ᠲᠡᠷᠢᠭᠦᠨ ᠬᠠᠭᠤᠳᠠᠰᠤ   -   ᠳᠤᠮᠳᠠᠳᠤ᠎ᠶᠢ ᠦᠭᠦᠯᠡᠬᠦᠢ
200 ᠰᠢᠬᠠᠮ ᠵᠢᠯ᠎ᠢ ᠰᠤᠨᠳᠠᠯᠠᠭᠰᠠᠨ ᠢᠨᠵᠧᠨᠧᠷᠢᠩ! ᠴᠢᠩ ᠤᠯᠤᠰ᠎ᠤᠨ ᠲᠠᠪᠤᠨ ᠬᠠᠭ᠋ᠠᠨ᠎ᠤ ᠵᠠᠯᠭ᠋ᠠᠵᠤ ᠨᠠᠢ᠌ᠷᠠᠭᠤᠯᠤᠭᠰᠠᠨ 《ᠶᠡᠬᠡ ᠨᠢᠭᠡᠳᠦᠯ᠎ᠤᠨ ᠪᠢᠴᠢᠭ》?
ᠨᠡᠶ᠋ᠢᠲᠡᠯᠡᠭᠰᠡᠨ ᠴᠠᠭ᠄ 2023-05-12

      ᠣᠷᠴᠢᠮ᠂ 《ᠳᠠᠢ᠌ᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ (ᠣᠢ᠌ᠯᠠᠪᠤᠷᠢ)》᠎ᠤᠨ ᠬᠠᠷᠭᠤᠭᠤᠯᠤᠨ ᠲᠤᠯᠭ᠋ᠠᠭᠰᠠᠨ ᠳᠡᠪᠲᠡᠷ ᠦᠪᠡᠳᠡᠭᠰᠢ ᠶᠡᠬᠡ᠎ᠪᠠᠷ ᠬᠡᠪᠯᠡᠭᠳᠡᠯ᠎ᠡ᠃ 《ᠳᠠᠢ᠌ᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》 ᠪᠣᠯ ᠴᠢᠩ ᠤᠯᠤᠰ᠎ᠤᠨ ᠠᠯᠪᠠᠨ᠎ᠠᠴᠠ ᠨᠠᠢ᠌ᠷᠠᠭᠤᠯᠤᠭᠰᠠᠨ ᠭᠠᠵᠠᠷ ᠵᠦᠢ ᠵᠢᠨ ᠶᠡᠷᠦᠩᠬᠡᠢ ᠪᠢᠴᠢᠭ ᠪᠣᠯᠣᠨ᠎ᠠ᠃ 《ᠶᠡᠬᠡ ᠨᠢᠭᠡᠳᠦᠯ᠎ᠤᠨ ᠪᠢᠴᠢᠭ》᠎ᠢ ᠨᠠᠢ᠌ᠷᠠᠭᠤᠯᠤᠨ ᠪᠢᠴᠢᠭᠰᠡᠨ ᠠᠵᠢᠯ ᠪᠣᠯ ᠤᠯᠤᠰ ᠭᠦᠷᠦᠨ᠎ᠤ ᠢᠨᠵᠧᠨᠧᠷᠢᠩ ᠶᠤᠮ᠂ ᠡᠨᠡ᠎ᠨᠢ ᠡᠩᠬᠡ ᠠᠮᠤᠭᠤᠯᠠᠩ᠂ ᠨᠠᠢ᠌ᠷᠠᠯᠲᠤ ᠲᠥᠪ᠂ ᠲᠡᠭᠷᠢ ᠲᠡᠳᠬᠦᠭᠴᠢ᠂ ᠰᠠᠢ᠌ᠰᠢᠶᠠᠯᠲᠤ ᠢᠷᠦᠭᠡᠯᠲᠦ᠂ ᠲᠥᠷᠥ ᠭᠡᠷᠡᠯᠲᠦ ᠲᠠᠪᠤᠨ ᠬᠠᠭ᠋ᠠᠨ᠎ᠢ ᠥᠩᠭᠡᠷᠡᠭᠡᠵᠦ᠂ 200 ᠰᠢᠬᠠᠮ ᠵᠢᠯ᠎ᠢ ᠰᠤᠨᠳᠠᠯᠠᠭᠰᠠᠨ ᠮᠤᠨᠳᠠᠭ ᠶᠡᠬᠡ ᠪᠦᠲᠦᠭᠡᠯ ᠪᠣᠯᠣᠨ᠎ᠠ᠃ ᠴᠢᠩ ᠤᠯᠤᠰ᠎ᠤᠨ ᠲᠠᠪᠤᠨ ᠬᠠᠭ᠋ᠠᠨ ᠶᠠᠮᠠᠷ ᠵᠣᠷᠢᠯᠭ᠎ᠠ᠎ᠪᠠᠷ ᠬᠣᠶᠠᠷ ᠵᠠᠭᠤ ᠰᠢᠬᠠᠮ ᠤᠷᠲᠤ ᠤᠳᠠᠭ᠋ᠠᠨ ᠣᠨ ᠵᠢᠯ᠎ᠤᠨ ᠳᠣᠲᠣᠷ᠎ᠠ᠂ 《ᠶᠡᠬᠡ ᠨᠢᠭᠡᠳᠦᠯ᠎ᠤᠨ ᠪᠢᠴᠢᠭ》᠎ᠢ ᠵᠠᠯᠭ᠋ᠠᠵᠤ ᠨᠠᠢ᠌ᠷᠠᠭᠤᠯᠤᠭᠰᠠᠨ ᠪᠤᠢ?

1.jpg     

      ▲ ᠴᠢᠩ ᠤᠯᠤᠰ᠎ᠤᠨ ᠮᠠᠨᠳᠤᠭᠰᠠᠨ ᠲᠥᠷᠥ ᠵᠢᠨ ᠭᠠᠵᠠᠷ᠎ᠤᠨ ᠵᠢᠷᠤᠭ (ᠵᠢᠷᠤᠭ᠎ᠤᠨ ᠢᠷᠡᠯᠲᠡ᠄ 《ᠳᠤᠮᠳᠠᠳᠤ ᠤᠯᠤᠰ᠎ᠤᠨ ᠲᠡᠦᠬᠡ ᠵᠢᠨ ᠭᠠᠵᠠᠷ ᠵᠦᠢ ᠵᠢᠨ ᠵᠢᠷᠤᠭ᠎ᠤᠨ ᠡᠮᠬᠢᠳᠬᠡᠯ》)
      ᠡᠩᠬᠡ ᠠᠮᠤᠭᠤᠯᠠᠩ ᠡᠬᠢᠯᠡᠵᠦ ᠨᠠᠢ᠌ᠷᠠᠭᠤᠯᠤᠨ᠂ ᠲᠥᠪ ᠤᠳᠤᠮᠰᠢᠯ᠎ᠢ ᠲᠤᠩᠬᠠᠭᠯᠠᠭᠰᠠᠨ᠎ᠨᠢ
      ᠴᠠᠭ᠎ᠤᠨ ᠬᠦᠷᠳᠦ ᠵᠢ ᠡᠷᠭᠢᠭᠦᠯᠦᠨ ᠡᠩᠬᠡ ᠠᠮᠤᠭᠤᠯᠠᠩ᠎ᠤᠨ ᠲᠥᠷᠥ ᠪᠠᠷᠢᠭᠰᠠᠨ ᠡᠬᠢᠨ᠎ᠤ ᠦᠶ᠎ᠡ᠂ ᠲᠤᠬᠠᠢ᠌ᠯᠠᠪᠠᠯ ᠡᠩᠬᠡ ᠠᠮᠤᠭᠤᠯᠠᠩ᠎ᠤᠨ ᠨᠠᠢ᠍ᠮᠠᠳᠤᠭ᠋ᠠᠷ ᠣᠨ (1669 ᠣᠨ)᠎ᠳᠤ᠂ ᠡᠩᠬᠡ ᠠᠮᠤᠭᠤᠯᠠᠩ ᠵᠠᠯᠢᠬᠠᠢ ᠲᠦᠰᠢᠮᠡᠯ ᠣᠪᠣᠢ ᠵᠢ ᠡᠴᠦᠰᠯᠡᠭᠦᠯᠵᠦ᠂ ᠲᠥᠷᠥ ᠵᠢᠨ ᠡᠷᠬᠡ ᠵᠢ ᠭᠠᠷ᠎ᠲᠤ᠎ᠪᠠᠨ ᠣᠷᠣᠭᠤᠯᠪᠠ᠃ ᠡᠨᠡ ᠦᠶ᠎ᠡ᠎ᠳᠤ᠂ ᠴᠢᠩ᠎ᠤᠨ ᠴᠡᠷᠢᠭ ᠪᠣᠭᠣᠮᠲᠠ᠎ᠳᠤ ᠣᠷᠣᠵᠤ ᠢᠷᠡᠭᠡᠳ ᠨᠢᠭᠡᠨᠲᠡ ᠬᠣᠷᠢ ᠭᠠᠷᠤᠢ ᠵᠢᠯ ᠪᠣᠯᠣᠭᠰᠠᠨ ᠪᠣᠯᠪᠠᠴᠤ᠂ ᠣᠯᠠᠩᠬᠢ ᠮᠤᠵᠢ ᠣᠷᠣᠨ᠎ᠨᠤᠭᠤᠳ ᠣᠷᠣᠨ ᠨᠤᠲᠤᠭ᠎ᠤᠨ ᠣᠢ᠌ᠯᠠᠯᠭ᠎ᠠ ᠵᠢᠨ ᠪᠢᠴᠢᠭ᠎ᠢ ᠠᠷᠠᠢ ᠪᠢᠴᠢᠵᠦ ᠵᠠᠪᠳᠤᠭ᠋ᠠᠳᠤᠢ ᠪᠠᠢ᠌ᠪᠠ᠃ ᠲᠥᠷᠥ ᠵᠠᠰᠠᠭ᠎ᠠᠴᠠ ᠡᠯ᠎ᠡ ᠭᠠᠵᠠᠷ᠎ᠤᠨ ᠠᠭᠤᠯᠠ ᠤᠰᠤ᠂ ᠭᠠᠵᠠᠷ᠎ᠤᠨ ᠪᠠᠢ᠌ᠷᠢᠰᠢᠯ᠂ ᠬᠥᠮᠥᠨ ᠠᠮᠠ᠂ ᠭᠠᠵᠠᠷ ᠲᠠᠷᠢᠶᠠᠯᠠᠩ᠂ ᠵᠠᠩ ᠰᠤᠷᠲᠠᠬᠤᠨ ᠵᠡᠷᠭᠡ ᠦᠨᠳᠦᠰᠦᠨ ᠮᠡᠳᠡᠭᠡ ᠵᠠᠩᠭᠢ ᠵᠢ ᠪᠦᠷᠢᠮᠦᠰᠦᠨ ᠡᠵᠡᠮᠰᠢᠵᠤ ᠴᠢᠳᠠᠭ᠎ᠠ ᠦᠭᠡᠢ ᠪᠠᠢ᠌ᠵᠠᠢ᠃ ᠡᠨᠡ ᠪᠠᠢ᠌ᠳᠠᠯ᠎ᠳᠤ ᠴᠢᠭᠯᠡᠭᠦᠯᠦᠨ ᠡᠭᠦᠷᠢᠳᠡ ᠨᠠᠢ᠌ᠷᠠᠮᠳᠠᠭᠤᠯᠤᠭᠴᠢ ᠬᠠᠷᠰᠢ ᠵᠢᠨ᠎ᠲᠠᠢ ᠬᠡᠦᠰᠢ ᠸᠸᠢ ᠵᠸᠤ ᠽᠦᠸᠸ ᠠᠢ᠌ᠯᠠᠳᠬᠠᠯ ᠪᠢᠴᠢᠭ ᠡᠷᠭᠦᠨ᠂ ᠲᠥᠷᠥ ᠵᠠᠰᠠᠭ᠎ᠠᠴᠠ ᠡᠯ᠎ᠡ ᠮᠤᠵᠢ ᠵᠢᠨ ᠲᠦᠳᠤ᠋᠂ ᠴᠠᠨ᠎ᠠ ᠨᠣᠶᠠᠨ ᠵᠡᠷᠭᠡ ᠲᠦᠰᠢᠮᠡᠯ᠎ᠢ ᠶᠡᠷᠦᠩᠬᠡᠢ᠌ᠯᠡᠨ ᠵᠠᠬᠢᠷᠴᠤ᠂ ᠠᠯᠳᠠᠷ ᠴᠣ᠋᠎ᠲᠠᠢ ᠪᠢᠴᠢᠭ᠎ᠤᠨ ᠮᠡᠷᠭᠡᠳ᠎ᠢ ᠤᠷᠢᠨ ᠲᠣᠮᠢᠯᠠᠵᠤ᠂ 《ᠨᠡᠪᠲᠡᠷᠬᠡᠢ ᠣᠢ᠌ᠯᠠᠯᠭ᠎ᠠ》 ᠵᠢ ᠨᠠᠢ᠌ᠷᠠᠭᠤᠯᠤᠨ ᠪᠢᠴᠢᠵᠦ ᠲᠥᠪ᠎ᠲᠤ ᠮᠡᠳᠡᠭᠦᠯᠵᠦ᠂ ᠰᠤᠳᠤᠷ ᠪᠢᠴᠢᠭ᠎ᠤᠨ ᠬᠦᠷᠢᠶᠡᠯᠡᠩ ᠬᠤᠷᠢᠶᠠᠩᠭᠤᠢ᠌ᠯᠠᠨ ᠨᠠᠢ᠌ᠷᠠᠭᠤᠯᠤᠭ᠋ᠠᠳ 《ᠳᠠᠢ᠌ᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》 ᠪᠣᠯᠭ᠋ᠠᠮᠤ ᠬᠡᠮᠡᠵᠡᠢ᠃
      ᠡᠨᠡ ᠳᠤᠷᠠᠳᠤᠯᠭ᠎ᠠ ᠵᠢᠨ ᠤᠯᠤᠰ ᠲᠥᠷᠥ ᠵᠢᠨ ᠠᠴᠢ ᠬᠣᠯᠪᠣᠭᠳᠠᠯ ᠶᠡᠬᠡ᠂ ᠴᠢᠩ᠎ᠤᠨ ᠵᠠᠰᠠᠭ᠎ᠤᠨ ᠭᠠᠵᠠᠷ᠎ᠠᠴᠠ ᠪᠦᠬᠦ ᠤᠯᠤᠰ᠎ᠤᠨ ᠡᠯ᠎ᠡ ᠵᠦᠢ᠍ᠯ᠎ᠤᠨ ᠮᠡᠳᠡᠭᠡ ᠵᠠᠩᠭᠢ ᠵᠢ ᠪᠦᠬᠦ ᠲᠠᠯ᠎ᠠ᠎ᠪᠠᠷ ᠡᠵᠡᠮᠰᠢᠬᠦ᠂ ᠡᠯ᠎ᠡ ᠲᠠᠯ᠎ᠠ ᠵᠢᠨ ᠡᠬᠢ ᠪᠠᠶᠠᠯᠢᠭ᠎ᠢ ᠡᠮᠬᠢᠯᠡᠨ ᠨᠢᠭᠡᠳᠬᠡᠬᠦ᠎ᠳᠤ ᠠᠰᠢᠭᠲᠠᠢ ᠪᠠᠢ᠌ᠵᠠᠢ᠃ ᠲᠡᠭᠦᠨ᠎ᠤ ᠨᠡᠩ ᠴᠢᠬᠤᠯᠠ᠎ᠨᠢ ᠶᠤᠸᠠᠨ᠂ ᠮᠢᠩ ᠬᠣᠶᠠᠷ ᠲᠥᠷᠥ ᠵᠢᠨ 《ᠶᠡᠬᠡ ᠨᠢᠭᠡᠳᠦᠯ᠎ᠤᠨ ᠪᠢᠴᠢᠭ》᠎ᠢ ᠨᠠᠢ᠌ᠷᠠᠭᠤᠯᠤᠨ ᠪᠢᠴᠢᠬᠦ ᠤᠯᠠᠮᠵᠢᠯᠠᠯ᠎ᠢ ᠵᠠᠯᠭ᠋ᠠᠬᠤ᠎ᠳᠤ ᠪᠠᠢ᠌ᠬᠤ ᠶᠤᠮ᠃ ᠶᠤᠸᠠᠨ ᠤᠯᠤᠰ᠎ᠤᠨ ᠨᠠᠢ᠌ᠷᠠᠭᠤᠯᠤᠭᠰᠠᠨ 《ᠲᠠᠢ᠌ᠶᠤᠸᠠᠨ ᠤᠯᠤᠰ᠎ᠤᠨ ᠶᠡᠬᠡ ᠨᠢᠭᠡᠳᠦᠯ᠎ᠤᠨ ᠪᠢᠴᠢᠭ》᠎ᠨᠢ 《ᠶᠡᠬᠡ ᠨᠢᠭᠡᠳᠦᠯ᠎ᠤᠨ ᠪᠢᠴᠢᠭ》᠎ᠢ ᠨᠠᠢ᠌ᠷᠠᠭᠤᠯᠤᠨ ᠪᠢᠴᠢᠬᠦ ᠠᠩᠬᠠᠨ᠎ᠤ ᠵᠠᠮ᠎ᠢ ᠨᠡᠭᠡᠭᠡᠭᠰᠡᠨ ᠶᠤᠮ᠂ ᠮᠢᠩ ᠤᠯᠤᠰ ᠡᠭᠦᠨ ᠵᠶ᠋ᠡᠷ ᠵᠢᠱ᠌ᠢᠶ᠎ᠡ ᠪᠣᠯᠭ᠋ᠠᠨ 《ᠳᠠᠢ᠌ᠮᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》᠎ᠢ ᠨᠠᠢ᠌ᠷᠠᠭᠤᠯᠤᠨ ᠭᠠᠷᠭ᠋ᠠᠭᠰᠠᠨ᠎ᠨᠢ 《ᠡᠷᠲᠡᠨ᠎ᠢ ᠡᠳᠦᠭᠡ᠎ᠳᠤ ᠵᠠᠯᠭ᠋ᠠᠵᠤ᠂ ᠡᠮᠬᠢᠯᠡᠨ ᠨᠠᠢ᠌ᠷᠠᠭᠤᠯᠤᠭ᠋ᠠᠳ ᠨᠣᠮ ᠪᠣᠯᠭ᠋ᠠᠵᠠᠢ》᠃ 《ᠶᠡᠬᠡ ᠨᠢᠭᠡᠳᠦᠯ᠎ᠤᠨ ᠪᠢᠴᠢᠭ》᠎ᠢ ᠨᠠᠢ᠌ᠷᠠᠭᠤᠯᠤᠭᠰᠠᠨ᠎ᠨᠢ ᠴᠢᠩ ᠤᠯᠤᠰ᠎ᠤᠨ ᠤᠯᠤᠰ᠎ᠢ ᠵᠠᠰᠠᠬᠤ ᠡᠷᠬᠡ᠎ᠪᠠᠨ ᠲᠤᠩᠬᠠᠭᠯᠠᠬᠤ᠎ᠪᠠᠷ ᠥᠯᠥ ᠪᠠᠷᠠᠨ᠂ ᠨᠡᠩ ᠴᠢᠬᠤᠯᠠ᠎ᠨᠢ ᠶᠤᠸᠠᠨ᠂ ᠮᠢᠩ᠂ ᠴᠢᠩ᠎ᠤᠨ ᠡᠮᠦᠨ᠎ᠡ ᠬᠣᠢ᠌ᠨᠠᠬᠢ ᠤᠯᠠᠮᠵᠢᠯᠠᠯ᠎ᠤᠨ ᠬᠠᠷᠢᠴᠠᠭ᠎ᠠ ᠵᠢ ᠢᠯᠡᠷᠬᠡᠢ᠌ᠯᠡᠭᠰᠡᠨ ᠪᠠᠢ᠌ᠳᠠᠭ᠃ ᠡᠢ᠌ᠮᠦ᠎ᠠᠴᠠ 《ᠳᠠᠢ᠌ᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》᠎ᠢ ᠨᠠᠢ᠌ᠷᠠᠭᠤᠯᠬᠤ ᠠᠵᠢᠯ᠎ᠨᠢ ᠴᠢᠩ ᠤᠯᠤᠰ ᠳᠡᠯᠡᠬᠡᠢ ᠳ᠋ᠠᠬᠢᠨ᠎ᠳᠤ ᠲᠥᠪ ᠤᠳᠤᠮᠰᠢᠯ᠎ᠢ ᠵᠠᠯᠭ᠋ᠠᠮᠵᠢᠯᠠᠭᠰᠠᠨ ᠲᠤᠩᠬᠠᠭ ᠪᠢᠴᠢᠭ ᠪᠣᠯᠣᠨ᠎ᠠ᠃ ᠡᠩᠬᠡ ᠠᠮᠤᠭᠤᠯᠠᠩ ᠬᠠᠭ᠋ᠠᠨ ᠡᠨᠡ ᠬᠦ᠌ ᠳᠤᠷᠠᠳᠤᠯᠭ᠎ᠠ ᠵᠢ ᠳᠤᠷᠠᠲᠠᠢ᠌ᠶ᠎ᠠ ᠬᠦᠯᠢᠶᠡᠨ ᠠᠪᠤᠭ᠋ᠠᠳ ᠡᠯ᠎ᠡ ᠰᠠᠯᠠᠭ᠎ᠠ ᠮᠥᠴᠢᠷ᠎ᠤᠨ᠎ᠬᠢᠨ ᠶᠠᠭ ᠴᠠᠭ᠎ᠢ ᠵᠠᠪᠳᠤᠨ ᠡᠬᠢᠯᠡᠭᠦᠯᠬᠦ ᠠᠵᠢᠯ ᠵᠶ᠋ᠠᠨ ᠪᠡᠯᠡᠳᠬᠡᠵᠦ ᠪᠠᠢ᠌ᠲᠠᠯ᠎ᠠ᠂ 《ᠭᠤᠷᠪᠠᠨ ᠬᠢᠵᠠᠭ᠋ᠠᠷ᠎ᠤᠨ ᠦᠢ᠍ᠮᠡᠭᠡᠨ》 ᠡᠭᠦᠰᠴᠦ᠂ ᠪᠦᠬᠦ ᠤᠯᠤᠰ᠎ᠢ ᠳᠣᠩᠰᠣᠯᠭ᠋ᠠᠵᠤ᠂ ᠣᠢ᠌ᠯᠠᠯᠭ᠎ᠠ ᠵᠢᠨ ᠪᠢᠴᠢᠭ᠎ᠢ ᠨᠠᠢ᠌ᠷᠠᠭᠤᠯᠬᠤ ᠠᠵᠢᠯ ᠲᠦᠷ ᠵᠣᠭᠰᠣᠪᠠ᠃
      ᠭᠤᠷᠪᠠᠨ ᠬᠢᠵᠠᠭ᠋ᠠᠷ᠎ᠢ ᠲᠦᠪᠰᠢᠳᠬᠡᠭᠰᠡᠨ᠎ᠤ ᠳᠠᠷᠠᠭ᠎ᠠ᠂ ᠴᠢᠩ ᠤᠯᠤᠰ ᠤᠷᠢᠳ ᠬᠣᠵᠢᠳ ᠵᠡᠭᠦᠨ ᠡᠮᠦᠨ᠎ᠡ ᠵᠦᠭ᠎ᠲᠤ ᠲᠠᠢ᠌ᠸᠠᠨ᠎ᠢ ᠡᠬᠡᠭᠦᠯᠦᠨ ᠠᠪᠴᠤ᠂ ᠤᠮᠠᠷ᠎ᠠ᠎ᠳᠤ ᠬᠠᠭ᠋ᠠᠨᠲᠤ ᠣᠷᠣᠰ᠎ᠢ ᠥᠯᠳᠡᠨ ᠭᠠᠷᠭ᠋ᠠᠪᠠ᠃ ᠨᠢᠭᠡ ᠯᠡ ᠳᠣᠣᠷ᠎ᠠ ᠨᠤᠲᠤᠭ ᠳᠡᠪᠢᠰᠬᠡᠷ ᠦᠳᠲᠡᠷ ᠲᠦᠷᠭᠡᠨ ᠥᠷᠭᠡᠵᠢᠨ ᠲᠡᠯᠡᠵᠦ᠂ ᠡᠮᠦᠨᠡᠬᠢ ᠲᠥᠷᠥ᠎ᠨᠦᠭᠦᠳ᠎ᠠᠴᠠ ᠬᠣᠯᠠ ᠳᠠᠪᠠᠭᠰᠠᠨ ᠪᠠᠢ᠌ᠪᠠ᠃ ᠡᠢ᠌ᠨ ᠬᠦ᠌ ᠢᠲᠡᠭᠡᠯ ᠳᠦᠭᠦᠷᠡᠩ ᠪᠣᠯᠣᠭᠰᠠᠨ ᠡᠩᠬᠡ ᠠᠮᠤᠭᠤᠯᠠᠩ ᠬᠠᠭ᠋ᠠᠨ 《ᠶᠡᠬᠡ ᠨᠢᠭᠡᠳᠦᠯ》᠎ᠳᠤ ᠨᠡᠩ ᠭᠦᠨᠵᠡᠭᠡᠢ ᠲᠠᠨᠢᠯᠲᠠ᠎ᠲᠠᠢ ᠪᠣᠯᠵᠤ᠂ 《ᠳᠠᠢ᠌ᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》᠎ᠢ ᠨᠢᠭᠡᠨ ᠦᠶ᠎ᠡ ᠵᠢᠨ ᠨᠡᠢ᠌ᠲᠡᠯᠢᠭ ᠳᠦᠷᠢᠮ ᠪᠣᠯᠭ᠋ᠠᠬᠤ ᠵᠢ ᠱᠠᠭ᠋ᠠᠷᠳᠠᠭᠰᠠᠨ ᠶᠤᠮ᠃ ᠡᠩᠬᠡ ᠠᠮᠤᠭᠤᠯᠠᠩ ᠬᠠᠭ᠋ᠠᠨ᠎ᠤ ᠰᠠᠨᠠᠭᠤᠯᠭ᠎ᠠ᠎ᠪᠠᠷ ᠴᠸᠨ ᠶᠡᠨ ᠵᠢᠩ᠂ ᠰᠢᠦᠢ ᠴᠢᠶᠠᠨ ᠰᠢᠦᠸᠠᠢ᠂ ᠭᠣᠤ ᠱ᠌ᠢ ᠴᠢ ᠨᠠᠷ ᠵᠶ᠋ᠠᠷ ᠪᠦᠷᠢᠯᠳᠦᠭᠰᠡᠨ 《ᠶᠡᠬᠡ ᠨᠢᠭᠡᠳᠦᠯ᠎ᠤᠨ ᠣᠢ᠌ᠯᠠᠯᠭ᠎ᠠ》 ᠵᠢᠨ ᠠᠯᠪᠠᠨ ᠭᠡᠷ᠎ᠢ ᠪᠠᠢ᠌ᠭᠤᠯᠵᠤ᠂ ᠲᠤᠰᠬᠠᠢ᠌ᠯᠠᠨ ᠨᠠᠢ᠌ᠷᠠᠭᠤᠯᠤᠨ ᠪᠢᠴᠢᠬᠦ ᠠᠵᠢᠯ᠎ᠢ ᠡᠷᠬᠢᠯᠡᠬᠦ ᠵᠢᠨ ᠳᠠᠭ᠋ᠠᠤ ᠠᠯᠪᠠᠨ᠎ᠠᠴᠠ ᠨᠠᠢ᠌ᠷᠠᠭᠤᠯᠤᠭᠰᠠᠨ ᠰᠤᠳᠤᠷ ᠪᠢᠴᠢᠭ᠂ ᠬᠠᠭ᠋ᠠᠨ᠎ᠤ ᠣᠷᠳᠣᠨ᠎ᠤ ᠳᠠᠩᠰᠠ ᠡᠪᠬᠢᠮᠡᠯ᠂ ᠴᠢᠨᠠᠭᠰᠢᠯᠠᠪᠠᠯ ᠮᠠᠨᠵᠤ ᠦᠰᠦᠭ᠎ᠤᠨ ᠭᠠᠵᠠᠷ᠎ᠤᠨ ᠵᠢᠷᠤᠭ᠎ᠢ ᠬᠠᠮᠲᠤ᠎ᠳᠤ᠎ᠨᠢ ᠨᠡᠭᠡᠭᠡᠯᠲᠡᠲᠡᠢ ᠪᠣᠯᠭ᠋ᠠᠵᠠᠢ᠃

2.jpg     

     ▲ ᠲᠡᠭᠷᠢ ᠲᠡᠳᠬᠦᠭᠴᠢ ᠬᠠᠭ᠋ᠠᠨ᠎ᠤ ᠪᠢᠴᠢᠭᠰᠡᠨ ᠳᠠᠢ᠌ᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ᠎ᠤᠨ ᠣᠷᠣᠰᠢᠯ 《ᠳᠠᠢ᠌ᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》 ᠰᠦᠷᠲᠦ ᠶᠡᠩᠵᠤᠲᠠᠢ ᠬᠠᠷᠰᠢ ᠵᠢᠨ ᠰᠡᠢ᠌ᠯᠦᠮᠡᠯ ᠬᠡᠪᠯᠡᠯ (ᠬᠠᠭ᠋ᠠᠨ᠎ᠤ ᠣᠷᠳᠣᠨ᠎ᠤ ᠮᠦᠽᠸᠢ)
      ᠡᠩᠬᠡ ᠠᠮᠤᠭᠤᠯᠠᠩ᠎ᠤᠨ ᠬᠣᠷᠢᠨ ᠬᠣᠶᠠᠳᠤᠭ᠋ᠠᠷ ᠣᠨ (1683 ᠣᠨ)᠎ᠳᠤ ᠬᠠᠭ᠋ᠠᠨ᠎ᠠᠴᠠ 《ᠶᠡᠬᠡ ᠨᠢᠭᠡᠳᠦᠯ᠎ᠤᠨ ᠪᠢᠴᠢᠭ》᠎ᠢ ᠨᠠᠢ᠌ᠷᠠᠭᠤᠯᠬᠤ ᠠᠵᠢᠯ᠎ᠳᠤ ᠴᠤᠬᠤᠪᠤᠷᠢᠯᠠᠯᠲᠠ ᠬᠢᠵᠦ᠄ 《ᠴᠠᠭ᠋ᠠᠨ ᠬᠡᠷᠡᠮ᠎ᠤᠨ ᠭᠠᠳᠠᠨᠠᠬᠢ ᠭᠠᠵᠠᠷ᠎ᠤᠨ ᠨᠡᠷ᠎ᠡ ᠵᠢ ᠨᠢᠭᠡ ᠪᠣᠯ ᠬᠢᠲᠠᠳ ᠬᠡᠯᠡᠨ᠎ᠳᠤ ᠪᠠᠢ᠌ᠯᠭ᠋ᠠᠬᠤ᠂ ᠡᠰᠡᠪᠡᠯ ᠬᠢᠲᠠᠳ ᠬᠡᠯᠡᠨ᠎ᠳᠤ ᠥᠯᠥ ᠪᠠᠢ᠌ᠯᠭ᠋ᠠᠬᠤ ᠵᠢ ᠢᠯᠭ᠋ᠠᠨ ᠲᠣᠭᠲᠠᠭ᠋ᠠᠵᠤ᠂ 〈ᠶᠡᠬᠡ ᠨᠢᠭᠡᠳᠦᠯ᠎ᠤᠨ ᠪᠢᠴᠢᠭ〉᠎ᠲᠤ ᠣᠷᠣᠭᠤᠯᠪᠠᠯ ᠵᠣᠬᠢᠨ᠎ᠠ》 ᠭᠡᠰᠡᠨ ᠪᠠᠢ᠌ᠨ᠎ᠠ᠃ ᠡᠨᠳᠡᠬᠢ᠎ᠨᠢ 《ᠴᠠᠭ᠋ᠠᠨ ᠬᠡᠷᠡᠮ᠎ᠤᠨ ᠭᠠᠳᠠᠨᠠᠬᠢ》 ᠭᠡᠳᠡᠭ ᠪᠣᠯ ᠭᠣᠣᠯ᠎ᠨᠢ 《ᠭᠣᠪᠢ ᠵᠢᠨ ᠡᠮᠦᠨᠡᠬᠢ》 ᠮᠣᠩᠭᠣᠯ ᠠᠢ᠌ᠮᠠᠭ᠎ᠤᠳ᠎ᠢ ᠵᠢᠭ᠋ᠠᠵᠤ ᠪᠠᠢ᠌ᠭ᠎ᠠ ᠶᠤᠮ᠃ 《ᠭᠠᠳᠠᠭ᠋ᠠᠳᠤ ᠮᠣᠩᠭᠣᠯ᠎ᠤᠨ ᠶᠡᠷᠦᠩᠬᠡᠢ ᠠᠢ᠌ᠮᠠᠭ》 ᠭᠡᠰᠡᠨ ᠲᠤᠰᠬᠠᠢ ᠪᠦᠯᠦᠭ ᠭᠠᠷᠭ᠋ᠠᠵᠤ᠂ ᠪᠢᠴᠢᠭᠳᠡᠵᠦ ᠪᠦᠬᠦᠢ ᠬᠢᠯᠢ ᠬᠢᠵᠠᠭ᠋ᠠᠷ ᠣᠷᠣᠨ᠎ᠨᠤᠭᠤᠳ᠎ᠢ 《ᠶᠡᠬᠡ ᠨᠢᠭᠡᠳᠦᠯ》᠎ᠤᠨ ᠰᠢᠰᠲ᠋ᠧᠮ᠎ᠤᠨ ᠦᠯᠢᠭᠡᠷ ᠵᠢᠱ᠌ᠢᠶ᠎ᠡ᠎ᠳᠤ ᠣᠷᠣᠭᠤᠯᠤᠭᠰᠠᠨ ᠪᠠᠢ᠌ᠨ᠎ᠠ᠃
      ᠡᠩᠬᠡ ᠠᠮᠤᠭᠤᠯᠠᠩ᠎ᠤᠨ ᠬᠣᠷᠢᠨ ᠳᠣᠯᠣᠳᠤᠭ᠋ᠠᠷ ᠣᠨ (1688 ᠣᠨ)᠎ᠳᠤ ᠥᠭᠡᠯᠡᠳ᠎ᠤᠨ ᠵᠦᠩᠭ᠋ᠠᠷ ᠬᠠᠭ᠋ᠠᠨ ᠭᠠᠯᠳᠠᠨ ᠴᠡᠷᠢᠭ ᠳᠠᠢ᠌ᠴᠢᠯᠠᠨ ᠬᠠᠯᠬ᠎ᠠ ᠮᠣᠩᠭᠣᠯ᠎ᠢ ᠲᠦᠷᠢᠮᠡᠬᠡᠢ᠌ᠯᠡᠪᠡ᠃ ᠳᠠᠷᠠᠭ᠎ᠠ ᠵᠢᠯ᠎ᠨᠢ ᠭᠠᠯᠳᠠᠨ ᠠᠶᠤᠮᠰᠢᠭ ᠦᠭᠡᠢ᠎ᠪᠠᠷ ᠭᠣᠪᠢ ᠵᠢᠨ ᠡᠮᠦᠨ᠎ᠡ ᠳᠠᠭ᠋ᠠᠷᠢᠯᠲᠠ ᠬᠢᠭᠡᠳ ᠤᠮᠠᠷ᠎ᠠ ᠬᠢᠵᠠᠭ᠋ᠠᠷ ᠲᠦᠭᠰᠢᠭᠦᠷᠢ᠎ᠲᠠᠢ ᠪᠣᠯᠵᠤ ᠨᠡᠢ᠌ᠰᠯᠡᠯ ᠬᠣᠲᠠ ᠰᠦᠷᠳᠡᠭᠦᠯᠦᠯ᠎ᠳᠤ ᠤᠴᠠᠷᠠᠪᠠ᠃ ᠮᠠᠰᠢ ᠣᠬᠣᠷᠬᠠᠨ ᠬᠤᠭᠤᠴᠠᠭ᠋ᠠᠨ᠎ᠠ᠂ ᠴᠢᠩ᠎ᠤᠨ ᠴᠡᠷᠢᠭ ᠤᠮᠠᠷᠠᠰᠢ ᠳᠠᠢ᠌ᠯᠠᠵᠤ ᠭᠠᠯᠳᠠᠨ᠎ᠢ ᠳᠠᠷᠤᠭᠰᠠᠨ ᠪᠠᠢ᠌ᠨ᠎ᠠ᠃ ᠡᠩᠬᠡ ᠠᠮᠤᠭᠤᠯᠠᠩ᠎ᠤᠨ ᠭᠤᠴᠢᠳᠤᠭ᠋ᠠᠷ ᠣᠨ (1691 ᠣᠨ)᠎ᠳᠤ ᠡᠩᠬᠡ ᠠᠮᠤᠭᠤᠯᠠᠩ ᠬᠠᠭ᠋ᠠᠨ ᠳᠣᠯᠣᠨ ᠨᠠᠭᠤᠷ (ᠥᠨᠥ ᠵᠢᠨ ᠰᠢᠯᠢ ᠵᠢᠨ ᠭᠣᠣᠯ ᠠᠢ᠌ᠮᠠᠭ᠎ᠤᠨ ᠳᠣᠯᠣᠨ ᠰᠢᠶᠠᠨ)᠎ᠲᠤ ᠪᠡᠶ᠎ᠡ᠎ᠪᠠᠷ ᠰᠠᠭ᠋ᠠᠲᠠᠵᠤ᠂ ᠬᠠᠯᠬ᠎ᠠ ᠠᠢ᠌ᠮᠠᠭ᠎ᠤᠨ ᠲᠦᠷᠦᠭᠦᠴᠦᠳ ᠪᠣᠯᠣᠨ ᠭᠣᠪᠢ ᠵᠢᠨ ᠡᠮᠦᠨᠡᠬᠢ ᠸᠠᠩ ᠭᠦᠩ᠎ᠤᠳ᠎ᠲᠠᠢ ᠴᠢᠭᠤᠯᠭ᠋ᠠᠨ ᠴᠢᠭᠤᠯᠪᠠ᠂ ᠲᠡᠦᠬᠡᠨ ᠳᠡᠭᠡᠷ᠎ᠡ ᠡᠭᠦᠨ᠎ᠢ ᠳᠣᠯᠣᠨ ᠨᠠᠭᠤᠷ᠎ᠤᠨ ᠴᠢᠭᠤᠯᠭ᠋ᠠᠨ ᠭᠡᠳᠡᠭ᠃ ᠴᠢᠭᠤᠯᠭ᠋ᠠᠨ ᠳᠡᠭᠡᠷ᠎ᠡ ᠬᠠᠯᠬ᠎ᠠ ᠮᠣᠩᠭᠣᠯ᠎ᠤᠨ ᠡᠯ᠎ᠡ ᠠᠢ᠌ᠮᠠᠭ᠎ᠤᠳ᠎ᠢ ᠠᠢ᠌ᠮᠠᠭ ᠬᠣᠰᠢᠭᠤᠨ᠎ᠳᠤ ᠬᠤᠪᠢᠶᠠᠨ ᠬᠢᠯᠢ ᠬᠢᠵᠠᠭ᠋ᠠᠷ᠎ᠢ ᠲᠣᠭᠲᠠᠭ᠋ᠠᠵᠤ᠂ ᠬᠠᠤᠯᠢ ᠳᠦᠷᠢᠮ᠎ᠢ ᠨᠡᠢ᠌ᠳᠡᠯᠡᠵᠡᠢ᠃ ᠡᠭᠦᠨ᠎ᠠᠴᠠ ᠬᠣᠢ᠌ᠰᠢ ᠭᠣᠪᠢ ᠵᠢᠨ ᠠᠷᠤ᠎ᠳᠠᠬᠢ ᠮᠣᠩᠭᠣᠯᠴᠤᠳ ᠴᠢᠩ ᠤᠯᠤᠰ᠎ᠤᠨ ᠨᠤᠲᠤᠭ ᠳᠡᠪᠢᠰᠬᠡᠷ᠎ᠲᠤ ᠪᠠᠭᠲᠠᠯᠴᠠᠨ ᠣᠷᠣᠭᠰᠠᠨ ᠠᠵᠢ᠃

3.jpg     

    

     ▲ ᠡᠩᠬᠡ ᠠᠮᠤᠭᠤᠯᠠᠩ ᠬᠠᠭ᠋ᠠᠨ᠎ᠤ ᠵᠠᠷᠯᠢᠭ ᠵᠶ᠋ᠠᠷ ᠬᠥᠬᠡ ᠰᠦᠮ᠎ᠡ ᠵᠢ ᠪᠠᠢ᠌ᠭᠤᠯᠤᠨ ᠳᠣᠯᠤᠨ ᠨᠠᠭᠤᠷ᠎ᠤᠨ ᠴᠢᠭᠤᠯᠭ᠋ᠠᠨ᠎ᠢ ᠳᠤᠷᠠᠰᠬᠠᠵᠠᠢ᠃ (ᠵᠢᠷᠤᠭ᠎ᠤᠨ ᠢᠷᠡᠯᠲᠡ᠄ ᠳᠤᠮᠳᠠᠳᠤ ᠵᠢᠨ ᠰᠦᠯᠵᠢᠶᠡᠨ᠎ᠤ ᠲᠠᠯ᠎ᠠ ᠨᠤᠲᠤᠭ᠎ᠤᠨ ᠰᠤᠪᠠᠭ)
      ᠲᠤᠰ ᠵᠢᠯ᠂ ᠡᠩᠬᠡ ᠠᠮᠤᠭᠤᠯᠠᠩ ᠬᠠᠭ᠋ᠠᠨ ᠳᠣᠯᠣᠨ᠎ᠠᠴᠠ ᠨᠡᠢ᠌ᠰᠯᠡᠯ ᠪᠤᠴᠠᠬᠤ ᠵᠠᠮ᠎ᠳᠤ᠎ᠪᠠᠨ ᠴᠠᠭ᠋ᠠᠨ ᠬᠡᠷᠡᠮ ᠳᠡᠭᠡᠷ᠎ᠡ ᠭᠠᠷᠬᠤ᠎ᠲᠠᠢ ᠲᠣᠬᠢᠶᠠᠵᠤ ᠮᠤᠯᠳᠤᠰᠢ ᠬᠠᠭ᠋ᠠᠯᠭ᠋ᠠᠨ᠎ᠤ ᠪᠦᠭᠦᠳᠡ ᠵᠢ ᠵᠠᠬᠢᠷᠤᠭᠴᠢ ᠼᠠᠢ ᠶᠤᠸᠠᠨ᠎ᠤ ᠤᠷᠲᠤ ᠴᠠᠭ᠋ᠠᠨ ᠬᠡᠷᠡᠮ᠎ᠢ ᠰᠡᠯᠪᠢᠨ ᠵᠠᠰᠠᠬᠤ ᠠᠢ᠌ᠯᠠᠳᠬᠠᠯ ᠪᠢᠴᠢᠭ ᠳᠡᠪᠰᠢᠭᠦᠯᠦᠭᠰᠡᠨ᠎ᠳᠤ ᠡᠩᠬᠡ ᠠᠮᠤᠭᠤᠯᠠᠩ ᠬᠠᠭ᠋ᠠᠨ᠎ᠠᠴᠠ ᠭᠦᠨᠵᠡᠭᠡᠢ ᠰᠡᠳᠬᠢᠭᠦᠰᠢᠲᠡᠢ ᠨᠢᠭᠡᠨ ᠨᠣᠲᠠᠯᠠᠯᠲᠠ ᠬᠢᠭᠰᠡᠨ᠎ᠨᠢ ᠡᠨᠡ ᠠᠵᠤᠭᠤ᠄ ᠴᠢᠨ ᠤᠯᠤᠰ᠎ᠠᠴᠠ ᠨᠠᠭ᠋ᠠᠰᠢ ᠴᠠᠭ᠋ᠠᠨ ᠬᠡᠷᠡᠮ᠎ᠢ ᠵᠠᠰᠠᠭᠰᠠᠨ᠎ᠠᠴᠠ ᠠᠪᠤᠭ᠋ᠠᠳ᠂ ᠬᠠᠨ᠂ ᠲᠠᠩ᠂ ᠰᠦᠩ ᠪᠠᠰᠠ ᠦᠷᠭᠦᠯᠵᠢ ᠵᠠᠰᠠᠭᠰᠠᠨ ᠠᠪᠠᠴᠤ ᠬᠢᠯᠢ ᠵᠢᠨ ᠭᠠᠮᠰᠢᠭ ᠥᠯᠦ ᠲᠠᠰᠤᠷᠠᠵᠤᠬᠤᠢ᠃ ᠮᠢᠩ ᠤᠯᠤᠰ ᠴᠠᠭ᠋ᠠᠨ ᠬᠡᠷᠡᠮ᠎ᠢ ᠵᠠᠰᠠᠯ᠎ᠠ ᠴᠤ᠌ ᠭᠡᠰᠡᠨ ᠳᠠᠢ᠌ᠴᠢᠩ ᠤᠯᠤᠰ᠎ᠤᠨ ᠪᠣᠭᠣᠮᠲᠠ ᠳᠠᠪᠠᠬᠤ ᠵᠢ ᠬᠣᠷᠢᠭᠯᠠᠵᠤ ᠳᠡᠢ᠌ᠯᠦᠭᠡ ᠦᠭᠡᠢ᠂ ᠤᠯᠤᠰ᠎ᠢ ᠰᠠᠬᠢᠬᠤ ᠤᠷ᠎ᠠ ᠮᠡᠷᠭᠡᠵᠢᠯ ᠵᠥᠪᠬᠡᠨ ᠰᠤᠷᠲᠠᠯ᠎ᠢ ᠵᠠᠰᠠᠵᠤ ᠠᠷᠠᠳ᠎ᠢ ᠠᠮᠤᠷᠵᠢᠭᠤᠯᠬᠤ᠎ᠳᠤᠷ ᠠᠮᠤᠢ᠃ ᠠᠷᠠᠳ ᠪᠠᠶᠠᠰᠴᠤ᠂ ᠰᠠᠭᠤᠷᠢ ᠪᠡᠬᠢᠵᠢᠨ ᠤᠯᠤᠰ ᠠᠮᠤᠭᠤᠯᠠᠩ ᠪᠣᠯᠪᠠᠰᠤ ᠬᠢᠯᠢ ᠬᠢᠵᠠᠭ᠋ᠠᠷ ᠠᠶᠠᠨᠳᠠᠭ᠋ᠠᠨ ᠲᠣᠭᠲᠠᠪᠤᠷᠢᠵᠢᠵᠤᠬᠤᠢ᠃ ᠡᠨᠡ ᠦᠭᠡ ᠡᠩᠬᠡ ᠠᠮᠤᠭᠤᠯᠠᠩ᠎ᠤᠨ ᠨᠤᠲᠤᠭ ᠳᠡᠪᠢᠰᠬᠡᠷ᠎ᠤᠨ ᠳᠠᠪᠰᠢᠩᠭᠤᠢ ᠦᠵᠡᠯᠲᠡ᠂ ᠳᠤᠮᠳᠠᠳᠤ ᠬᠠᠷᠢ ᠵᠢᠨ ᠦᠵᠡᠯᠲᠡ᠂ ᠠᠷᠠᠳ ᠵᠶ᠋ᠠᠷ ᠦᠨᠳᠦᠰᠦ ᠪᠣᠯᠭ᠋ᠠᠬᠤ ᠦᠵᠡᠯᠲᠡ ᠵᠢ ᠲᠤᠰᠬᠠᠵᠤ ᠪᠠᠢ᠌ᠭ᠎ᠠ ᠶᠤᠮ᠃ ᠴᠠᠭ᠋ᠠᠨ ᠬᠡᠷᠡᠮ ᠠᠬᠢᠭ᠋ᠠᠳ ᠬᠢᠯᠢ ᠬᠢᠵᠠᠭ᠋ᠠᠷ ᠪᠣᠯᠣᠨ ᠳᠤᠮᠳᠠᠳᠤ ᠵᠢᠨ ᠵᠠᠭ᠋ᠠᠭ ᠱᠤᠭᠤᠮ ᠪᠢᠰᠢ ᠪᠣᠯᠵᠤ᠂ ᠠᠬᠢᠭ᠋ᠠᠳ ᠮᠥᠨ ᠬᠠᠷᠢ ᠦᠨᠳᠦᠰᠦᠲᠡᠨ ᠪᠣᠯᠣᠨ ᠬᠤᠸᠠᠰᠢᠶᠠ ᠵᠢᠨ ᠢᠯᠭ᠋ᠠᠬᠤ ᠳᠡᠮᠲᠡᠭ ᠪᠢᠰᠢ ᠪᠣᠯᠣᠭ᠋ᠠᠳ ᠴᠠᠭ᠋ᠠᠨ ᠬᠡᠷᠡᠮ᠎ᠤᠨ ᠭᠠᠳᠠᠨ᠎ᠠ ᠳᠣᠲᠣᠨ᠎ᠠ ᠨᠢᠭᠡ ᠭᠡᠷ ᠪᠣᠯᠵᠤ ᠬᠤᠪᠢᠷᠠᠪᠠ᠃ ᠴᠢᠩ᠎ᠤᠨ ᠦᠶ᠎ᠡ ᠵᠢᠨ ᠡᠨᠡ ᠬᠦ᠌ ᠶᠡᠬᠡ ᠨᠢᠭᠡᠳᠦᠯ᠎ᠤᠨ ᠦᠢ᠍ᠯᠡᠳᠦᠯᠭᠡ᠎ᠨᠢ ᠡᠮᠦᠨᠡᠬᠢ ᠦᠶ᠎ᠡ ᠵᠢᠨ 《ᠳᠤᠮᠳᠠᠳᠤ ᠬᠠᠷᠢ ᠵᠢᠨ ᠮᠠᠷᠭᠤᠭ᠋ᠠᠨ》᠎ᠤ ᠦᠵᠡᠯᠲᠡ᠎ᠠᠴᠠ ᠳᠠᠪᠰᠢᠯᠲᠠ᠎ᠲᠠᠢ ᠪᠣᠯᠣᠭᠰᠠᠨ ᠪᠠᠢ᠌ᠨ᠎ᠠ᠃

4.jpg     

       ▲ ᠰᠦᠷᠯᠢᠭ ᠭᠠᠢ᠌ᠬᠠᠮᠰᠢᠭᠲᠤ ᠪᠡᠭᠡᠵᠢᠩ᠎ᠤᠨ ᠬᠢᠯᠢ ᠵᠢᠨ ᠴᠠᠭ᠋ᠠᠨ ᠬᠡᠷᠡᠮ (ᠵᠢᠷᠤᠭ᠎ᠤᠨ ᠢᠷᠡᠯᠲᠡ᠄ ᠳᠤᠮᠳᠠᠳᠤ ᠤᠯᠤᠰ᠎ᠤᠨ ᠤᠯᠤᠰ᠎ᠤᠨ ᠭᠠᠵᠠᠷ ᠵᠦᠢ)
       《ᠶᠡᠬᠡ ᠨᠢᠭᠡᠳᠦᠯ᠎ᠤᠨ ᠪᠢᠴᠢᠭ》᠎ᠢ ᠨᠠᠢ᠌ᠷᠠᠭᠤᠯᠬᠤ ᠠᠵᠢᠯ᠎ᠨᠢ ᠶᠡᠬᠡ ᠨᠢᠭᠡᠳᠦᠯ᠎ᠤᠨ ᠵᠢᠯᠣᠭᠣᠳᠬᠤ ᠦᠵᠡᠯ ᠰᠠᠨᠠᠭ᠎ᠠ ᠵᠢ ᠪᠦᠷᠢᠨ ᠬᠠᠷᠠᠭᠤᠯᠤᠭᠰᠠᠨ ᠭᠡᠯᠲᠡᠢ᠃ ᠡᠩᠬᠡ ᠠᠮᠤᠭᠤᠯᠠᠩ᠎ᠤᠨ ᠲᠠᠪᠢᠨ ᠳᠦᠷᠪᠡᠳᠦᠭᠡᠷ ᠣᠨ (1715 ᠣᠨ)᠎ᠳᠤ᠂᠎ᠲᠠᠢ ᠬᠡᠦᠰᠢ ᠰᠦᠩ ᠵᠤ᠌ ᠵᠡᠷᠭᠡ ᠲᠦᠰᠢᠮᠡᠳ ᠠᠢ᠌ᠯᠠᠳᠬᠠᠯ ᠡᠷᠭᠦᠨ ᠬᠠᠯᠬ᠎ᠠ᠂ ᠥᠭᠡᠯᠡᠳ᠂ ᠲᠠᠩᠭᠤᠳ ᠪᠠᠨᠴᠠᠨ᠂ ᠳᠠᠯᠠᠢ ᠯᠠᠮ᠎ᠠ᠂ ᠬᠠᠮᠢᠯ ᠵᠡᠷᠭᠡ ᠭᠠᠵᠠᠷ᠂ ᠠᠯᠢᠪᠠ ᠤᠯᠠᠷᠢᠯ ᠬᠤᠪᠢᠰᠤᠯ᠂ ᠵᠠᠩ ᠦᠢ᠍ᠯᠡ᠂ ᠠᠭᠤᠯᠠ ᠮᠥᠷᠡᠨ᠂ ᠨᠤᠲᠤᠭ᠎ᠤᠨ ᠭᠠᠷᠤᠯᠲᠠ ᠵᠡᠷᠭᠡ ᠵᠢ ᠬᠠᠮᠲᠤ᠎ᠳᠤ᠎ᠨᠢ 《ᠶᠡᠬᠡ ᠨᠢᠭᠡᠳᠦᠯ᠎ᠤᠨ ᠪᠢᠴᠢᠭ》᠎ᠲᠤ ᠣᠷᠣᠭᠤᠯᠪᠠᠯ ᠵᠣᠬᠢᠨ᠎ᠠ ᠬᠡᠮᠡᠨ ᠱᠠᠭ᠋ᠠᠷᠳᠠᠪᠠ᠃ ᠡᠩᠬᠡ ᠠᠮᠤᠭᠤᠯᠠᠩ᠎ᠤᠨ ᠵᠢᠷᠠᠳᠤᠭ᠋ᠠᠷ ᠣᠨ (1721 ᠣᠨ)᠎ᠳᠤ᠂ 《ᠶᠡᠬᠡ ᠨᠢᠭᠡᠳᠦᠯ᠎ᠤᠨ ᠪᠢᠴᠢᠭ》᠎ᠤᠨ ᠠᠯᠪᠠᠨ ᠭᠡᠷ ᠬᠥᠬᠡᠨᠠᠭᠤᠷ᠂ ᠲᠥᠪᠡᠳ᠎ᠤᠨ ᠣᠢ᠌ᠯᠠᠯᠭ᠎ᠠ ᠵᠢᠨ ᠪᠢᠴᠢᠭ᠎ᠢ ᠨᠠᠢ᠌ᠷᠠᠭᠤᠯᠤᠨ ᠵᠣᠬᠢᠶᠠᠪᠠ᠃ ᠡᠢ᠌ᠮᠦᠷᠬᠦᠦ ᠴᠢᠩ ᠤᠯᠤᠰ᠎ᠤᠨ ᠨᠣᠶᠠᠷᠬᠠᠭᠴᠢᠳ ᠡᠬᠢᠯᠡᠵᠦ ᠨᠡᠯᠢᠶᠡᠳ ᠲᠣᠳᠣᠷᠬᠠᠢ ᠤᠯᠤᠰ᠎ᠤᠨ ᠨᠤᠲᠤᠭ ᠳᠡᠪᠢᠰᠬᠡᠷ᠎ᠤᠨ ᠤᠬᠠᠭᠳᠠᠬᠤᠨ᠎ᠲᠠᠢ ᠪᠣᠯᠵᠠᠢ᠃ ᠵᠢᠱ᠌ᠢᠶᠡᠯᠡᠪᠡᠯ᠂ ᠮᠣᠩᠭᠣᠯ᠂ ᠬᠤᠲᠤᠩ᠂ ᠲᠥᠪᠡᠳ ᠵᠡᠷᠭᠡ ᠭᠠᠵᠠᠷ᠎ᠢ ᠤᠯᠤᠰ᠎ᠤᠨ ᠨᠤᠲᠤᠭ ᠳᠡᠪᠢᠰᠬᠡᠷ᠎ᠤᠨ ᠡᠷᠬᠡ ᠮᠡᠳᠡᠯ᠎ᠢ ᠪᠡᠯᠭᠡᠳᠡᠭᠰᠡᠨ 《ᠶᠡᠬᠡ ᠨᠢᠭᠡᠳᠦᠯ᠎ᠤᠨ ᠪᠢᠴᠢᠭ》᠎ᠲᠤ ᠣᠷᠣᠭᠤᠯᠤᠭᠰᠠᠨ ᠪᠣᠯ ᠡᠳᠡᠭᠡᠷ ᠭᠠᠵᠠᠷ ᠳᠤᠮᠳᠠᠳᠤ ᠤᠯᠤᠰ᠎ᠤᠨ ᠨᠤᠲᠤᠭ ᠳᠡᠪᠢᠰᠬᠡᠷ᠎ᠤᠨ ᠰᠠᠯᠵᠤ ᠪᠣᠯᠣᠰᠢ ᠦᠭᠡᠢ ᠨᠢᠭᠡᠨ ᠭᠡᠰᠡᠭ ᠭᠡᠰᠡᠨ᠎ᠢ ᠢᠯᠡᠷᠬᠡᠢ᠌ᠯᠡᠵᠦ ᠪᠠᠢ᠌ᠭ᠎ᠠ ᠶᠤᠮ᠃
      ᠨᠠᠢ᠌ᠷᠠᠯᠲᠤ ᠲᠥᠪ᠂ ᠲᠡᠭᠷᠢ ᠲᠡᠳᠬᠦᠭᠴᠢ ᠵᠠᠯᠭ᠋ᠠᠵᠤ ᠨᠠᠢ᠌ᠷᠠᠭᠤᠯᠤᠭᠰᠠᠨ ᠪᠠ ᠵᠢᠷᠭᠤᠭ᠎ᠠ ᠨᠡᠢ᠌ᠯᠡᠵᠦ ᠨᠢᠭᠡ ᠭᠡᠷ ᠪᠣᠯᠣᠭᠰᠠᠨ᠎ᠨᠢ
      ᠨᠠᠢ᠌ᠷᠠᠯᠲᠤ ᠲᠥᠪ ᠶᠡᠬᠡ ᠣᠷᠣᠨ᠎ᠳᠤ ᠰᠠᠭᠤᠮᠠᠭᠴᠠ᠂ 《ᠶᠡᠬᠡ ᠨᠢᠭᠡᠳᠦᠯ᠎ᠤᠨ ᠪᠢᠴᠢᠭ》᠎ᠢ ᠨᠠᠢ᠌ᠷᠠᠭᠤᠯᠬᠤ ᠢᠨᠵᠸᠨᠸᠷᠢᠩ᠎ᠢ ᠳᠠᠬᠢᠨᠲᠠ ᠦᠳᠲᠡᠷ ᠲᠦᠷᠭᠡᠨ ᠡᠬᠢᠯᠡᠭᠦᠯᠵᠦ᠂ ᠨᠠᠢ᠌ᠷᠠᠯᠲᠤ ᠲᠥᠪ᠎ᠤᠨ ᠭᠤᠷᠪᠠᠳᠤᠭ᠋ᠠᠷ ᠣᠨ (1725 ᠣᠨ) ᠨᠠᠢ᠌ᠷᠠᠭᠤᠯᠬᠤ ᠠᠵᠢᠯ᠎ᠤᠨ ᠠᠬᠢᠴᠠ ᠵᠢ ᠳᠡᠭᠡᠭᠰᠢᠯᠡᠬᠦᠯᠬᠦ ᠵᠢᠨ ᠲᠥᠯᠥᠭᠡ᠂ ᠪᠠᠰᠠ ᠲᠤᠰᠬᠠᠢ ᠵᠠᠷᠯᠢᠭ ᠪᠠᠭᠤᠯᠭ᠋ᠠᠨ᠂ ᠬᠢᠨᠠᠮᠠᠭ᠋ᠠᠢ᠎ᠪᠠᠷ ᠮᠡᠷᠭᠡᠨ ᠲᠦᠰᠢᠮᠡᠯ᠎ᠢ ᠰᠣᠩᠭᠣᠨ ᠶᠡᠬᠡ ᠨᠢᠭᠡᠳᠦᠯ᠎ᠤᠨ ᠠᠯᠪᠠᠨ ᠭᠡᠷ᠎ᠢ ᠳᠠᠬᠢᠵᠤ ᠪᠠᠢ᠌ᠭᠤᠯᠵᠠᠢ᠃ ᠨᠠᠢ᠌ᠷᠠᠯᠲᠤ ᠲᠥᠪ ᠪᠠᠰᠠ ᠦᠷᠭᠦᠯᠵᠢ ᠥᠪᠡᠷ᠎ᠤᠨ ᠪᠡᠶ᠎ᠡ᠎ᠪᠠᠷ ᠵᠶ᠋ᠡᠨ ᠡᠯ᠎ᠡ ᠮᠤᠵᠢ᠎ᠠᠴᠠ ᠢᠷᠡᠭᠰᠡᠨ ᠨᠡᠪᠲᠡᠷᠬᠡᠢ ᠣᠢ᠌ᠯᠠᠯᠭ᠎ᠠ ᠵᠢ ᠪᠠᠢ᠌ᠴᠠᠭ᠋ᠠᠨ ᠦᠵᠡᠳᠡᠭ᠃ ᠭᠤᠸᠠᠩᠰᠢ ᠵᠢᠨ ᠴᠠᠨ᠎ᠠ ᠨᠣᠶᠠᠨ ᠯᠢ ᠹᠦ᠋ ᠵᠢᠨ ᠨᠠᠢ᠌ᠷᠠᠭᠤᠯᠤᠭᠰᠠᠨ 《ᠭᠤᠸᠠᠩᠰᠢ ᠵᠢᠨ ᠨᠡᠪᠲᠡᠷᠬᠡᠢ ᠣᠢ᠌ᠯᠠᠯᠭ᠎ᠠ》᠎ᠳᠤ ᠨᠠᠢ᠌ᠷᠠᠯᠲᠤ ᠲᠥᠪ ᠮᠠᠰᠢ ᠬᠠᠨᠤᠮᠵᠢ ᠦᠭᠡᠢ ᠪᠠᠢ᠌ᠵᠤ᠂ ᠵᠠᠷᠯᠢᠭ ᠪᠠᠭᠤᠯᠭ᠋ᠠᠨ ᠳᠠᠬᠢᠵᠤ ᠨᠠᠢ᠌ᠷᠠᠭᠤᠯᠤᠭᠰᠠᠨ ᠶᠤᠮ᠃ ᠲᠥᠷᠥ᠎ᠠᠴᠠ ᠳᠠᠬᠢᠨ ᠳᠠᠪᠲᠠᠨ ᠬᠢᠨᠠᠨ ᠱᠠᠭ᠋ᠠᠷᠳᠠᠭᠰᠠᠨ᠎ᠤ ᠦᠷ᠎ᠡ ᠳ᠋ᠦᠩ᠎ᠳᠤ ᠡᠯ᠎ᠡ ᠮᠤᠵᠢ ᠬᠣᠢ᠌ᠨ᠎ᠠ ᠬᠣᠢ᠌ᠨ᠎ᠠ᠎ᠠᠴᠠ᠎ᠪᠠᠨ ᠣᠢ᠌ᠯᠠᠯᠭ᠎ᠠ ᠵᠢᠨ ᠳᠣᠪᠴᠢᠶ᠎ᠠ ᠪᠠᠢ᠌ᠭᠤᠯᠵᠤ᠂ ᠡᠯ᠎ᠡ ᠭᠠᠵᠠᠷ᠎ᠤᠨ ᠣᠢ᠌ᠯᠠᠯᠭ᠎ᠠ ᠵᠢ ᠨᠠᠢ᠌ᠷᠠᠭᠤᠯᠬᠤ ᠠᠵᠢᠯ ᠢᠳᠡᠭ ᠢᠳᠡᠭ ᠵᠶ᠋ᠡᠷ ᠰᠠᠢ᠌ᠵᠢᠷᠠᠵᠤ ᠡᠬᠢᠯᠡᠭᠡᠳ᠂ ᠡᠯ᠎ᠡ ᠮᠤᠵᠢ ᠵᠢᠨ ᠨᠡᠪᠲᠡᠷᠬᠡᠢ ᠣᠢ᠌ᠯᠠᠯᠭ᠎ᠠ ᠵᠠᠯᠭ᠋ᠠᠭ᠎ᠠ᠎ᠪᠠᠷ ᠡᠷᠭᠦᠨ ᠳᠡᠪᠰᠢᠭᠦᠯᠦᠭᠳᠡᠵᠡᠢ᠃
      ᠨᠠᠶ᠋ᠢᠷᠠᠯᠲᠤ ᠲᠥᠪ ᠬᠠᠭ᠋ᠠᠨ ᠮᠠᠨᠵᠤ ᠬᠢᠲᠠᠳ ᠪᠢᠴᠢᠭ᠎ᠤᠨ ᠬᠥᠮᠦᠨ᠎ᠢ 《ᠳᠤᠮᠳᠠᠳᠤ ᠬᠠᠷᠢ ᠵᠢᠨ ᠮᠠᠷᠭᠤᠭ᠋ᠠᠨ》᠎ᠠᠴᠠ ᠭᠠᠷᠭ᠋ᠠᠬᠤ ᠵᠢᠨ ᠲᠥᠯᠥᠭᠡ᠂ ᠲᠤᠰᠬᠠᠶ᠋ᠢᠯᠠᠨ 《ᠳ᠋ᠠ ᠢ ᠵᠢᠤᠸᠠᠢ ᠮᠢ ᠪᠢᠴᠢᠭ》᠎ᠢ ᠲᠤᠭᠤᠷᠪᠢᠵᠤ 《ᠳᠤᠮᠳᠠᠳᠤ ᠬᠠᠷᠢ ᠨᠢᠭᠡ ᠭᠡᠷ》᠎ᠤᠨ ᠣᠨᠣᠯ᠎ᠢ ᠲᠣᠳᠣᠷᠬᠠᠶ᠋ᠢᠯᠠᠨ ᠥᠭᠦᠯᠡᠪᠡ᠃ ᠲᠡᠷᠡ᠄ ᠳᠤᠮᠳᠠᠳᠤ ᠬᠠᠷᠢ ᠵᠢᠨ ᠶᠡᠬᠡ ᠨᠢᠭᠡᠳᠦᠯ᠎ᠢ ᠪᠡᠶᠡᠯᠡᠭᠦᠯᠡᠬᠦ᠎ᠳᠤ ᠶᠣᠰᠣ ᠰᠤᠷᠲᠠᠬᠤᠨ᠎ᠲᠠᠢ᠎ᠨᠢ ᠦᠯᠡᠳᠡᠵᠦ᠂ ᠶᠣᠰᠣ ᠰᠤᠷᠲᠠᠬᠤᠨ ᠦᠭᠡᠢ᠎ᠨᠢ ᠠᠶᠠᠨᠳᠠᠭ᠋ᠠᠨ ᠲᠠᠶᠠᠭᠳᠠᠵᠤᠬᠤᠢ᠂ ᠡᠨᠡ᠎ᠨᠢ ᠦᠨᠳᠦᠰᠦᠲᠡᠨ᠎ᠲᠠᠢ ᠬᠠᠮᠢᠶ᠎ᠠ ᠦᠭᠡᠢ᠂ ᠮᠠᠨᠵᠤ ᠬᠡᠳᠦᠶ᠋ᠢᠪᠡᠷ 《ᠬᠠᠷᠢ》 ᠪᠣᠯᠪᠠᠴᠤ ᠵᠥᠪᠬᠡᠨ ᠭᠠᠵᠠᠷ ᠵᠦᠶ ᠣᠷᠣᠨ ᠪᠠᠶ᠋ᠢᠷᠢ ᠵᠢᠨ ᠤᠬᠠᠭᠳᠠᠬᠤᠨ ᠲᠡᠳᠦᠶ ᠶᠤᠮ᠃ ᠮᠣᠩᠭᠣᠯ᠂ ᠲᠥᠪᠡᠳ ᠵᠢᠴᠢ ᠪᠤᠰᠤᠳ ᠴᠥᠭᠡᠨ ᠲᠣᠭ᠋ᠠᠲᠤ ᠦᠨᠳᠦᠰᠦᠲᠡᠨ ᠴᠥᠮ ᠵᠶ᠋ᠠᠷ ᠵᠶ᠋ᠠᠨ ᠳᠤᠮᠳᠠᠳᠤ ᠵᠢᠨ ᠦᠨᠳᠦᠰᠦᠲᠡᠨ᠎ᠤ ᠨᠢᠭᠡ᠎ᠨᠢ ᠶᠤᠮ ᠭᠡᠪᠡ᠃ ᠢᠩᠬᠢᠭᠡᠳ ᠳᠤᠮᠳᠠᠳᠤ ᠬᠠᠷᠢ ᠵᠢᠨ ᠶᠡᠬᠡ ᠨᠢᠭᠡᠳᠦᠯ᠎ᠨᠢ ᠨᠠᠶ᠋ᠢᠷᠠᠯᠲᠤ ᠲᠥᠪ᠎ᠤᠨ ᠲᠥᠷᠥ ᠵᠢᠨ 《ᠶᠡᠬᠡ ᠨᠢᠭᠡᠳᠦᠯ᠎ᠤᠨ ᠪᠢᠴᠢᠭ》᠎ᠢ ᠨᠠᠶ᠋ᠢᠷᠠᠭᠤᠯᠤᠨ ᠵᠠᠰᠠᠬᠤ ᠠᠵᠢᠯ᠎ᠤᠨ ᠬᠠᠮᠤᠭ ᠳᠡᠭᠡᠳᠦ ᠬᠥᠲᠥᠯᠪᠦᠷᠢ ᠪᠣᠯᠵᠠᠢ᠃ ᠨᠠᠶ᠋ᠢᠷᠠᠯᠲᠤ ᠲᠥᠪ ᠨᠠᠰᠤ ᠨᠥᠭᠴᠢᠭᠰᠡᠨ᠎ᠤ ᠳᠠᠷᠠᠭ᠎ᠠ᠂ ᠲᠩᠷᠢ ᠲᠡᠳᠬᠦᠭᠴᠢ ᠬᠠᠭ᠋ᠠᠨ ᠲᠡᠭᠦᠨ᠎ᠤ ᠬᠢᠵᠦ ᠳᠠᠭᠤᠰᠤᠭ᠎ᠠ ᠦᠭᠡᠶ ᠠᠵᠢᠯ᠎ᠢ ᠦᠷᠭᠦᠯᠵᠢᠯᠡᠭᠦᠯᠵᠡᠢ᠃ ᠲᠩᠷᠢ ᠲᠡᠳᠬᠦᠭᠴᠢ ᠵᠢᠨ ᠨᠠᠢ᠍ᠮᠠᠳᠤᠭ᠋ᠠᠷ ᠣᠨ (1743 ᠣᠨ)᠎ᠳᠤ 《ᠳᠠᠶ᠋ᠢᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》᠎ᠢ ᠪᠢᠴᠢᠵᠦ ᠳᠠᠭᠤᠰᠬᠠᠭ᠋ᠠᠳ ᠳᠠᠷᠠᠭ᠎ᠠ ᠵᠢᠯ᠎ᠨᠢ ᠲᠠᠷᠬᠠᠭ᠋ᠠᠨ ᠨᠡᠢ᠍ᠲᠡᠯᠠᠪᠡ᠃ ᠴᠢᠩ ᠤᠯᠤᠰ᠎ᠤᠨ ᠦᠶ᠎ᠡ ᠵᠢᠨ ᠠᠩᠬᠠᠨ᠎ᠤ ᠨᠢᠭᠡ ᠢᠵᠢ 《ᠳᠠᠶ᠋ᠢᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》᠎ᠢ ᠨᠠᠶ᠋ᠢᠷᠠᠭᠤᠯᠤᠨ ᠪᠢᠴᠢᠬᠦ ᠠᠵᠢᠯ ᠡᠨᠡ ᠮᠡᠲᠦ᠎ᠪᠠᠷ ᠲᠡᠭᠦᠰ ᠠᠮᠵᠢᠯᠲᠠ᠎ᠲᠠᠢ᠎ᠪᠠᠷ ᠳᠠᠭᠤᠰᠪᠠ᠃
      ᠲᠩᠷᠢ ᠲᠡᠳᠬᠦᠭᠴᠢ ᠵᠢᠨ ᠬᠣᠷᠢ ᠶᠢᠰᠦᠳᠦᠭᠡᠷ ᠣᠨ (1764 ᠣᠨ)᠎ᠳᠤ᠂ ᠲᠩᠷᠢ ᠲᠡᠳᠬᠦᠭᠴᠢ ᠬᠠᠭ᠋ᠠᠨ᠎ᠠᠴᠠ ᠴᠡᠷᠢᠭ᠎ᠤᠨ ᠲᠤᠬᠠᠢ ᠵᠢᠨ ᠭᠠᠵᠠᠷ᠎ᠲᠤ 《ᠶᠡᠬᠡ ᠨᠢᠭᠡᠳᠦᠯ᠎ᠤᠨ ᠪᠢᠴᠢᠭ》᠎ᠢ ᠵᠠᠯᠭ᠋ᠠᠨ ᠨᠠᠢ᠌ᠷᠠᠭᠤᠯᠬᠤ ᠵᠠᠷᠯᠢᠭ ᠪᠠᠭᠤᠯᠭ᠋ᠠᠵᠠᠶ᠃ ᠡᠨᠡ ᠦᠶ᠎ᠡ᠎ᠳᠤ 《ᠶᠡᠬᠡ ᠨᠢᠭᠡᠳᠦᠯ᠎ᠤᠨ ᠪᠢᠴᠢᠭ》᠎ᠢ ᠠᠩᠬ᠎ᠠ ᠡᠬᠢᠯᠡᠭᠦᠯᠵᠦ ᠪᠢᠴᠢᠭᠰᠡᠨ᠎ᠠᠴᠠ ᠨᠠᠭ᠋ᠠᠰᠢ ᠨᠢᠭᠡᠨᠲᠡ ᠬᠣᠷᠢᠭ᠋ᠠᠳ ᠢᠯᠡᠭᠦᠦ ᠵᠢᠯ ᠪᠣᠯᠣᠭᠰᠠᠨ ᠠᠲᠠᠯ᠎ᠠ᠂ ᠲᠩᠷᠢ ᠲᠡᠳᠬᠦᠭᠴᠢ ᠬᠠᠭ᠋ᠠᠨ ᠶᠠᠭᠤᠨ᠎ᠳᠤ ᠡᠨᠡ ᠮᠡᠲᠦ ᠶᠡᠬᠡ ᠬᠦᠴᠦ ᠵᠠᠷᠤᠴᠠᠭᠤᠯᠵᠤ᠂ ᠡᠨᠡ ᠬᠦ᠌ ᠮᠤᠨᠳᠠᠭ ᠶᠡᠬᠡ ᠢᠨᠵᠧᠨᠧᠷᠢᠩ᠎ᠢ ᠳᠠᠬᠢᠨ ᠡᠬᠢᠯᠡᠭᠦᠯᠦᠭᠰᠡᠨ ᠪᠤᠶ? ᠡᠨᠡ ᠦᠶ᠎ᠡ᠎ᠳᠤ ᠪᠠᠷᠠᠭᠤᠨ ᠡᠮᠦᠨᠡᠲᠦ ᠵᠢᠨ ᠠᠶ᠋ᠢᠮᠠᠭ᠎ᠤᠳ᠎ᠤᠨ ᠨᠣᠶᠠᠳ ᠬᠣᠶ᠋ᠢᠨ᠎ᠠ ᠬᠣᠶ᠋ᠢᠨ᠎ᠠ᠎ᠠᠴᠠ᠎ᠪᠠᠨ ᠨᠡᠢ᠌ᠯᠡᠷ᠎ᠡ ᠢᠷᠡᠵᠦ᠂ ᠨᠢᠭᠡᠳᠦᠭᠰᠡᠨ ᠣᠯᠠᠨ ᠦᠨᠳᠦᠰᠦᠲᠡᠨ᠎ᠲᠠᠢ ᠤᠯᠤᠰ ᠪᠡᠬᠢᠵᠢᠨ ᠬᠥᠭᠵᠢᠪᠡ᠃ ᠨᠡᠩ ᠴᠢᠬᠤᠯᠠ᠎ᠨᠢ ᠲᠩᠷᠢ ᠲᠡᠳᠬᠦᠭᠴᠢ ᠵᠢᠨ ᠦᠶ᠎ᠡ᠎ᠳᠤ ᠵᠦᠩᠭ᠋ᠠᠷ᠎ᠢ ᠨᠢᠭᠡᠳᠬᠡᠬᠦ ᠡᠴᠦᠰ᠎ᠤᠨ ᠢᠯᠠᠯᠲᠠ ᠣᠯᠤᠭᠰᠠᠨ ᠶᠠᠪᠤᠳᠠᠯ ᠪᠣᠯᠤᠨ᠎ᠠ᠃ ᠡᠩᠬᠡ ᠠᠮᠤᠭᠤᠯᠠᠩ᠎ᠤᠨ ᠦᠶ᠎ᠡ᠎ᠳᠤ᠂ ᠵᠦᠩᠭ᠋ᠠᠷ ᠠᠢ᠌ᠮᠠᠭ ᠲᠩᠷᠢ ᠠᠭᠤᠯᠠ ᠵᠢᠨ ᠥᠷᠭᠡᠨ ᠠᠭᠤᠳᠠᠮ ᠨᠤᠲᠤᠭ ᠳᠡᠪᠢᠰᠭᠡᠷ᠎ᠢ ᠡᠵᠡᠯᠡᠨ ᠰᠠᠭᠤᠵᠤ᠂ ᠲᠥᠪᠡᠳ᠂ ᠮᠣᠩᠭᠣᠯ᠎ᠢ ᠲᠦᠷᠢᠮᠡᠬᠡᠢ᠌ᠯᠡᠬᠦ᠎ᠪᠠᠷ ᠦᠯᠦ ᠪᠠᠷᠠᠮ᠂ ᠴᠠᠭ᠋ᠠᠰᠢᠯᠠᠭ᠋ᠠᠳ ᠬᠠᠭ᠋ᠠᠨᠲᠤ ᠣᠷᠣᠰ᠎ᠲᠠᠢ ᠰᠦᠯᠪᠡᠭᠡᠯᠳᠦᠵᠦ᠂ ᠡᠬᠡ ᠤᠯᠤᠰ᠎ᠢ ᠬᠠᠭ᠋ᠠᠴᠠᠭᠤᠯᠬᠤ᠎ᠪᠠᠷ ᠰᠠᠨᠠᠭ᠋ᠠᠰᠢᠷᠠᠵᠤ ᠪᠠᠢ᠌ᠵᠠᠢ᠃ ᠡᠩᠬᠡ ᠠᠮᠤᠭᠤᠯᠠᠩ᠂ ᠨᠠᠶ᠋ᠢᠷᠠᠯᠲᠤ ᠲᠥᠪ ᠬᠣᠶᠠᠷ ᠲᠦᠷᠦ ᠵᠢᠨ ᠦᠶ᠎ᠡ᠎ᠳᠤ ᠤᠯᠠᠨ ᠤᠳᠠᠭ᠎ᠠ ᠭᠣᠪᠢ ᠵᠢᠨ ᠠᠷᠤ᠂ ᠬᠥᠬᠡᠨᠠᠭᠤᠷ᠂ ᠲᠥᠪᠡᠳ ᠵᠡᠷᠭᠡ ᠭᠠᠵᠠᠷ᠎ᠲᠤ ᠴᠡᠷᠢᠭ ᠲᠣᠮᠢᠯᠠᠵᠤ ᠵᠦᠩᠭ᠋ᠠᠷ ᠠᠢ᠌ᠮᠠᠭ᠎ᠤᠨ ᠬᠦᠴᠦᠨ᠎ᠳᠤ ᠴᠣᠬᠢᠯᠲᠠ ᠥᠭᠭᠦᠭᠰᠡᠨ ᠪᠣᠯᠪᠠᠴᠤ ᠵᠦᠩᠭ᠋ᠠᠷ ᠠᠢ᠌ᠮᠠᠭ ᠮᠥᠨ ᠯᠡ ᠪᠠᠷᠠᠭᠤᠨ ᠬᠢᠵᠠᠭ᠋ᠠᠷ᠎ᠢ ᠡᠵᠡᠯᠡᠨ ᠰᠠᠭᠤᠵᠤ᠂ ᠬᠢᠯᠢ ᠬᠢᠵᠠᠭ᠋ᠠᠷ᠎ᠢ ᠪᠤᠰᠠᠨᠢᠭᠤᠯᠵᠤ ᠪᠠᠢ᠌ᠯ᠎ᠠ᠃ ᠡᠶ᠋ᠢᠮᠦ᠎ᠠᠴᠠ ᠡᠩᠬᠡ ᠠᠮᠤᠭᠤᠯᠠᠩ᠎ᠤᠨ ᠡᠬᠢᠨ᠎ᠤ ᠦᠶ᠎ᠡ ᠵᠢᠨ 《ᠶᠡᠬᠡ ᠨᠢᠭᠡᠳᠦᠯ᠎ᠤᠨ ᠪᠢᠴᠢᠭ》᠎ᠨᠢ ᠬᠠᠮᠢᠯ᠎ᠠᠴᠠ ᠪᠠᠷᠠᠭᠤᠨᠰᠢᠬᠢ ᠥᠷᠭᠡᠨ ᠠᠭᠤᠳᠠᠮ ᠭᠠᠵᠠᠷ ᠨᠤᠲᠤᠭ᠎ᠢ ᠪᠠᠭᠲᠠᠭ᠋ᠠᠵᠤ ᠴᠢᠳᠠᠭᠰᠠᠨ ᠦᠭᠡᠢ ᠪᠠᠢ᠌ᠵᠠᠢ᠃
      ᠲᠩᠷᠢ ᠲᠡᠳᠬᠦᠭᠴᠢ ᠵᠢᠨ ᠦᠶ᠎ᠡ᠎ᠳᠤ᠂ ᠵᠦᠩᠭ᠋ᠠᠷ ᠠᠢ᠌ᠮᠠᠭ ᠬᠠᠭ᠋ᠠᠨ ᠰᠠᠭᠤᠷᠢᠨ᠎ᠢ ᠪᠤᠯᠢᠶᠠᠯᠳᠤᠭᠰᠠᠨ᠎ᠠᠴᠠ ᠪᠤᠯᠵᠤ ᠳᠣᠲᠣᠭ᠋ᠠᠳᠤ ᠵᠢᠨ ᠬᠢᠮᠤᠷᠠᠯ ᠡᠭᠦᠰᠦᠭᠰᠡᠨ᠎ᠳᠤ᠂ ᠲᠩᠷᠢ ᠲᠡᠳᠬᠦᠭᠴᠢ ᠡᠷᠡᠰ ᠰᠢᠭᠤᠷᠬᠠᠶ᠎ᠪᠠᠷ ᠴᠡᠷᠢᠭ ᠲᠣᠮᠢᠯᠠᠵᠤ᠂ ᠲᠦᠷᠪᠡᠨ ᠵᠢᠯ᠎ᠤᠨ ᠬᠤᠭᠤᠴᠠᠭ᠋ᠠᠨ᠎ᠳᠤ ᠵᠦᠩᠭ᠋ᠠᠷ᠎ᠤᠨ ᠬᠡᠰᠡᠭᠯᠡᠨ ᠡᠵᠡᠯᠡᠭᠰᠡᠨ ᠵᠠᠰᠠᠭ᠎ᠤᠨ ᠦᠯᠡᠳᠡᠭᠳᠡᠯ ᠬᠦᠴᠦᠨ᠎ᠢ ᠲᠤᠶ᠋ᠢᠯᠪᠤᠷᠢᠲᠠᠶ ᠤᠰᠠᠳᠬᠠᠪᠠ᠃ ᠡᠨᠡ ᠤᠳᠠᠭ᠋ᠠᠨ᠎ᠤ ᠳᠠᠢ᠌ᠨ᠎ᠨᠢ ᠦᠷ᠎ᠡ ᠪᠦᠲᠦᠭᠡᠯ ᠵᠶ᠋ᠠᠷ ᠡᠯᠪᠡᠭ ᠳᠡᠯᠪᠡᠭ᠂ 《ᠬᠣᠶᠠᠷ ᠲᠦᠮᠡ ᠢᠯᠡᠭᠦᠦ ᠭᠠᠵᠠᠷ᠎ᠢ ᠲᠡᠯᠡᠨ ᠥᠷᠭᠡᠳᠭᠡᠭᠡᠳ》᠂ ᠬᠠᠨ᠂ ᠲᠠᠩ᠎ᠠᠴᠠ ᠨᠠᠭ᠋ᠠᠰᠢᠬᠢ ᠲᠩᠷᠢ ᠠᠭᠤᠯᠠ ᠵᠢᠨ ᠡᠮᠦᠨ᠎ᠡ ᠤᠮᠠᠷ᠎ᠠ ᠵᠠᠮ᠎ᠢ ᠵᠠᠰᠠᠬᠤ ᠡᠷᠬᠡ ᠵᠢ ᠪᠦᠷᠢᠮᠦᠰᠦᠨ ᠰᠡᠷᠭᠦᠭᠡᠵᠦ ᠴᠢᠳᠠᠵᠠᠢ᠃ ᠲᠩᠷᠢ ᠲᠡᠳᠬᠦᠭᠴᠢ ᠬᠠᠭ᠋ᠠᠨ ᠠᠯᠳᠠᠭ᠋ᠠᠳ ᠲᠠᠬᠢᠵᠤ ᠡᠨᠡ ᠬᠦ᠌ ᠤᠯᠤᠭᠰᠠᠨ ᠨᠤᠲᠤᠭ ᠳᠡᠪᠢᠰᠬᠡᠷ ᠵᠶ᠋ᠠᠨ 《ᠰᠢᠨᠵᠢᠶᠠᠩ》 (ᠰᠢᠨ᠎ᠡ ᠬᠢᠵᠠᠭ᠋ᠠᠷ) ᠭᠡᠵᠦ ᠨᠡᠷᠡᠯᠡᠭᠰᠡᠨ ᠪᠥᠭᠡᠳ ᠬᠥᠰᠢᠶ᠎ᠡ ᠪᠤᠰᠬᠠᠨ ᠳᠤᠷᠠᠰᠬᠠᠵᠠᠶ᠃ ᠲᠩᠷᠢ ᠲᠡᠳᠬᠦᠭᠴᠢ ᠵᠢᠨ ᠬᠤᠪᠢ᠎ᠳᠤ ᠰᠢᠨᠵᠢᠶᠠᠩ᠎ᠢ 《ᠶᠡᠬᠡ ᠨᠢᠭᠡᠳᠦᠯ᠎ᠤᠨ ᠪᠢᠴᠢᠭ》᠎ᠲᠤ ᠣᠷᠣᠭᠤᠯᠪᠠᠯ ᠵᠣᠬᠢᠨ᠎ᠠ ᠬᠡᠮᠡᠨ ᠦᠵᠡᠵᠦ ᠪᠠᠢ᠌ᠭᠰᠠᠨ ᠶᠤᠮ᠃

5.jpg     

      ▲ (ᠴᠢᠩ) ᠴᠢᠶᠠᠨ ᠸᠸᠢ ᠴᠸᠩ 《ᠵᠦᠩᠭ᠋ᠠᠷ᠎ᠢ ᠳᠥᠪᠰᠢᠳᠬᠡᠭᠰᠡᠨ ᠵᠢᠷᠤᠭ᠎ᠤᠨ ᠡᠪᠬᠡᠮᠡᠯ》 (ᠵᠢᠷᠤᠭ᠎ᠤᠨ ᠢᠷᠡᠯᠲᠡ᠄ ᠳᠤᠮᠳᠠᠳᠤ ᠤᠯᠤᠰ᠎ᠤᠨ ᠤᠯᠤᠰ᠎ᠤᠨ ᠮᠦᠽᠧᠢ)
      《ᠶᠡᠬᠡ ᠨᠢᠭᠡᠳᠦᠯ᠎ᠤᠨ ᠪᠢᠴᠢᠭ》᠎ᠢ ᠵᠠᠯᠭ᠋ᠠᠨ ᠨᠠᠢ᠌ᠷᠠᠭᠤᠯᠵᠤ᠂ ᠡᠯ᠎ᠡ ᠪᠣᠲᠢ ᠵᠢ᠎ᠨᠢ ᠡᠮᠬᠢᠯᠡᠨ ᠵᠢᠭᠰᠠᠭ᠋ᠠᠭ᠋ᠠᠳ ᠬᠡᠯᠪᠡᠷᠢ ᠮᠠᠶᠢᠭ᠎ᠢ᠎ᠨᠢ ᠨᠠᠷᠢᠨ ᠨᠢᠮᠪᠠᠶ ᠲᠥᠯᠥᠪᠯᠡᠵᠦ᠂ ᠲᠩᠷᠢ ᠲᠡᠳᠬᠦᠭᠴᠢ ᠬᠠᠭ᠋ᠠᠨ᠎ᠤ ᠦᠶ᠎ᠡ ᠵᠢᠨ ᠡᠵᠡᠨ ᠲᠦᠰᠢᠮᠡᠯ᠎ᠤᠨ ᠨᠤᠲᠤᠭ ᠳᠡᠪᠢᠰᠬᠡᠷ᠎ᠤᠨ ᠦᠵᠡᠯᠲᠡ ᠵᠢ ᠳᠣᠪᠣᠶ᠋ᠢᠯᠭ᠋ᠠᠭᠰᠠᠨ ᠶᠤᠮ᠃ ᠲᠡᠳᠡ 《ᠶᠡᠬᠡ ᠨᠢᠭᠡᠳᠦᠯ᠎ᠤᠨ ᠪᠢᠴᠢᠭ》᠎ᠢ ᠠᠩᠬ᠎ᠠ ᠵᠠᠰᠠᠭᠰᠠᠨ ᠰᠠᠭᠤᠷᠢᠨ ᠳᠡᠭᠡᠷ᠎ᠡ 《ᠪᠠᠷᠠᠭᠤᠨ ᠬᠢᠵᠠᠭ᠋ᠠᠷ᠎ᠤᠨ ᠰᠢᠨᠵᠢᠶᠠᠩ᠎ᠤᠨ ᠪᠦᠬᠦ ᠠᠢ᠌ᠮᠠᠭ》᠎ᠢ ᠨᠡᠮᠡᠨ ᠣᠷᠣᠭᠤᠯᠵᠤ᠂ 《ᠭᠠᠳᠠᠭ᠋ᠠᠳᠤ ᠮᠣᠩᠭᠣᠯ᠎ᠤᠨ ᠪᠦᠬᠦ ᠠᠢ᠌ᠮᠠᠭ》᠎ᠢ 《ᠰᠢᠨ᠎ᠡ ᠬᠠᠭᠤᠴᠢᠨ ᠮᠣᠩᠭᠣᠯ᠎ᠤᠨ ᠪᠦᠬᠦ ᠠᠢ᠌ᠮᠠᠭ》 ᠬᠡᠮᠡᠨ ᠥᠭᠡᠷᠡᠴᠢᠯᠡᠵᠡᠶ᠃ ᠡᠭᠦᠨ᠎ᠤ ᠬᠠᠮᠲᠤ᠂ ᠶᠡᠷᠦᠩᠬᠡᠢ ᠪᠣᠲᠢ ᠵᠢᠨ ᠠᠷᠤ᠎ᠳᠤ ᠳᠥᠷᠪᠡᠨ ᠪᠣᠲᠢ ᠨᠡᠮᠡᠵᠦ᠂ ᠠᠯᠪᠠ ᠪᠠᠷᠢᠵᠤ ᠪᠦᠬᠦᠢ ᠤᠯᠠᠨ ᠤᠯᠤᠰ᠎ᠢ ᠨᠠᠢ᠍ᠷᠠᠭᠤᠯᠤᠨ ᠤᠷᠤᠭᠤᠯᠤᠭ᠋ᠠᠳ᠂ ᠰᠣᠯᠣᠩᠭᠣᠰ᠂ ᠠᠨᠨᠠᠨ (ᠸᠢᠶᠧᠲᠨᠠᠮ)᠂ ᠣᠷᠣᠰ ᠵᠡᠷᠭᠡ ᠤᠯᠤᠰ᠎ᠢ ᠬᠢᠯᠢ ᠵᠢᠨ ᠭᠠᠳᠠᠨᠠᠬᠢ ᠤᠯᠤᠰ ᠬᠡᠮᠡᠨ ᠲᠣᠳᠣᠷᠬᠠᠶ ᠵᠢᠭ᠋ᠠᠨ ᠭᠠᠷᠭ᠋ᠠᠵᠤ᠂ ᠬᠢᠯᠢ ᠬᠢᠵᠠᠭ᠋ᠠᠷ ᠣᠷᠣᠨ᠎ᠠᠴᠠ ᠢᠯᠭ᠋ᠠᠪᠤᠷᠢᠯᠠᠵᠠᠶ᠃

6.jpg    

      ▲ 《ᠲᠡᠭᠷᠢ ᠲᠡᠳᠬᠦᠭᠴᠢ ᠵᠢᠨ ᠲᠣᠳᠣᠭ᠋ᠠᠳᠤ ᠣᠷᠳᠣᠨ᠎ᠤ ᠭᠠᠵᠠᠷ᠎ᠤᠨ ᠵᠢᠷᠤᠭ》 ᠭᠠᠤᠯᠢᠨ ᠬᠡᠪᠯᠡᠯ᠂ ᠡᠨᠡ ᠬᠦ᠌ ᠵᠢᠷᠤᠭ᠎ᠨᠢ 《ᠭᠠᠵᠠᠷ᠎ᠤᠨ ᠵᠢᠷᠤᠭ᠎ᠤᠨ ᠪᠦᠬᠦ ᠦᠵᠡᠮᠵᠢ ᠵᠢᠨ ᠵᠢᠷᠤᠭ》᠎ᠤᠨ ᠰᠠᠭᠤᠷᠢᠨ ᠳᠡᠭᠡᠷ᠎ᠡ᠂ ᠬᠠᠮᠢᠯ᠎ᠠᠴᠠ ᠪᠠᠷᠠᠭᠤᠨᠰᠢ ᠭᠠᠵᠠᠷ ᠣᠷᠣᠨ᠎ᠢ ᠣᠨᠣᠪᠴᠢᠲᠠᠢ ᠪᠣᠳᠠᠲᠠᠢ ᠬᠡᠮᠵᠢᠨ ᠵᠢᠷᠤᠭᠯᠠᠵᠠᠢ᠃ (ᠵᠢᠷᠤᠭ᠎ᠤᠨ ᠢᠷᠡᠯᠲᠡ᠄ ᠬᠠᠭ᠋ᠠᠨ᠎ᠤ ᠣᠷᠳᠣᠨ᠎ᠤ ᠮᠦᠽᠧᠢ)
       ᠬᠡᠷᠪᠡ ᠡᠩᠬᠡ ᠠᠮᠤᠭᠤᠯᠠᠩ᠎ᠤᠨ ᠡᠬᠢᠨ᠎ᠤ ᠦᠶ᠎ᠡ᠎ᠳᠤ 《ᠶᠡᠬᠡ ᠨᠢᠭᠡᠳᠦᠯ ᠵᠢᠨ ᠪᠢᠴᠢᠭ》᠎ᠢ ᠨᠠᠢ᠍ᠷᠠᠭᠤᠯᠤᠭᠰᠠᠨ ᠵᠣᠷᠢᠯᠭ᠎ᠠ᠎ᠨᠢ ᠮᠢᠩ᠂ ᠴᠢᠩ᠎ᠤᠨ ᠲᠦᠷᠦ ᠰᠣᠯᠢᠭᠳᠠᠭᠰᠠᠨ ᠲᠥᠪ ᠤᠳᠤᠮᠰᠢᠯ᠎ᠢ ᠢᠯᠡᠷᠡᠭᠦᠯᠬᠦ ᠵᠢᠨ ᠲᠥᠯᠥᠭᠡ ᠪᠠᠢ᠌ᠭᠰᠠᠨ ᠶᠤᠮ ᠪᠣᠯ ᠲᠩᠷᠢ ᠲᠡᠳᠬᠦᠭᠴᠢ ᠵᠢᠨ 《ᠶᠡᠬᠡ ᠨᠢᠭᠡᠳᠦᠯ᠎ᠤᠨ ᠪᠢᠴᠢᠭ》᠎ᠢ ᠵᠠᠯᠭ᠋ᠠᠵᠤ ᠨᠠᠢ᠌ᠷᠠᠭᠤᠯᠤᠭᠰᠠᠨ ᠶᠠᠪᠤᠳᠠᠯ᠎ᠨᠢ ᠪᠤᠶ ᠪᠦᠬᠦᠢ ᠬᠢᠯᠢ ᠬᠢᠵᠠᠭ᠋ᠠᠷ ᠣᠷᠣᠨ᠎ᠢ ᠸᠠᠩᠲᠤ ᠲᠥᠷᠥ ᠵᠢᠨ ᠨᠤᠲᠤᠭ ᠳᠡᠪᠢᠰᠬᠡᠷ᠎ᠲᠤ ᠪᠠᠭᠲᠠᠭ᠋ᠠᠨ ᠣᠷᠣᠭᠤᠯᠤᠭᠰᠠᠨ ᠡᠷᠬᠡ ᠰᠦᠷᠲᠦ ᠬᠠᠤᠯᠢ ᠶᠣᠰᠣ᠎ᠪᠠᠷ ᠲᠤᠩᠬᠠᠭᠯᠠᠵᠤ᠂ 《ᠵᠢᠷᠭᠤᠭ᠎ᠠ ᠨᠡᠢ᠌ᠯᠡᠵᠦ ᠨᠢᠭᠡ ᠭᠡᠷ ᠪᠤᠯᠤᠭᠰᠠᠨ》᠎ᠢ ᠵᠠᠷᠯᠠᠭᠰᠠᠨ ᠶᠠᠪᠤᠳᠠᠯ ᠪᠤᠯᠬᠤ ᠶᠤᠮ᠃

7.jpg

      ▲ ᠴᠢᠩ   ᠰᠢᠦᠢ ᠶᠠᠩ 《ᠮᠠᠨᠳᠤᠭᠰᠠᠨ ᠲᠥᠷᠥ ᠵᠢᠨ ᠡᠰᠡᠨᠢᠨ ᠬᠥᠭᠵᠢᠭᠰᠡᠨ ᠵᠢᠷᠤᠭ》᠎ᠤᠨ ᠬᠡᠰᠡᠭ ᠦᠵᠡᠭᠳᠡᠯ᠃ (ᠵᠢᠷᠤᠭ᠎ᠤᠨ ᠢᠷᠡᠯᠲᠡ᠄ ᠰᠢᠨ ᠵᠢᠩ ᠰᠣᠨᠢᠨ ᠨᠣᠮ᠎ᠤᠨ ᠰᠢᠭᠦᠮᠵᠢ ᠵᠢᠨ ᠠᠯᠪᠠᠨ ᠳ᠋ᠤᠭ᠋ᠠᠷ)     

      ᠰᠠᠶ᠋ᠢᠰᠢᠶᠠᠯᠲᠤ ᠢᠷᠦᠭᠡᠯᠲᠦ᠂ ᠲᠦᠷᠦ ᠭᠡᠷᠡᠯᠲᠦ ᠠᠬᠢᠨ ᠵᠠᠰᠠᠭ᠋ᠠᠳ᠂ ᠶᠡᠬᠡ ᠨᠢᠭᠡᠳᠦᠯ᠎ᠢ ᠬᠡᠪ ᠵᠶ᠋ᠠᠷ᠎ᠨᠢ ᠪᠠᠢ᠌ᠯᠭ᠋ᠠᠭᠰᠠᠨ᠎ᠨᠢ
      ᠲᠩᠷᠢ ᠲᠡᠳᠬᠦᠭᠴᠢ ᠵᠢᠨ ᠨᠠᠰᠤ ᠨᠥᠭᠴᠢᠬᠦ ᠵᠢ ᠳᠠᠭ᠋ᠠᠯᠳᠤᠨ ᠳᠠᠶ᠋ᠢᠴᠢᠩ ᠤᠯᠤᠰ᠎ᠤᠨ ᠵᠠᠭᠤᠨ ᠵᠢᠯ᠎ᠤᠨ ᠮᠠᠨᠳᠤᠭᠰᠠᠨ ᠲᠦᠷᠦ ᠵᠢᠨ ᠥᠩᠭᠡ ᠦᠵᠡᠮᠵᠢ ᠠᠯᠭᠤᠷ ᠠᠭ᠋ᠠᠵᠢᠮ ᠵᠶ᠋ᠠᠷ ᠬᠥᠰᠢᠭᠡ᠎ᠪᠠᠨ ᠬᠠᠭ᠋ᠠᠪᠠ᠃ ᠪᠤᠤᠬᠢᠶ᠎ᠠ ᠲᠣᠰᠣᠭᠴᠢ ᠪᠣᠯᠤᠭᠰᠠᠨ᠎ᠤ ᠬᠤᠪᠢ᠎ᠳᠤ ᠰᠠᠶ᠋ᠢᠰᠢᠶᠠᠯᠲᠤ ᠢᠷᠥᠭᠡᠯᠲᠦ ᠬᠠᠭ᠋ᠠᠨ ᠥᠪᠡᠷ᠎ᠤᠨ ᠡᠷᠬᠡ ᠦᠭᠡᠢ ᠮᠠᠨᠳᠤᠭᠰᠠᠨ ᠲᠦᠷᠦ᠎ᠪᠠᠨ ᠦᠷᠭᠦᠯᠵᠢᠯᠡᠭᠦᠯᠬᠦ ᠵᠢ ᠬᠦᠰᠡᠵᠦ ᠪᠠᠢ᠌ᠭᠰᠠᠨ ᠠᠵᠢ᠃ ᠲᠤᠰ ᠤᠳᠠᠭ᠋ᠠᠨ᠎ᠤ 《ᠶᠡᠬᠡ ᠨᠢᠭᠡᠳᠦᠯ᠎ᠤᠨ ᠪᠢᠴᠢᠭ》᠎ᠢ ᠳᠠᠬᠢᠨ ᠨᠠᠢ᠍ᠷᠠᠭᠤᠯᠬᠤ ᠠᠵᠢᠯ᠎ᠤᠨ ᠮᠠᠲ᠋ᠧᠷᠢᠶᠠᠯ ᠰᠠᠶ᠋ᠢᠰᠢᠶᠠᠯᠲᠤ ᠢᠷᠥᠭᠡᠯᠲᠦ ᠵᠢᠨ ᠬᠣᠷᠢᠨ ᠲᠠᠪᠤᠳᠤᠭ᠋ᠠᠷ ᠣᠨ (1820 ᠣᠨ) ᠵᠶ᠋ᠠᠷ ᠬᠢᠵᠠᠭ᠋ᠠᠷᠯᠠᠭᠳᠠᠵᠤ᠂ ᠪᠦᠬᠦ ᠤᠯᠤᠰ᠎ᠤᠨ ᠡᠯ᠎ᠡ ᠭᠠᠵᠠᠷ᠎ᠤᠨ ᠪᠠᠢ᠌ᠭᠤᠯᠤᠮᠵᠢ ᠵᠢᠨ ᠳᠦᠷᠢᠮ᠎ᠤᠨ ᠤᠯᠠᠷᠢᠯ ᠬᠤᠪᠢᠰᠤᠯ᠂ ᠵᠡᠷᠭᠡ ᠲᠤᠰᠢᠶᠠᠯ᠂ ᠡᠷᠦᠬᠡ ᠠᠮᠠ᠂ ᠨᠡᠷᠡᠲᠦ ᠬᠦᠮᠦᠰ ᠵᠡᠷᠭᠡ ᠵᠢ ᠨᠢᠭᠡ ᠳᠤᠤᠷ᠎ᠠ ᠲᠡᠮᠳᠡᠭᠯᠡᠵᠦ᠂ ᠨᠤᠲᠤᠭ ᠳᠡᠪᠢᠰᠬᠡᠷ᠎ᠤᠨ ᠶᠡᠬᠡ ᠨᠢᠭᠡᠳᠦᠯ᠎ᠤᠨ ᠦᠵᠡᠯᠲᠡ ᠵᠢ ᠤᠯᠠᠮ ᠨᠢᠭᠡ ᠠᠯᠬᠤᠮ ᠭᠦᠨᠵᠡᠭᠡᠢ᠌ᠷᠡᠭᠦᠯᠵᠡᠢ᠃
      ᠣᠷᠣᠨ ᠨᠤᠲᠤᠭ᠎ᠤᠨ ᠨᠡᠷᠡᠶ᠋ᠢᠳᠦᠯ᠎ᠤᠨ ᠬᠤᠪᠢᠷᠠᠯᠲᠠ᠎ᠠᠴᠠ ᠦᠵᠡᠪᠡᠯ᠂ ᠬᠠᠮᠤᠭ ᠶᠡᠬᠡ ᠬᠤᠪᠢᠷᠠᠯᠲᠠ᠎ᠲᠠᠢ᠎ᠨᠢ ᠤᠮᠠᠷᠠᠲᠤ ᠬᠢᠵᠠᠭ᠋ᠠᠷ ᠪᠣᠯᠣᠨ ᠪᠠᠷᠠᠭᠤᠨ ᠬᠣᠶ᠋ᠢᠲᠤ ᠬᠢᠵᠠᠭ᠋ᠠᠷ ᠣᠷᠣᠨ ᠪᠤᠯᠤᠨ᠎ᠠ᠃ ᠡᠨᠡ ᠤᠳᠠᠭ᠋ᠠᠨ᠎ᠤ 《ᠶᠡᠬᠡ ᠨᠢᠭᠡᠳᠦᠯ᠎ᠤᠨ ᠪᠢᠴᠢᠭ》᠎ᠢ ᠲᠠᠬᠢᠨ ᠵᠠᠰᠠᠬᠤ᠎ᠳᠤ᠎ᠪᠠᠨ 《ᠤᠯᠢᠶᠠᠰᠤᠲᠠᠢ ᠮᠣᠩᠭᠣᠯ᠎ᠤᠨ ᠪᠦᠬᠦ ᠠᠢ᠌ᠮᠠᠭ》᠎ᠢ ᠨᠡᠮᠡᠨ ᠤᠷᠦᠭᠤᠯᠵᠤ᠂ 《ᠪᠠᠷᠠᠭᠤᠨ ᠬᠢᠵᠠᠭ᠋ᠠᠷ᠎ᠤᠨ ᠰᠢᠨᠵᠢᠶᠠᠩ᠎ᠤᠨ ᠪᠦᠬᠦ ᠠᠢ᠌ᠮᠠᠭ》᠎ᠢ 《ᠰᠢᠨᠵᠢᠶᠠᠩ᠎ᠤᠨ ᠪᠦᠬᠦ ᠠᠢ᠌ᠮᠠᠭ》 ᠪᠣᠯᠭ᠋ᠠᠵᠤ᠂ 《ᠰᠢᠨ᠎ᠡ ᠬᠠᠭᠤᠴᠢᠨ ᠮᠣᠩᠭᠣᠯ᠎ᠤᠨ ᠪᠦᠬᠦ ᠠᠢ᠌ᠮᠠᠭ》᠎ᠢ 《ᠮᠣᠩᠭᠣᠯ᠎ᠤᠨ ᠪᠦᠬᠦ ᠠᠢ᠌ᠮᠠᠭ》 ᠭᠡᠵᠦ ᠥᠭᠡᠷᠡᠴᠢᠯᠡᠪᠡ᠃
      ᠵᠡᠭᠦᠨ ᠬᠣᠶ᠋ᠢᠲᠤ ᠣᠷᠣᠨ᠎ᠳᠤ ᠬᠠᠮᠢᠶᠠᠳᠦᠭ᠍ᠰᠠᠨ ᠠᠭᠤᠯᠭ᠎ᠠ ᠵᠢ ᠨᠠᠶ᠋ᠢᠷᠠᠭᠤᠯᠤᠨ ᠪᠢᠴᠢᠬᠦ᠎ᠳᠤ᠎ᠪᠠᠨ ᠴᠤ᠌ ᠥᠩᠭᠡᠷᠡᠭᠰᠡᠨ᠎ᠤ ᠵᠤᠷᠰᠢᠯ᠎ᠢ ᠡᠪᠳᠡᠭᠰᠡᠨ ᠪᠠᠢ᠌ᠳᠠᠭ᠃ ᠵᠡᠭᠦᠨ ᠬᠣᠶ᠋ᠢᠲᠤ ᠣᠷᠣᠨ᠎ᠨᠢ ᠴᠢᠩ ᠤᠯᠤᠰ᠎ᠤᠨ 《ᠡᠭᠦᠰᠴᠦ ᠮᠠᠨᠳᠤᠭᠰᠠᠨ ᠭᠠᠵᠠᠷ》 ᠪᠣᠯᠤᠭᠰᠠᠨ᠎ᠤ ᠬᠤᠪᠢ᠎ᠳᠤ᠂ ᠶᠡᠷᠦ᠎ᠠᠴᠠ ᠴᠢᠩ ᠤᠯᠤᠰ᠎ᠤᠨ ᠨᠣᠶᠠᠷᠬᠠᠭᠴᠢᠳ᠎ᠤᠨ ᠬᠦᠨᠳᠦᠳᠬᠡᠯ᠎ᠢ ᠣᠯᠤᠭᠰᠠᠭ᠋ᠠᠷ ᠢᠷᠡᠭᠰᠡᠨ ᠶᠤᠮ᠃ ᠡᠭᠦᠨ᠎ᠠᠴᠠ ᠡᠮᠦᠨ᠎ᠡ ᠨᠠᠢ᠍ᠷᠠᠭᠤᠯᠤᠭᠰᠠᠨ 《ᠶᠡᠬᠡ ᠨᠢᠭᠡᠳᠦᠯ᠎ᠤᠨ ᠪᠢᠴᠢᠭ》᠎ᠲᠤ ᠮᠥᠭᠳᠡᠨ᠂ ᠬᠡᠲᠦ ᠠᠯᠠ ᠵᠢ ᠶᠡᠷᠦ᠎ᠠᠴᠠ ᠨᠡᠶ᠋ᠢᠰᠯᠡᠯ ᠬᠣᠲᠠ᠂ ᠰᠢᠭᠤᠳ ᠬᠠᠷᠢᠶ᠎ᠠ ᠮᠤᠵᠢ ᠵᠢᠨ ᠳᠠᠷᠠᠭ᠎ᠠ ᠪᠠᠶ᠋ᠢᠷᠢᠨ᠎ᠳᠤ ᠲᠠᠯᠪᠢᠵᠤ᠂ ᠡᠷᠬᠢᠮ᠎ᠳᠤ ᠦᠵᠡᠵᠦ ᠪᠠᠢ᠌ᠭ᠎ᠠ᠎ᠪᠠᠨ ᠢᠯᠡᠷᠬᠡᠢ᠌ᠯᠡᠳᠡᠭ ᠪᠠᠢ᠌ᠵᠠᠢ᠃ ᠡᠨᠡ ᠤᠳᠠᠭ᠎ᠠ ᠵᠢᠨ ᠳᠠᠬᠢᠨ ᠵᠠᠰᠠᠯᠲᠠ᠎ᠳᠤ 《ᠤᠷᠤᠨ ᠨᠤᠲᠤᠭ᠎ᠢ ᠨᠢᠭᠡᠳᠦᠯᠲᠠᠢ ᠪᠤᠯᠭ᠋ᠠᠬᠤ》 ᠵᠤᠷᠢᠯᠭ᠎ᠠ᠎ᠪᠠᠷ ᠮᠥᠭᠳᠡᠨ᠂ ᠬᠡᠲᠦ ᠠᠯᠠ ᠵᠢ ᠲᠤᠰᠠᠭ᠋ᠠᠷ ᠪᠤᠳᠢ᠎ᠳᠤ ᠤᠷᠤᠭᠤᠯᠤᠯ ᠦᠭᠡᠢ᠂ ᠬᠠᠷᠢᠨ ᠮᠥᠭᠳᠡᠨ᠎ᠤ ᠪᠦᠬᠦ ᠠᠢ᠌ᠮᠠᠭ᠎ᠤᠨ ᠬᠠᠷᠢᠶᠠᠨ᠎ᠳᠤ ᠪᠠᠭᠲᠠᠭ᠋ᠠᠨ ᠣᠷᠣᠭᠤᠯᠵᠠᠢ᠃

  8.jpg  

      ▲ ᠰᠠᠢ᠌ᠰᠢᠶᠠᠯᠲᠤ ᠢᠷᠦᠭᠡᠯᠲᠦ 《ᠶᠡᠬᠡ ᠨᠢᠭᠡᠳᠦᠯ᠎ᠤᠨ ᠪᠢᠴᠢᠭ》᠎ᠤᠨ ᠬᠠᠭᠤᠯᠪᠤᠷᠢ ᠳᠡᠪᠲᠡᠷ (ᠵᠢᠷᠤᠭ᠎ᠤᠨ ᠢᠷᠡᠯᠲᠡ᠄ ᠬᠠᠭ᠋ᠠᠨ᠎ᠤ ᠣᠷᠳᠣᠨ᠎ᠤ ᠮᠦᠽᠧᠢ)
      《ᠶᠡᠬᠡ ᠨᠢᠭᠡᠳᠦᠯ᠎ᠤᠨ ᠪᠢᠴᠢᠭ》᠎ᠢ ᠳᠠᠬᠢᠨ ᠨᠠᠢ᠍ᠷᠠᠭᠤᠯᠬᠤ ᠠᠵᠢᠯ ᠲᠥᠷᠥ ᠭᠡᠷᠡᠯᠲᠦ ᠵᠢᠨ ᠦᠶᠡᠰ᠎ᠲᠤ ᠳᠠᠭᠤᠰᠪᠠ᠃ ᠲᠥᠷᠥ ᠭᠡᠷᠡᠯᠲᠦ ᠵᠢᠨ ᠵᠠᠯᠭ᠋ᠠᠨ ᠠᠪᠤᠭᠰᠠᠨ ᠲᠦᠷᠦ᠎ᠨᠢ ᠡᠳᠦᠷ ᠢᠷᠡᠬᠦᠶ᠎ᠡ ᠤᠷᠤᠭᠤᠳᠠᠨ ᠳᠣᠷᠣᠢ᠌ᠳᠠᠭᠰᠠᠨ ᠲᠥᠷᠥ ᠭᠦᠷᠦᠨ ᠪᠠᠢ᠌ᠵᠤ᠂ ᠲᠤᠲᠤᠭ᠋ᠠᠳᠤ᠎ᠳᠤ᠎ᠪᠠᠨ ᠪᠣᠰᠣᠯᠭ᠎ᠠ ᠤᠷᠪᠠᠯᠭ᠎ᠠ ᠳᠠᠰᠤᠷᠠᠯ ᠦᠭᠡᠢ ᠦᠷᠭᠦᠯᠵᠢᠯᠡᠵᠦ᠂ ᠨᠣᠶᠠᠷᠬᠠᠯ᠎ᠤᠨ ᠰᠠᠭᠤᠷᠢ ᠵᠢ ᠭᠤᠢ᠌ᠪᠢᠯᠵᠠᠭᠤᠯᠵᠤ᠂ ᠭᠠᠳᠠᠭ᠋ᠠᠳᠤ᠎ᠳᠤ᠎ᠪᠠᠨ ᠬᠦᠴᠦᠷᠬᠡᠭ ᠤᠯᠤᠰ᠎ᠤᠳ ᠬᠦᠷᠢᠶᠡᠯᠡᠨ ᠰᠢᠷᠲᠡᠭᠡᠳ᠂ ᠨᠤᠲᠤᠭ ᠳᠡᠪᠢᠰᠬᠡᠷ᠎ᠤᠨ ᠨᠢᠭᠡᠳᠦᠯ᠎ᠲᠠᠢ ᠪᠠᠶ᠋ᠢᠳᠠᠯ ᠡᠪᠳᠡᠭᠳᠡᠯ᠎ᠳᠤ ᠤᠴᠠᠷᠠᠵᠤ ᠪᠠᠢ᠌ᠯ᠎ᠠ᠃ ᠭᠡᠪᠡᠴᠦ ᠲᠥᠷᠥ ᠭᠡᠷᠡᠯᠲᠦ ᠬᠠᠭ᠋ᠠᠨ ᠬᠠᠷᠢᠨ 《ᠬᠠᠭ᠋ᠠᠨ᠎ᠤ ᠪᠢᠴᠢᠭᠰᠡᠨ ᠳᠠᠶ᠋ᠢᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ᠎ᠤᠨ ᠣᠷᠣᠰᠢᠯ》᠎ᠤᠨ ᠡᠬᠢᠯᠡᠯ᠎ᠤᠨ ᠬᠡᠰᠡᠭ᠎ᠲᠤ᠎ᠪᠠᠨ᠄ 《ᠮᠠᠨ᠎ᠤ ᠳᠠᠶ᠋ᠢᠴᠢᠩ ᠤᠯᠤᠰ ᠬᠡᠮᠡᠭᠴᠢ ᠲᠩᠷᠢ ᠵᠢᠨ ᠪᠣᠱ᠌ᠣᠭ᠎ᠢ ᠤᠯᠵᠤ ᠳᠡᠯᠡᠬᠡᠶ ᠳ᠋ᠠᠬᠢᠨ᠎ᠢ ᠡᠵᠡᠯᠡᠵᠦ᠂ ᠬᠦᠷᠢᠶ᠎ᠡ ᠬᠡᠪᠴᠢᠶ᠎ᠡ ᠥᠷᠭᠡᠳᠴᠤ ᠶᠡᠬᠡ ᠨᠢᠭᠡᠳᠦᠯ᠎ᠢ ᠪᠠᠶᠡᠯᠡᠭᠦᠯᠦᠭᠡᠳ ᠡᠳᠦᠭᠡ ᠬᠣᠶᠠᠷ ᠵᠠᠭᠤᠨ ᠵᠢᠯ ᠪᠤᠯᠵᠤᠬᠤᠢ》 ᠬᠡᠮᠡᠨ ᠪᠢᠴᠢᠵᠡᠢ᠃ ᠳᠣᠲᠣᠭ᠋ᠠᠳᠤ ᠵᠢᠨ ᠵᠣᠪᠠᠯᠠᠩ ᠭᠠᠳᠠᠭ᠋ᠠᠳᠤ ᠵᠢᠨ ᠠᠶᠤᠯ᠎ᠤᠨ ᠡᠮᠦᠨ᠎ᠡ᠂ ᠲᠥᠷᠥ ᠭᠡᠷᠡᠯᠲᠦ ᠬᠠᠭ᠋ᠠᠨ ᠠᠯᠪᠠᠨ᠎ᠤ ᠣᠢ᠌ᠯᠠᠯᠭ᠎ᠠ ᠵᠢᠨ ᠪᠢᠴᠢᠭ᠎ᠢ ᠨᠠᠶ᠋ᠢᠷᠠᠭᠤᠯᠬᠤ ᠠᠷᠭ᠎ᠠ᠎ᠪᠠᠷ ᠳᠠᠮᠵᠢᠭᠤᠯᠤᠭ᠋ᠠᠳ ᠶᠡᠬᠡ ᠨᠢᠭᠡᠳᠦᠯ᠎ᠢ ᠪᠡᠶᠡᠯᠡᠭᠦᠯᠬᠦ ᠬᠦᠰᠡᠯ ᠵᠶ᠋ᠠᠨ ᠲᠠᠬᠢᠨᠲᠠ ᠴᠢᠬᠤᠯᠠᠴᠢᠯᠠᠭᠰᠠᠨ᠎ᠨᠢ ᠵᠤᠬᠢᠬᠤ ᠬᠡᠮᠵᠢᠶᠡᠨ᠎ᠳᠤ ᠬᠥᠮᠦᠰ᠎ᠤᠨ ᠰᠡᠳᠬᠢᠯ ᠰᠠᠨᠠᠭ᠎ᠠ᠎ᠪᠠᠨ ᠨᠢᠭᠲᠠᠷᠠᠭᠤᠯᠵᠤ᠂ ᠵᠣᠷᠢᠭ ᠰᠦᠰᠦ᠎ᠪᠠᠨ ᠬᠥᠪᠴᠢᠯᠡᠬᠦ ᠨᠢᠭᠡ ᠵᠦᠢ᠍ᠯ᠎ᠤᠨ ᠠᠷᠭ᠎ᠠ ᠪᠣᠳᠣᠯᠭ᠎ᠠ ᠪᠣᠯᠬᠤ᠎ᠨᠢ ᠢᠯᠡᠷᠬᠡᠢ ᠪᠠᠢ᠌ᠯ᠎ᠠ᠃
      ᠮᠠᠨᠳᠤᠭᠰᠠᠨ ᠲᠦᠷᠦ ᠵᠢᠨ ᠣᠢ᠌ᠯᠠᠯᠭ᠎ᠠ ᠪᠢᠴᠢᠬᠦ᠎ᠨᠢ ᠳᠤᠮᠳᠠᠳᠤ ᠵᠢᠨ ᠰᠣᠶᠣᠯ᠎ᠤᠨ ᠰᠢᠯᠢᠳᠡᠭ ᠤᠯᠠᠮᠵᠢᠯᠠᠯ ᠶᠤᠮ᠃ 《ᠳᠠᠶ᠋ᠢᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》᠎ᠨᠢ ᠵᠥᠪᠬᠡᠨ ᠨᠢᠭᠡᠨ ᠢᠵᠢ ᠭᠠᠵᠠᠷ ᠵᠦᠶ ᠵᠢᠨ ᠶᠡᠷᠦᠩᠬᠡᠶ ᠣᠶ᠋ᠢᠯᠠᠯᠭ᠎ᠠ ᠲᠡᠳᠦᠶ ᠪᠢᠰᠢ᠂ ᠬᠠᠷᠢᠨ ᠴᠢᠩ ᠤᠯᠤᠰ᠎ᠤᠨ ᠲᠠᠪᠤᠨ ᠦᠶ᠎ᠡ ᠵᠢᠨ ᠬᠠᠭ᠋ᠠᠨ ᠭᠤᠷᠪᠠᠨᠲᠠ ᠵᠠᠰᠠᠨ ᠰᠡᠯᠪᠢᠵᠦ᠂ ᠪᠦᠬᠦ ᠵᠤᠷᠢᠭ ᠪᠦᠬᠦ ᠬᠦᠴᠦ᠎ᠪᠠᠷ ᠵᠶ᠋ᠠᠨ ᠳᠠᠶ᠋ᠢᠴᠢᠩ ᠤᠯᠤᠰ᠎ᠤᠨ ᠶᠡᠬᠡ ᠨᠢᠭᠡᠳᠦᠯ᠎ᠤᠨ ᠲᠤᠬᠠᠶ ᠣᠮᠣᠭ ᠪᠠᠬᠠᠳᠤᠯᠲᠤ ᠰᠡᠳᠬᠢᠯᠭᠡ᠎ᠪᠠᠨ ᠢᠯᠡᠷᠬᠡᠢ᠌ᠯᠡᠵᠦ᠂ ᠬᠥᠮᠦᠰ᠎ᠤᠨ ᠰᠡᠳᠬᠢᠯ ᠰᠠᠨᠠᠭ᠎ᠠ ᠵᠢ ᠲᠠᠰᠤᠷᠠᠯᠲᠠ ᠦᠭᠡᠶ ᠨᠢᠭᠲᠠᠷᠠᠭᠤᠯᠬᠤ ᠵᠢᠨ ᠳᠠᠭ᠋ᠠᠤ᠎ᠳᠤ᠂ ᠴᠢᠩ ᠤᠯᠤᠰ᠎ᠤᠨ ᠡᠵᠡᠨ ᠲᠦᠰᠢᠮᠡᠳ᠎ᠤᠨ ᠨᠤᠲᠤᠭ ᠳᠡᠪᠢᠰᠬᠡᠷ ᠵᠶ᠋ᠠᠨ ᠪᠡᠬᠢᠵᠢᠭᠦᠯᠬᠦ ᠶᠠᠪᠤᠴᠠ᠎ᠳᠤ᠎ᠪᠠᠨ᠂ ᠳᠤᠮᠳᠠᠳᠤ ᠤᠯᠤᠰ᠎ᠤᠨ ᠮᠡᠳᠡᠷᠡᠬᠦᠢ ᠵᠢᠨ ᠬᠡᠪᠴᠢᠶ᠎ᠡ᠎ᠨᠢ ᠲᠠᠰᠤᠷᠠᠯᠲᠠ ᠦᠭᠡᠶ ᠥᠷᠭᠡᠳᠴᠦ᠂ ᠬᠢᠯᠢ ᠬᠢᠵᠠᠭ᠋ᠠᠷ ᠬᠢᠭᠡᠳ ᠳᠤᠮᠳᠠᠳᠤ ᠣᠷᠣᠨ᠎ᠤ ᠬᠠᠷᠢᠴᠠᠭ᠎ᠠ ᠵᠢ ᠳᠠᠬᠢᠨ ᠰᠢᠨ᠎ᠡ᠎ᠪᠠᠷ ᠲᠤᠮᠢᠶᠠᠯᠠᠭᠰᠠᠨ ᠶᠤᠮ᠂ ᠡᠨᠡ ᠪᠣᠯ ᠳᠤᠮᠳᠠᠳᠤ ᠤᠯᠤᠰ᠎ᠤᠨ ᠤᠯᠠᠮᠵᠢᠯᠠᠯᠲᠤ ᠨᠤᠲᠤᠭ ᠳᠡᠪᠢᠰᠬᠡᠷ᠎ᠤᠨ ᠦᠵᠡᠯᠲᠡ ᠵᠢᠨ ᠲᠤᠶ᠋ᠢᠯᠪᠤᠷᠢᠲᠠᠶ ᠬᠤᠪᠢᠰᠤᠯᠲᠠ ᠪᠣᠯᠤᠨ᠎ᠠ᠃ ᠵᠢᠱ᠌ᠢᠶᠡᠯᠡᠪᠡᠯ᠂ ᠲᠩᠷᠢ ᠲᠡᠳᠬᠦᠭᠴᠢ ᠬᠠᠭ᠋ᠠᠨ 《ᠳᠠᠶ᠋ᠢᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》᠎ᠢ ᠵᠠᠯᠭ᠋ᠠᠨ ᠨᠠᠶ᠋ᠢᠷᠠᠭᠤᠯᠬᠤ᠎ᠳᠤ᠎ᠪᠠᠨ ᠡᠩ ᠲᠡᠷᠢᠭᠦᠨ᠎ᠳᠤ ᠬᠥᠬᠡᠨᠠᠭᠤᠷ᠂ ᠲᠥᠪᠡᠳ᠂ ᠰᠢᠨᠵᠢᠶᠠᠩ ᠣᠷᠣᠨ᠎ᠤ ᠨᠠᠷᠢᠨ ᠣᠨᠣᠪᠴᠢᠲᠠᠶ ᠭᠠᠵᠠᠷ᠎ᠤᠨ ᠵᠢᠷᠤᠭ᠎ᠢ ᠬᠡᠮᠵᠢᠨ ᠦᠢ᠍ᠯᠡᠳᠴᠦ᠂ 《ᠪᠠᠷᠠᠭᠤᠨ ᠬᠢᠵᠠᠭ᠋ᠠᠷ᠎ᠤᠨ ᠵᠢᠷᠤᠭᠲᠤ ᠣᠶ᠋ᠢᠯᠠᠯᠭ᠎ᠠ》 ᠵᠡᠷᠭᠡ ᠬᠢᠵᠠᠭ᠋ᠠᠷ ᠣᠷᠣᠨ᠎ᠤ ᠨᠣᠮ ᠪᠢᠴᠢᠭ᠎ᠢ ᠨᠠᠶ᠋ᠢᠷᠠᠭᠤᠯᠤᠨ ᠪᠢᠴᠢᠬᠦ ᠵᠢᠨ ᠬᠠᠮᠲᠤ᠂ ᠡᠯ᠎ᠡ ᠮᠤᠵᠢ ᠵᠢᠨ ᠨᠣᠶᠠᠳ᠎ᠢ ᠳᠠᠢ᠍ᠢ᠍ᠴᠢᠯᠠᠨ 《ᠳᠠᠶ᠋ᠢᠴᠢᠩ ᠤᠯᠤᠰ᠎ᠤᠨ ᠶᠡᠬᠡ ᠨᠢᠭᠡᠳᠦᠯ᠎ᠤᠨ ᠪᠢᠴᠢᠭ》᠎ᠲᠤ ᠬᠡᠷᠡᠭᠰᠡᠬᠦ ᠮᠠᠲ᠋ᠧᠷᠢᠶᠠᠯ᠎ᠢ ᠴᠤᠭᠯᠠᠭᠤᠯᠵᠤ᠂ ᠡᠮᠬᠢᠳᠬᠡᠵᠦ᠂ ᠳᠡᠭᠡᠭᠰᠢ ᠲᠤᠰᠢᠶᠠᠯᠭ᠋ᠠᠬᠤ ᠠᠵᠢᠯ᠎ᠢ ᠬᠢᠯᠭᠡᠵᠡᠢ᠃ ᠰᠠᠶ᠋ᠢᠰᠢᠶᠠᠯᠲᠤ ᠢᠷᠥᠭᠡᠯᠲᠦ ᠬᠠᠭ᠋ᠠᠨ ᠶᠡᠬᠡ ᠨᠢᠭᠡᠳᠦᠯ᠎ᠤᠨ ᠪᠢᠴᠢᠭ᠎ᠢ ᠲᠠᠬᠢᠨ ᠵᠠᠰᠠᠬᠤ᠎ᠳᠤ᠎ᠪᠠᠨ᠂ 《ᠵᠦᠩᠭ᠋ᠠᠷ᠎ᠢ ᠲᠦᠪᠰᠢᠳᠬᠡᠬᠦ ᠠᠷᠭ᠎ᠠ ᠪᠤᠳᠤᠯᠭ᠎ᠠ》᠂ 《ᠪᠠᠷᠠᠭᠤᠨ ᠬᠢᠵᠠᠭ᠋ᠠᠷ᠎ᠤᠨ ᠵᠢᠷᠭᠤᠭ᠋ᠠᠨ ᠵᠦᠢ᠍ᠯ᠎ᠤᠨ ᠦᠰᠦᠭ᠎ᠤᠨ ᠤᠷᠴᠢᠭᠤᠯᠭ᠎ᠠ ᠵᠢᠨ ᠲᠤᠯᠢ》᠂ 《ᠵᠢᠨᠴᠤᠸᠠᠨ᠎ᠢ ᠲᠦᠪᠰᠢᠳᠬᠡᠬᠦ ᠠᠷᠭ᠎ᠠ ᠪᠤᠳᠤᠯᠭ᠎ᠠ》᠂ 《ᠲᠩᠷᠢ ᠵᠢᠨ ᠳᠣᠣᠷᠠᠬᠢ ᠨᠤᠲᠤᠭ ᠳᠡᠪᠢᠰᠬᠡᠷ᠎ᠤᠨ ᠪᠦᠷᠢᠨ ᠵᠢᠷᠤᠭ》 ᠵᠡᠷᠭᠡ ᠬᠢᠯᠢ ᠬᠢᠵᠠᠭ᠋ᠠᠷ ᠣᠷᠣᠨ᠎ᠤ ᠨᠡᠩ ᠤᠯᠠᠨ ᠨᠣᠮ ᠪᠢᠴᠢᠭ᠎ᠢ ᠴᠤᠭᠯᠠᠭᠤᠯᠵᠠᠶ᠃
      ᠴᠢᠩ ᠤᠯᠤᠰ᠎ᠤᠨ ᠲᠠᠪᠤᠨ ᠬᠠᠭ᠋ᠠᠨ ᠪᠢᠴᠢᠭ᠎ᠤᠨ ᠬᠥᠮᠦᠰ᠎ᠲᠠᠢ ᠰᠡᠳᠬᠢᠯ᠎ᠪᠠᠨ ᠨᠢᠭᠡᠳᠭᠡᠨ ᠬᠦᠴᠦ᠎ᠪᠠᠨ ᠬᠠᠮᠲᠤᠳᠬᠠᠵᠤ᠂ ᠶᠡᠬᠡ ᠨᠢᠭᠡᠳᠦᠯ᠎ᠤᠨ ᠪᠢᠴᠢᠭ᠎ᠢ ᠨᠠᠶ᠋ᠢᠷᠠᠭᠤᠯᠤᠨ ᠪᠢᠴᠢᠵᠤ᠂ ᠬᠠᠭ᠋ᠠᠨᠲᠤ ᠲᠦᠷᠦ ᠵᠢᠨ ᠳᠡᠭᠡᠷ᠎ᠡ ᠳᠤᠤᠷ᠎ᠠ ᠦᠭᠡᠢ᠂ ᠮᠠᠨᠵᠤ ᠬᠢᠲᠠᠳ᠎ᠤᠨ ᠢᠯᠭ᠋ᠠᠭ᠎ᠠ ᠵᠥᠷᠢᠶ᠎ᠡ ᠦᠭᠡᠢ᠎ᠪᠠᠷ 《ᠨᠤᠲᠤᠭ ᠳᠡᠪᠢᠰᠬᠡᠷ ᠵᠶ᠋ᠠᠨ ᠨᠢᠭᠡᠳᠬᠡᠵᠦ᠂ ᠳᠣᠲᠣᠭ᠋ᠠᠳᠤ ᠭᠠᠳᠠᠭ᠋ᠠᠳᠤ᠎ᠳᠤ ᠢᠯᠭ᠋ᠠᠭ᠎ᠠ ᠦᠬᠡᠢ》 ᠭᠡᠰᠡᠨ 《ᠶᠡᠬᠡ ᠨᠢᠭᠡᠳᠦᠯ》᠎ᠤᠨ ᠣᠶ᠋ᠢᠯᠠᠭ᠋ᠠᠭᠳᠠᠬᠤᠨ᠎ᠤ ᠤᠬᠠᠭᠤᠯᠭ᠎ᠠ ᠬᠥᠮᠦᠵᠢᠯ᠎ᠤᠨ ᠠᠵᠢᠯ᠎ᠢ ᠳᠠᠰᠤᠷᠠᠯᠳᠠ ᠦᠬᠡᠢ ᠬᠢᠭᠰᠡᠨ᠎ᠤ ᠦᠷ᠎ᠡ ᠳ᠋ᠦᠩ᠎ᠳᠤ ᠢᠪᠡᠭᠡᠯ ᠬᠠᠢ᠌ᠷ᠎ᠠ᠎ᠨᠢ ᠬᠣᠶ᠋ᠢᠴᠢ ᠦᠶᠡᠰ᠎ᠲᠤ ᠲᠤᠰᠴᠤ᠂ ᠡᠭᠦᠨ᠎ᠠᠴᠠ ᠪᠤᠯᠵᠤ ᠤᠯᠠᠮ᠎ᠠᠴᠠ ᠤᠯᠠᠮ ᠪᠠᠲᠤᠳᠬᠠᠭᠳᠠᠭᠰᠠᠨ ᠳᠤᠮᠳᠠᠳᠤ ᠵᠢᠨ ᠶᠡᠬᠡ ᠨᠢᠭᠡᠳᠦᠯ᠎ᠤᠨ ᠣᠶ᠋ᠢᠯᠠᠭ᠋ᠠᠭᠳᠠᠬᠤᠨ᠎ᠨᠢ ᠣᠷᠴᠢᠨ ᠦᠶ᠎ᠡ ᠵᠢᠨ ᠳᠤᠮᠳᠠᠳᠤ ᠵᠢᠨ ᠪᠤᠢ ᠪᠦᠬᠦᠢ ᠴᠢᠩ ᠵᠤᠷᠢᠭᠲᠠᠨ ᠴᠢᠭᠴᠢ ᠵᠢᠷᠤᠮᠲᠠᠨ᠎ᠤ ᠤᠯᠤᠰ ᠣᠷᠣᠨ᠎ᠤ ᠨᠢᠭᠡᠳᠦᠯ᠎ᠢ ᠬᠥᠭᠡᠭᠡᠴᠡᠯᠳᠦᠬᠦ ᠬᠠᠮᠲᠦ ᠵᠢᠨ ᠡᠷᠢᠯᠬᠢᠯᠡᠯ᠎ᠢ ᠰᠢᠭᠤᠳ ᠨᠥᠯᠥᠭᠡᠯᠡᠭᠰᠡᠨ ᠶᠤᠮ᠃
      ᠵᠣᠬᠢᠶᠠᠭᠴᠢ ᠵᠢᠨ ᠲᠣᠪᠴᠢ ᠲᠠᠨᠢᠯᠴᠠᠭᠤᠯᠭ᠎ᠠ᠄

9.jpg     

      ᠯᠢ ᠿᠠᠨ᠂ ᠳᠤᠮᠳᠠᠳᠤ ᠡᠮᠦᠨᠡᠲᠦ ᠵᠢᠨ ᠦᠨᠳᠦᠰᠦᠲᠡᠨ᠎ᠤ ᠶᠡᠬᠡ ᠰᠤᠷᠭ᠋ᠠᠭᠤᠯᠢ ᠵᠢᠨ ᠫᠷᠣᠹᠧᠰᠰᠣᠷ᠂ ᠳ᠋ᠣᠺᠲ᠋ᠣᠷᠠᠨᠲ᠎ᠤᠨ ᠵᠢᠯᠣᠭᠣᠳᠣᠭᠴᠢ ᠪᠠᠭᠰᠢ᠂ ᠬᠤᠪᠸᠢ ᠮᠤᠵᠢ ᠵᠢᠨ ᠰᠣᠶᠣᠯ᠎ᠤᠨ ᠤᠬᠠᠭᠤᠯᠭ᠎ᠠ ᠵᠢᠨ ᠴᠢᠳᠠᠪᠤᠷᠢᠲᠠᠨ᠎ᠢ ᠬᠥᠮᠦᠵᠢᠭᠦᠯᠬᠦ ᠢᠨᠵᠧᠨᠧᠷᠢᠩ᠎ᠤᠨ 《ᠲᠤᠯᠤᠭ᠋ᠠᠨ ᠵᠠᠭᠤᠨ》᠎ᠤ ᠲᠥᠷᠥᠯ ᠵᠦᠢ᠍ᠯ (ᠭᠦᠨ ᠤᠬᠠᠭ᠋ᠠᠨ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠤ ᠲᠥᠷᠥᠯ)᠎ᠤᠨ ᠵᠢᠱ᠌ᠢᠭᠳᠡᠭᠴᠢ᠂ ᠤᠯᠤᠰ᠎ᠤᠨ ᠦᠨᠳᠦᠰᠦᠲᠡᠨ᠎ᠤ ᠬᠡᠷᠡᠭ ᠡᠷᠭᠢᠯᠡᠬᠦ ᠵᠦᠪᠯᠡᠯ᠎ᠤᠨ 《ᠢᠳᠡᠷ ᠵᠠᠯᠠᠭᠤ ᠴᠢᠳᠠᠪᠤᠷᠢᠲᠠᠨ》᠃      ᠵᠧᠦ ᠰᠧ ᠯᠢᠶᠠᠩ᠂ ᠳᠤᠮᠳᠠᠳᠤ ᠡᠮᠦᠨᠡᠲᠦ ᠵᠢᠨ ᠦᠨᠳᠦᠰᠦᠲᠡᠨ᠎ᠤ ᠶᠡᠬᠡ ᠰᠤᠷᠭ᠋ᠠᠭᠤᠯᠢ ᠵᠢᠨ ᠠᠰᠫᠢᠷᠠᠨᠲ᠃


          ᠣᠷᠴᠢᠭᠤᠯᠤᠭᠴᠢ᠄ ᠴᠢ᠊· ᠰᠡᠴᠡᠨ
          ᠬᠢᠨᠠᠨ ᠨᠠᠢ᠌ᠷᠠᠭᠤᠯᠤᠭᠴᠢ᠄ ᠠᠳᠢᠶ᠎ᠠ   ᠰᠠᠴᠤᠷᠠᠯ
          ᠶᠡᠷᠦᠩᠬᠡᠢ ᠬᠢᠨᠠᠨ ᠨᠠᠢ᠌ᠷᠠᠭᠤᠯᠤᠭᠴᠢ᠄ ᠪᠠᠶᠠᠨᠴᠢᠮᠡᠭ

ᠢᠷᠡᠯᠲᠡ᠄ ᠲᠤᠮᠳᠠᠳᠤ ᠵᠢ ᠥᠭᠦᠯᠡᠬᠦᠢ