢ᠃ ᠬᠠᠭ᠋ᠠᠨ᠎ᠤ ᠠ᠋ᠷᠬᠡ ᠵᠢ ᠠ᠋ᠷᠬᠢᠮᠯᠡᠨ ᠬᠦᠨᠳᠦᠳᠬᠡᠵᠦ᠂ 《ᠶᠡᠬᠡ ᠨᠢᠭᠡᠳᠦᠯ》᠎ᠢ ᠬᠠᠮᠠᠭ᠋ᠠᠯᠠᠬᠤ᠎ᠲᠠᠢ ᠵᠤᠬᠢᠴᠠᠯᠳᠤᠭᠤᠯᠵᠤ᠂ ᠬᠥᠮᠦᠰ᠎ᠤᠨ ᠰᠡᠳᠬᠢᠯ ᠵᠠᠩᠰᠢᠯ᠎ᠢ 《ᠡᠵᠡᠨ ᠬᠠᠭ᠋ᠠᠨ᠎ᠢ ᠬᠦᠨᠳᠦᠯᠡᠨ ᠲᠡᠭᠡᠳᠦᠯᠡᠬᠦ》 ᠪᠤᠯᠭ᠋ᠠᠭᠰᠠᠨ᠎ᠨᠢ ᠪᠢᠴᠢᠭ᠎ᠤᠨ ᠰᠤᠷᠭ᠋ᠠᠯᠳᠠᠨ᠎ᠤ ᠭᠡᠪ ᠪᠤᠯᠪᠠᠰᠤᠷᠠᠯ ᠵᠢᠡᠷ ᠤᠯᠤᠰ ᠭᠡᠷ ᠵᠢᠡᠨ ᠵᠠᠰᠠᠬᠤ᠂ ᠶᠣᠰᠣ ᠰᠤᠷᠲᠠᠬᠤᠨ᠎ᠢ ᠦᠢ᠍ᠯᠡᠳᠦᠯᠭᠡᠵᠢᠭᠦᠯᠬᠦ ᠪᠠ ᠦᠶ᠎ᠡ ᠤᠯᠠᠷᠢᠨ ᠵᠡᠷᠭᠡ ᠭᠡᠷᠭᠡᠮ ᠤᠯᠠᠮᠵᠢᠯᠠᠬᠤ ᠵᠢᠨ ᠠ᠋ᠬᠢᠯᠡᠯᠲᠡ ᠪᠤᠯᠭ᠋ᠠᠬᠰᠠᠨ ᠮᠦᠷᠳᠡᠭᠡᠨ ᠴᠢᠩ ᠤᠯᠤᠰ᠎ᠤᠨ ᠲᠥᠷᠥ ᠱᠠᠰᠢᠨᠢ ᠦᠨᠡᠯᠡᠨ ᠮᠠᠭ᠋ᠠᠤᠡᠯᠠᠬᠤ ᠵᠢᠨ ᠤᠷᠢᠲᠠᠯ ᠨᠦᠬᠦᠴᠡᠯ ᠪᠤᠯᠭ᠋ᠠᠵᠤ᠂ ᠪᠢᠴᠢᠭ᠎ᠤᠨ ᠰᠤᠷᠭ᠋ᠠᠯᠳᠠᠨ᠎ᠤ ᠶᠤᠰᠤ ᠰᠤᠷᠳᠠᠬᠤᠨ᠎ᠤ ᠤᠯᠠᠮᠵᠢᠯᠠᠯ᠎ᠢ ᠠ᠋ᠮᠬᠢᠤᠡᠭᠡᠨ ᠨᠡᠢ᠍ᠢ᠍ᠷᠡᠭᠤᠯᠵᠤ᠂ ᠴᠢᠡᠭ ᠤᠯᠤᠰ᠎ᠤᠨ ᠤᠯᠤᠰ ᠲᠦᠷᠦ ᠵᠢᠨ ᠲᠦᠯᠦᠪᠵᠢᠬᠦᠯᠭᠡ ᠪᠠ ᠨᠤᠶᠠᠷᠬᠠᠯᠢ ᠤᠢ᠍ᠢ᠍ᠯᠠᠳᠦᠯᠭᠡᠵᠢᠬᠦᠯᠬᠦ ᠵᠠᠮ᠎ᠳᠤ ᠤᠷᠤᠭᠤᠯᠪᠠ᠃
▲ ᠴᠧᠩᠳᠧ ᠬᠣᠲᠠ ᠵᠢᠨ ᠷᠸ ᠾᠧ ᠸᠸᠨ ᠴᠠᠩ᠎ᠤᠨ ᠰᠦᠮ᠎ᠡ ᠵᠢ ᠴᠢᠩ ᠤᠯᠤᠰ᠎ᠤᠨ ᠲᠩᠷᠢ ᠲᠡᠳᠬᠦᠭᠴᠢ ᠵᠢᠨ ᠳᠥᠴᠢᠨ ᠨᠢᠭᠡᠳᠦᠭᠡᠷ ᠣᠨ᠎ᠠᠴᠠ ᠳᠥᠴᠢᠨ ᠳᠥᠷᠪᠡᠳᠦᠭᠡᠷ ᠣᠨ (1776 —1779 ᠤᠨ) ᠬᠦᠷᠲᠡᠯ᠎ᠡ ᠪᠠᠶ᠋ᠢᠭᠤᠯᠵᠠᠶ᠃ ᠪᠠᠶ᠋ᠢᠭᠤᠯᠵᠤ ᠳᠠᠭᠤᠰᠬᠤ ᠦᠶ᠎ᠡ᠎ᠳᠤ ᠲᠩᠷᠢ ᠲᠡᠳᠬᠦᠭᠴᠢ ᠬᠠᠭ᠋ᠠᠨ ᠥᠪᠡᠷ᠎ᠤᠨ ᠪᠡᠶ᠎ᠡ᠎ᠪᠠᠷ ᠵᠶ᠋ᠠᠨ ᠬᠦᠷᠴᠦ ᠲᠠᠬᠢᠯ ᠡᠷᠭᠦᠪᠡ᠃ ᠴᠢᠩ ᠤᠯᠤᠰ᠎ᠤᠨ ᠨᠣᠶᠠᠷᠬᠠᠭᠴᠢᠳ ᠰᠣᠶᠣᠯ ᠰᠤᠷᠭ᠋ᠠᠨ ᠬᠥᠮᠦᠵᠢᠯ᠎ᠢ ᠲᠤᠶ᠋ᠢᠯ ᠵᠶ᠋ᠠᠷ ᠬᠦᠨᠳᠦᠳᠬᠡᠵᠦ᠂ ᠡᠯ᠎ᠡ ᠭᠠᠵᠠᠷ᠎ᠲᠤ ᠸᠧᠨ ᠴᠠᠩ᠎ᠤᠨ ᠰᠦᠮ᠎ᠡ ᠵᠢ ᠪᠠᠶ᠋ᠢᠭᠤᠯᠵᠤ᠂ ᠬᠥᠮᠦᠰ᠎ᠤᠨ ᠰᠡᠳᠬᠢᠯ ᠵᠠᠩ ᠳᠠᠳᠬᠠᠯ᠎ᠢ 《ᠬᠠᠭ᠋ᠠᠨ ᠡᠵᠡᠨ᠎ᠢ ᠬᠦᠨᠳᠦᠯᠡᠨ ᠳᠡᠭᠡᠳᠦᠯᠡᠬᠦ》 ᠲᠡᠭᠡᠷ᠎ᠡ ᠲᠦᠪᠯᠡᠷᠡᠬᠦᠯᠵᠡᠢ᠃ (ᠵᠢᠷᠤᠭ᠄ ᠰᠦᠯᠵᠢᠶ᠎ᠡ᠎ᠠᠴᠠ ᠢᠷᠡᠯᠲᠡ᠎ᠲᠠᠢ)
ᠠ᠋ᠨᠡ ᠮᠠᠳᠤ᠎ᠪᠠᠷ 《ᠶᠡᠬᠡ ᠨᠢᠭᠡᠳᠦᠯ》᠎ᠤᠨ ᠦᠵᠡᠯᠲᠡ᠎ᠨᠢ ᠮᠠᠨᠵᠤ ᠵᠢᠨ ᠨᠣᠶᠠᠷᠬᠠᠯ᠎ᠳᠤ ᠠ᠋ᠶ᠋ᠢᠮᠦᠷᠬᠦᠦ ᠪᠦᠷᠢᠨ ᠪᠦᠲᠦᠨ ᠤᠳᠤᠮᠰᠢᠯᠲᠤ ᠴᠢᠨᠠᠷᠲᠠᠶ ᠥᠭᠦᠯᠡᠯᠲᠡ ᠵᠢ ᠪᠤᠢ ᠪᠤᠯᠭ᠋ᠠᠵᠤ᠂ ᠤᠯᠠᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠬᠡᠷᠡᠭᠴᠡᠭᠡ᠎ᠳᠤ ᠵᠣᠬᠢᠴᠠᠭᠤᠯᠤᠭᠰᠠᠨ ᠵᠶ᠋ᠠᠷ ᠪᠠᠷᠠᠬᠤ ᠦᠭᠡᠢ᠂ ᠨᠡᠩ ᠴᠤ᠌ ᠴᠢᠩ ᠤᠯᠤᠰ᠎ᠤᠨ ᠨᠢᠭᠡ ᠵᠦᠢ᠍ᠯ᠎ᠤᠨ ᠳᠡᠭᠡᠳᠦ ᠬᠡᠮᠵᠢᠶᠡᠨ᠎ᠤ ᠠᠮᠢᠳᠤᠯᠢᠭ ᠴᠢᠨᠠᠷ ᠪᠠ ᠨᠡᠭᠡᠭᠡᠯᠲᠡᠲᠦ ᠰᠢᠡᠵᠢᠳᠠᠢ ᠤᠯᠤᠰ ᠲᠦᠷᠦ ᠵᠢᠨ ᠦᠢ᠍ᠯᠡᠳᠦᠯᠭᠡ ᠵᠢ ᠠᠬᠢᠭᠤᠯᠤᠬᠰᠠᠨ ᠪᠠᠶ᠋ᠢᠨ᠎ᠠ᠃ ᠴᠢᠩ ᠤᠯᠤᠰ᠎ᠤᠨ ᠨᠣᠶᠠᠷᠬᠠᠯ ᠪᠤᠯ ᠣᠨᠴᠠᠭ᠋ᠠᠶ ᠰᠣᠶᠣᠯ᠎ᠤᠨ ᠬᠠᠷᠠᠯᠲᠠ ᠪᠤᠶᠤ ᠦᠨᠳᠦᠰᠦᠲᠡᠨ᠎ᠤ ᠠ᠋ᠮᠬᠢ ᠳᠢᠭᠯᠢᠮ᠎ᠢ ᠬᠥᠭᠡᠭᠡᠴᠡᠯᠳᠦᠳᠡᠭ ᠦᠭᠡᠶ᠂ ᠬᠠᠷᠢᠨ ᠲᠥᠪ ᠵᠠᠰᠠᠭ᠎ᠲᠤ ᠦᠨᠡᠨᠴᠢ ᠰᠢᠳᠤᠷᠭᠤ ᠪᠠᠶ᠋ᠢᠬᠤ ᠪᠠ ᠤᠯᠤᠰ ᠲᠥᠷᠥ ᠲᠣᠭᠲᠠᠭᠤᠨ ᠪᠠᠶ᠋ᠢᠬᠤ ᠵᠢᠨ ᠲᠣᠭᠣᠷᠢᠨ᠎ᠳᠤ ᠶᠠᠪᠤᠬᠳᠠᠵᠤ᠂ ᠠᠯᠢᠪᠠ 《ᠶᠡᠬᠡ ᠨᠢᠭᠡᠳᠦᠯ》᠎ᠳᠤ ᠠᠰᠢᠭᠲᠠᠶ ᠳᠦᠷᠢᠮ ᠪᠠ ᠲᠥᠷᠥ ᠵᠢᠨ ᠪᠣᠳᠣᠯᠭ᠎ᠠ ᠵᠢ ᠠᠪᠤᠬᠰᠠᠨ ᠪᠦᠭᠡᠳ ᠪᠠᠰᠠ ᠡᠯ᠎ᠡ ᠦᠨᠳᠦᠰᠦᠲᠡᠨ᠎ᠨᠦᠭᠦᠳ᠎ᠤᠨ 《ᠡᠵᠡᠨ ᠬᠠᠭ᠋ᠠᠨ᠎ᠢ ᠬᠦᠨᠳᠦᠯᠡᠳᠡᠭ》 ᠰᠣᠶᠣᠯ᠎ᠢ ᠪᠠᠭᠲᠠᠭ᠋ᠠᠵᠤ ᠴᠢᠳᠠᠵᠠᠢ; ᠠ᠋ᠭᠦᠨ᠎ᠤ ᠬᠠᠮᠲᠤ᠂ ᠪᠢᠴᠢᠭ᠎ᠤᠨ ᠰᠤᠷᠭ᠋ᠠᠯᠲᠠᠨ᠂ ᠲᠥᠪᠡᠳ᠎ᠤᠨ ᠪᠤᠷᠬᠠᠨ᠎ᠤ ᠱᠠᠰᠢᠨ ᠵᠢᠡᠷ ᠠᠪᠴᠤ ᠬᠡᠯᠡᠪᠡᠯ᠂ 《ᠶᠡᠬᠡ ᠨᠢᠭᠡᠳᠦᠯ》 ᠪᠠ 《ᠡᠵᠡᠨ ᠬᠠᠭ᠋ᠠᠨ᠎ᠢ ᠬᠦᠨᠳᠦᠯᠡᠬᠦ》 ᠶᠠᠪᠤᠳᠠᠯ᠎ᠨᠢ ᠭᠠᠳᠠᠨ᠎ᠠ ᠲᠠᠯ᠎ᠠ᠎ᠠᠴᠠ ᠠᠯᠪᠠ᠎ᠪᠠᠷ ᠲᠤᠯᠭ᠋ᠠᠭᠰᠠᠨ ᠣᠨᠳᠣᠣ ᠠ᠋ᠯᠧᠮᠧᠨ᠋ᠲ ᠪᠢᠰᠢ᠂ ᠬᠠᠷᠢᠨ ᠲᠡᠳᠡᠨ᠎ᠤ ᠦᠵᠡᠯ ᠰᠠᠨᠠᠭ᠋ᠠᠨ᠎ᠤ ᠠ᠋ᠬᠢ ᠰᠤᠷᠪᠤᠯᠵᠢ᠎ᠲᠠᠢ᠎ᠨᠢ ᠠᠪᠴᠠᠯᠳᠤᠵᠤ ᠪᠠᠢ᠍ᠢ᠍ᠠᠠᠰᠠᠨ ᠰᠣᠶᠣᠯ᠎ᠤᠨ ᠳᠣᠲᠣᠭ᠋ᠠᠳᠤ ᠠ᠋ᠯᠸᠮᠸᠨ᠋ᠲ ᠪᠤᠯᠤᠨ᠎ᠠ᠃ ᠠ᠋ᠶ᠋ᠢᠮᠦ᠎ᠠᠴᠠ 《ᠶᠡᠬᠡ ᠨᠢᠭᠡᠳᠦᠯ》᠎ᠤᠨ ᠳᠣᠣᠷᠠᠬᠢ ᠡᠯ᠎ᠡ ᠵᠤᠢ᠍ᠢ᠍ᠯ᠎ᠤᠨ ᠰᠣᠶᠣᠯ ᠴᠦᠮ ᠦᠪᠡᠷ ᠥᠪᠡᠷ᠎ᠤᠨ ᠵᠢᠡᠨ ᠠᠮᠢᠵᠢᠷᠠᠯ᠎ᠤᠨ ᠬᠦᠴᠦᠨ ᠵᠶ᠋ᠠᠨ ᠬᠠᠳᠠᠭ᠋ᠠᠯᠠᠵᠤ ᠪᠠᠶ᠋ᠢᠳᠠᠭ ᠵᠢᠨᠷ ᠪᠠᠷᠠᠬᠤ ᠦᠭᠡᠶ᠂ ᠪᠠᠰᠠ ᠴᠢᠩ ᠤᠯᠤᠰ᠎ᠤᠨ ᠬᠠᠭ᠋ᠠᠨ᠎ᠤ ᠵᠢᠯᠣᠭᠣᠳᠣᠯᠭ᠎ᠠ ᠳᠣᠣᠷ᠎ᠠ 《ᠶᠡᠬᠡ ᠨᠢᠭᠡᠳᠦᠯ》᠎ᠢ ᠦᠷᠬᠦᠯᠵᠢᠯᠡᠨ ᠪᠡᠬᠢᠵᠢᠬᠦᠯᠵᠦ᠂ ᠲᠡᠬᠦᠨ᠎ᠤ ᠤᠶᠠᠨ ᠬᠠᠳᠠᠨ ᠴᠢᠨᠠᠷ᠎ᠢ ᠳᠡᠭᠡᠭᠰᠢᠯᠡᠭᠦᠯᠬᠦ ᠬᠦᠴᠦᠨ ᠪᠤᠯᠵᠠᠢ᠃ ᠴᠢᠩ ᠤᠯᠤᠰ᠎ᠤᠨ 《ᠶᠡᠬᠡ ᠨᠢᠭᠡᠳᠦᠯ》᠎ᠢ ᠨᠢᠭᠡ ᠵᠦᠢ᠍ᠯ᠎ᠤᠨ ᠭᠡᠯᠪᠡᠷᠢ ᠦᠭᠡᠢ 《ᠲᠠᠯᠠᠪᠤᠷ》 ᠭᠡᠵᠦ ᠬᠡᠯᠡᠵᠦ ᠪᠣᠯᠤᠨ᠎ᠠ᠂ ᠲᠡᠭᠦᠨ᠎ᠤ ᠠᠭᠤᠯᠭ᠎ᠠ ᠪᠤᠯ ᠬᠠᠭ᠋ᠠᠨ᠎ᠤ ᠠ᠋ᠷᠬᠡ ᠵᠢᠴᠢ ᠲᠡᠭᠦᠨ᠎ᠤ ᠨᠣᠶᠠᠷᠬᠠᠯ ᠳᠣᠣᠷᠠᠬᠢ ᠤᠯᠠᠨ ᠦᠨᠳᠦᠰᠦᠲᠡᠨ ᠶᠠᠰᠤᠳᠠᠨ᠂ ᠤᠯᠠᠨ ᠵᠤᠢ᠍ᠢ᠍ᠯ᠎ᠤᠨ ᠰᠣᠶᠣᠯ᠂ ᠡᠯ᠎ᠡ ᠭᠠᠵᠠᠷ ᠣᠷᠣᠨ᠎ᠤ ᠨᠡᠶ᠋ᠢᠭᠡᠮ᠎ᠤᠨ ᠠᠵᠢᠯᠯᠠᠭ᠎ᠠ ᠵᠢᠨ ᠳᠤᠮᠳᠠ ᠪᠤᠶ ᠪᠤᠯᠤᠬᠰᠠᠨ ᠪᠦᠭᠡᠳ ᠪᠠᠰᠠ ᠢᠮᠠᠭᠲᠠ 《ᠡᠵᠡᠨ ᠬᠠᠭ᠋ᠠᠨ᠎ᠢ ᠬᠦᠨᠳᠦᠯᠡᠬᠦ》 ᠪᠠ 《ᠨᠢᠭᠡᠳᠦᠯ》᠎ᠤᠨ ᠶᠣᠰᠣ ᠰᠤᠷᠲᠠᠬᠤᠨ ᠪᠠ ᠤᠯᠤᠰ ᠲᠥᠷᠥ ᠵᠢᠨ ᠵᠤᠷᠢᠯᠭ᠎ᠠ ᠵᠢᠨ ᠲᠤᠭᠤᠷᠢᠨ᠎ᠳᠤ᠂ 《ᠬᠥᠳᠡᠯᠬᠦ ᠪᠠ ᠠ᠋ᠰᠡ ᠬᠥᠳᠡᠯᠬᠦ》 ᠵᠢᠨ ᠬᠦᠨ ᠨᠠᠷᠢᠨ ᠪᠠᠶ᠋ᠢᠳᠠᠯ᠎ᠲᠠᠢ ᠪᠠᠢ᠍ᠢ᠍ᠳᠠᠭ᠃ ᠴᠢᠩ ᠤᠯᠤᠰ᠎ᠤᠨ ᠠᠳᠠᠯᠢ ᠪᠤᠰᠤ ᠦᠵᠡᠯ ᠰᠠᠨᠠᠭ᠎ᠠ ᠪᠠ ᠲᠥᠷᠥ ᠵᠢᠨ ᠪᠣᠳᠣᠯᠭ᠎ᠠ ᠵᠢᠨ ᠠ᠋ᠬᠢ ᠪᠠᠶᠠᠯᠢᠭ᠎ᠢ ᠠᠮᠢᠳᠤᠯᠢᠭ ᠵᠶ᠋ᠠᠷ ᠬᠡᠷᠡᠭᠯᠡᠵᠤ᠂ ᠭᠠᠵᠠᠷ ᠣᠷᠣᠨ᠎ᠤ ᠪᠠᠶ᠋ᠢᠳᠠᠯ᠎ᠳᠤ ᠲᠣᠬᠢᠷᠠᠭᠤᠯᠤᠨ ᠨᠣᠶᠠᠷᠬᠠᠬᠤ ᠠᠷᠭ᠎ᠠ ᠵᠢ ᠠᠪᠴᠤ᠂ ᠨᠡᠶ᠋ᠢᠭᠡᠮ᠎ᠤᠨ ᠲᠤᠰ ᠪᠡᠶ᠎ᠡ ᠵᠢᠨ ᠬᠦᠴᠦᠨ᠎ᠢ ᠭᠦᠢ᠍ᠴᠡᠳ ᠳᠠᠶ᠋ᠢᠴᠢᠯᠠᠵᠤ᠂ 《ᠶᠡᠬᠡ ᠨᠢᠭᠡᠳᠦᠯ》᠎ᠲᠠᠢ ᠲᠣᠭᠲᠠᠭᠤᠨ ᠸᠠᠩᠲᠤ ᠲᠥᠷᠥ ᠵᠢ ᠪᠠᠢ᠍ᠢ᠍ᠭᠤᠯᠤᠠᠠᠰᠠᠨᠨᠢ ᠰᠦᠩ ᠤᠯᠤᠰ ᠮᠢᠩ ᠤᠯᠤᠰ᠎ᠤᠨ ᠶᠣᠰᠣ ᠵᠦᠢ ᠵᠢᠨ ᠤᠬᠠᠭ᠋ᠠᠨ᠎ᠠᠴᠠ ᠢᠯᠭ᠋ᠠᠭᠳᠠᠬᠤ ᠲᠦᠪ ᠤᠳᠤᠮᠰᠢᠯᠲᠤ ᠦᠵᠡᠯᠲᠡ ᠮᠦᠨ ᠪᠦᠭᠡᠤᠨ ᠪᠠᠰᠠ ᠬᠠᠨ ᠲᠠᠩ᠎ᠤᠨ 《ᠶᠡᠬᠡ ᠨᠢᠭᠡᠳᠦᠯ》᠎ᠲᠠᠢ ᠠᠳᠠᠯᠢ ᠪᠤᠰᠤ ᠥᠪᠡᠷᠮᠢᠴᠡ ᠭᠡᠪ ᠰᠢᠡᠵᠢ ᠵᠢᠨ ᠢᠯᠡᠷᠡᠯ ᠪᠤᠯᠬᠤ ᠶᠤᠮ᠃
▲ ᠴᠢᠩ ᠤᠯᠤᠰ᠎ᠤᠨ ᠬᠢᠯᠢ ᠬᠢᠵᠠᠭ᠋ᠠᠷ᠎ᠤᠨ ᠵᠢᠷᠤᠭ (1820 ᠣᠨ)᠃ (ᠭᠡᠷᠡᠯ ᠵᠢᠷᠤᠭ᠎ᠤᠨ ᠢᠷᠡᠯᠲᠡ᠄ 《ᠳᠤᠮᠳᠠᠳᠤ ᠤᠯᠤᠰ᠎ᠤᠨ ᠲᠡᠦᠬᠡ ᠵᠢᠨ ᠭᠠᠵᠠᠷ᠎ᠤᠨ ᠵᠢᠷᠤᠭ᠎ᠤᠨ ᠲᠡᠭᠦᠪᠦᠷᠢ》)
ᠰᠤᠷᠪᠤᠯᠵᠢᠯᠠᠭ᠎ᠠ ᠬᠦᠯᠢᠶᠡᠭᠴᠢ ᠵᠢᠨ ᠲᠣᠪᠴᠢ ᠲᠠᠨᠢᠯᠴᠠᠭᠤᠯᠭ᠎ᠠ᠄

ᠶᠠᠩ ᠨᠢᠶᠠᠨ ᠴᠢᠶᠦ᠋ᠨ ᠪᠣᠯ ᠳᠤᠮᠳᠠᠳᠤ ᠤᠯᠤᠰ᠎ᠤᠨ ᠠᠷᠠᠳ᠎ᠤᠨ ᠶᠡᠬᠡ ᠰᠤᠷᠭ᠋ᠠᠭᠤᠯᠢ ᠵᠢᠨ ᠴᠢᠩ ᠤᠯᠤᠰ᠎ᠤᠨ ᠲᠡᠦᠬᠡ ᠰᠤᠳᠤᠯᠬᠤ ᠭᠠᠵᠠᠷ᠎ᠤᠨ ᠫᠷᠤᠹᠸᠰᠰᠤᠷ᠃ ᠲᠡᠭᠦᠨ᠎ᠤ ᠭᠣᠣᠯ ᠪᠦᠲᠦᠭᠡᠯ᠎ᠨᠢ ᠬᠡᠪᠡᠯ᠄ 《ᠺᠦᠩᠽᠢ ᠵᠢᠨ ᠰᠤᠷᠭ᠋ᠠᠯ᠎ᠤᠨ ᠣᠷᠣᠨ ᠪᠦᠰᠡᠴᠢᠯᠡᠭᠰᠡᠨ ᠣᠷᠴᠢᠨ ᠦᠶ᠎ᠡ ᠵᠢᠨ ᠬᠡᠯᠪᠡᠷᠢ ᠪᠠᠶ᠋ᠢᠳᠠᠯ》 (1997 ᠣᠨ)᠂ 《ᠶᠠᠩ ᠨᠢᠶᠠᠨ ᠴᠢᠶᠦᠢ᠍ᠨᠤ ᠥᠪᠡᠷ᠎ᠤᠨ ᠰᠣᠩᠭᠣᠮᠠᠯ ᠵᠣᠬᠢᠶᠠᠯ》 (2000 ᠣᠨ)᠂ 《ᠳᠤᠮᠳᠠ ᠳᠠᠪᠬᠤᠷᠭ᠎ᠠ ᠵᠢᠨ ᠤᠨᠤᠯ》 (2001 ᠣᠨ)᠂ 《ᠴᠠᠰᠤᠲᠤ ᠵᠢᠨ ᠣᠷᠣᠨ᠎ᠤ ᠨᠣᠮ ᠵᠠᠯᠠᠬᠰᠠᠨ ᠲᠡᠮᠳᠡᠭᠯᠡᠯ》 (ᠬᠠᠮᠲᠤᠷᠠᠨ ᠨᠠᠶ᠋ᠢᠷᠠᠭᠤᠯᠪᠠ᠂ 2003 ᠣᠨ)᠂ 《〈ᠡᠪᠡᠳᠴᠢᠲᠡᠨ〉᠎ᠢ ᠲᠠᠬᠢᠨ ᠪᠦᠳᠦᠭᠡᠬᠦ᠎ᠨᠢ》 (2006 ᠣᠨ)᠂ 《ᠠᠯᠢ ᠭᠠᠵᠠᠷ᠎ᠨᠢ 〈ᠵᠢᠶᠠᠩᠨᠠᠨ〉 ᠪᠤᠯᠬᠤ ᠪᠤᠢ?》 (2010)᠂ 《ᠲᠠᠪᠤᠨ ᠰᠠᠷ᠎ᠠ ᠵᠢᠨ ᠲᠦᠷᠪᠡᠨ᠎ᠤ ᠬᠥᠳᠡᠯᠭᠡᠭᠡᠨ᠎ᠤ ᠨᠦᠬᠦᠭᠡ ᠨᠢᠭᠡ ᠲᠠᠯ᠎ᠠ》 (2019)᠂ 《〈ᠬᠤᠪᠢ ᠵᠠᠶᠠᠭ᠎ᠠ〉 ᠵᠢ ᠭᠡᠷᠬᠢᠨ ᠬᠤᠪᠢᠷᠠᠭᠤᠯᠬᠤ ᠲᠤᠬᠠᠢ》 (2022) ᠵᠡᠷᠭᠡ ᠪᠦᠳᠦᠭᠡᠯ ᠪᠤᠢ᠂ ᠲᠡᠷᠡᠪᠡᠷ 《ᠰᠢᠨ᠎ᠡ ᠲᠡᠦᠬᠡ ᠵᠢᠨ ᠤᠬᠠᠭ᠋ᠠᠨ》 ᠴᠤᠪᠤᠷᠠᠯ ᠰᠡᠳᠬᠦᠯ (ᠵᠦᠩᠬᠤᠸᠠ ᠨᠣᠮ᠎ᠤᠨ ᠲᠤᠪᠴᠢᠶ᠎ᠠ ᠵᠢᠨ ᠬᠡᠪᠯᠡᠯ) ᠵᠢᠴᠢ 《ᠰᠢᠨ᠎ᠡ ᠲᠡᠦᠬᠡ ᠵᠢᠨ ᠤᠬᠠᠭ᠋ᠠᠨ & ᠤᠯᠠᠨ ᠡᠰᠢᠲᠦ ᠶᠠᠷᠢᠯᠴᠠᠭ᠋ᠠᠨ᠎ᠤ ᠰᠢᠷᠢᠰ》 ᠴᠤᠪᠤᠷᠠᠯ ᠪᠢᠴᠢᠭ᠎ᠢ ᠨᠠᠢ᠌ᠷᠠᠭᠤᠯᠬᠤ ᠠᠵᠢᠯ᠎ᠢ ᠡᠷᠬᠢᠯᠡᠪᠡ᠃ ᠳᠤᠮᠳᠠᠳᠤ ᠤᠯᠤᠰ᠎ᠤᠨ ᠤᠯᠤᠰ ᠲᠥᠷᠥ ᠵᠢᠨ ᠲᠡᠦᠬᠡ᠂ ᠨᠡᠶ᠋ᠢᠭᠡᠮ᠎ᠤᠨ ᠲᠡᠦᠬᠡ ᠵᠢᠨ ᠰᠤᠳᠤᠯᠤᠯ᠎ᠨᠢ ᠲᠡᠭᠦᠨ᠎ᠤ ᠭᠣᠣᠯ ᠪᠣᠯᠬᠤ ᠡᠷᠳᠡᠮ ᠰᠢᠨᠵᠢᠯᠡᠭᠡᠨ᠎ᠤ ᠳᠤᠷ᠎ᠠ ᠰᠣᠨᠢᠷᠬᠠᠯ ᠪᠣᠯᠬᠤ ᠪᠥᠭᠡᠳ ᠰᠢᠨᠵᠢᠯᠡᠭᠡᠨ ᠠᠯᠤᠰᠯᠠᠬᠤ᠂ ᠬᠦᠷᠢᠶ᠎ᠡ ᠴᠠᠷᠠᠭ᠎ᠠ ᠠᠯᠤᠰᠯᠠᠬᠤ ᠬᠠᠷᠠᠭ᠋ᠠᠰᠤ᠎ᠠᠴᠠ ᠳᠤᠮᠳᠠᠳᠤ ᠤᠯᠤᠰ᠎ᠤᠨ ᠲᠡᠦᠬᠡ ᠰᠤᠳᠤᠯᠤᠯ᠎ᠤᠨ ᠰᠢᠨ᠎ᠡ ᠠᠷᠭ᠎ᠠ ᠵᠠᠮ᠎ᠢ ᠰᠦᠪᠡᠭᠴᠢᠯᠡᠨ ᠰᠤᠳᠤᠯᠬᠤ᠎ᠪᠠᠷ ᠤᠷᠳᠤ ᠬᠤᠭᠤᠴᠠᠭ᠎ᠠ᠎ᠪᠠᠷ ᠬᠦᠴᠦᠯᠡᠨ ᠴᠢᠷᠮᠠᠶ᠋ᠢᠵᠦ ᠪᠤᠢ᠃
ᠣᠷᠴᠢᠭᠤᠯᠤᠭᠴᠢ᠄ ᠣᠶᠤᠨᠴᠡᠴᠡᠭ
ᠬᠢᠨᠠᠨ ᠨᠠᠢ᠌ᠷᠠᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠨᠠᠢ᠌ᠷᠠᠭᠤᠯᠤᠭᠴᠢ᠄ ᠪᠠᠶᠠᠨᠴᠢᠮᠡᠭ