ᠲᠡᠷᠢᠭᠦᠨ ᠬᠠᠭᠤᠳᠠᠰᠤ   -   ᠳᠤᠮᠳᠠᠳᠤ᠎ᠶᠢ ᠦᠭᠦᠯᠡᠬᠦᠢ
《ᠱᠠᠨ ᠬᠠᠢ ᠵᠢᠨ ᠬᠠᠢ᠌ᠷ᠎ᠠ》 ᠶᠠᠳᠠᠭᠤ ᠵᠢ ᠲᠡᠳᠬᠦᠬᠦ ᠦᠢᠯᠡᠰ᠎ᠲᠠᠬᠢ ᠳᠤᠮᠳᠠᠳᠤ ᠤᠯᠤᠰ᠎ᠤᠨ ᠥᠯᠢᠭᠡᠷ
ᠨᠡᠶ᠋ᠢᠲᠡᠯᠡᠭᠰᠡᠨ ᠴᠠᠭ᠄ 2023-04-24

      《ᠮᠢᠨ ᠨᠢᠡᠭ᠎ᠤᠨ ᠬᠠᠢ᠌ᠷ᠎ᠠ》 ᠪᠣᠯ ᠱᠠᠨ ᠬᠠᠢ ᠵᠢᠨ ᠭᠡᠷᠡᠴᠢ ᠪᠣᠯᠣᠨ᠎ᠠ
      2023 ᠣᠨ᠎ᠤ 3 ᠳ᠋ᠤᠭ᠋ᠠᠷ ᠰᠠᠷ᠎ᠠ ᠵᠢᠨ 4᠎ᠤ ᠡᠳᠦᠷ᠂ ᠳᠤᠮᠳᠠᠳᠤ ᠤᠯᠤᠰ᠎ᠢ ᠳᠣᠭᠳᠣᠯᠤᠭᠤᠯᠤᠭᠰᠠᠨ 2022 ᠣᠨ᠎ᠤ ᠨᠠᠷᠠᠲᠤ ᠬᠥᠮᠦᠰ᠎ᠤᠨ ᠨᠡᠷᠡᠰ᠎ᠤᠨ ᠨᠡᠢ᠌ᠲᠡᠯᠡᠯ᠎ᠳᠤ ᠳᠤᠮᠳᠠᠳᠤ ᠤᠯᠤᠰ᠎ᠤᠨ 《ᠵᠢᠶᠦ᠋ᠨ ᠼᠣᠤ ᠡᠪᠡᠰᠦ ᠵᠢᠨ ᠡᠪᠦᠬᠡ (ᠳᠤᠮᠳᠠᠳᠤ ᠤᠯᠤᠰ᠎ᠤᠨ ᠡᠪᠡᠰᠦ ᠵᠢᠨ ᠡᠪᠦᠭᠡ ᠭᠡᠳᠡᠭ)》 ᠯᠢᠨ ᠵᠠᠨ ᠰᠢ ᠵᠢᠨ ᠨᠡᠷ᠎ᠡ ᠢᠷᠠᠭᠤ ᠠᠯᠳᠠᠷᠲᠠᠶ᠎ᠪᠠᠷ ᠵᠢᠭᠰᠠᠭ᠋ᠠᠭᠳᠠᠭᠰᠠᠨ ᠪᠠᠢ᠌ᠪᠠ᠃ ᠭᠡᠪᠡᠴᠦ ᠲᠠ ᠡᠨᠡ ᠬᠦᠮᠦᠨ᠎ᠢ ᠮᠡᠳᠡᠬᠦ ᠦᠭᠡᠢ ᠮᠠᠭ᠋ᠠᠳ᠂ ᠲᠡᠷᠡ ᠪᠣᠯ ᠣᠳᠣᠬᠠᠨ᠎ᠳᠤ ᠶᠠᠭ ᠨᠡᠪᠲᠡᠷᠡᠭᠦᠯᠵᠦ ᠪᠠᠢ᠌ᠭ᠎ᠠ 《ᠱᠠᠨ ᠬᠠᠢ ᠵᠢᠨ  ᠬᠠᠢ᠌ᠷ᠎ᠠ》 ᠭᠡᠬᠦ ᠲᠧᠯᠸᠢᠰ ᠵᠦᠴᠦᠭᠡ᠎ᠳᠠᠬᠢ ᠯᠢᠩ ᠢ ᠨᠦᠩ ᠫᠷᠣᠫᠧᠰᠰᠤᠷ᠎ᠤᠨ ᠳᠦᠷᠢ ᠪᠣᠯᠬᠤ ᠶᠤᠮ᠃ 《ᠱᠠᠨ ᠬᠠᠢ ᠵᠢᠨ ᠬᠠᠢ᠌ᠷ᠎ᠠ》 ᠪᠣᠯ 2021 ᠣᠨ᠎ᠤ ᠣᠨ ᠰᠤᠨᠳᠠᠯᠠᠭᠰᠠᠨ ᠰᠣᠳᠣᠨ ᠵᠦᠴᠦᠭᠡ ᠬᠡᠮᠡᠭᠳᠡᠵᠦ᠂ 9.6 ᠵᠢᠨ ᠥᠨᠳᠥᠷ ᠬᠤᠪᠢ᠎ᠪᠠᠷ ᠣᠢ᠌ᠷ᠎ᠠ ᠵᠢᠨ ᠵᠢᠯ᠎ᠤᠳ᠎ᠲᠤ ᠤᠯᠤᠰ᠎ᠤᠨ ᠲᠤᠳᠤᠭ᠋ᠠᠳᠤ᠎ᠳᠤ ᠦᠢᠯᠡᠳᠪᠦᠷᠢᠯᠡᠭᠰᠡᠨ ᠵᠦᠴᠦᠭᠡ ᠵᠢᠨ ᠳᠤᠳᠤᠷ᠎ᠠ ᠮᠠᠩᠯᠠᠢ᠌ᠯᠠᠪᠠ᠃ 《ᠠᠷᠠᠳ᠎ᠢ ᠨᠡᠭᠦᠯᠭᠡᠨ ᠶᠠᠳᠠᠭᠤ ᠵᠢ ᠲᠡᠳᠬᠦᠭᠰᠡᠨ ᠪᠢᠯᠬᠠᠮ᠎ᠠ ᠬᠠᠢ᠌ᠷ᠎ᠠ᠂ ᠮᠢᠨ ᠨᠢᠩ᠎ᠤᠨ ᠬᠠᠮᠲᠤᠷᠠᠯᠴᠠᠭ᠎ᠠ ᠬᠥᠮᠦᠰ᠎ᠤᠨ ᠰᠡᠳᠬᠢᠯ᠎ᠢ ᠳᠤᠯᠠᠭ᠋ᠠᠴᠠᠭᠤᠯᠤᠨ᠎ᠠ》 ᠭᠡᠬᠦ ᠨᠢᠩᠰᠢᠶᠠ ᠵᠢᠨ ᠡᠭᠡᠯ ᠠᠷᠠᠳ᠎ᠤᠨ ᠥᠪᠡᠰᠦᠪᠡᠨ ᠥᠭᠡᠷᠡᠴᠢᠯᠡᠨ ᠨᠠᠢ᠌ᠷᠠᠭᠤᠯᠤᠭᠰᠠᠨ ᠠᠭᠤᠯᠠᠨ ᠣᠷᠣᠨ᠎ᠤ ᠨᠤᠳᠤᠭ᠎ᠤᠨ ᠳᠠᠭᠤᠨ᠎ᠳᠤ 《ᠮᠢᠨ ᠨᠢᠩ》᠎ᠤᠨ ᠬᠠᠮᠳᠤᠷᠠᠨ ᠶᠠᠳᠠᠭᠤ ᠵᠢ ᠲᠡᠳᠬᠦᠭᠰᠡᠨ ᠦᠯᠢᠭᠡᠷ᠎ᠢ ᠶᠠᠷᠢᠭ᠋ᠠᠳ  ᠪᠠᠷᠠᠰᠢ ᠦᠬᠡᠢ᠂ ᠰᠢ ᠬᠠᠢ ᠭᠦ᠋ ᠵᠢᠨ ᠠᠷᠠᠳ ᠲᠦᠮᠡᠨ᠎ᠤ ᠴᠢᠡᠭ ᠦᠨᠡᠨᠴᠢ ᠰᠡᠳᠬᠢᠯᠭᠡ ᠵᠢ ᠬᠦᠦᠷᠨᠢᠭᠡᠳ ᠳᠠᠭᠤᠰᠤᠰᠢ ᠦᠬᠡᠢ ᠪᠠᠢ᠌ᠪᠠ᠃

1.jpg

      《ᠱᠠᠨ ᠬᠠᠢ ᠵᠢᠨ ᠬᠠᠢ᠌ᠷ᠎ᠠ》 ᠲᠸᠯᠸᠢᠰ ᠵᠦᠴᠦᠭᠡ ᠵᠢᠨ ᠵᠠᠷ᠃ (ᠬᠡᠷᠡᠯ ᠵᠢᠷᠤᠭ᠎ᠤᠨ ᠢᠷᠡᠯᠳᠡ᠄ ᠰᠦᠯᠵᠢᠶ᠎ᠡ)

      《ᠱᠠᠨ ᠬᠠᠢ ᠵᠢᠨ ᠬᠠᠢ᠌ᠷ᠎ᠠ》᠎ᠳᠠᠬᠢ 《ᠱᠠᠨ》 ᠪᠣᠯ ᠨᠢᠩᠰᠢᠶᠠ ᠵᠢ ᠵᠢᠭ᠋ᠠᠵᠤ᠂ 《ᠬᠠᠢ》 ᠪᠣᠯ ᠠᠵᠢᠯ ᠲᠦᠷᠦᠯ ᠵᠢᠡᠷ ᠵᠢᠡᠨ ᠨᠢᠩᠰᠢᠶᠠ ᠵᠢ ᠬᠠᠪᠰᠤᠷᠤᠨ ᠲᠡᠳᠬᠦᠵᠦ ᠪᠠᠢ᠌ᠭ᠎ᠠ ᠹᠦᠵᠢᠶᠡᠨ᠎ᠢ ᠵᠢᠭ᠋ᠠᠵᠤ ᠪᠠᠢ᠌ᠨ᠎ᠠ᠃ ᠪᠥᠬᠥ ᠵᠦᠴᠦᠭᠡ᠎ᠳᠤ ᠨᠢᠩᠰᠢᠶᠠ ᠵᠢᠨ ᠰᠢ ᠬᠠᠶ ᠬᠥ᠋ ᠣᠷᠣᠨ᠎ᠤ ᠠᠷᠠᠳ ᠲᠦᠮᠡᠨ ᠤᠯᠤᠰ᠎ᠤᠨ ᠵᠡᠭᠦᠨ ᠪᠠᠷᠠᠭᠤᠨ ᠣᠷᠣᠨ ᠬᠠᠮᠵᠢᠯᠴᠠᠨ ᠶᠠᠳᠠᠭᠤ ᠵᠢ ᠲᠡᠳᠬᠦᠬᠦ ᠲᠥᠷᠥ ᠵᠢᠨ ᠪᠣᠳᠣᠯᠭ᠎ᠠ ᠵᠢᠨ ᠤᠷᠢᠶᠠᠯᠠᠭ᠎ᠠ ᠵᠢ ᠴᠤᠤᠷᠢᠶᠠᠲᠤᠨ ᠳᠠᠭ᠋ᠠᠵᠤ᠂ ᠵᠡᠭᠦᠨ ᠬᠡᠰᠡᠭ᠎ᠤᠨ ᠲᠡᠯᠡᠶ ᠳᠠᠭ᠋ᠠᠤ ᠣᠷᠣᠨ ᠪᠣᠯᠬᠤ ᠹᠦᠵᠢᠶᠠᠨ ᠮᠤᠵᠢ ᠵᠢᠨ ᠳᠡᠮᠵᠢᠯᠭᠡ᠎ᠪᠠᠷ ᠳᠠᠴᠢᠷ ᠭᠣᠪᠢ ᠣᠷᠣᠨ᠎ᠢ ᠠᠷᠤ ᠭᠠᠵᠠᠷ᠎ᠤᠨ ᠵᠢᠶᠠᠩᠨᠠᠨ ᠣᠷᠣᠨ ᠪᠣᠯᠭ᠋ᠠᠨ ᠪᠥᠲᠥᠭᠡᠨ ᠪᠠᠢ᠌ᠭᠤᠯᠵᠤ᠂ ᠬᠠᠮᠳᠤ᠎ᠪᠠᠷ ᠪᠣᠭᠣᠮᠲᠠ ᠰᠢᠪᠲᠤᠯᠵᠤ᠂ ᠬᠦᠴᠢᠷ᠎ᠢ ᠳᠤᠭᠤᠯᠤᠨ ᠪᠡᠷᠬᠡ ᠵᠢ ᠳᠠᠪᠠᠵᠤ᠂ ᠲᠠᠰᠤᠷᠠᠯᠲᠠ ᠥᠬᠡᠶ ᠬᠠᠢ᠌ᠨ ᠰᠦᠪᠡᠭᠴᠢᠯᠡᠵᠦ᠂ ᠲᠤᠬᠠᠶ ᠵᠢᠨ ᠭᠠᠵᠠᠷ᠎ᠤᠨ ᠠᠷᠠᠳ ᠲᠦᠮᠡᠨ᠎ᠢ ᠠᠯᠬᠤᠮ ᠠᠯᠬᠤᠮ ᠵᠶ᠋ᠠᠷ ᠪᠠᠶᠠᠵᠢᠭᠤᠯᠤᠭᠰᠠᠨ ᠦᠨᠡᠨ ᠪᠣᠳᠠᠲᠠᠶ ᠥᠯᠢᠭᠡᠷ᠎ᠢ ᠬᠦᠦᠷᠨᠢᠵᠡᠶ᠃
      《ᠱᠠᠨ ᠬᠠᠢ ᠵᠢᠨ ᠬᠠᠢ᠌ᠷ᠎ᠠ》᠎ᠳᠤ ᠶᠠᠳᠠᠭᠤ ᠵᠢ ᠳᠡᠳᠬᠦᠭᠰᠡᠨ ᠦᠯᠢᠬᠡᠷ᠎ᠢ ᠶᠠᠷᠢᠭᠰᠠᠨ ᠵᠶ᠋ᠡᠷ ᠦᠯᠦ ᠪᠠᠷᠠᠨ᠂ ᠪᠠᠰᠠ ᠴᠦ᠍ ᠵᠡᠭᠦᠨ ᠪᠠᠷᠠᠭᠤᠨ ᠤᠷᠤᠨ᠎ᠤ ᠠᠵᠢᠯ ᠲᠦᠷᠦᠯ᠎ᠤᠨ ᠬᠠᠮᠵᠢᠯᠴᠠᠭ᠎ᠠ ᠵᠢ ᠲᠣᠭ᠋ᠠᠴᠢᠬᠤ᠎ᠳᠤ᠎ᠪᠠᠨ ᠡᠭᠡᠭᠡ ᠯᠡ ᠰᠢᠷ᠎ᠠ ᠬᠥᠷᠥᠰᠦᠲᠦ ᠭᠠᠵᠠᠷ ᠰᠢᠷᠣᠢ᠎ᠳᠤ ᠦᠨᠳᠦᠰᠦᠯᠡᠭᠦᠯᠦᠭᠰᠡᠨ ᠰᠢᠭ ᠦᠨᠡᠨ ᠪᠤᠳᠠᠳᠠᠢ ᠪᠠᠢ᠌ᠵᠤ᠂ ᠵᠦᠴᠦᠬᠡ ᠵᠢᠨ ᠭᠣᠣᠯ ᠪᠠᠭ᠋ᠠᠳᠤᠷ᠎ᠤᠨ ᠣᠯᠠᠩᠬᠢ᠎ᠨᠢ ᠦᠨᠡᠨ ᠬᠦᠮᠦᠰ᠎ᠤᠨ ᠤᠭ ᠲᠦᠷᠢ᠎ᠨᠦᠭᠦᠳ ᠪᠣᠯᠬᠤ ᠶᠤᠮ᠃ ᠲᠡᠳᠡᠨ᠎ᠤ ᠳᠣᠲᠣᠷ᠎ᠠ ᠶᠠᠳᠠᠭᠤ ᠬᠤᠭᠤᠰᠤᠨ ᠠᠮᠢᠳᠤᠷᠠᠯ᠎ᠳᠤ᠎ᠪᠠᠨ ᠠᠷᠬᠠᠭᠰᠢᠨ ᠳᠠᠳᠴᠤ᠂ ᠢᠷᠡᠭᠡᠳᠦᠢ᠎ᠳᠤ᠎ᠪᠠᠨ ᠶᠠᠮᠠᠷ ᠴᠦ᠍ ᠬᠦᠰᠡᠯ ᠡᠷᠡᠮᠡᠯᠵᠡᠯ ᠦᠭᠡᠢ ᠪᠤᠯᠤᠭᠰᠠᠨ ᠲᠠᠷᠢᠶᠠᠴᠢᠨ ᠪᠠ ᠭᠠᠯᠲᠠᠢ ᠴᠣᠭᠲᠠᠢ᠂ ᠰᠦᠰᠦᠲᠡᠢ ᠵᠣᠷᠢᠭᠲᠠᠢ᠂ ᠠᠯᠤᠰ ᠬᠡᠳᠦ ᠵᠢᠨ ᠬᠦᠰᠡᠯ ᠮᠦᠷᠦᠬᠡᠳᠦᠯ᠎ᠲᠠᠢ ᠰᠢᠨ᠎ᠡ ᠵᠠᠯᠠᠭᠤᠴᠤᠳ ᠴᠦ᠍ ᠪᠠᠢ᠌ᠳᠠᠭ᠃ ᠬᠤᠸᠠᠩ ᠰᠢᠤᠸᠠᠨ᠎ᠤ ᠲᠣᠭᠯᠠᠭᠰᠠᠨ ᠮᠠ ᠳ᠋ᠸ ᠹᠦ᠋ ᠵᠢᠨ ᠳᠦᠷᠢ ᠪᠣᠯ ᠬᠥᠮᠦᠰ᠎ᠲᠤ ᠬᠠᠮᠤᠭ᠎ᠠᠴᠠ ᠭᠦᠨ ᠰᠠᠭᠤᠭᠳᠠᠯ ᠦᠯᠡᠳᠡᠭᠡᠳᠡᠭ᠂ ᠲᠡᠭᠦᠨ ᠵᠶ᠋ᠡᠷ ᠰᠢ ᠬᠠᠢ ᠭᠦ᠋᠎ᠠᠴᠠ 《ᠮᠢᠨ ᠨᠢᠡᠭ》 ᠲᠣᠰᠬᠣᠨ᠎ᠳᠤ ᠨᠡᠭᠦᠵᠦ ᠢᠷᠡᠭᠰᠡᠨ ᠠᠩᠬᠠᠳᠠᠭᠴᠢ ᠪᠦᠯᠦᠭ ᠨᠡᠭᠦᠳᠡᠯ ᠠᠷᠠᠳ ᠰᠢᠶᠸ ᠰᠢᠩ ᠴᠠᠩ᠎ᠤᠨ ᠤᠤᠯ ᠲᠦᠷᠢ᠎ᠪᠠᠷ ᠨᠢᠩᠰᠢᠶᠠ ᠵᠢᠨ ᠰᠢᠷ᠎ᠠ ᠬᠥᠷᠥᠰᠥᠲᠦ ᠨᠤᠲᠤᠭ᠎ᠲᠠᠬᠢ ᠦᠨᠳᠦᠰᠦᠨ ᠱᠠᠲᠤᠨ᠎ᠤ ᠲᠣᠭ᠎ᠠ ᠲᠣᠮᠰᠢ ᠦᠭᠡᠢ ᠤᠯᠠᠨ ᠺᠠᠳ᠋ᠷ᠎ᠤᠨ ᠬᠤᠷᠢᠶᠠᠩᠭᠤᠢ ᠳᠦᠷᠢ ᠪᠤᠯᠭ᠋ᠠᠵᠤ᠂ ᠪᠠᠷᠠᠭᠤᠨ ᠬᠣᠢ᠌ᠲᠤ ᠣᠷᠣᠨ᠎ᠤ ᠬᠥᠮᠦᠰ᠎ᠤᠨ ᠪᠣᠷᠣᠭᠵᠢᠭᠤᠨ᠂ ᠲᠡᠰᠪᠦᠷᠢ ᠬᠠᠲᠠᠭᠤᠵᠢᠯᠲᠠᠢ ᠮᠦᠷᠳᠡᠬᠡᠨ ᠬᠠᠯᠠᠭᠤᠨ ᠰᠡᠳᠬᠢᠯᠬᠡ᠎ᠲᠠᠢ ᠪᠠᠢ᠌ᠳᠠᠭ᠎ᠢ ᠢᠯᠡᠷᠡᠭᠦᠯᠵᠡᠢ᠃

2.gif

       《ᠱᠠᠨ ᠬᠠᠢ ᠵᠢᠨ ᠬᠠᠢ᠌ᠷ᠎ᠠ》 ᠵᠦᠴᠦᠭᠡ ᠵᠢᠨ ᠦᠢ᠍ᠯᠡ ᠶᠠᠪᠤᠳᠠᠯ᠎ᠤᠨ ᠡᠰᠭᠡᠯᠲᠡ ᠵᠢᠷᠤᠭ (ᠬᠡᠷᠡᠯ ᠵᠢᠷᠤᠭ᠎ᠤᠨ ᠢᠷᠡᠯᠳᠡ᠄ ᠰᠦᠯᠵᠢᠶ᠎ᠡ)

      ᠵᠦᠴᠦᠭᠡ ᠵᠢᠨ ᠪᠠᠭ᠋ᠠᠲᠤᠷ᠎ᠨᠢ ᠨᠢᠩᠰᠢᠶᠠ ᠵᠢᠨ ᠰᠢᠷ᠎ᠠ ᠰᠢᠷᠤᠢ ᠬᠤᠢ᠌ᠯᠠᠷᠠᠭᠰᠠᠨ ᠠᠬᠤᠢ ᠤᠷᠴᠢᠨ᠎ᠳᠤ᠂ ᠨᠢᠭᠤᠷ ᠴᠢᠷᠠᠢ ᠭᠠᠷ ᠬᠤᠷᠤᠭᠤ᠎ᠨᠢ ᠰᠠᠢ᠌ᠷᠳᠠᠨ ᠠᠷᠵᠠᠭ᠋ᠠᠷ ᠪᠠᠷᠵᠠᠭ᠋ᠠᠷ ᠪᠤᠯᠵᠤ᠂ ᠤᠷᠤᠭᠤᠯ ᠠᠮᠠ᠎ᠨᠢ ᠬᠠᠭ᠋ᠠᠷᠠᠵᠤ ᠤᠰᠭᠤᠷᠳᠤᠭᠰᠠᠨ᠂ ᠲᠡᠳᠡ ᠪᠦᠬᠦᠳᠡᠬᠡᠷ ᠵᠢᠡᠨ ᠨᠤᠲᠤᠭ᠎ᠤᠨ ᠠᠶᠠᠯᠭᠤ᠎ᠪᠠᠷ ᠶᠠᠷᠢᠵᠠᠭ᠋ᠠᠳᠠᠭ ᠪᠣᠯᠬᠣᠷ ᠵᠦᠴᠦᠬᠡ ᠵᠢ ᠦᠵᠡᠭᠴᠢᠳ 《ᠲᠤᠭᠯᠠᠭᠴᠢᠳ᠎ᠨᠢ ᠦᠨᠡᠬᠡᠷ ᠠᠷᠠᠳ ᠲᠦᠮᠡᠨ᠎ᠲᠠᠢ ᠣᠢ᠌ᠷᠠᠳᠴᠤ ᠴᠢᠳᠠᠵᠠᠢ》᠂ 《ᠬᠠᠮᠤᠭ᠎ᠤᠨ ᠦᠨᠡᠨ ᠬᠠᠮᠤᠭ᠎ᠤᠨ ᠤᠨᠤᠪᠴᠢᠳᠠᠢ ᠶᠠᠳᠠᠭᠤ ᠵᠢ ᠳᠡᠳᠬᠦᠭᠰᠡᠨ ᠵᠦᠴᠦᠭᠡ᠂ ᠭᠤᠶᠤ》 ᠭᠡᠵᠡᠭᠡᠨ᠎ᠡ! 《ᠱᠠᠨ ᠬᠠᠢ ᠵᠢᠨ ᠬᠠᠢ᠌ᠷ᠎ᠠ》 ᠪᠣᠯ ᠳᠤᠮᠳᠠᠳᠤ ᠤᠯᠤᠰ᠎ᠤᠨ ᠨᠢᠭᠡᠨ ᠭᠠᠵᠠᠷ ᠣᠷᠣᠨ᠎ᠤ ᠬᠤᠷᠢᠶᠠᠩᠭᠤᠢ ᠳᠦᠷᠢ ᠮᠥᠨ᠂ ᠮᠥᠨ ᠴᠤ᠌ ᠦᠨᠡᠨ ᠪᠣᠳᠠᠲᠠᠢ ᠰᠡᠳᠬᠢᠯ ᠬᠥᠳᠡᠯᠭᠡᠮ᠎ᠡ ᠨᠢᠭᠡᠨ ᠲᠤᠤᠯᠢᠰ ᠮᠥᠨ᠃

      ᠹᠦᠵᠢᠶᠠᠨ ᠨᠢᠩᠰᠢᠶᠠ ᠬᠠᠮᠵᠢᠯᠴᠠᠵᠤ ᠪᠠᠢ᠌ᠭ᠋ᠠᠳ 《ᠬᠠᠭᠤᠷᠠᠢ ᠡᠯᠡᠰᠦᠨ ᠳᠠᠡᠭ》᠎ᠢ 《ᠠᠯᠲᠠᠨ ᠡᠯᠡᠰᠦᠨ ᠲᠠᠩ》 ᠪᠣᠯᠭ᠋ᠠᠨ ᠬᠤᠪᠢᠷᠠᠭᠤᠯᠵᠠᠢ

      1980 ᠣᠨ᠎ᠠᠴᠠ ᠡᠮᠦᠨ᠎ᠡ᠂ ᠨᠢᠩᠰᠢᠶᠠ ᠵᠢᠨ ᠮᠠᠰᠢ ᠤᠯᠠᠨ ᠠᠭᠤᠯᠠᠨ ᠵᠢᠯᠭ᠎ᠠ ᠣᠷᠣᠨ᠎ᠳᠤ ᠲᠠᠷᠢᠶᠠᠯᠠᠬᠤ ᠲᠠᠯᠠᠪᠠᠢ ᠪᠠᠭ᠎ᠠ᠂ ᠲᠥᠮᠥᠰᠥ ᠪᠠ ᠡᠷᠳᠡᠨᠢ ᠰᠢᠰᠢ ᠳᠠᠷᠢᠪᠠᠴᠦ ᠢᠳᠡᠵᠦ ᠬᠦᠷᠬᠦ ᠦᠭᠡᠢ ᠪᠤᠯᠬᠤᠷ ᠥᠯᠥᠰᠴᠦ ᠵᠤᠪᠠᠬᠤ᠎ᠨᠢ ᠶᠡᠷᠦᠳᠡ ᠵᠢᠨ ᠤᠴᠢᠷ ᠪᠠᠢ᠌ᠵᠠᠢ᠃ ᠡᠭᠦᠨ᠎ᠳᠤ᠂ ᠨᠢᠩᠰᠢᠶᠠ ᠵᠢᠨ ᠰᠢ ᠬᠠᠶ ᠬᠥ᠋ ᠣᠷᠣᠨ᠎ᠨᠢ ᠥᠨᠳᠥᠷ ᠠᠭᠤᠯᠠ ᠭᠦᠨ ᠵᠢᠯᠭ᠎ᠠ ᠦᠷᠭᠦᠯᠵᠢᠯᠡᠭᠡᠳ᠂ ᠠᠷᠪᠠᠨ ᠵᠢᠯ᠎ᠤᠨ ᠶᠢᠰᠦᠨ ᠵᠢᠯ᠎ᠨᠢ ᠭᠠᠩᠳᠠᠵᠤ᠂ ᠠᠮᠢ ᠠᠬᠤᠶ ᠲᠤᠩ ᠬᠡᠪᠡᠷᠡᠭ ᠪᠠᠢ᠌ᠳᠠᠭ᠎ᠠᠴᠠ ᠲᠣᠰᠬᠣᠨ᠎ᠤ ᠠᠷᠠᠳ᠎ᠤᠳ ᠠᠮᠤ ᠪᠤᠳᠠᠭ᠎ᠠ ᠢᠳᠡᠭᠡᠨ ᠵᠶ᠋ᠠᠷ ᠲᠠᠲᠠᠭᠤ ᠪᠣᠷᠣ ᠪᠦᠳᠦᠭᠦᠯᠢᠭ ᠶᠠᠳᠠᠭᠤ ᠬᠤᠭᠤᠰᠤᠨ ᠠᠮᠢᠳᠤᠷᠠᠯ᠎ᠲᠠᠢ ᠪᠠᠢ᠌ᠵᠠᠢ᠃

3.jpg

      《ᠠᠷᠠᠳ᠎ᠢ ᠨᠡᠬᠦᠯᠬᠡᠬᠦ》᠎ᠠᠴᠠ ᠡᠮᠦᠨᠡᠬᠢ ᠰᠢ ᠬᠠᠶ ᠬᠥ᠋ ᠣᠷᠣᠨ (ᠭᠡᠷᠡᠯ ᠵᠢᠷᠤᠭ᠎ᠤᠨ ᠢᠷᠡᠯᠳᠡ᠄ ᠨᠢᠩᠰᠢᠶᠠ ᠵᠢᠨ ᠰᠣᠨᠢᠨ ᠮᠡᠳᠡᠭᠡᠨ᠎ᠤ ᠰᠦᠯᠵᠢᠶ᠎ᠡ) 

4.jpg

       《ᠱᠠᠨ ᠬᠠᠢ ᠵᠢᠨ ᠬᠠᠢ᠌ᠷ᠎ᠠ》 ᠵᠦᠴᠦᠭᠡ ᠵᠢᠨ ᠦᠢ᠍ᠯᠡ ᠶᠠᠪᠤᠳᠠᠯ᠎ᠤᠨ ᠡᠰᠭᠡᠯᠲᠡ ᠵᠢᠷᠤᠭ (ᠬᠡᠷᠡᠯ ᠵᠢᠷᠤᠭ᠎ᠤᠨ ᠢᠷᠡᠯᠳᠡ᠄ ᠰᠦᠯᠵᠢᠶ᠎ᠡ)

      ᠳᠡᠭᠡᠷ᠎ᠡ ᠵᠠᠭᠤᠨ᠎ᠤ ᠶᠡᠷᠡᠭᠡᠳ ᠣᠨ᠎ᠤ ᠦᠶ᠎ᠠ ᠵᠢᠨ ᠵᠡᠭᠦᠨ ᠡᠮᠦᠨᠡᠲᠦ ᠲᠠᠯᠠᠢ ᠳᠠᠭ᠋ᠠᠤ ᠣᠷᠣᠨ᠎ᠤ ᠠᠵᠤ ᠠᠬᠤᠢ ᠦᠳᠲᠡᠷ ᠲᠦᠷᠭᠡᠨ ᠬᠦᠭᠵᠢᠪᠠ᠃ 1996 ᠣᠨ᠎ᠳᠤ᠂ ᠨᠠᠮ᠎ᠤᠨ ᠲᠥᠪ ᠬᠤᠷᠢᠶᠡᠨ᠎ᠤ ᠵᠡᠭᠦᠨ ᠪᠠᠷᠠᠭᠤᠨ ᠬᠡᠰᠡᠭ᠎ᠤᠨ ᠭᠠᠵᠠᠷ ᠣᠷᠣᠨ ᠬᠠᠮᠵᠢᠯᠴᠠᠨ ᠬᠠᠪᠰᠤᠷᠤᠯᠴᠠᠵᠤ ᠶᠠᠳᠠᠭᠤ ᠵᠢ ᠲᠡᠳᠬᠦᠬᠦ ᠪᠠᠢ᠌ᠯᠳᠤᠬᠤ ᠪᠣᠳᠣᠯᠭ᠎ᠠ ᠵᠢᠨ ᠪᠠᠢ᠌ᠷᠢᠯᠠᠭᠤᠯᠤᠯᠲᠠ᠎ᠪᠠᠷ᠂ ᠹᠦᠵᠢᠶᠠᠨ ᠪᠣᠯᠤᠨ ᠨᠢᠩᠰᠢᠶᠠ ᠠᠵᠢᠯ ᠲᠥᠷᠥᠯ ᠵᠶ᠋ᠡᠷ ᠵᠶ᠋ᠡᠨ ᠬᠠᠮᠵᠢᠯᠴᠠᠨ ᠬᠠᠪᠰᠤᠷᠤᠯᠴᠠᠬᠤ ᠬᠠᠷᠢᠴᠠᠭ᠎ᠠ ᠵᠢ ᠪᠠᠢ᠌ᠭᠤᠯᠪᠠ᠃
      1997 ᠣᠨ᠎ᠤ 7 ᠳ᠋ᠤᠭ᠋ᠠᠷ ᠰᠠᠷ᠎ᠠ ᠵᠢᠨ 15᠎ᠤ ᠡᠳᠦᠷ᠂ ᠹᠦᠵᠢᠶᠠᠨ ᠪᠣᠯᠤᠨ ᠨᠢᠩᠰᠢᠶᠠ ᠵᠢᠨ ᠬᠠᠮᠲᠤ᠎ᠪᠠᠷ ᠪᠠᠢ᠌ᠭᠤᠯᠤᠭᠰᠠᠨ 《ᠮᠢᠨ ᠨᠢᠩ》 ᠲᠣᠰᠬᠣᠨ᠎ᠤ ᠪᠠᠷᠢᠯᠭ᠎ᠠ ᠢᠷᠭ᠋ᠠᠢ ᠬᠤᠳᠠ ᠵᠢᠨ ᠨᠢᠭᠡᠨ  ᠭᠣᠪᠢ ᠲᠠᠯ᠎ᠠ᠎ᠳᠤ ᠡᠬᠢᠯᠡᠪᠡ᠃ ᠰᠢ ᠬᠠᠶ ᠬᠦ᠋ ᠵᠢᠨ ᠨᠡᠭᠦᠳᠡᠯ ᠠᠷᠠᠳ ᠦᠶ᠎ᠡ ᠤᠯᠠᠷᠢᠨ ᠰᠠᠭᠤᠷᠢᠰᠢᠵᠤ ᠪᠠᠢ᠌ᠭᠰᠠᠨ ᠥᠨᠳᠥᠷ ᠪᠠᠷᠲᠠᠭ᠋ᠠᠲᠤ ᠠᠭᠤᠯᠠᠨ ᠲᠣᠰᠬᠣᠨ᠎ᠠᠴᠠ᠎ᠪᠠᠨ ᠰᠠᠯᠵᠤ᠂ 400 ᠭᠠᠷᠤᠶ ᠺᠢᠯᠣᠮᠧᠲᠷ᠎ᠤᠨ ᠠᠯᠤᠰ᠎ᠲᠤ ᠨᠡᠭᠦᠵᠦ᠂ ᠰᠢᠨ᠎ᠡ ᠰᠠᠭᠤᠷᠢᠰᠢᠯ ᠵᠶ᠋ᠠᠨ ᠪᠥᠲᠥᠭᠡᠨ ᠪᠠᠢ᠌ᠭᠤᠯᠵᠤ ᠡᠬᠢᠯᠡᠪᠡ᠃
      ᠣᠳᠤ 《ᠮᠢᠨ ᠨᠢᠩ》 ᠲᠣᠰᠬᠣᠨ ᠹᠦᠵᠢᠶᠠᠨ ᠮᠤᠵᠢ ᠵᠢᠨ ᠡᠯ᠎ᠡ ᠲᠦᠷᠦᠯ᠎ᠤᠨ ᠡᠬᠢ ᠪᠠᠶᠠᠯᠢᠭ᠎ᠤᠨ ᠬᠠᠪᠰᠤᠷᠤᠯᠭ᠎ᠠ ᠳᠡᠮᠵᠢᠯᠭᠡ ᠳᠣᠣᠷ᠎ᠠ 《ᠮᠢᠨ ᠨᠢᠩ》 ᠪᠠᠯᠭ᠋ᠠᠰᠤ ᠪᠤᠯᠤᠨ ᠪᠤᠵᠠᠭ᠋ᠠᠢ᠌ᠷᠠᠪᠠ᠂ ᠡᠨᠡ ᠪᠣᠯ ᠵᠡᠭᠦᠨ ᠪᠠᠷᠠᠭᠤᠨ ᠣᠷᠣᠨ ᠬᠠᠮᠵᠢᠯᠴᠠᠨ ᠠᠵᠢᠯ ᠲᠦᠷᠦᠯ ᠵᠶ᠋ᠡᠷ ᠵᠶ᠋ᠡᠨ ᠬᠠᠪᠰᠤᠷᠤᠨ ᠲᠡᠳᠬᠦᠭᠰᠡᠨ᠎ᠤ ᠦᠷ᠎ᠡ ᠪᠦᠲᠦᠭᠡᠯ᠎ᠤᠨ ᠠᠮᠢᠳᠤᠯᠢᠭ ᠬᠤᠷᠢᠶᠠᠩᠭᠤᠢ ᠳᠦᠷᠢ ᠪᠣᠯᠤᠨ᠎ᠠ᠃ 26 ᠵᠢᠯ᠎ᠤᠨ ᠲᠤᠷᠰᠢ᠂ 《ᠮᠢᠨ ᠨᠢᠩ》 ᠪᠠᠯᠭ᠋ᠠᠰᠤ ᠤᠰᠤᠨ ᠠᠰᠢᠭᠯᠠᠯᠲᠠ ᠵᠢ ᠶᠡᠬᠡ ᠬᠡᠪᠴᠢᠶ᠎ᠡ᠎ᠪᠠᠷ ᠪᠠᠢ᠌ᠭᠤᠯᠵᠤ᠂ ᠭᠠᠵᠠᠷ ᠰᠢᠷᠣᠶ ᠵᠢ ᠲᠡᠭᠰᠢᠯᠡᠵᠦ᠂ ᠬᠠᠲᠤᠨ ᠭᠣᠤᠯ᠎ᠤᠨ ᠤᠰᠤ ᠵᠢ  ᠲᠠᠩ᠎ᠳᠤ ᠲᠡᠳᠡᠨ ᠣᠷᠣᠭᠤᠯᠵᠤ᠂ ᠵᠡᠭᠦᠨ ᠪᠠᠷᠠᠭᠤᠨ ᠤᠷᠤᠨ᠎ᠤ ᠬᠠᠮᠳᠤᠷᠠᠯᠴᠠᠭ᠋ᠠᠨ᠎ᠤ ᠪᠠᠯᠠ ᠮᠥᠩᠭᠥ ᠵᠢ ᠨᠡᠢ᠌ᠲᠡ 2.46 ᠳ᠋ᠦᠩᠰᠢᠭᠤᠷ ᠲᠥᠭᠥᠷᠢᠭ ᠲᠥᠯᠥᠪᠯᠡᠵᠦ᠂ 57 ᠲᠥᠷᠥᠯ ᠵᠦᠢᠯ᠎ᠢ ᠬᠡᠷᠡᠭᠵᠢᠭᠦᠯᠵᠦ᠂ ᠲᠡᠵᠢᠭᠡᠨ ᠦᠷᠡᠵᠢᠭᠦᠯᠬᠦ᠂ ᠳᠠᠷᠢᠵᠤ ᠤᠷᠭᠤᠭᠤᠯᠬᠤ᠂ ᠦᠢ᠍ᠯᠡᠳᠪᠦᠷᠢᠯᠡᠵᠦ ᠪᠣᠯᠪᠠᠰᠤᠷᠠᠭᠤᠯᠬᠤ᠂ ᠡᠯᠧᠺᠲᠷᠣᠨ ᠬᠤᠳᠠᠯᠳᠤᠭ᠎ᠠ ᠵᠡᠷᠭᠡ ᠬᠦᠷᠢᠶ᠎ᠡ ᠴᠠᠷᠠᠭ᠎ᠠ ᠵᠢ ᠬᠠᠮᠤᠷᠤᠭᠰᠠᠨ ᠹᠦᠵᠢᠶᠠᠨ᠎ᠤ 13 ᠠᠵᠤ ᠠᠬᠤᠢ᠌ᠯᠠᠯ᠎ᠢ ᠣᠷᠣᠭᠤᠯᠤᠨ ᠠᠪᠴᠢᠷᠠᠵᠠᠶ᠃ ᠲᠤᠬᠠᠶ ᠵᠢᠨ ᠭᠠᠵᠠᠷ᠎ᠤᠨ ᠬᠥᠭᠵᠢᠯᠲᠡ ᠵᠢ ᠠᠬᠢᠭᠤᠯᠬᠤ ᠵᠢᠨ ᠲᠥᠯᠥᠭᠡ᠂ ᠹᠦᠵᠢᠶᠠᠨ ᠤᠷᠢᠳ ᠬᠣᠵᠢᠳ ᠨᠡᠢ᠌ᠲᠡ 12 ᠪᠦᠯᠦᠭ᠂ 200 ᠭᠠᠷᠤᠶ ᠺᠠᠳ᠋ᠷ᠎ᠢ ᠨᠢᠩᠰᠢᠶᠠ᠎ᠳᠤ ᠲᠣᠮᠢᠯᠠᠨ ᠲᠤᠰᠢᠶᠠᠯ ᠡᠭᠦᠷᠭᠡᠯᠡᠭᠦᠯᠵᠦ᠂ ᠬᠡᠳᠦᠨ ᠮᠢᠩᠭ᠋ᠠᠨ ᠪᠠᠭᠰᠢ᠂ ᠡᠮᠴᠢ ᠪᠣᠯᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠠᠵᠢᠯᠲᠠᠳ᠎ᠢ ᠴᠡᠭ᠎ᠲᠤ ᠰᠠᠭᠤᠯᠭ᠋ᠠᠨ ᠬᠠᠪᠰᠤᠷᠤᠨ ᠳᠡᠳᠬᠦᠬᠦ ᠠᠵᠢᠯ᠎ᠳᠤ ᠣᠷᠣᠯᠴᠠᠭᠤᠯᠵᠠᠢ᠃
      ᠡᠭᠦᠨ᠎ᠠᠴᠠ ᠡᠬᠢᠯᠡᠵᠦ᠂ ᠡᠤ ᠢ ᠱᠠᠨ ᠠᠭᠤᠯᠠ ᠪᠣᠯᠤᠨ ᠯᠢᠦ ᠫᠠᠨ ᠱᠠᠨ ᠠᠭᠤᠯᠠ ᠮᠥᠷᠥ ᠵᠡᠷᠬᠡᠴᠡᠵᠦ᠂ ᠮᠢᠨᠵᠢᠶᠠᠩ ᠮᠥᠷᠡᠨ᠎ᠤ ᠤᠰᠤ ᠪᠣᠯᠤᠨ ᠬᠠᠳᠤᠨ ᠭᠣᠣᠯ᠎ᠤᠨ ᠤᠰᠤ ᠬᠠᠷᠢᠯᠴᠠᠨ ᠣᠷᠣᠰᠬᠠᠯ ᠵᠶ᠋ᠠᠨ 《ᠵᠣᠯᠭ᠋ᠠᠭᠤᠯᠵᠤ》᠂ ᠵᠡᠭᠦᠨ ᠪᠠᠷᠠᠭᠤᠨ ᠣᠷᠣᠨ᠎ᠤ ᠬᠠᠮᠵᠢᠯᠴᠠᠭᠰᠠᠨ 《ᠮᠢᠨ ᠨᠢᠡᠭ᠎ᠤᠨ ᠬᠡᠪ ᠵᠠᠭᠪᠤᠷ》 ᠠᠮᠢᠳᠤᠯᠢᠭ ᠵᠢᠡᠷ ᠶᠠᠪᠤᠭᠳᠠᠵᠤ᠂ ᠳᠤᠮᠳᠠᠳᠤ ᠤᠯᠤᠰ᠎ᠤᠨ ᠣᠨᠴᠠᠯᠢᠭ᠎ᠲᠠᠢ ᠶᠠᠳᠠᠭᠤ ᠵᠢ ᠳᠡᠳᠭᠦᠬᠦ ᠵᠠᠰᠠᠯᠲᠠ ᠵᠢᠨ ᠠᠮᠢᠳᠤᠯᠢᠭ ᠦᠢ᠍ᠯᠡᠳᠦᠯᠭᠡ ᠵᠢ ᠡᠭᠦᠳᠦᠭᠰᠡᠨ ᠶᠤᠮ᠃
      《ᠱᠠᠨ ᠬᠠᠢ》 ᠵᠢᠨ ᠬᠤᠪᠢ ᠪᠠᠷᠢᠯᠳᠤᠯᠭ᠎ᠠ᠎ᠪᠠᠨ ᠦᠷᠭᠦᠯᠵᠢᠯᠡᠭᠦᠯᠵᠦ᠂ ᠰᠢᠨ᠎ᠡ ᠬᠠᠭᠤᠳᠠᠰᠤ ᠵᠢ ᠪᠢᠴᠢᠭᠯᠡᠪᠡᠢ

      ᠥᠨᠥᠳᠦᠷ᠎ᠤᠨ ᠨᠢᠩᠰᠢᠶᠠ ᠵᠢᠨ ᠰᠢ ᠬᠠᠶ ᠬᠥ᠋ ᠣᠷᠣᠨ᠎ᠳᠤ 《ᠳᠡᠯᠡᠬᠡᠶ ᠳ᠋ᠠᠬᠢᠨ᠎ᠠ ᠨᠡᠷ᠎ᠡ ᠠᠯᠳᠠᠷᠰᠢᠭᠰᠠᠨ ᠲᠠᠴᠢᠷ ᠨᠤᠷ᠎ᠠ ᠭᠠᠵᠠᠷ》᠎ᠤᠨ ᠪᠠᠷ᠎ᠠ ᠰᠡᠭᠦᠳᠡᠷ ᠠᠯᠢ ᠡᠷᠲᠡ ᠬᠠᠷᠠᠭᠳᠠᠬᠤ ᠥᠬᠡᠶ ᠪᠣᠯᠣᠭᠰᠠᠨ᠃ ᠰᠠᠭᠤᠭ᠋ᠠᠯᠢ ᠠᠷᠠᠳ᠎ᠢ ᠨᠡᠭᠦᠯᠭᠡᠭᠰᠡᠨ᠎ᠤ ᠳᠠᠷᠠᠭ᠎ᠠ ᠰᠢ ᠬᠠᠢ ᠭᠦ᠋ ᠵᠢᠨ ᠠᠮᠢ ᠠᠬᠤᠢ ᠶᠡᠬᠡ ᠬᠡᠪᠴᠢᠶ᠎ᠡ᠎ᠪᠠᠷ ᠰᠡᠷᠭᠦᠵᠦ᠂ 《ᠠᠮᠢ ᠠᠬᠤᠢ ᠵᠢᠨ ᠤᠷᠳᠤ ᠴᠠᠭ᠋ᠠᠨ ᠬᠡᠷᠡᠮ》 ᠡᠳᠦᠷ ᠢᠷᠡᠬᠦᠶ᠎ᠡ ᠪᠡᠬᠢᠵᠢᠵᠦ᠂ ᠠᠷᠠᠳ᠎ᠢ ᠨᠡᠭᠦᠯᠭᠡᠬᠦ᠎ᠠᠴᠠ ᠡᠮᠦᠨᠡᠬᠢ ᠳᠠᠴᠢᠷ ᠬᠡᠭᠡᠷ᠎ᠡ ᠭᠣᠪᠢ ᠨᠣᠮᠢᠨ ᠨᠣᠭᠤᠭ᠋ᠠᠨ ᠭᠣᠸ᠎ᠠ ᠦᠵᠡᠰᠭᠦᠯᠡᠩ ᠪᠣᠯᠤᠭᠰᠠᠨ᠂ ᠶᠠᠳᠠᠭᠤ ᠬᠦᠴᠢᠷᠳᠡᠯᠲᠡᠢ ᠠᠷᠠᠳ᠎ᠤᠨ ᠪᠠᠶᠠᠵᠢᠨ ᠴᠢᠨᠡᠬᠡᠯᠢᠭᠵᠢᠵᠦ ᠪᠠᠢ᠌ᠭ᠎ᠠ ᠵᠢ ᠤᠯᠵᠤ ᠬᠠᠷᠠᠨ᠎ᠠ᠃ ᠰᠢ ᠬᠠᠢ ᠭᠦ᠋ ᠳᠤᠮᠳᠠᠳᠤ ᠤᠯᠤᠰ᠎ᠤᠨ 《ᠶᠠᠳᠠᠭᠤ᠎ᠠᠴᠠ ᠠᠩᠭᠢᠵᠢᠷᠠᠭᠤᠯᠤᠭᠰᠠᠨ ᠭᠠᠢ᠌ᠬᠠᠮᠰᠢᠭ》᠎ᠤᠨ ᠬᠢᠷᠢ ᠲᠡᠭᠴᠡᠭᠰᠡᠨ ᠰᠢᠯᠭ᠋ᠠᠯᠲᠠ ᠵᠢᠨ ᠬᠠᠭᠤᠳᠠᠰᠤ ᠵᠢ ᠲᠤᠰᠢᠶᠠᠪᠠ᠃ 

5.jpg

       ᠰᠢ ᠬᠠᠢ ᠬᠦ᠋ ᠵᠢᠨ ᠠᠮᠢ ᠠᠬᠤᠢ ᠵᠢᠨ ᠪᠦᠳᠦᠬᠡᠨ ᠪᠠᠢ᠌ᠭᠤᠯᠤᠯᠲᠠ ᠢᠯᠡᠳᠲᠡ ᠦᠷ᠎ᠡ ᠪᠦᠲᠦᠮᠵᠢ ᠤᠯᠪᠠ᠃ (ᠭᠡᠷᠡᠯ ᠵᠢᠷᠤᠭ᠎ᠤᠨ ᠢᠷᠡᠯᠲᠡ᠄ ᠰᠢᠨᠬᠤᠸᠠ ᠬᠣᠷᠢᠢ᠎ᠠ)
      ᠵᠡᠭᠦᠨ ᠪᠠᠷᠠᠭᠤᠨ ᠣᠷᠣᠨ᠎ᠤ ᠬᠠᠮᠵᠢᠯᠴᠠᠭ᠋ᠠᠨ᠎ᠤ ᠬᠦᠵᠡᠬᠡᠢ᠌ᠷᠡᠬᠦ ᠵᠢ ᠳᠠᠭ᠋ᠠᠯᠳᠤᠵᠤ᠂ ᠬᠥᠭᠵᠢᠯᠲᠡ ᠵᠢᠨ ᠡᠬᠢ ᠪᠠᠶᠠᠯᠢᠭ᠎ᠢ ᠬᠠᠮᠲᠤ᠎ᠪᠠᠷ ᠡᠳ᠋ᠯᠡᠬᠦ᠂ ᠤᠨᠴᠠᠯᠢᠬᠳᠤ ᠡᠬᠢ ᠪᠠᠶᠠᠯᠢᠭ ᠵᠢᠡᠨ ᠬᠠᠷᠢᠯᠴᠠᠨ ᠨᠥᠬᠥᠪᠥᠷᠢᠯᠡᠬᠦ ᠪᠠᠢ᠌ᠳᠠᠯ ᠢᠯᠡᠷᠡᠪᠡ᠃ ᠮᠢᠩᠭ᠋ᠠᠨ ᠭᠠᠵᠠᠷ᠎ᠤᠨ ᠠᠯᠤᠰ᠎ᠠᠴᠠ ᠦᠨᠡᠨ ᠰᠡᠳᠬᠢᠯ ᠵᠶ᠋ᠡᠷ ᠬᠠᠪᠰᠤᠷᠤᠨ ᠲᠡᠳᠬᠦᠵᠦ ᠪᠠᠢ᠌ᠭ᠎ᠠ 《ᠮᠢᠨ ᠨᠢᠩ》᠎ᠤᠨ ᠬᠠᠮᠵᠢᠯᠴᠠᠭ᠎ᠠ ᠵᠡᠭᠦᠨ ᠪᠠᠷᠠᠭᠤᠨ ᠣᠷᠣᠨ᠎ᠤ ᠶᠠᠳᠠᠭᠤ ᠵᠢ ᠲᠡᠳᠬᠦᠬᠦ ᠬᠠᠮᠵᠢᠯᠴᠠᠭ᠋ᠠᠨ᠎ᠤ ᠦᠯᠢᠬᠡᠷ ᠳᠠᠭᠤᠷᠢᠶᠠᠯ᠎ᠢ ᠡᠭᠦᠳᠪᠡ᠃ ᠣᠳᠣᠬᠠᠨ᠎ᠳᠤ᠂ 《ᠮᠢᠨ ᠨᠢᠩ》 ᠪᠠᠯᠭ᠋ᠠᠰᠤᠨ᠎ᠤ ᠵᠢᠶᠦ᠋ᠨ ᠼᠣᠤ ᠡᠪᠡᠰᠦ᠂ ᠰᠢᠷ᠎ᠠ ᠦᠬᠡᠷ᠂ ᠦᠵᠦᠮ᠂ ᠬᠥᠳᠡᠯᠮᠦᠷᠢ ᠬᠦᠴᠦ ᠵᠡᠷᠭᠡ ᠳᠦᠷᠪᠡᠨ ᠶᠡᠬᠡ ᠠᠵᠤ ᠦᠢ᠍ᠯᠡᠰ ᠠᠩᠬ᠎ᠠ ᠠᠯᠬᠤᠮ ᠬᠡᠪᠴᠢᠶᠡᠵᠢᠨ ᠪᠦᠷᠢᠯᠳᠦᠭᠡᠳ᠂ 《ᠮᠢᠨ ᠨᠢᠩ᠎ᠤᠨ ᠶᠠᠳᠠᠭᠤ ᠵᠢ ᠲᠡᠳᠬᠦᠬᠦ ᠠᠵᠤ ᠦᠢ᠍ᠯᠡᠰ᠎ᠤᠨ ᠬᠦᠷᠢᠶᠡᠯᠡᠩ》᠂ 《ᠮᠢᠨ ᠨᠢᠩ᠎ᠤᠨ ᠠᠵᠤ ᠦᠢ᠍ᠯᠡᠰ᠎ᠤᠨ ᠬᠤᠳᠠ》 ᠵᠡᠷᠭᠡ ᠬᠣᠶᠠᠷ ᠶᠡᠬᠡ ᠬᠦᠷᠢᠶᠡᠯᠡᠩ ᠲᠣᠭᠣᠷᠢᠭ᠎ᠢ ᠨᠢᠬᠡᠨᠳᠡ ᠪᠠᠢ᠌ᠭᠤᠯᠪᠠ᠃

6.jpg

      《ᠮᠢᠨ ᠨᠢᠩ》 ᠪᠠᠯᠭ᠋ᠠᠰᠤᠨ᠎ᠤ ᠲᠤᠰᠬᠤᠨ᠎ᠤ ᠠᠷᠠᠳ ᠬᠣᠤᠰ ᠰᠫᠣᠷᠲᠤ ᠮᠥᠭᠥ ᠵᠢᠨ ᠲᠠᠯᠠᠪᠠᠢ ᠵᠢᠨ ᠲᠠᠷᠢᠵᠤ ᠪᠣᠢ᠌ᠵᠢᠭᠤᠯᠬᠤ ᠵᠢᠱ᠌ᠢᠶ᠎ᠡ ᠦᠵᠡᠭᠦᠯᠬᠦ ᠰᠠᠭᠤᠷᠢᠨ ᠭᠠᠵᠠᠷ᠎ᠲᠤ ᠠᠵᠢᠯᠯᠠᠵᠤ ᠪᠠᠢ᠌ᠭ᠎ᠠ᠎ᠨᠢ (ᠭᠡᠷᠡᠯ ᠵᠢᠷᠤᠭ᠎ᠤᠨ ᠢᠷᠡᠯᠲᠡ᠄ ᠨᠢᠩᠰᠢᠶᠠ ᠵᠢᠨ ᠡᠳᠦᠷ᠎ᠤᠨ ᠰᠣᠨᠢᠨ) 

7.jpg

      ᠦᠵᠦᠮ ᠳᠠᠷᠢᠵᠤ ᠪᠤᠢ᠌ᠵᠢᠭᠤᠯᠬᠤ ᠰᠠᠭᠤᠷᠢᠨ ᠭᠠᠵᠠᠷ᠎ᠤᠨ ᠠᠵᠢᠯᠴᠢᠳ ᠶᠠᠭ ᠦᠵᠦᠮ ᠲᠡᠭᠦᠵᠦ ᠪᠠᠢ᠌ᠭ᠎ᠠ᠎ᠨᠢ (ᠭᠡᠷᠡᠯ ᠵᠢᠷᠤᠭ᠎ᠤᠨ ᠢᠷᠡᠯᠲᠡ᠄ ᠨᠢᠩᠰᠢᠶᠠ ᠵᠢᠨ ᠰᠣᠨᠢᠨ ᠮᠡᠳᠡᠭᠡᠨ᠎ᠤ ᠰᠦᠯᠵᠢᠶ᠎ᠡ) 

      《ᠱᠠᠨ ᠬᠠᠢ ᠵᠢᠨ ᠬᠠᠢ᠌ᠷ᠎ᠠ》᠎ᠳᠤ ᠹᠦᠵᠢᠶᠠᠨ᠎ᠤ ᠲᠤᠰᠬᠠᠶ ᠮᠡᠷᠭᠡᠵᠢᠯᠲᠡᠨ ᠲᠤᠬᠠᠶ ᠵᠢᠨ ᠭᠠᠵᠠᠷ᠎ᠤᠨ ᠲᠣᠰᠬᠣᠨ᠎ᠤ ᠠᠷᠠᠳ᠎ᠢ ᠬᠠᠪᠰᠤᠷᠴᠤ 《ᠵᠢᠶᠦ᠋ᠨ ᠼᠣᠤ ᠡᠪᠡᠰᠦᠨ》᠎ᠤ ᠠᠵᠤ ᠦᠢᠯᠡᠰ᠎ᠢ ᠬᠡᠷᠬᠢᠨ ᠪᠣᠢ᠌ᠵᠢᠭᠤᠯᠤᠭᠰᠠᠨ ᠲᠤᠬᠠᠶ ᠥᠷᠭᠡᠨ ᠬᠡᠪᠴᠢᠶ᠎ᠡ᠎ᠪᠠᠷ ᠲᠠᠨᠢᠯᠴᠠᠭᠤᠯᠤᠭᠰᠠᠨ ᠪᠠᠢ᠌ᠨ᠎ᠠ᠃ 《ᠮᠢᠨ ᠨᠢᠩ》 ᠪᠠᠯᠭ᠋ᠠᠰᠤᠨ᠎ᠤ ᠵᠡᠭᠡᠯᠢ ᠭᠤᠳᠤᠮᠵᠢ᠂ ᠲᠣᠰᠬᠣᠨ᠎ᠤ ᠭᠤᠳᠤᠮᠵᠢ᠎ᠪᠠᠷ ᠹᠦᠵᠢᠶᠡᠨ ᠨᠢᠩᠰᠢᠶᠠ ᠵᠢᠨ ᠬᠠᠮᠵᠢᠯᠴᠠᠭ᠋ᠠᠨ᠎ᠤ ᠤᠯᠠ ᠮᠥᠷ ᠭᠠᠵᠠᠷ ᠰᠠᠢ ᠦᠬᠡᠢ ᠬᠠᠷᠠᠭᠳᠠᠨ᠎ᠠ᠃ ᠫᠦ᠋ ᠰᠢ ᠵᠠᠮ ᠭᠡᠳᠡᠭ ᠨᠡᠷ᠎ᠡ ᠪᠣᠯ ᠹᠦᠵᠢᠶᠠᠨ᠎ᠤ ᠫᠦ᠋ ᠳᠢᠶᠡᠨ᠎ᠠᠴᠠ ᠰᠢ ᠵᠢᠢ ᠰᠢᠶᠠᠨ᠎ᠢ ᠬᠠᠪᠰᠤᠷᠤᠨ ᠲᠡᠳᠬᠦᠭᠰᠡᠨ  ᠭᠡᠰᠡᠨ᠎ᠠᠴᠠ ᠢᠷᠡᠯᠳᠡᠢ; ᠹᠦ᠋ ᠨᠢᠡᠭ ᠵᠠᠮ ᠭᠡᠳᠡᠭ ᠨᠡᠷ᠎ᠡ ᠪᠣᠯ ᠹᠦᠵᠢᠶᠠᠨ ᠪᠣᠯᠤᠨ ᠨᠢᠩᠰᠢᠶᠠ ᠭᠡᠬᠦ  ᠬᠢᠲᠠᠳ ᠦᠰᠦᠭ᠎ᠤᠨ ᠡᠬᠢᠨ᠎ᠤ ᠦᠰᠦᠭ ᠵᠢᠡᠷ ᠠᠪᠤᠪᠠ᠃ ᠨᠢᠩᠰᠢᠶᠠ ᠵᠢᠨ ᠠᠷᠠᠳ ᠲᠦᠮᠡᠨ ᠤᠳᠤ ᠴᠤ᠌ ᠭᠡᠳ ᠹᠦᠵᠢᠶᠠᠨ᠎ᠢ ᠮᠠᠨ᠎ᠤ ᠲᠣᠳᠣᠨᠣ ᠬᠦᠮᠦᠰ ᠬᠡᠮᠡᠨ ᠲᠣᠳᠣᠨᠣᠴᠢᠯᠠᠨ ᠳᠠᠭᠤᠳᠠᠭᠰᠠᠭ᠋ᠠᠷ ᠪᠤᠢ᠃ ᠨᠢᠩᠰᠢᠶᠠ ᠵᠢᠨ ᠡᠯ᠎ᠡ ᠲᠣᠮᠣ ᠦᠵᠡᠮᠵᠢ ᠵᠢᠨ ᠭᠠᠵᠠᠷ ᠣᠷᠣᠨ ᠵᠢᠡᠷ ᠹᠦᠵᠢᠶᠠᠨ᠎ᠤ ᠪᠡᠶ᠎ᠡ ᠵᠢᠨ ᠦᠨᠡᠮᠯᠡᠯ᠎ᠲᠠᠢ ᠬᠦᠮᠦᠰ ᠦᠨ᠎ᠡ ᠲᠥᠯᠥᠪᠦᠷᠢ ᠦᠭᠡᠢ᠎ᠪᠠᠷ ᠲᠣᠭᠣᠷᠢᠨ ᠦᠵᠡᠵᠦ ᠪᠤᠯᠳᠠᠭ᠃

8.jpg

      2021 ᠣᠨ᠎ᠤ 7 ᠳ᠋ᠤᠭ᠋ᠠᠷ ᠰᠠᠷ᠎ᠠ᠎ᠳᠤ᠂ ᠵᠢᠶᠦ᠋ᠨ ᠼᠣᠤ ᠡᠪᠡᠰᠦᠨ᠎ᠤ ᠲᠤᠰᠬᠠᠶ ᠮᠡᠷᠭᠡᠵᠢᠯᠲᠡᠨ ᠯᠢᠨ ᠵᠠᠨ ᠰᠢ ᠨᠢᠩᠰᠢᠶᠠ ᠵᠢᠨ ᠵᠢᠶᠦ᠋ᠨ ᠼᠣᠤ ᠡᠪᠡᠰᠦ ᠲᠠᠷᠢᠵᠤ ᠪᠠᠢ᠌ᠭ᠎ᠠ ᠰᠠᠭᠤᠷᠢᠨ ᠭᠠᠵᠠᠷ᠎ᠲᠤ ᠲᠣᠭᠣᠷᠢᠨ ᠦᠵᠡᠬᠦ᠎ᠪᠠᠷ ᠢᠷᠡᠭᠰᠡᠨ ᠵᠣᠴᠢᠳ᠎ᠲᠤ ᠵᠢᠶᠦ᠋ᠨ ᠼᠣᠤ ᠡᠪᠡᠰᠦ ᠳᠠᠷᠢᠬᠤ ᠮᠡᠷᠭᠡᠵᠢᠯ᠎ᠢ ᠳᠠᠨᠢᠯᠴᠠᠭᠤᠯᠵᠤ ᠪᠠᠢ᠌ᠭ᠎ᠠ᠎ᠨᠢ᠃ 《ᠱᠠᠨ ᠬᠠᠢ ᠵᠢᠨ ᠬᠠᠢ᠌ᠷ᠎ᠠ》 ᠵᠦᠴᠦᠬᠡ᠎ᠳᠠᠬᠢ ᠯᠢᠩ ᠢ ᠨᠦᠩ ᠫᠷᠣᠫᠧᠰᠰᠤᠷ᠎ᠤᠨ ᠤᠭ ᠲᠦᠷᠢ ᠪᠤᠯ ᠯᠢᠨ ᠵᠠᠨ ᠰᠢ ᠪᠤᠯᠤᠨ᠎ᠠ (ᠬᠡᠷᠡᠯ ᠵᠢᠷᠤᠭ᠎ᠤᠨ ᠢᠷᠡᠯᠲᠡ᠄ ᠠᠷᠠᠳ ᠰᠦᠯᠵᠢᠶ᠎ᠡ)

9.jpg

       ᠯᠢᠨ ᠵᠠᠨ ᠰᠢ᠄ ᠠᠮᠢ ᠠᠬᠤᠢ ᠵᠢ ᠦᠷᠡᠭᠳᠡᠬᠦᠯᠵᠦ ᠠᠵᠤ ᠠᠬᠤᠢ ᠵᠢ ᠬᠥᠭᠵᠢᠭᠦᠯᠬᠦ ᠪᠣᠯ ᠶᠠᠳᠠᠭᠤ ᠬᠦᠴᠢᠷᠳᠡᠯᠲᠡᠢ ᠭᠠᠵᠠᠷ ᠣᠷᠣᠨ᠎ᠤ ᠶᠠᠪᠤᠳᠠᠭ ᠵᠠᠮ ᠪᠢᠰᠢ  (ᠭᠡᠷᠡᠯ ᠵᠢᠷᠤᠭ᠎ᠤᠨ ᠢᠷᠡᠯᠲᠡ᠄ ᠨᠢᠩᠰᠢᠶᠠ ᠵᠢᠨ ᠡᠳᠦᠷ᠎ᠤᠨ ᠰᠣᠨᠢᠨ)

      ᠶᠠᠳᠠᠭᠤ ᠵᠢᠨ ᠮᠠᠯᠠᠭ᠋ᠠᠢ᠎ᠪᠠᠨ ᠳᠠᠶᠠᠭᠳᠠᠬᠤ᠎ᠨᠢ ᠡᠴᠦᠰ᠎ᠤᠨ ᠴᠡᠭ ᠪᠢᠰᠢ᠂ ᠪᠦᠬᠦ ᠲᠠᠯ᠎ᠠ᠎ᠪᠠᠷ ᠶᠠᠳᠠᠭᠤ᠎ᠠᠴᠠ ᠠᠩᠭᠢᠵᠢᠷᠠᠭᠤᠯᠬᠤ ᠪᠠ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠵᠢ ᠪᠦᠲᠦᠮᠵᠢᠲᠡᠢ ᠵᠣᠯᠭ᠋ᠠᠭᠤᠯᠬᠤ ᠵᠢ ᠠᠬᠢᠭᠤᠯᠬᠤ ᠳᠤᠮᠳᠠ᠂ ᠹᠦᠵᠢᠶᠠᠨ ᠨᠢᠩᠰᠢᠶᠠ ᠵᠢᠨ ᠬᠠᠮᠵᠢᠯᠴᠠᠭ᠎ᠠ ᠨᠢᠭᠡᠨᠲᠡ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠰᠢᠨ᠎ᠡ ᠠᠶᠠᠨ᠎ᠳᠤ ᠮᠣᠷᠳᠠᠵᠤ᠂ ᠬᠡᠳᠦᠨ ᠮᠢᠩᠭ᠋ᠠᠨ ᠺᠢᠯᠣᠮᠧᠲᠷ ᠠᠯᠤᠰᠯᠠᠭᠰᠠᠨ ᠰᠢᠨ᠎ᠡ ᠬᠠᠭᠤᠳᠠᠰᠤ ᠵᠢ ᠪᠢᠴᠢᠭᠯᠡᠵᠦ ᠪᠤᠢ᠃
      2021 ᠣᠨ᠎ᠤ 5 ᠳ᠋ᠤᠭ᠋ᠠᠷ ᠰᠠᠷ᠎ᠠ᠎ᠳᠤ᠂ ᠹᠦᠵᠢᠶᠡᠨ ᠨᠢᠩᠰᠢᠶᠠ ᠵᠢᠨ ᠬᠠᠮᠵᠢᠯᠴᠠᠭ᠋ᠠᠨ᠎ᠤ ᠬᠣᠷᠢᠨ ᠲᠠᠪᠤᠳᠤᠭ᠋ᠠᠷ ᠤᠳᠠᠭ᠋ᠠᠨ᠎ᠤ ᠬᠠᠮᠲᠤᠷᠠᠭᠰᠠᠨ ᠬᠤᠷᠠᠯ ᠳᠡᠭᠡᠷ᠎ᠡ᠂ ᠨᠡᠢ᠌ᠲᠡ 49 ᠬᠠᠮᠲᠤᠷᠠᠯᠴᠠᠭ᠋ᠠᠨ᠎ᠤ ᠲᠥᠷᠥᠯ ᠵᠦᠢᠯ᠎ᠳᠤ ᠭᠠᠷ᠎ᠤᠨ ᠥᠰᠥᠭ ᠵᠢᠷᠤᠵᠤ᠂ 《ᠮᠢᠨ ᠨᠢᠩ》 ᠪᠠᠯᠭ᠋ᠠᠰᠤ ᠵᠢ ᠵᠡᠭᠦᠨ ᠪᠠᠷᠠᠭᠤᠨ ᠣᠷᠣᠨ᠎ᠤ ᠬᠠᠮᠵᠢᠯᠴᠠᠭ᠋ᠠᠨ᠎ᠤ ᠵᠢᠱ᠌ᠢᠶ᠎ᠡ ᠦᠵᠡᠭᠦᠯᠬᠦ ᠪᠠᠯᠭ᠋ᠠᠰᠤ᠂ ᠠᠷᠠᠳ᠎ᠢ ᠨᠡᠭᠦᠯᠭᠡᠨ ᠪᠡᠶᠠᠵᠢᠭᠤᠯᠬᠤ ᠵᠢᠱ᠌ᠢᠶ᠎ᠡ ᠦᠵᠡᠭᠦᠯᠬᠦ ᠪᠠᠯᠭ᠋ᠠᠰᠤ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠵᠢᠱ᠌ᠢᠶ᠎ᠡ ᠦᠵᠡᠭᠦᠯᠬᠦ ᠪᠠᠯᠭ᠋ᠠᠰᠤ ᠪᠣᠯᠭ᠋ᠠᠨ ᠪᠥᠲᠥᠭᠡᠨ ᠪᠠᠢ᠌ᠭᠤᠯᠬᠤ᠎ᠪᠠᠷ ᠲᠣᠭᠲᠠᠪᠠ᠃ ᠵᠡᠭᠦᠨ ᠪᠠᠷᠠᠭᠤᠨ ᠣᠷᠣᠨ᠎ᠤ ᠬᠠᠮᠵᠢᠯᠴᠠᠭ᠋ᠠᠨ᠎ᠤ 《ᠮᠢᠨ ᠨᠢᠩ᠎ᠤᠨ ᠬᠡᠪ ᠵᠠᠭᠪᠤᠷ》 ᠵᠶ᠋ᠠᠷ ᠳᠠᠮᠵᠢᠭᠤᠯᠵᠤ᠂ ᠡᠨᠳᠡ ᠵᠡᠭᠦᠨ ᠣᠷᠣᠨ᠎ᠤ ᠬᠥᠭᠵᠢᠯᠲᠡ ᠵᠢᠨ ᠲᠤᠷᠰᠢᠯᠭ᠎ᠠ᠂ ᠰᠢᠯᠢᠳᠡᠭ ᠠᠵᠤ ᠠᠬᠤᠢ᠌ᠯᠠᠯ᠎ᠢ ᠦᠯᠡᠳᠡᠭᠡᠵᠦ᠂ ᠪᠠᠷᠠᠭᠤᠨ ᠬᠣᠢ᠌ᠲᠤ ᠣᠷᠣᠨ᠎ᠤ  ᠬᠦᠴᠢᠷ ᠪᠡᠷᠬᠡᠰᠢᠶᠡᠯ᠎ᠢ ᠲᠡᠰᠪᠦᠷᠢᠯᠡᠬᠦ ᠵᠣᠷᠢᠭ ᠰᠠᠨᠠᠭ᠎ᠠ ᠪᠤᠯᠤᠨ ᠠᠮᠢᠳᠤᠯᠢᠭ ᠦᠢ᠍ᠯᠡᠳᠦᠯᠭᠡ ᠵᠢ  ᠭᠠᠳᠠᠭᠰᠢ  ᠤᠯᠠᠮᠵᠢᠯᠠᠭᠰᠠᠨ  ᠶᠤᠮ᠃

10.jpg

       《ᠮᠢᠨ ᠨᠢᠡᠭ》 ᠪᠠᠯᠭ᠋ᠠᠰᠤᠨ᠎ᠤ ᠰᠦᠯᠵᠢᠶᠡᠨ ᠲᠠᠪᠴᠠᠩ ᠳᠡᠬᠡᠷ᠎ᠠ ᠤᠷᠠᠨ ᠪᠡᠷᠢᠴᠤᠳ ᠲᠠᠪᠴᠠᠩ᠎ᠢ ᠠᠰᠢᠭᠯᠡᠨ ᠰᠢᠭᠤᠳ ᠨᠡᠪᠲᠡᠷᠡᠭᠦᠯᠭᠡ ᠬᠢᠵᠦ ᠪᠠᠢ᠌ᠭ᠎ᠠ᠎ᠨᠢ (ᠭᠡᠷᠡᠯ ᠵᠢᠷᠤᠭ᠎ᠤᠨ ᠢᠷᠡᠯᠲᠡ᠄ ᠨᠢᠩᠰᠢᠶᠠ ᠵᠢᠨ ᠡᠳᠦᠷ᠎ᠤᠨ ᠰᠣᠨᠢᠨ)

11.jpg

        ᠾᠧ ᠯᠠᠨ ᠱᠠᠨ ᠠᠭᠤᠯᠨ ᠵᠢᠨ ᠵᠡᠬᠦᠨ ᠬᠤᠷᠮᠤᠢ᠎ᠳᠠᠬᠢ ᠰᠢᠯᠢᠳᠡᠭ ᠦᠵᠦᠮ᠎ᠤᠨ ᠠᠷᠢᠬᠢᠨ ᠡᠳ᠋ᠯᠡᠡᠭ (ᠭᠡᠷᠡᠯ ᠵᠢᠷᠤᠭ᠎ᠤᠨ ᠢᠷᠡᠯᠲᠡ᠄ ᠨᠢᠩᠰᠢᠶᠠ ᠵᠢᠨ ᠰᠣᠨᠢᠨ ᠮᠡᠳᠡᠭᠡᠨ᠎ᠤ ᠰᠦᠯᠵᠢᠶ᠎ᠡ)

       2022 ᠣᠨ᠎ᠳᠤ᠂ ᠹᠦᠵᠢᠶᠠᠨ ᠨᠢᠩᠰᠢᠶᠠ ᠵᠢᠨ ᠬᠠᠮᠵᠢᠯᠴᠠᠭ᠋ᠠᠨ᠎ᠤ ᠬᠣᠷᠢᠨ ᠵᠢᠷᠭᠤᠳᠤᠭ᠋ᠠᠷ ᠤᠳᠠᠭ᠋ᠠᠨ᠎ᠤ ᠬᠠᠮᠳᠤᠷᠠᠭᠰᠠᠨ ᠬᠤᠷᠠᠯ ᠨᠢᠩᠰᠢᠶᠠ ᠵᠢᠨ ᠢᠷᠭ᠋ᠠᠢ ᠬᠤᠳᠠ᠎ᠳᠤ ᠬᠤᠷᠠᠯᠳᠤᠪᠠ᠃ ᠰᠢᠨ᠎ᠡ ᠴᠠᠭ ᠦᠶ᠎ᠡ᠂ ᠰᠢᠨ᠎ᠡ ᠭᠠᠷᠤᠭ᠎ᠠ᠂ ᠰᠢᠨ᠎ᠡ ᠠᠵᠠ ᠲᠣᠬᠢᠶᠠᠯ᠎ᠤᠨ ᠡᠮᠦᠨ᠎ᠡ᠂ ᠹᠦᠵᠢᠶᠠᠨ ᠪᠣᠯᠤᠨ ᠨᠢᠩᠰᠢᠶᠠ ᠳᠠᠬᠢᠨᠲᠠ ᠪᠣᠯᠵᠣᠵᠤ᠂ ᠠᠵᠤ ᠦᠢᠯᠡᠰ᠎ᠤᠨ ᠬᠠᠮᠲᠤᠷᠠᠯᠴᠠᠭ᠎ᠠ᠂ ᠡᠬᠢ ᠪᠠᠶᠠᠯᠢᠭ ᠵᠶ᠋ᠠᠨ ᠬᠠᠷᠢᠯᠴᠠᠨ ᠨᠥᠬᠥᠪᠥᠷᠢᠯᠡᠬᠦ᠂ ᠬᠥᠳᠡᠯᠮᠦᠷᠢ ᠬᠦᠴᠦ ᠵᠢ ᠵᠣᠯᠭ᠋ᠠᠭᠤᠯᠬᠤ ᠲᠠᠯ᠎ᠠ᠎ᠪᠠᠷ ᠰᠣᠯᠢᠯᠴᠠᠭ᠎ᠠ᠎ᠪᠠᠨ ᠭᠦᠨᠵᠡᠭᠡᠢ᠌ᠷᠡᠭᠦᠯᠵᠦ᠂ ᠹᠦᠵᠢᠶᠠᠨ ᠨᠢᠩᠰᠢᠶᠠ ᠵᠢᠨ ᠬᠠᠮᠳᠤᠷᠠᠯᠴᠠᠭ᠋ᠠᠨ᠎ᠤ ᠪᠤᠳᠠᠳᠠᠢ᠌ᠵᠢᠨ ᠭᠦᠨᠵᠡᠭᠡᠢ᠌ᠷᠡᠬᠦ ᠵᠢ ᠦᠷᠭᠦᠯᠵᠢᠯᠡᠨ ᠠᠬᠢᠭᠤᠯᠪᠠ᠃ ᠡᠳᠦᠭᠡ᠂ ᠹᠦᠵᠢᠶᠠᠨ ᠨᠢᠩᠰᠢᠶᠠ᠎ᠳᠤ ᠬᠥᠮᠦᠰ ᠦᠷᠭᠦᠯᠵᠢᠯᠡᠨ ᠡᠷᠴᠢ ᠳᠡᠬᠦᠯᠳᠡᠷ ᠤᠶᠤᠨ ᠰᠠᠨᠠᠭ᠋ᠠᠨ᠎ᠤ ᠳᠦᠷᠰᠦ ᠪᠠᠢ᠌ᠳᠠᠯ ᠪᠣᠯᠤᠨ ᠣᠷᠭᠢᠯᠤᠮ᠎ᠠ ᠬᠥᠭᠵᠢᠩᠭᠦᠢ ᠰᠡᠳᠬᠢᠯᠭᠡ᠎ᠪᠠᠷ ᠡᠷᠡᠯᠬᠡᠭᠯᠡᠨ ᠤᠷᠤᠭᠰᠢᠯᠠᠵᠤ᠂ ᠰᠢᠨ᠎ᠡ ᠠᠶᠠᠨ᠎ᠳᠤ᠎ᠪᠠᠨ ᠬᠥᠭᠵᠢᠭᠦᠯᠦᠨ ᠮᠠᠨᠳᠤᠭᠤᠯᠬᠤ᠂ ᠰᠢᠯᠢᠳᠡᠭ ᠠᠮᠵᠢᠯᠲᠠ ᠭᠠᠷᠭ᠋ᠠᠬᠤ ᠰᠢᠨ᠎ᠡ ᠤᠷᠤᠰᠬᠠᠯ᠎ᠢ ᠬᠠᠢ᠌ᠨ ᠰᠦᠪᠡᠭᠴᠢᠯᠡᠵᠦ ᠪᠤᠢ᠃ ᠡᠨᠡ᠎ᠨᠢ ᠶᠠᠭ 《ᠡᠷᠴᠢ ᠵᠣᠷᠢᠭ ᠪᠠᠢ᠌ᠪᠠᠰᠤ ᠠᠨᠠᠪᠠᠳ ᠳᠠᠯᠠᠢ ᠵᠢ ᠶᠡᠨᠳᠡᠮᠦᠢ᠂ ᠡᠷᠬᠢᠮ ᠬᠦᠰᠡᠯ ᠪᠠᠢ᠌ᠪᠠᠰᠤ ᠠᠭᠤᠯᠠ ᠤᠰᠤ ᠳᠡᠭᠰᠢᠷᠡᠮᠦᠢ》 ᠬᠡᠬᠦ ᠮᠡᠳᠦ᠃

12.jpg

      2022 ᠣᠨ᠎ᠤ 10 ᠳ᠋ᠤᠭ᠋ᠠᠷ ᠰᠠᠷ᠎ᠠ ᠵᠢᠨ 30᠎ᠤ ᠡᠳᠦᠷ᠂ 《ᠮᠢᠨ ᠨᠢᠡᠭ》 ᠪᠠᠯᠭ᠋ᠠᠰᠤ ᠵᠢ ᠪᠠᠷᠠᠯᠠᠬᠤ᠎ᠳᠤ᠂ ᠱᠦᠢ᠍ᠨᠢ ᠵᠠᠮ ᠮᠤᠷᠤᠢ᠌ᠯᠵᠢᠨ ᠡᠮᠦᠨᠡᠰᠢᠯᠡᠵᠦ᠂ ᠲᠠᠷᠢᠶᠠᠴᠢᠨ ᠠᠢ᠌ᠯ᠎ᠤᠨ ᠰᠢᠨ᠎ᠡ ᠰᠠᠭᠤᠴᠠ ᠵᠢᠭᠳᠡᠷᠡᠵᠦ᠂ ᠪᠠᠶᠠᠵᠢᠯ᠎ᠤᠨ ᠦᠢ᠍ᠯᠡᠳᠪᠦᠷᠢ ᠰᠦᠨᠳᠡᠷᠯᠡᠨ ᠪᠣᠰᠴᠤ᠂ ᠲᠣᠰᠬᠣᠨ᠎ᠤ ᠠᠷᠠᠳ ᠠᠮᠤᠷ ᠲᠠᠢ᠌ᠪᠤᠩ ᠠᠵᠤ ᠲᠦᠷᠦᠨ᠎ᠠ᠃ (ᠭᠡᠷᠡᠯ ᠵᠢᠷᠤᠭ᠎ᠤᠨ ᠢᠷᠡᠯᠲᠡ᠄ ᠨᠢᠩᠰᠢᠶᠠ ᠵᠢᠨ ᠡᠳᠦᠷ᠎ᠤᠨ ᠰᠣᠨᠢᠨ)

      ᠹᠦᠵᠢᠶᠠᠨ ᠨᠢᠩᠰᠢᠶᠠ ᠵᠢᠨ ᠬᠠᠮᠵᠢᠯᠴᠠᠭ᠎ᠠ ᠪᠣᠯ᠂ ᠵᠥᠪᠬᠡᠨ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠬᠠᠷᠢᠯᠴᠠᠨ ᠬᠠᠪᠰᠤᠷᠤᠯᠴᠠᠵᠤ ᠶᠠᠳᠠᠭᠤ ᠵᠢ ᠲᠡᠳᠬᠦᠬᠦ ᠬᠠᠮᠳᠤᠷᠠᠯᠴᠠᠭ᠋ᠠᠨ᠎ᠤ ᠠᠮᠵᠢᠯᠲᠠ ᠤᠯᠤᠭᠰᠠᠨ ᠨᠢᠭᠡᠯᠬᠡᠨ ᠨᠡᠢ᠌ᠳᠡᠯᠢᠭ ᠵᠢᠱ᠌ᠢᠶ᠎ᠡ ᠪᠢᠰᠢ᠂ ᠪᠥᠬᠥ ᠤᠯᠤᠰ᠎ᠲᠤ ᠪᠠᠰᠠ 《ᠱᠠᠨ ᠬᠠᠢ ᠵᠢᠨ ᠬᠠᠢ᠌ᠷ᠎ᠠ》 ᠮᠡᠲᠦ ᠬᠦᠨ ᠵᠤᠵᠠᠭ᠋ᠠᠨ ᠬᠠᠢ᠌ᠷ᠎ᠠ ᠰᠡᠳᠬᠢᠯᠬᠡ᠎ᠲᠠᠢ ᠥᠯᠢᠭᠡᠷ ᠮᠠᠰᠢ ᠣᠯᠠᠨ ᠪᠠᠢ᠌ᠨ᠎ᠠ᠂ ᠡᠳᠡᠭᠡᠷ᠎ᠨᠢ ᠳᠤᠮᠳᠠᠳᠤ ᠤᠯᠤᠰ᠎ᠤᠨ ᠣᠨᠴᠠᠯᠢᠭ ᠪᠥᠬᠥᠶ ᠵᠡᠭᠦᠨ ᠪᠠᠷᠠᠭᠤᠨ ᠣᠷᠣᠨ᠎ᠤ ᠬᠠᠷᠢᠯᠴᠠᠨ ᠬᠠᠪᠰᠤᠷᠤᠯᠴᠠᠵᠤ ᠶᠠᠳᠠᠭᠤ ᠵᠢ ᠲᠡᠳᠬᠦᠭᠰᠡᠨ ᠠᠭᠤᠤ ᠶᠡᠬᠡ ᠠᠮᠵᠢᠯᠲᠠ ᠪᠦᠲᠦᠮᠵᠢ ᠵᠢᠨ ᠦᠯᠢᠬᠡᠷ᠎ᠢ ᠳᠡᠯᠡᠬᠡᠶ ᠳ᠋ᠠᠬᠢᠨ᠎ᠳᠤ ᠬᠠᠷᠠᠭᠤᠯᠵᠤ ᠪᠤᠢ᠃ 

      ᠵᠣᠬᠢᠶᠠᠭᠴᠢ ᠵᠢᠨ ᠲᠣᠪᠴᠢ ᠲᠠᠨᠢᠯᠴᠠᠭᠤᠯᠭ᠎ᠠ᠄ 

13.jpg     

      ᠯᠢᠦ ᠴᠢ ᠵᠢᠶᠦ᠋ᠨ᠂ ᠭᠠᠨᠰᠦ ᠵᠢᠨ ᠲᠢᠶᠠᠨᠱ᠌ᠦ᠋ᠢ ᠵᠢᠨ ᠬᠥᠮᠦᠨ᠂ ᠤᠮᠠᠷᠠᠲᠤ ᠵᠢᠨ ᠦᠨᠳᠦᠰᠦᠲᠡᠨ᠎ᠤ ᠶᠡᠬᠡ ᠰᠤᠷᠭ᠋ᠠᠭᠤᠯᠢ ᠵᠢᠨ ᠠᠵᠤ ᠠᠬᠤᠢ ᠵᠢᠨ ᠳᠡᠭᠡᠳᠦ ᠰᠤᠷᠭ᠋ᠠᠭᠤᠯᠢ ᠵᠢᠨ ᠳᠡᠳ᠋ ᠵᠠᠬᠢᠷᠤᠯ᠂ ᠳ᠋ᠣᠺᠲ᠋ᠣᠷ᠂ ᠫᠷᠤᠹᠸᠰᠰᠤᠷ᠂ ᠠᠰᠫᠢᠷᠠᠨᠲ᠎ᠤᠨ ᠵᠢᠯᠤᠭᠤᠳᠤᠭᠴᠢ ᠪᠠᠭᠰᠢ᠂ ᠭᠣᠣᠯᠳᠠᠭᠤ ᠣᠷᠣᠨ ᠪᠦᠰᠡ ᠵᠢᠨ ᠶᠠᠳᠠᠭᠤ ᠬᠦᠴᠢᠷᠳᠡᠯ᠎ᠢ ᠵᠠᠰᠠᠬᠤ᠂ ᠬᠥᠳᠡᠭᠡ ᠲᠣᠰᠬᠣᠨ᠎ᠤ ᠠᠵᠤ ᠠᠬᠤᠢ᠂ ᠬᠥᠳᠡᠭᠡ ᠲᠣᠰᠬᠣᠨ᠎ᠤ ᠮᠥᠩᠭᠥᠨ ᠭᠦᠢ᠍ᠯᠭᠡᠭᠡ ᠵᠡᠷᠭᠡ ᠵᠢᠨ ᠰᠤᠳᠤᠯᠭ᠋ᠠᠨ ᠬᠢᠵᠦ ᠪᠤᠢ᠃ ᠲᠡᠷᠡ ᠤᠯᠤᠰ᠎ᠤᠨ ᠦᠨᠳᠦᠰᠦᠲᠡᠨ᠎ᠤ ᠵᠥᠪᠯᠡᠯ᠎ᠤᠨ ᠢᠳᠡᠷ ᠵᠠᠯᠠᠭᠤ ᠰᠣᠳᠣᠨ ᠴᠢᠳᠠᠪᠤᠷᠢᠲᠠᠨ᠎ᠤ ᠲᠥᠯᠥᠪᠯᠡᠭᠡ᠂ ᠨᠢᠩᠰᠢᠶᠠ ᠵᠢᠨ ᠬᠣᠲᠣᠩ ᠦᠨᠳᠦᠰᠦᠲᠡᠨ᠎ᠤ ᠥᠪᠡᠷᠲᠡᠭᠡᠨ ᠵᠠᠰᠠᠬᠤ ᠣᠷᠣᠨ᠎ᠤ ᠵᠠᠯᠠᠭᠤ ᠭᠠᠷᠮᠠᠭ᠋ᠠᠢ ᠴᠢᠳᠠᠪᠤᠷᠢᠲᠠᠨ᠎ᠤ ᠤᠯᠤᠰ᠎ᠤᠨ ᠳᠡᠰ᠎ᠤᠨ ᠡᠷᠳᠡᠮ ᠰᠢᠨᠵᠢᠯᠡᠭᠡᠨ᠎ᠤ ᠳᠠᠭ᠋ᠠᠭᠤᠯᠤᠭᠴᠢ ᠵᠢ ᠬᠥᠮᠦᠵᠢᠭᠦᠯᠬᠦ ᠲᠥᠯᠥᠪᠯᠡᠭᠡ ᠪᠠ ᠤᠮᠠᠷᠠᠲᠤ ᠵᠢᠨ ᠦᠨᠳᠦᠰᠦᠲᠡᠨ᠎ᠤ ᠶᠡᠬᠡ ᠰᠤᠷᠭ᠋ᠠᠭᠤᠯᠢ ᠵᠢᠨ ᠡᠷᠳᠡᠮ ᠰᠢᠨᠵᠢᠯᠡᠭᠡᠨ᠎ᠤ ᠭᠠᠷᠮᠠᠭ᠋ᠠᠢ ᠴᠢᠳᠠᠪᠤᠷᠢᠲᠠᠨ ᠵᠶ᠋ᠠᠷ ᠰᠣᠩᠭᠣᠭᠳᠠᠪᠠ᠃



           ᠣᠷᠴᠢᠭᠤᠯᠤᠭᠴᠢ᠄ ᠣᠶᠤᠨᠰᠡᠴᠡᠨ
           ᠬᠢᠨᠠᠨ ᠨᠠᠢ᠌ᠷᠠᠭᠤᠯᠤᠭᠴᠢ᠄ ᠠᠳᠢᠶ᠎ᠠ   ᠰᠠᠴᠤᠷᠠᠯ
           ᠶᠡᠷᠦᠩᠬᠡᠢ ᠬᠢᠨᠠᠨ ᠨᠠᠢ᠌ᠷᠠᠭᠤᠯᠤᠭᠴᠢ᠄ ᠪᠠᠶᠠᠨᠴᠢᠮᠡᠭ

 

ᠢᠷᠡᠯᠲᠡ᠄ ᠲᠤᠮᠳᠠᠳᠤ ᠵᠢ ᠥᠭᠦᠯᠡᠬᠦᠢ