ᠬᠥᠮᠦᠨ ᠲᠥᠷᠥᠯᠬᠢᠲᠡᠨ ᠪᠣᠯᠪᠠᠰᠤᠨ ᠴᠠᠭ ᠦᠶ᠎ᠡ᠎ᠳᠤ ᠤᠷᠤᠭᠰᠠᠨ᠎ᠠᠴᠠ ᠨᠠᠭ᠋ᠠᠰᠢ᠂ ᠤᠯᠤᠰ᠎ᠤᠨ ᠵᠠᠰᠠᠯᠲᠠ᠎ᠨᠢ ᠲᠡᠦᠬᠡ ᠵᠢᠨ ᠴᠠᠭ ᠦᠶ᠎ᠡ ᠨᠢᠭᠡ ᠪᠦᠷᠢ ᠵᠢᠨ ᠬᠥᠮᠦᠰ᠎ᠤᠨ ᠬᠠᠮᠲᠤ᠎ᠪᠠᠷ ᠬᠠᠨᠳᠤᠬᠤ ᠭᠣᠣᠯ ᠰᠡᠳᠦᠪ ᠪᠤᠯᠪᠠ᠃ ᠭᠡᠪᠡᠴᠦ᠂ ᠤᠯᠤᠰ᠎ᠤᠨ ᠵᠠᠰᠠᠯᠲᠠ᠎ᠨᠢ ᠶᠠᠮᠠᠷ ᠬᠢᠷᠢ ᠲᠦᠪᠰᠢᠨ᠎ᠳᠤ ᠬᠦᠷᠴᠦ ᠴᠢᠳᠠᠬᠤ ᠪᠣᠯ ᠬᠠᠷᠢᠨ ᠮᠠᠰᠢ ᠶᠡᠬᠡ ᠬᠡᠮᠵᠢᠶᠡᠨ ᠳᠡᠭᠡᠷ᠎ᠡ ᠬᠥᠮᠦᠰ᠎ᠤᠨ ᠨᠡᠶ᠋ᠢᠭᠡᠮ᠎ᠤᠨ ᠤᠯᠤᠰ ᠲᠦᠷᠦ ᠵᠢᠨ ᠠᠮᠢᠳᠤᠷᠠᠯ᠎ᠢ ᠬᠡᠷᠬᠢᠨ ᠣᠶ᠋ᠢᠯᠠᠭ᠋ᠠᠬᠤ᠎ᠪᠠᠷ ᠲᠤᠬᠳᠠᠭ᠋ᠠᠬᠳᠠᠳᠠᠭ᠃ ᠳᠤᠮᠳᠠᠳᠤ ᠤᠯᠤᠰ᠎ᠤᠨ ᠡᠷᠲᠡᠨ᠎ᠤ ᠨᠡᠶ᠋ᠢᠭᠡᠮ᠎ᠳᠤ᠂ 《ᠠᠷᠠᠳ ᠢᠷᠭᠡᠳ ᠪᠣᠯᠪᠠᠰᠤ ᠲᠦᠷᠦ ᠬᠦᠷᠦᠨ᠎ᠤ ᠦᠨᠳᠦᠰᠦ》 (ᠬᠣᠵᠢᠮ᠎ᠤᠨ ᠬᠥᠮᠦᠰ ᠦᠷᠭᠦᠯᠵᠢ 《ᠠᠷᠠᠳ ᠢᠷᠭᠡᠳ ᠵᠢᠨᠷ ᠲᠦᠷᠦ ᠵᠢᠨ ᠦᠨᠳᠦᠰᠦ ᠪᠤᠯᠭ᠋ᠠᠬᠤ》 ᠭᠡᠵᠦ ᠬᠡᠯᠡᠳᠡᠭ ᠪᠤᠯᠵᠠᠢ ) ᠭᠡᠳᠡᠭ᠎ᠨᠢ ᠨᠡᠶ᠋ᠢᠭᠡᠮ᠎ᠤᠨ ᠵᠠᠰᠠᠯᠲᠠ ᠵᠢᠨ ᠶᠠᠪᠤᠴᠠ᠎ᠳᠤ ᠦᠵᠡᠯ ᠰᠠᠨᠠᠭ᠎ᠠ ᠦᠵᠡᠯᠳᠡ ᠵᠢᠨ ᠲᠠᠯ᠎ᠠ᠎ᠪᠠᠷ ᠠᠯᠤᠰ ᠬᠡᠳᠦ ᠵᠢᠨ ᠨᠥᠯᠥᠭᠡ ᠦᠵᠡᠬᠦᠯᠦᠭᠰᠡᠨ ᠶᠤᠮ᠃
▲ ᠪᠠᠷᠠᠭᠤᠨ ᠵᠧᠤ ᠤᠯᠤᠰ᠎ᠤᠨ ᠡᠬᠢᠨ᠎ᠤ ᠦᠶ᠎ᠡ᠎ᠳᠤ ᠵᠧᠤ ᠬᠥᠩ ᠳ᠋ᠠᠨ᠂ ᠱᠠᠩ ᠤᠯᠤᠰ ᠮᠥᠬᠥᠵᠦ ᠵᠧᠤ ᠤᠯᠤᠰ ᠮᠠᠨᠳᠤᠭᠰᠠᠨ ᠲᠡᠦᠬᠡᠨ ᠲᠤᠷᠰᠢᠯᠭ᠎ᠠ ᠵᠢ ᠳ᠋ᠦᠡᠭᠨᠡᠭᠡᠳ ᠬᠠᠮᠤᠭ ᠡᠷᠲᠡ 《ᠲᠩᠷᠢ᠎ᠳᠤ ᠰᠦᠰᠦᠭᠯᠡᠵᠦ ᠠᠷᠠᠳ ᠢᠷᠭᠡᠳ᠎ᠢ ᠬᠠᠮᠠᠭ᠋ᠠᠯᠠᠬᠤ》 ᠵᠣᠷᠢᠯᠲᠠ ᠵᠢ ᠲᠤᠷᠠᠳᠴᠤ᠂ ᠲᠩᠷᠢ ᠵᠢᠨ ᠵᠠᠷᠯᠢᠭ᠎ᠢ ᠳᠠᠭ᠋ᠠᠵᠤ᠂ ᠦᠴᠦᠭᠡᠨ ᠢᠷᠭᠡᠳ᠎ᠢ ᠬᠠᠷᠠᠭ᠋ᠠᠯᠵᠠᠨ ᠬᠠᠮᠠᠭ᠋ᠠᠯᠠᠵᠤ᠂ ᠪᠤᠶᠠᠨᠳᠤ ᠵᠠᠰᠠᠭ ᠶᠠᠪᠤᠭᠤᠯᠬᠤ ᠵᠢ ᠴᠢᠬᠤᠯᠠᠴᠢᠯᠠᠵᠤ᠂ ᠬᠣᠵᠢᠮ᠎ᠤᠨ ᠠᠷᠠᠳ ᠵᠶ᠋ᠠᠷ ᠦᠨᠳᠦᠰᠦ ᠪᠣᠯᠭ᠋ᠠᠬᠤ ᠦᠵᠡᠯ ᠰᠠᠨᠠᠭ᠋ᠠᠨ᠎ᠤ ᠣᠨᠣᠯ᠎ᠤᠨ ᠰᠠᠭᠤᠷᠢ ᠵᠢ ᠲᠠᠯᠪᠢᠭᠰᠠᠨ ᠶᠤᠮ᠃
ᠲᠦᠷᠦ ᠬᠦᠷᠦᠨ ᠬᠡᠮᠡᠭᠴᠢ ᠠᠷᠠᠳ ᠢᠷᠭᠡᠳ᠎ᠤᠨ ᠰᠠᠭᠤᠴᠠ ᠪᠣᠯᠠᠢ
《ᠠᠷᠠᠳ ᠢᠷᠭᠡᠳ ᠪᠣᠯᠪᠠᠰᠤ ᠲᠦᠷᠦ ᠬᠦᠷᠦᠨ᠎ᠤ ᠦᠨᠳᠦᠰᠦ᠂ ᠦᠨᠳᠦᠰᠦ ᠪᠡᠬᠢᠵᠢᠭᠦᠨ ᠪᠠᠢ᠌ᠪᠠᠰᠤ ᠲᠦᠷᠦ ᠬᠦᠷᠦᠨ ᠠᠮᠤᠭᠤᠯᠠᠩ ᠪᠤᠯᠤᠮᠤᠢ》 ᠭᠡᠳᠡᠭ᠎ᠨᠢ ᠡᠷᠲᠡᠨ᠎ᠤ ᠪᠢᠴᠢᠭ 《ᠵᠠᠰᠠᠭ᠎ᠲᠤ ᠨᠣᠮ· ᠲᠠᠪᠤᠨ ᠬᠥᠪᠡᠭᠦᠨ᠎ᠤ ᠳᠠᠭᠤᠯᠠᠯ》᠎ᠠᠴᠠ ᠢᠷᠡᠯᠲᠡᠶ᠂ ᠬᠡᠳᠦᠶ᠋ᠢᠪᠡᠷ ᠡᠷᠲᠡᠨ᠎ᠤ ᠵᠠᠰᠠᠭ᠎ᠲᠤ ᠨᠣᠮ᠎ᠤᠨ ᠪᠤᠢ ᠪᠣᠯᠣᠭᠰᠠᠨ ᠣᠨ ᠵᠢᠯ᠎ᠨᠢ ᠨᠡᠯᠢᠶᠡᠳ ᠣᠷᠣᠶ ᠪᠣᠯᠪᠠᠴᠤ 《ᠠᠷᠠᠳ ᠢᠷᠭᠡᠳ ᠪᠣᠯᠪᠠᠰᠤ ᠲᠦᠷᠦ ᠬᠦᠷᠦᠨ᠎ᠤ ᠦᠨᠳᠦᠰᠦ》 ᠭᠡᠬᠦ ᠦᠵᠡᠯᠳᠡ ᠱᠠᠩ ᠤᠯᠤᠰ ᠵᠧᠤ ᠤᠯᠤᠰ᠎ᠤᠨ ᠦᠶ᠎ᠡ᠎ᠠᠴᠠ ᠤᠯᠠᠮᠵᠢᠯᠠᠭᠳᠠᠨ ᠢᠷᠡᠵᠡᠶ᠂ ᠡᠭᠦᠨ᠎ᠤ ᠲᠤᠬᠠᠢ ᠪᠠᠷᠠᠭᠤᠨ ᠵᠧᠤ ᠤᠯᠤᠰ᠎ᠤᠨ ᠡᠬᠢᠨ᠎ᠤ ᠦᠶ᠎ᠡ ᠵᠢᠨ ᠲᠡᠦᠬᠡᠨ ᠰᠤᠷᠪᠤᠯᠵᠢ ᠪᠢᠴᠢᠭ᠎ᠠᠴᠠ ᠬᠡᠷᠡᠴᠢ ᠤᠯᠵᠤ ᠪᠣᠯᠤᠨ᠎ᠠ᠃ 《ᠠᠷᠠᠳ ᠢᠷᠭᠡᠳ ᠪᠣᠯᠪᠠᠰᠤ ᠲᠦᠷᠦ ᠬᠦᠷᠦᠨ᠎ᠤ ᠦᠨᠳᠦᠰᠦ》 ᠬᠡᠳᠡᠭ᠎ᠨᠢ ᠠᠷᠠᠳ ᠢᠷᠭᠡᠳ ᠪᠣᠯ ᠲᠦᠷᠦ ᠬᠦᠷᠦᠨ ᠣᠷᠣᠰᠢᠨ ᠲᠣᠭᠲᠠᠨᠢᠬᠤ ᠵᠢᠨ ᠰᠠᠭᠤᠷᠢ ᠮᠥᠨ ᠭᠡᠰᠡᠨ ᠤᠳᠬ᠎ᠠ᠎ᠲᠠᠢ ᠦᠭᠡ ᠶᠤᠮ᠃
ᠡᠷᠲᠡᠨ᠎ᠤ ᠲᠤᠮᠳᠠᠳᠤᠴᠤᠳ᠎ᠨᠢ ᠡᠷᠲᠡᠨ᠎ᠤ ᠭ᠋ᠷᠧᠭᠴᠦᠳ ᠰᠢᠭ ᠰᠠᠬᠢᠭᠤᠯᠰᠤᠨ᠎ᠢ ᠦᠨᠡᠨ ᠶᠣᠰᠣ ᠪᠠ ᠰᠢᠳᠤᠷᠭᠤ ᠶᠣᠰᠣᠨ᠎ᠤ ᠴᠤᠷ᠎ᠤᠨ ᠭᠠᠭᠴᠠ ᠡᠬᠢ ᠰᠤᠷᠪᠤᠯᠵᠢ ᠪᠤᠯᠬᠤ ᠪᠦᠭᠡᠳ ᠪᠦᠬᠦᠶ᠋ᠢᠯᠡ ᠶᠢᠷᠲᠢᠨᠴᠦ ᠵᠢᠨ ᠡᠮᠬᠢ ᠵᠢᠷᠤᠮ ᠰᠠᠬᠢᠭᠤᠯᠰᠤᠨ᠎ᠤ ᠵᠣᠷᠢᠭ ᠰᠠᠨᠠᠭ᠎ᠠ᠎ᠪᠠᠷ ᠲᠤᠭᠳᠠᠭ᠋ᠠᠭᠳᠠᠳᠠᠭ ᠭᠡᠵᠦ ᠦᠵᠡᠳᠡᠭ ᠦᠭᠡᠢ ᠪᠦᠭᠡᠳ ᠪᠠᠰᠠ ᠳᠤᠮᠳᠠᠳᠤ ᠵᠠᠭᠤᠨ᠎ᠤ ᠦᠶ᠎ᠡ ᠵᠢᠨ ᠧᠦ᠋ᠷᠣᠫᠠᠴᠤᠳ ᠰᠢᠭ ᠬᠥᠮᠦᠨ ᠲᠥᠷᠥᠯᠬᠢᠲᠡᠨ᠎ᠤ ᠨᠡᠶ᠋ᠢᠭᠡᠮ᠎ᠤᠨ ᠠᠯᠢᠪᠠ ᠪᠦᠬᠦᠨ᠎ᠢ ᠴᠥᠮ ᠬᠤᠷᠮᠤᠰᠲᠠ ᠲᠩᠷᠢ ᠲᠣᠭᠲᠠᠭ᠋ᠠᠳᠠᠭ ᠭᠡᠵᠦ ᠦᠵᠡᠳᠡᠭ ᠦᠭᠡᠢ ᠶᠤᠮ᠃ ᠢᠩᠭᠢᠬᠦᠯᠡᠷ ᠬᠥᠮᠦᠰ ᠨᠡᠶ᠋ᠢᠭᠡᠮ᠎ᠤᠨ ᠤᠯᠤᠰ ᠲᠦᠷᠦ ᠵᠢᠨ ᠠᠮᠢᠳᠤᠷᠠᠯ᠎ᠢ ᠡᠷᠭᠢᠴᠡᠭᠦᠯᠦᠨ ᠪᠤᠳᠤᠬᠤ ᠴᠢᠳᠠᠪᠤᠷᠢ᠎ᠲᠠᠢ ᠪᠣᠯᠬᠤ ᠦᠶ᠎ᠡ᠎ᠳᠤ ᠠᠩᠬᠠᠷᠤᠯ ᠵᠶ᠋ᠠᠨ ᠬᠥᠮᠦᠨ ᠲᠥᠷᠥᠯᠬᠢᠲᠡᠨ᠎ᠤ ᠨᠡᠶ᠋ᠢᠭᠡᠮ᠎ᠤᠨ ᠲᠤᠰ ᠪᠡᠶ᠎ᠡ᠎ᠳᠤ ᠲᠥᠪᠯᠡᠷᠡᠭᠦᠯᠵᠦ᠂ ᠨᠡᠶ᠋ᠢᠭᠡᠮ᠎ᠤᠨ ᠠᠮᠢᠳᠤᠷᠠᠯ᠎ᠤᠨ ᠭᠣᠣᠯ ᠴᠣᠭᠴᠠ ᠪᠣᠯᠬᠤ ᠬᠥᠮᠦᠨ᠎ᠢ ᠨᠡᠩ ᠢᠯᠡᠭᠦᠦ ᠠᠩᠬᠠᠷᠬᠤ ᠪᠤᠯᠵᠠᠢ᠃ ᠬᠥᠮᠦᠨ᠎ᠤ ᠲᠤᠬᠠᠶ ᠲᠠᠨᠢᠯᠲᠠ᠎ᠪᠠᠷ ᠵᠢᠨᠨ ᠳᠠᠮᠵᠢᠨ ᠪᠦᠬᠦ ᠨᠡᠶ᠋ᠢᠭᠡᠮ᠎ᠤᠨ ᠠᠮᠢᠳᠤᠷᠠᠯ᠎ᠢ ᠣᠶ᠋ᠢᠯᠠᠭ᠋ᠠᠵᠤ᠂ ᠨᠡᠶ᠋ᠢᠭᠡᠮ᠎ᠤᠨ ᠠᠰᠠᠭᠤᠳᠠᠯ᠎ᠢ ᠰᠢᠢ᠍ᠳᠪᠦᠷᠢᠯᠡᠬᠦ ᠬᠠᠷᠢᠭᠤᠯᠲᠠ ᠵᠢ ᠡᠷᠢᠳᠡᠭ ᠪᠣᠯ ᠳᠤᠮᠳᠠᠳᠤ ᠤᠯᠤᠰ᠎ᠤᠨ ᠡᠷᠲᠡᠨ᠎ᠤ ᠪᠣᠳᠣᠯᠭ᠋ᠠᠲᠠᠨ ᠨᠠᠷ᠎ᠤᠨ ᠬᠠᠮᠲᠤ ᠵᠢᠨ ᠦᠵᠡᠯ ᠰᠠᠨᠠᠭ᠋ᠠᠨ᠎ᠤ ᠠᠷᠭ᠎ᠠ ᠬᠡᠯᠪᠡᠷᠢ ᠮᠥᠨ᠃
ᠲᠤᠮᠳᠠᠳᠤᠴᠤᠳ᠎ᠨᠢ ᠬᠥᠮᠦᠨ᠎ᠤ ᠵᠣᠭᠰᠣᠯᠲᠠ ᠳᠡᠭᠡᠷ᠎ᠡ ᠵᠣᠭᠰᠣᠵᠤ᠂ ᠬᠥᠮᠦᠨ᠎ᠤ ᠬᠠᠷᠠᠭ᠋ᠠᠰᠤ᠎ᠠᠴᠠ ᠨᠡᠶ᠋ᠢᠭᠡᠮ᠎ᠤᠨ ᠠᠮᠢᠳᠤᠷᠠᠯ᠎ᠢ ᠣᠶ᠋ᠢᠯᠠᠭ᠋ᠠᠬᠤ ᠦᠶ᠎ᠡ᠎ᠳᠤ᠂ ᠲᠡᠳᠡ ᠶᠠᠭᠤᠨ᠎ᠤ ᠡᠮᠦᠨ᠎ᠡ ᠡᠵᠡᠨ᠂ ᠲᠦᠰᠢᠮᠡᠯ᠂ ᠠᠷᠠᠳ ᠮᠡᠲᠦ ᠵᠢᠨ ᠨᠡᠶ᠋ᠢᠭᠡᠮ᠎ᠤᠨ ᠠᠳᠠᠯᠢ ᠪᠤᠰᠤ ᠪᠠᠶ᠋ᠢᠷᠢᠨ᠎ᠳᠤ ᠠᠮᠢᠳᠤᠷᠠᠵᠤ ᠪᠠᠶ᠋ᠢᠭ᠎ᠠ ᠬᠥᠮᠦᠰ᠎ᠢ ᠣᠯᠵᠤ ᠬᠠᠷᠠᠵᠤ᠂ ᠡᠳᠡᠭᠡᠷ ᠬᠥᠮᠦᠰ᠎ᠤᠨ ᠨᠡᠶ᠋ᠢᠭᠡᠮ᠎ᠤᠨ ᠪᠠᠶ᠋ᠢᠷᠢ ᠰᠠᠭᠤᠷᠢᠨ᠎ᠢ ᠠᠳᠠᠯᠢ ᠪᠤᠰᠤ᠎ᠠᠴᠠ ᠪᠤᠯᠵᠤ᠂ ᠥᠪᠡᠷ᠎ᠤᠨ ᠡᠭᠦᠷᠭᠡᠯᠡᠬᠦ ᠬᠠᠷᠢᠭᠤᠴᠠᠯᠭ᠎ᠠ ᠪᠠ ᠡᠭᠦᠷᠭᠡ᠎ᠨᠢ ᠴᠦ᠍ ᠠᠳᠠᠯᠢ ᠪᠤᠰᠤ ᠪᠠᠶ᠋ᠢᠳᠠᠭ᠎ᠢ ᠤᠯᠵᠤ ᠮᠡᠳᠡᠵᠡᠢ᠃
ᠬᠥᠮᠦᠨ ᠠᠮᠠ ᠵᠢᠨ ᠣᠯᠠᠩᠬᠢ ᠲᠣᠭ᠎ᠠ ᠵᠢ ᠡᠵᠡᠯᠡᠭᠰᠡᠨ ᠠᠷᠠᠳ ᠢᠷᠭᠡᠳ ᠪᠣᠯ ᠨᠡᠶ᠋ᠢᠭᠡᠮ᠎ᠤᠨ ᠤᠯᠤᠰ ᠲᠦᠷᠦ ᠵᠢᠨ ᠠᠮᠢᠳᠤᠷᠠᠯ ᠳᠤᠮᠳᠠ ᠬᠠᠷᠢᠴᠠᠯᠠᠰᠢ ᠦᠭᠡᠢ ᠴᠢᠬᠤᠯᠠ ᠴᠢᠨᠠᠷᠲᠠᠢ ᠪᠠᠢ᠌ᠳᠠᠭ ᠭᠡᠵᠦ ᠡᠷᠲᠡᠨ᠎ᠤ ᠪᠣᠳᠣᠯᠭ᠋ᠠᠲᠠᠳ ᠦᠵᠡᠵᠦ ᠪᠠᠢ᠌ᠵᠠᠢ᠂ ᠪᠠᠶ᠋ᠢᠯᠳᠤᠭ᠋ᠠᠨᠲᠤ ᠤᠯᠤᠰ᠎ᠤᠨ ᠦᠶ᠎ᠡ ᠵᠢᠨ ᠮᠧᠩᠽᠢ᠎ᠠᠴᠠ ᠡᠵᠡᠨ ᠬᠠᠭ᠋ᠠᠨ᠂ ᠠᠷᠠᠳ ᠢᠷᠭᠡᠨ ᠪᠣᠯᠤᠨ ᠲᠦᠷᠦ ᠬᠦᠷᠦᠨ ᠭᠤᠷᠪᠠ ᠵᠢᠨ ᠴᠢᠬᠤᠯᠠ ᠴᠢᠨᠠᠷ᠎ᠢ ᠬᠠᠷᠢᠴᠠᠭᠤᠯᠤᠭ᠋ᠠᠳ 《ᠠᠷᠠᠳ ᠢᠷᠭᠡᠳ ᠡᠷᠬᠢᠮ ᠳᠡᠭᠡᠳᠦ᠂ ᠤᠯᠤᠰ ᠭᠦᠷᠦᠨ ᠲᠡᠳ᠋᠂ ᠡᠵᠡᠨ ᠬᠦᠨᠭᠭᠡᠨ ᠪᠤᠶᠤ》 (ᠮᠸᠡᠭᠽᠢ · ᠰᠡᠳᠬᠢᠯ ᠬᠦᠢ᠍ᠴᠡᠳᠭᠡᠬᠦ ᠪᠦᠯᠦᠭ ᠲᠤᠤᠷᠠᠳᠤ》) ᠭᠡᠪᠡ᠃ ᠡᠢ᠌ᠨ ᠬᠦ᠌ ᠠᠷᠠᠳ ᠢᠷᠭᠡᠳ ᠪᠤᠯ ᠲᠦᠷᠦ ᠬᠦᠷᠦᠨ ᠣᠷᠣᠰᠢᠨ ᠲᠣᠭᠲᠠᠨᠢᠬᠤ ᠵᠢᠨ ᠦᠨᠳᠦᠰᠦᠨ ᠨᠥᠬᠥᠴᠡᠯ ᠮᠥᠨ᠂ ᠬᠡᠷᠪᠡ ᠠᠷᠠᠳ ᠢᠷᠭᠡᠳ ᠪᠠᠶ᠋ᠢᠬᠤ ᠦᠭᠡᠢ ᠪᠣᠯ ᠲᠦᠷᠦ ᠬᠦᠷᠦᠨ ᠪᠠᠶ᠋ᠢᠵᠤ ᠴᠢᠳᠠᠬᠤ ᠦᠭᠡᠢ ᠭᠡᠵᠦ ᠦᠵᠡᠪᠡ᠃
《ᠤᠰᠤ ᠭᠤᠷᠤᠬ᠎ᠠ ᠪᠤᠯᠪᠠᠰᠤ ᠵᠢᠭ᠋ᠠᠰᠤ ᠯᠣᠣ ᠵᠢᠨ ᠰᠠᠭᠤᠴᠠ ᠪᠤᠯᠠᠢ; ᠠᠭᠤᠯᠠ ᠰᠢᠭᠤᠶ ᠪᠤᠯᠪᠠᠰᠤ ᠠᠷᠢᠶᠠᠲᠠᠨ ᠵᠢᠭᠦᠷᠲᠡᠨ᠎ᠤ ᠰᠠᠭᠤᠴᠠ ᠪᠤᠯᠠᠢ; ᠲᠦᠷᠦ ᠬᠦᠷᠦᠨ ᠪᠤᠯᠪᠠᠰᠤ ᠬᠠᠷᠠᠴᠤ ᠢᠷᠭᠡᠳ᠎ᠤᠨ ᠰᠠᠭᠤᠴᠠ ᠪᠣᠯᠠᠢ᠁ ᠭᠠᠵᠠᠷ ᠰᠢᠷᠦᠢ ᠦᠭᠡᠢ ᠪᠣᠯᠪᠠᠰᠤ ᠬᠥᠮᠦᠨ ᠠᠮᠤᠷ ᠵᠢᠮᠦᠷ ᠰᠠᠭᠤᠵᠤ ᠦᠯᠦ ᠴᠢᠳᠠᠮᠤᠢ᠂ ᠬᠥᠮᠦᠨ ᠦᠭᠡᠢ ᠪᠣᠯᠪᠠᠰᠤ ᠭᠠᠵᠠᠷ ᠰᠢᠷᠣᠢ᠎ᠪᠠᠨ ᠰᠠᠬᠢᠵᠤ ᠦᠯᠦ ᠴᠢᠳᠠᠮᠤᠢ᠂ ᠶᠣᠰᠣ ᠬᠠᠤᠯᠢ ᠦᠭᠡᠢ ᠪᠣᠯᠪᠠᠰᠤ ᠬᠥᠮᠥᠨ ᠶᠠᠭᠤ ᠵᠢ ᠴᠤ᠌ ᠪᠦᠳᠦᠭᠡᠵᠦ ᠦᠯᠦ ᠴᠢᠳᠠᠮᠤᠢ᠂ ᠰᠠᠶ᠋ᠢᠳ ᠡᠷᠳᠡᠮᠲᠡᠨ ᠦᠭᠡᠢ ᠪᠣᠯᠪᠠᠰᠤ ᠶᠣᠰᠣ ᠵᠢ ᠪᠠᠷᠢᠵᠦ ᠦᠯᠦ ᠴᠢᠳᠠᠮᠤᠢ᠃ ᠨᠤᠲᠤᠭ ᠤᠰᠤ ᠠᠨ᠎ᠤ ᠬᠥᠮᠦᠨ᠎ᠯᠦᠭᠡ ᠠᠳᠠᠯᠢ᠂ ᠶᠣᠰᠣ ᠰᠤᠷᠲᠠᠬᠤᠨ ᠠᠨ᠎ᠤ ᠬᠠᠤᠯᠢ ᠴᠠᠭ᠋ᠠᠵᠠᠯᠤᠭᠠ ᠠᠳᠠᠯᠢ᠂ ᠲᠦᠷᠦ ᠬᠦᠷᠦᠨ᠎ᠤ ᠦᠨᠳᠦᠰᠦ ᠪᠤᠯᠠᠢ》 (《ᠰᠢᠶᠦ᠋ᠨᠽᠢ · ᠴᠢᠳᠠᠪᠤᠷᠢᠳᠠᠨ ᠡᠯᠰᠡᠬᠦᠢ》)᠃ ᠨᠢᠭᠡᠨ ᠲᠦᠷᠦ ᠵᠢᠨ ᠣᠷᠣᠰᠢᠨ ᠲᠣᠭᠲᠠᠨᠢᠬᠤ ᠵᠢᠨ ᠤᠷᠢᠲᠠᠯ ᠪᠣᠯ ᠥᠪᠡᠷ᠎ᠢ᠎ᠪᠠᠨ ᠠᠷᠠᠳ ᠣᠯᠠᠨ᠎ᠳᠤ ᠲᠠᠲᠠᠬᠤ ᠬᠦᠴᠦᠨ᠎ᠲᠠᠢ ᠲᠦᠷᠦ ᠬᠦᠷᠦᠨ ᠪᠣᠯᠭ᠋ᠠᠬᠤ ᠶᠠᠪᠤᠳᠠᠯ ᠪᠣᠯᠤᠨ᠎ᠠ᠂ ᠭᠡᠬᠦ᠎ᠳᠤ᠎ᠪᠠᠨ ᠰᠠᠶ᠋ᠢᠨ ᠰᠠᠶ᠋ᠢᠬᠠᠨ ᠤᠯᠤᠰ᠎ᠤᠨ ᠵᠠᠰᠠᠯᠲᠠ ᠪᠣᠯ ᠶᠣᠰᠣ ᠵᠢᠷᠤᠮ᠎ᠲᠠᠢ ᠨᠡᠶ᠋ᠢᠴᠡᠭᠰᠡᠨ ᠤᠯᠤᠰ ᠲᠥᠷᠥ ᠵᠢᠨ ᠠᠮᠢᠳᠤᠷᠠᠯ ᠪᠤᠯᠬᠤ ᠪᠦᠭᠡᠳ ᠪᠠᠰᠠ ᠠᠷᠠᠳ ᠢᠷᠭᠡᠳ ᠲᠡᠭᠦᠨ᠎ᠤ ᠲᠤᠳᠤᠷ᠎ᠠ ᠠᠮᠢᠳᠤᠷᠠᠬᠤ ᠳᠤᠷᠠᠲᠠᠶ ᠪᠠᠶ᠋ᠢᠬᠤ᠎ᠪᠠᠷ ᠤᠷᠢᠲᠠᠯ ᠪᠤᠯᠭ᠋ᠠᠵᠤ ᠪᠠᠢ᠌ᠳᠠᠭ᠃
ᠠᠷᠠᠳ ᠢᠷᠭᠡᠳ ᠪᠣᠯ ᠲᠦᠷᠦ ᠬᠦᠷᠦᠨ ᠣᠷᠣᠰᠢᠨ ᠲᠣᠭᠲᠠᠨᠢᠬᠤ ᠵᠢᠨ ᠤᠷᠢᠲᠠᠯ ᠮᠥᠨ᠂ ᠮᠥᠨ ᠴᠦ᠍ ᠡᠵᠡᠨ ᠬᠠᠭ᠋ᠠᠨ᠎ᠤ ᠡᠵᠡᠨ ᠬᠠᠭ᠋ᠠᠨ ᠰᠠᠭᠤᠬᠤ ᠵᠢᠨ ᠤᠷᠢᠲᠠᠯ ᠮᠥᠨ᠃ ᠪᠠᠶ᠋ᠢᠯᠳᠤᠭ᠋ᠠᠨᠲᠤ ᠤᠯᠤᠰ᠎ᠤᠨ ᠦᠶ᠎ᠡ ᠵᠢᠨ ᠰᠢᠶᠦ᠋ᠨᠽᠢᠨᠢ ᠵᠢᠭ᠋ᠠᠰᠤ ᠪᠠ ᠤᠰᠤ᠎ᠪᠠᠷ ᠡᠵᠡᠨ ᠬᠠᠭ᠋ᠠᠨ ᠪᠠ ᠠᠷᠠᠳ ᠢᠷᠭᠡᠳ᠎ᠤᠨ ᠬᠠᠷᠢᠴᠠᠭ᠎ᠠ ᠵᠢ ᠵᠦᠢ᠍ᠷᠯᠡᠵᠦ᠂ 《ᠡᠵᠡᠨ ᠬᠠᠭ᠋ᠠᠨ ᠣᠩᠭᠣᠴᠠ ᠪᠤᠯᠠᠢ᠂ ᠬᠠᠷᠠᠴᠤ ᠢᠷᠭᠡᠳ ᠤᠰᠤ ᠪᠤᠯᠠᠢ᠂ ᠤᠰᠤ᠎ᠨᠢ ᠣᠩᠭᠣᠴᠠ ᠵᠢ ᠬᠦᠪᠪᠦᠬᠦᠯᠵᠦ ᠴᠢᠳᠠᠮᠤᠢ᠂ ᠤᠰᠤ᠎ᠨᠢ ᠪᠠᠰᠠ ᠣᠩᠭᠣᠴᠠ ᠵᠢ ᠬᠥᠷᠪᠡᠭᠦᠯᠵᠦ ᠴᠢᠳᠠᠮᠤᠢ》 (《ᠰᠢᠶᠦ᠋ᠨᠽᠢ · ᠸᠠᠩ᠎ᠤᠨ ᠳᠦᠷᠢᠮ》) ᠬᠡᠪᠡ᠃ ᠲᠠᠩ ᠤᠯᠤᠰ᠎ᠤᠨ ᠵᠧᠨ ᠭᠤᠸᠠᠨᠤ ᠦᠶ᠎ᠡ᠎ᠳᠤ᠂ ᠲᠠᠩ ᠲᠠᠶ᠋ᠢᠽᠦ᠋ᠩ ᠯᠢ ᠱ᠌ᠢ ᠮᠢᠨ ᠰᠢᠶᠦ᠋ᠨᠽᠢ ᠵᠢᠨ ᠬᠡᠯᠡᠭᠰᠡᠨ ᠡᠨᠡ ᠬᠦ᠌ ᠶᠣᠰᠣ ᠤᠴᠢᠷ᠎ᠢ ᠴᠢᠨᠠᠬᠰᠢᠳᠠ ᠲᠣᠳᠣᠷᠬᠠᠶ᠋ᠢᠯᠠᠵᠤ᠂ ᠵᠢᠭ᠋ᠠᠰᠤ ᠤᠰᠤᠨ᠎ᠠᠴᠠ ᠰᠠᠯᠪᠠᠯ ᠠᠮᠢᠳᠤᠷᠠᠬᠤ ᠵᠢᠨ ᠠᠷᠭ᠎ᠠ ᠦᠭᠡᠶ᠂ ᠭᠡᠪᠡᠴᠦ ᠤᠰᠤ ᠵᠢᠭ᠋ᠠᠰᠤ᠎ᠠᠴᠠ ᠰᠠᠯᠤᠭᠰᠠᠨ ᠴᠤ᠌ ᠤᠰᠤ ᠮᠥᠨ ᠯᠡ ᠬᠡᠪ ᠵᠶ᠋ᠡᠷ ᠵᠶ᠋ᠡᠨ ᠪᠠᠢ᠌ᠵᠤ ᠴᠢᠳᠠᠨ᠎ᠠ᠃ ᠡᠶ᠋ᠢᠮᠦ᠎ᠠᠴᠠ ᠡᠵᠡᠨ ᠬᠠᠭ᠋ᠠᠨ ᠪᠣᠯᠤᠨ ᠠᠷᠠᠳ ᠢᠷᠭᠡᠳ᠎ᠤᠨ ᠬᠤᠭᠤᠷᠤᠨᠳᠦᠬᠢ ᠬᠠᠷᠢᠴᠠᠭ᠎ᠠ᠎ᠳᠤ ᠠᠷᠠᠳ ᠢᠷᠭᠡᠳ ᠪᠣᠯ ᠨᠠᠩ ᠴᠢᠬᠤᠯᠠ ᠶᠤᠮ ᠬᠡᠵᠡᠢ᠃
▲ ᠪᠠᠷᠠᠭᠤᠨ ᠵᠧᠤ ᠤᠯᠤᠰ᠎ᠤᠨ ᠡᠬᠢᠨ᠎ᠤ ᠦᠶ᠎ᠡ ᠵᠢᠨ ᠾᠧ ᠤᠪᠤᠬᠳᠤ ᠢᠵᠠᠭᠤᠷᠳᠠᠨᠤ ᠬᠢᠭᠰᠡᠨ ᠲᠠᠬᠢᠯᠭ᠎ᠠ ᠵᠢᠨ ᠬᠡᠷᠡᠭᠰᠡᠯ ᠪᠤᠯᠤᠨ᠎ᠠ᠂ ᠳᠡᠭᠡᠷ᠎ᠡ᠎ᠨᠢ ᠬᠠᠮᠤᠭ ᠡᠷᠲᠡᠨ᠎ᠤ ᠦᠶ᠎ᠡ ᠵᠢᠨ 《ᠳᠤᠮᠳᠠᠳᠤ ᠤᠯᠤᠰ》 ᠭᠡᠬᠦ ᠬᠣᠶᠠᠷ ᠦᠰᠦᠭ᠎ᠢ ᠰᠡᠢ᠌ᠯᠵᠡᠢ᠂ 《ᠤᠯᠤᠰ》 ᠭᠡᠳᠡᠭ ᠦᠰᠦᠭ᠎ᠨᠢ ᠵᠡᠪᠰᠡᠭ ᠪᠠᠷᠢᠵᠤ ᠬᠣᠲᠠ ᠵᠢ ᠰᠠᠬᠢᠬᠤ ᠭᠡᠰᠡᠨ ᠤᠳᠬ᠎ᠠ᠎ᠲᠠᠢ ᠪᠠᠢ᠌ᠵᠠᠢ᠃ 《ᠡᠦ ᠶᠤᠸᠠᠢ ᠵᠢᠨ ᠴᠦᠨ ᠴᠢᠦ ᠪᠢᠴᠢᠭ》᠎ᠲᠤ᠄ 《ᠬᠤᠳᠠ ᠴᠠᠢ᠌ᠵᠠ ᠪᠠᠶ᠋ᠢᠭᠤᠯᠤᠨ ᠡᠵᠡᠨ ᠬᠠᠭ᠋ᠠᠨ᠎ᠢ ᠬᠠᠮᠠᠭ᠋ᠠᠯᠠᠬᠤᠳᠤᠷ ᠭᠡᠷᠡᠭᠯᠡᠮᠤᠢ᠂ ᠭᠠᠳᠠᠷ ᠭᠡᠷᠡᠮ ᠪᠠᠶ᠋ᠢᠭᠤᠯᠤᠨ ᠠᠷᠠᠳ ᠢᠷᠭᠡᠳ᠎ᠢ ᠬᠠᠮᠠᠭ᠋ᠠᠯᠠᠬᠤᠳᠤᠷ ᠭᠡᠷᠡᠭᠯᠡᠮᠤᠢ》 ᠭᠡᠵᠦ ᠲᠡᠮᠳᠡᠭᠯᠡᠭᠰᠡᠨ᠎ᠨᠢ ᠲᠦᠷᠦ ᠬᠦᠷᠦᠨ ᠪᠣᠯᠤᠨ ᠠᠷᠠᠳ ᠲᠦᠮᠡᠨ᠎ᠤ ᠨᠢᠭᠲᠠ ᠬᠠᠷᠢᠴᠠᠭ᠎ᠠ ᠵᠢ ᠲᠣᠳᠣᠷᠬᠠᠶ᠋ᠢᠯᠠᠨ ᠥᠭᠦᠯᠡᠵᠡᠶ᠃
ᠠᠷᠠᠳ᠎ᠤᠨ ᠰᠡᠳᠬᠢᠯ᠎ᠢ ᠣᠯᠤᠭᠰᠠᠳ ᠲᠡᠯᠡᠭᠡᠢ ᠳ᠋ᠡᠬᠢ᠎ᠨᠢ ᠣᠯᠤᠮᠤᠢ
ᠳᠤᠮᠳᠠᠳᠤ ᠤᠯᠤᠰ᠎ᠤᠨ ᠡᠷᠲᠡᠨ᠎ᠤ ᠪᠣᠳᠣᠯᠭ᠋ᠠᠲᠠᠨ ᠨᠠᠷ ᠠᠷᠠᠳ ᠢᠷᠭᠡᠳ᠎ᠤᠨ ᠴᠢᠬᠤᠯᠠ ᠴᠢᠨᠠᠷ᠎ᠢ ᠶᠠᠷᠢᠯᠴᠠᠬᠤ᠎ᠳᠤ᠎ᠪᠠᠨ᠂ ᠠᠷᠠᠳ ᠢᠷᠭᠡᠳ᠎ᠢ ᠨᠢᠭᠡᠨ ᠪᠦᠬᠦᠯᠢ ᠴᠣᠭᠴᠠ ᠪᠣᠯᠭ᠋ᠠᠨ ᠦᠵᠡᠳᠡᠭ ᠪᠠᠶ᠋ᠢᠵᠠᠢ᠂ ᠲᠡᠳᠡᠨ᠎ᠤ ᠦᠵᠡᠬᠦ᠎ᠪᠠᠷ᠂ ᠠᠷᠠᠳ ᠢᠷᠭᠡᠳ᠎ᠨᠢ ᠨᠢᠭᠡᠨ ᠪᠦᠬᠦᠯᠢ ᠴᠣᠭᠴᠠ ᠪᠣᠯᠣᠭᠰᠠᠨ᠎ᠤ ᠬᠤᠪᠢ᠎ᠳᠤ ᠨᠡᠶ᠋ᠢᠭᠡᠮ᠎ᠤᠨ ᠤᠯᠤᠰ ᠲᠦᠷᠦ ᠵᠢᠨ ᠠᠮᠢᠳᠤᠷᠠᠯ᠎ᠳᠤ ᠰᠢᠢ᠍ᠳᠪᠦᠷᠢᠯᠡᠭᠴᠢ ᠬᠦᠴᠦᠨ ᠴᠢᠳᠠᠯ᠎ᠢ ᠦᠵᠡᠬᠦᠯᠵᠦ ᠪᠠᠶ᠋ᠢᠳᠠᠭ᠃ ᠡᠨᠡ ᠬᠦ᠌ ᠬᠦᠴᠦᠨ ᠴᠢᠳᠠᠯ᠎ᠨᠢ ᠲᠦᠷᠦ ᠬᠦᠷᠦᠨ᠎ᠤ ᠤᠯᠤᠰ ᠲᠦᠷᠦ ᠵᠢᠨ ᠡᠮᠬᠢ ᠵᠢᠷᠤᠮ᠎ᠢ ᠲᠣᠭᠲᠠᠭ᠋ᠠᠵᠤ᠂ ᠠᠷᠠᠳ ᠢᠷᠭᠡᠳ᠎ᠤᠨ ᠰᠡᠳᠬᠢᠯ᠎ᠤᠨ ᠬᠠᠨᠳᠤᠰᠢ᠎ᠨᠢ ᠨᠢᠭᠡᠨ ᠲᠦᠷᠦ ᠵᠢᠨ ᠰᠠᠮᠠᠭᠤᠷᠠᠯ ᠪᠠ ᠮᠠᠨᠳᠤᠯ ᠮᠦᠬᠦᠯᠢ ᠲᠣᠭᠲᠠᠭ᠋ᠠᠵᠤ ᠪᠠᠶ᠋ᠢᠳᠠᠭ ᠭᠡᠳᠡᠭ᠃
ᠮᠧᠩᠽᠢ ᠰᠢᠶᠠ ᠤᠯᠤᠰ᠂ ᠱᠠᠩ ᠤᠯᠤᠰ᠂ ᠵᠧᠤ ᠤᠯᠤᠰ᠎ᠤᠨ ᠭᠤᠷᠪᠠᠨ ᠲᠥᠷᠥ ᠵᠢᠨ ᠮᠠᠨᠳᠤᠵᠤ ᠮᠥᠬᠥᠭᠰᠡᠨ ᠲᠡᠦᠬᠡ ᠵᠢ ᠳ᠋ᠦᠩᠨᠡᠬᠦ᠎ᠳᠤ᠎ᠪᠠᠨ᠂ ᠰᠢᠶᠠ ᠤᠯᠤᠰ᠂ ᠱᠠᠩ ᠤᠯᠤᠰ ᠬᠣᠶᠠᠷ ᠲᠥᠷᠥ ᠵᠢᠨ ᠮᠥᠬᠥᠭᠰᠡᠨ ᠪᠣᠯ ᠠᠷᠠᠳ ᠢᠷᠭᠡᠳ᠎ᠤᠨ ᠳᠡᠮᠵᠢᠯᠭᠡ ᠵᠢ ᠠᠯᠳᠠᠭᠰᠠᠨ᠎ᠠᠴᠠ ᠪᠣᠯᠵᠠᠶ ᠭᠡᠪᠡ᠃ ᠮᠧᠩᠽᠢ ᠵᠢᠨ ᠡᠨᠡ ᠬᠡᠯᠡᠯᠭᠡ ᠪᠣᠯ ᠵᠥᠪ ᠶᠤᠮ᠃ ᠲᠡᠦᠬᠡᠨ ᠳᠡᠭᠡᠷ᠎ᠡ ᠠᠯᠢ ᠴᠤ᠌ ᠬᠠᠭ᠋ᠠᠨᠲᠤ ᠲᠦᠷᠦ ᠭᠡᠳ ᠠᠷᠠᠳ᠎ᠤᠨ ᠰᠡᠳᠬᠢᠯ᠎ᠢ ᠠᠯᠳᠠᠭᠰᠠᠨ ᠪᠠᠶ᠋ᠢᠳᠠᠯ᠎ᠤᠨ ᠳᠣᠣᠷ᠎ᠠ ᠤᠳᠠᠭ᠋ᠠᠨ ᠦᠷᠭᠦᠯᠵᠢᠯᠡᠵᠦ ᠴᠢᠳᠠᠭᠰᠠᠨ ᠦᠭᠡᠢ ᠶᠤᠮ᠃ ᠨᠣᠶᠠᠷᠬᠠᠭᠴᠢᠳ᠎ᠲᠤ ᠠᠪᠴᠤ ᠬᠡᠯᠡᠪᠡᠯ᠂ ᠤᠯᠤᠰ ᠲᠦᠷᠦ ᠵᠢᠨ ᠲᠣᠭᠲᠠᠭᠤᠨ ᠡᠮᠬᠢ ᠵᠢᠷᠤᠮ᠎ᠢ ᠬᠠᠮᠠᠭ᠋ᠠᠯᠠᠶ᠎ᠠ ᠭᠡᠪᠡᠯ᠂ ᠡᠷᠬᠡᠪᠰᠢ ᠠᠷᠠᠳ ᠢᠷᠭᠡᠳ᠎ᠤᠨ ᠰᠡᠳᠬᠢᠯ᠎ᠤᠨ ᠳᠡᠮᠵᠢᠯᠭᠡ ᠵᠢ ᠤᠯᠬᠤ ᠬᠡᠷᠡᠭᠲᠡᠢ᠂ ᠡᠨᠡ ᠪᠣᠯ 《ᠠᠷᠠᠳ᠎ᠤᠨ ᠰᠡᠳᠬᠢᠯ᠎ᠢ ᠣᠯᠤᠭᠰᠠᠳ ᠲᠡᠯᠡᠭᠡᠢ ᠳ᠋ᠡᠬᠢ᠎ᠨᠢ ᠣᠯᠣᠨ᠎ᠠ》 ᠭᠡᠰᠡᠨ ᠶᠠᠪᠤᠳᠠᠯ ᠪᠤᠯᠤᠨ᠎ᠠ᠃
ᠲᠡᠭᠡᠪᠡᠯ᠂ ᠠᠷᠠᠳ ᠢᠷᠭᠡᠳ᠎ᠤᠨ ᠰᠡᠳᠬᠢᠯ᠎ᠤᠨ ᠳᠡᠮᠵᠢᠯᠭᠡ ᠵᠢ ᠬᠡᠷᠬᠢᠨ ᠣᠯᠬᠤ ᠲᠤᠬᠠᠢ ᠡᠷᠲᠡᠨ᠎ᠤ ᠬᠥᠮᠦᠰ ᠦᠵᠡᠬᠦ᠎ᠳᠤ᠎ᠪᠠᠨ᠂ ᠬᠠᠮᠤᠭ᠎ᠤᠨ ᠰᠠᠶ᠋ᠢᠨ ᠠᠷᠭ᠎ᠠ ᠪᠣᠯ ᠨᠣᠶᠠᠷᠬᠠᠭᠴᠢᠳ ᠲᠥᠷᠥ ᠵᠢ ᠵᠠᠰᠠᠵᠤ ᠵᠠᠰᠠᠭ᠎ᠢ ᠡᠷᠭᠢᠯᠡᠬᠦ ᠶᠠᠪᠤᠴᠠ᠎ᠳᠤ᠂ ᠠᠷᠠᠳ ᠢᠷᠭᠡᠳ᠎ᠤᠨ ᠬᠦᠰᠡᠯ ᠰᠠᠨᠠᠭ᠎ᠠ᠎ᠠᠴᠠ ᠵᠥᠷᠢᠴᠡᠵᠦ ᠪᠣᠯᠬᠤ ᠥᠬᠡᠶ᠂ ᠠᠷᠠᠳ ᠢᠷᠭᠡᠳ᠎ᠤᠨ ᠳᠤᠷᠠᠲᠠᠶ ᠶᠠᠭᠤᠮ᠎ᠠ ᠵᠢ ᠠᠷᠠᠳ ᠢᠷᠭᠡᠳ᠎ᠲᠤ ᠦᠭᠭᠦ ᠭᠡᠷᠡᠭᠳᠡᠢ᠂ ᠬᠠᠷᠢᠨ ᠠᠷᠠᠳ ᠢᠷᠭᠡᠳ᠎ᠤᠨ ᠳᠤᠷ᠎ᠠ ᠥᠬᠡᠶ ᠶᠠᠭᠤᠮ᠎ᠠ ᠵᠢ ᠠᠷᠠᠳ ᠢᠷᠭᠡᠳ᠎ᠲᠤ ᠠᠯᠪᠠ᠎ᠪᠠᠷ ᠦᠭᠴᠦ ᠪᠣᠯᠬᠤ ᠥᠬᠡᠶ᠂ 《ᠠᠷᠠᠳ ᠢᠷᠭᠡᠳ᠎ᠤᠨ ᠰᠡᠳᠬᠢᠯ᠎ᠢ ᠤᠯᠬᠤ ᠠᠷᠭ᠎ᠠ ᠪᠤᠯᠪᠠᠰᠤ ᠠᠷᠠᠳ ᠢᠷᠭᠡᠳ᠎ᠤᠨ ᠬᠦᠰᠡᠵᠦ ᠪᠠᠢ᠌ᠭ᠎ᠠ ᠵᠦᠢ᠍ᠯᠡᠰ᠎ᠢ ᠬᠠᠡᠭᠭ᠋ᠠᠵᠤ᠂ ᠠᠷᠠᠳ ᠢᠷᠭᠡᠳ᠎ᠤᠨ ᠵᠢᠭᠰᠢᠳᠡᠭ ᠵᠦᠢ᠍ᠯᠡᠰ᠎ᠢ ᠬᠡᠷᠡᠭᠵᠢᠬᠦᠯᠬᠦ ᠦᠭᠡᠢ ᠪᠠᠢ᠌ᠬᠤ᠎ᠳᠤ ᠤᠷᠤᠰᠢᠮᠤᠢ》 (《ᠮᠧᠩᠽᠢ · ᠯᠢ ᠯᠧᠦ ᠱᠠᠩ》) ᠭᠡᠪᠡ᠃
《ᠠᠷᠠᠳ᠎ᠤᠨ ᠰᠡᠳᠬᠢᠯ᠎ᠢ ᠣᠯᠤᠭᠰᠠᠳ ᠲᠡᠯᠡᠭᠡᠢ ᠳ᠋ᠡᠬᠢ᠎ᠨᠢ ᠣᠯᠤᠮᠤᠢ》 ᠭᠡᠳᠡᠭ᠎ᠤᠨ ᠵᠠᠩᠭᠢᠯᠠᠭ᠎ᠠ᠎ᠨᠢ ᠠᠷᠠᠳ ᠢᠷᠭᠡᠳ᠎ᠤᠨ ᠬᠦᠰᠡᠯ ᠰᠠᠨᠠᠭ᠎ᠠ᠎ᠪᠠᠷ ᠠᠵᠢᠯᠯᠠᠬᠤ ᠶᠠᠪᠤᠳᠠᠯ ᠪᠣᠯᠤᠨ᠎ᠠ᠂ ᠡᠨᠡ ᠪᠣᠯ ᠳᠤᠮᠳᠠᠳᠤ ᠤᠯᠤᠰ᠎ᠤᠨ ᠤᠯᠠᠮᠵᠢᠯᠠᠯᠲᠤ ᠰᠤᠶᠤᠯ ᠢᠷᠭᠡᠨᠰᠢᠯ᠎ᠤᠨ ᠬᠥᠮᠥᠨ᠎ᠤ ᠵᠣᠷᠢᠭ ᠰᠠᠨᠠᠭ᠎ᠠ ᠵᠢ ᠵᠠᠰᠠᠬᠤ ᠲᠤᠬᠠᠢ ᠦᠵᠡᠯᠳᠡ ᠵᠢᠨ ᠲᠠᠯ᠎ᠠ᠎ᠪᠠᠷ᠎ᠬᠢ ᠦᠨᠡᠨ ᠪᠣᠳᠠᠲᠠᠢ ᠢᠯᠡᠷᠡᠯ ᠮᠥᠨ᠃ ᠳᠤᠮᠳᠠᠳᠤ ᠤᠯᠤᠰ᠎ᠤᠨ ᠡᠷᠲᠡᠨ᠎ᠤ ᠪᠣᠳᠣᠯᠭ᠋ᠠᠲᠠᠨ ᠨᠠᠷ᠎ᠤᠨ ᠯᠣᠭᠢᠭ ᠵᠶ᠋ᠠᠷ ᠪᠣᠯ᠂ ᠨᠣᠶᠠᠷᠬᠠᠭᠴᠢᠳ᠎ᠤᠨ ᠤᠯᠤᠰ ᠲᠥᠷᠥ ᠵᠢᠨ ᠠᠷᠭ᠎ᠠ ᠬᠡᠮᠵᠢᠶ᠎ᠡ ᠵᠢᠨ ᠵᠥᠪ ᠪᠤᠷᠤᠭᠤ ᠵᠢ ᠮᠠᠭ᠋ᠠᠳᠯᠠᠵᠤ ᠮᠡᠳᠡᠬᠦ ᠵᠢᠨ ᠦᠨᠳᠦᠰᠦᠨ ᠪᠠᠷᠢᠮᠵᠢᠶ᠎ᠠ ᠪᠤᠯ ᠠᠷᠠᠳ ᠢᠷᠭᠡᠳ᠎ᠤᠨ ᠬᠦᠰᠡᠯ ᠵᠣᠷᠢᠯᠲᠠᠳᠤ ᠨᠡᠶ᠋ᠢᠴᠡᠭᠦᠯᠬᠦ ᠶᠠᠪᠤᠳᠠᠯ ᠪᠣᠯᠤᠨ᠎ᠠ᠃ ᠠᠷᠠᠳ᠎ᠤᠨ ᠰᠠᠨᠠᠭ᠋ᠠᠨ᠎ᠠᠴᠠ ᠭᠠᠳᠠᠨᠠᠬᠢ ᠶᠠᠮᠠᠷᠪᠠ ᠪᠤᠰᠤᠳ ᠶᠠᠭᠤᠮ᠎ᠠ ᠪᠦᠷ ᠴᠢᠬᠤᠯᠠ ᠦᠭᠡᠢ ᠭᠡᠳᠡᠭ᠃
ᠪᠢᠳᠡᠨ᠎ᠤ ᠮᠡᠳᠡᠭᠡᠵᠢ᠎ᠪᠠᠷ᠂ ᠡᠷᠲᠡᠨ᠎ᠤ ᠲᠤᠮᠳᠠᠳᠤᠴᠤᠳ ᠶᠠᠮᠠᠷ ᠨᠢᠭᠡᠨ ᠬᠡᠮᠵᠢᠶᠡᠨ᠎ᠳᠤ ᠪᠠᠰᠠ ᠰᠠᠬᠢᠭᠤᠯᠰᠤᠨ᠎ᠤ ᠣᠷᠣᠰᠢᠵᠤ ᠪᠠᠶ᠋ᠢᠬᠤ ᠵᠢ ᠵᠥᠪᠰᠢᠶᠡᠷᠡᠳᠡᠭ᠂ ᠭᠡᠪᠡᠴᠦ ᠡᠷᠲᠡᠨ᠎ᠤ ᠲᠤᠮᠳᠠᠳᠤᠴᠤᠳ᠎ᠤᠨ ᠦᠵᠡᠯᠳᠡ᠎ᠳᠠᠬᠢ ᠰᠠᠬᠢᠭᠤᠯᠰᠤᠨ᠎ᠢ ᠵᠥᠪᠬᠡᠨ ᠰᠠᠢ᠍ᠢ᠍ᠨ ᠮᠠᠭᠤ ᠪᠠ ᠣᠯᠵᠤ ᠠᠯᠳᠠᠬᠤ ᠵᠢᠨ ᠳ᠋ᠦᠢ᠍ᠰᠢᠶᠠᠡᠭ ᠪᠣᠯᠭ᠋ᠠᠳᠠᠭ᠎ᠠᠴᠠ ᠪᠢᠰᠢ᠂ ᠬᠠᠷᠢᠨ ᠶᠣᠰᠣ ᠰᠤᠷᠲᠠᠬᠤᠨ ᠦᠨᠡᠨ ᠶᠣᠰᠣᠨ᠎ᠤ ᠢᠷᠡᠯᠳᠡ ᠪᠣᠯᠭ᠋ᠠᠳᠠᠭ ᠦᠭᠡᠢ᠃ ᠡᠶ᠋ᠢᠮᠦ᠎ᠠᠴᠠ᠂ ᠬᠡᠪ᠎ᠤᠨ ᠪᠠᠶ᠋ᠢᠳᠠᠯ ᠳᠣᠣᠷ᠎ᠠ ᠡᠷᠲᠡᠨ᠎ᠤ ᠬᠥᠮᠦᠰ ᠪᠦᠷ ᠨᠡᠶ᠋ᠢᠭᠡᠮ ᠤᠯᠤᠰ ᠲᠦᠷᠦ ᠵᠢᠨ ᠠᠮᠢᠳᠤᠷᠠᠯ ᠳᠤᠮᠳᠠ ᠵᠠᠷᠢᠮ ᠬᠡᠷᠡᠭ ᠶᠠᠪᠤᠳᠠᠯ᠎ᠤᠨ ᠲᠤᠬᠠᠢ ᠲᠣᠭᠲᠠᠭ᠋ᠠᠯ ᠭᠠᠷᠭ᠋ᠠᠬᠤ ᠴᠢᠬᠤᠯᠠᠲᠠᠢ ᠦᠶ᠎ᠡ᠎ᠳᠤ᠂ ᠠᠷᠠᠳ ᠢᠷᠭᠡᠳ᠎ᠤᠨ ᠰᠠᠨᠠᠯ᠎ᠢ ᠰᠣᠨᠣᠰᠬᠤ᠎ᠪᠠᠷ ᠵᠠᠩᠭᠢᠯᠠᠭ᠎ᠠ ᠪᠤᠯᠭ᠋ᠠᠬᠤ᠎ᠠᠴᠠ ᠪᠢᠰᠢ᠂ ᠬᠠᠷᠢᠨ ᠰᠠᠬᠢᠭᠤᠯᠰᠤᠨ᠎ᠤ ᠰᠡᠩᠬᠡᠷᠡᠭᠦᠯᠦᠯ᠎ᠢ ᠤᠯᠬᠤ᠎ᠪᠠᠷ ᠵᠠᠡᠭᠭᠢᠯᠠᠭ᠎ᠠ ᠪᠤᠯᠭ᠋ᠠᠵᠤ ᠪᠤᠯᠬᠤ ᠦᠭᠡᠢ ᠭᠡᠵᠦ ᠦᠵᠡᠳᠡᠭ᠃ ᠴᠦᠨ ᠴᠢᠦ ᠵᠢᠨ ᠦᠶ᠎ᠡ ᠵᠢᠨ ᠬᠥᠮᠦᠰ 《ᠲᠦᠷᠦ ᠬᠦᠷᠦᠨ᠎ᠢ ᠮᠠᠨᠳᠤᠭᠤᠯᠬᠤᠢᠳᠤᠷ ᠠᠷᠠᠳ ᠢᠷᠭᠡᠳ᠎ᠤᠨ ᠦᠭᠡ ᠵᠢ ᠰᠣᠨᠣᠰᠤᠮᠤᠢ; ᠲᠥᠷᠥ ᠭᠦᠷᠦᠨ ᠮᠥᠬᠥᠬᠦᠳᠤᠷ ᠰᠠᠬᠢᠭᠤᠯᠰᠤᠨ᠎ᠤ ᠦᠭᠡ ᠵᠢ ᠰᠤᠨᠤᠰᠤᠮᠤᠢ》 ᠭᠡᠳᠡᠭ ᠪᠣᠯ ᠡᠨᠡ ᠬᠦ᠌ ᠶᠣᠰᠣ ᠵᠢ ᠨᠢᠭᠡᠨᠲᠡ ᠣᠶ᠋ᠢᠯᠠᠭ᠋ᠠᠬᠰᠠᠨᠢ ᠭᠡᠷᠡᠴᠢᠯᠡᠵᠦ ᠪᠤᠢ᠃
ᠳᠤᠮᠳᠠᠳᠤ ᠤᠯᠤᠰ᠎ᠤᠨ ᠡᠷᠲᠡᠨ᠎ᠤ ᠨᠡᠶ᠋ᠢᠭᠡᠮ᠎ᠨᠢ ᠧᠦ᠋ᠷᠣᠫᠠ ᠲᠢᠪ᠎ᠤᠨ ᠳᠤᠮᠳᠠᠳᠤ ᠵᠠᠭᠤᠨ᠎ᠤ ᠦᠶ᠎ᠡ ᠵᠢᠨ᠎ᠬᠢ ᠰᠢᠭ ᠲᠡᠶ᠋ᠢᠮᠦ ᠱᠠᠰᠢᠨ ᠰᠠᠬᠢᠭᠤᠯᠰᠤᠨ᠎ᠤ ᠰᠤᠷᠭ᠋ᠠᠯ᠎ᠤᠨ ᠨᠣᠶᠠᠷᠬᠠᠯ᠎ᠢ ᠥᠩᠭᠡᠷᠡᠭᠦᠯᠦᠭᠰᠡᠨ ᠦᠭᠡᠢ ᠵᠢᠨ ᠴᠢᠬᠤᠯᠠ ᠰᠢᠯᠲᠠᠭ᠋ᠠᠨ ᠪᠤᠯ᠂ 《ᠠᠷᠠᠳ ᠢᠷᠭᠡᠳ ᠪᠣᠯᠪᠠᠰᠤ ᠲᠦᠷᠦ ᠬᠦᠷᠦᠨ᠎ᠤ ᠦᠨᠳᠦᠰᠦ》 ᠭᠡᠬᠦ ᠲᠦᠷᠦ ᠵᠢ ᠵᠠᠰᠠᠬᠤ ᠣᠶ᠋ᠢᠯᠠᠭ᠋ᠠᠭᠳᠠᠬᠤᠨ᠎ᠲᠠᠢ ᠪᠠᠢ᠌ᠬᠰᠠᠨ᠎ᠠᠴᠠ ᠱᠠᠰᠢᠨ᠎ᠤ ᠰᠠᠬᠢᠭᠤᠯᠰᠤᠨ᠎ᠤ ᠰᠤᠷᠭ᠋ᠠᠯ᠎ᠤᠨ ᠨᠡᠶ᠋ᠢᠭᠡᠮ᠎ᠤᠨ ᠤᠯᠤᠰ ᠲᠦᠷᠦ ᠵᠢᠨ ᠠᠮᠢᠳᠤᠷᠠᠯ᠎ᠳᠤ ᠮᠠᠰᠢ ᠶᠡᠬᠡ ᠬᠡᠮᠵᠢᠶᠡᠨ᠎ᠡ ᠣᠷᠣᠬᠤ ᠪᠣᠯᠤᠯᠴᠠᠭ᠎ᠠ ᠵᠢ ᠦᠭᠡᠶ᠋ᠢᠰᠬᠡᠭᠰᠡᠨᠠᠴᠠ ᠪᠣᠯᠤᠭᠰᠠᠨ ᠶᠤᠮ᠃
▲ ᠮᠧᠩᠽᠢ ᠯᠢᠶᠠᠩ ᠤᠯᠤᠰ᠎ᠤᠨ ᠾᠤᠶ᠋ᠢ ᠸᠠᠩᠯᠤᠭᠠ 《ᠲᠦᠷᠦᠳᠤᠷ ᠠᠰᠢᠭ ᠲᠤᠰᠠ ᠪᠤᠯᠭ᠋ᠠᠬᠤ ᠶᠣᠰᠣ》 ᠵᠢ ᠶᠠᠷᠢᠯᠴᠠᠵᠤ᠂ 《ᠠᠷᠠᠳ ᠡᠷᠬᠢᠮ ᠡᠵᠡᠨ ᠬᠥᠩᠭᠡᠨ ᠪᠤᠶᠤ》 ᠭᠡᠬᠦ ᠵᠢ ᠵᠣᠷᠢᠵᠤ᠂ 《ᠠᠷᠠᠳ ᠢᠷᠭᠡᠳ ᠵᠶ᠋ᠠᠷ ᠦᠨᠳᠦᠰᠦ ᠪᠣᠯᠭ᠋ᠠᠬᠤ》 ᠥᠷᠥᠰᠢᠶᠡᠯᠲᠦ ᠵᠠᠰᠠᠭ᠎ᠤᠨ ᠦᠵᠡᠯ ᠰᠠᠨᠠᠭ᠎ᠠ ᠵᠢ ᠴᠢᠬᠤᠯᠠᠴᠢᠯᠠᠪᠠ᠃ (ᠬᠡᠷᠡᠯ ᠵᠢᠷᠤᠭ᠎ᠤᠨ ᠢᠷᠡᠯᠲᠡ᠄ ᠲᠡᠷᠢᠭᠦᠨ ᠵᠤᠷᠪᠤᠰ @ ᠪᠢ ᠤᠯᠤᠰ᠎ᠤᠨ ᠰᠤᠳᠤᠯᠤᠯ᠎ᠳᠤ ᠬᠠᠢ᠌ᠷᠠᠲᠠᠢ)
ᠠᠷᠠᠳ ᠢᠷᠭᠡᠳ᠎ᠢ ᠬᠠᠶ᠋ᠢᠷᠠᠯᠠᠵᠤ ᠠᠷᠠᠳ ᠢᠷᠭᠡᠳ᠎ᠲᠤ ᠲᠤᠰᠠᠳᠠᠢ ᠠᠵᠢᠯ ᠬᠢᠵᠦ ᠠᠷᠠᠳ ᠢᠷᠭᠡᠳ᠎ᠲᠤ ᠠᠰᠢᠭ ᠬᠦᠷᠲᠡᠭᠡᠬᠦ
ᠳᠤᠮᠳᠠᠳᠤ ᠤᠯᠤᠰ᠎ᠤᠨ ᠤᠯᠠᠮᠵᠢᠯᠠᠯᠲᠤ 《ᠠᠷᠠᠳ ᠢᠷᠭᠡᠳ ᠪᠣᠯᠪᠠᠰᠤ ᠲᠦᠷᠦ ᠬᠦᠷᠦᠨ᠎ᠤ ᠦᠨᠳᠦᠰᠦ》 ᠭᠡᠬᠦ ᠦᠵᠡᠯᠲᠡ ᠪᠣᠯ ᠠᠷᠠᠳ ᠢᠷᠭᠡᠳ᠎ᠤᠨ ᠴᠢᠬᠤᠯᠠ ᠴᠢᠨᠠᠷ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠬᠰᠠᠨᠤ ᠬᠠᠮᠲᠤ ᠡᠷᠬᠡ ᠠᠳᠬᠤᠵᠤ ᠪᠠᠶ᠋ᠢᠭ᠎ᠠ ᠨᠣᠶᠠᠷᠬᠠᠭᠴᠢᠳ᠎ᠤᠨ ᠨᠡᠶ᠋ᠢᠭᠡᠮ᠎ᠳᠤ ᠭᠦᠢ᠍ᠴᠡᠳᠬᠡᠪᠡᠰᠦ ᠵᠣᠬᠢᠬᠤ ᠬᠠᠷᠢᠭᠤᠴᠠᠯᠭ᠎ᠠ ᠵᠢ ᠴᠤ᠌ ᠴᠢᠬᠤᠯᠠᠴᠢᠯᠠᠵᠠᠶ᠃ ᠡᠨᠡ ᠬᠦ᠌ ᠬᠠᠷᠢᠭᠤᠴᠠᠯᠭ᠎ᠠ ᠪᠣᠯ ᠶᠣᠰᠣ ᠮᠣᠷᠠᠯ᠎ᠳᠤ ᠨᠡᠶ᠋ᠢᠴᠡᠬᠦ ᠠᠷᠭ᠎ᠠ ᠬᠡᠯᠪᠡᠷᠢ᠎ᠪᠠᠷ ᠭᠠᠷ᠎ᠲᠠᠬᠢ ᠡᠷᠬᠡ᠎ᠪᠠᠨ ᠬᠡᠷᠡᠭᠵᠢᠭᠦᠯᠵᠦ᠂ ᠠᠷᠠᠳ ᠢᠷᠭᠡᠳ᠎ᠢ ᠬᠠᠶ᠋ᠢᠷᠠᠯᠠᠵᠤ᠂ ᠠᠷᠠᠳ ᠢᠷᠭᠡᠳ᠎ᠲᠤ ᠲᠤᠰᠠᠳᠠᠢ ᠠᠵᠢᠯ ᠬᠢᠵᠦ᠂ ᠠᠷᠠᠳ ᠢᠷᠭᠡᠳ᠎ᠲᠤ ᠠᠰᠢᠭ ᠬᠦᠷᠲᠡᠭᠡᠵᠦ᠂ ᠠᠷᠠᠳ ᠢᠷᠭᠡᠳ᠎ᠤᠨ ᠣᠷᠣᠰᠢᠨ ᠲᠣᠭᠲᠠᠨᠢᠬᠤ ᠦᠨᠳᠦᠰᠦᠨ ᠨᠥᠬᠥᠴᠡᠯ᠎ᠢ ᠪᠠᠲᠤᠯᠠᠬᠤ ᠵᠢᠨ ᠤᠯᠠᠮ᠎ᠠᠴᠠ ᠨᠡᠶ᠋ᠢᠭᠡᠮ᠎ᠤᠨ ᠡᠮᠬᠢ ᠵᠢᠷᠤᠮ᠎ᠢ ᠲᠣᠭᠲᠠᠭᠤᠨ ᠪᠠᠢ᠌ᠯᠭ᠋ᠠᠬᠤ᠎ᠳᠤ ᠤᠷᠤᠰᠢᠨ᠎ᠡ᠃
ᠺᠦᠩᠽᠢ ᠵᠢᠨ ᠰᠤᠷᠭ᠋ᠠᠯ᠎ᠤᠨ ᠡᠭᠦᠳᠦᠭᠴᠢ ᠺᠦᠩᠽᠢ᠂ ᠨᠣᠶᠠᠷᠬᠠᠭᠴᠢᠳ ᠲᠦᠷᠦ ᠵᠢ ᠬᠡᠷᠬᠢᠨ ᠵᠠᠰᠠᠬᠤ ᠲᠤᠬᠠᠢ ᠠᠰᠠᠭᠤᠳᠠᠯ᠎ᠢ ᠲᠣᠳᠣᠷᠬᠠᠶ᠋ᠢᠯᠠᠨ ᠥᠭᠦᠯᠡᠬᠦᠳᠤᠪᠠᠨ᠄ 《ᠲᠦᠷᠦ ᠮᠢᠩᠭ᠋ᠠᠨ ᠲᠡᠷᠭᠡ᠎ᠳᠦ ᠤᠯᠤᠰ᠎ᠢ ᠵᠠᠰᠠᠬᠤ᠎ᠳᠤ᠎ᠪᠠᠨ᠂ ᠬᠡᠷᠡᠭ᠎ᠤᠳ᠎ᠢ ᠬᠢᠴᠢᠶᠡᠡᠭᠭᠦᠢ᠌ᠯᠡᠬᠦ ᠪᠦᠭᠡᠳ ᠢᠲᠡᠭᠡᠮᠵᠢᠳᠡᠢ ᠪᠤᠯ᠂ ᠬᠡᠮᠨᠡᠵᠦ ᠬᠡᠷᠡᠭᠯᠡᠬᠦ ᠪᠦᠭᠡᠳ ᠬᠦᠮᠦᠨᠨᠦᠭᠦᠳᠢ ᠠᠰᠠᠷᠠ᠂ ᠢᠷᠭᠡᠨ᠎ᠢ ᠵᠠᠷᠤᠬᠤ᠎ᠳᠤ᠎ᠪᠠᠨ ᠴᠠᠬᠯᠠᠨ ᠬᠡᠮᠡᠵᠦᠬᠦᠢ》 (《ᠰᠢᠭᠦᠮᠵᠢᠯᠡᠯ ᠥᠭᠦᠯᠡᠯ ᠰᠤᠷᠭ᠋ᠠᠯ᠎ᠳᠤ》) ᠬᠡᠵᠡᠢ᠃ ᠺᠦᠩᠽᠢ ᠴᠦᠨ ᠴᠢᠦ ᠵᠢᠨ ᠦᠶ᠎ᠡ ᠵᠢᠨ ᠵᠧᠩ ᠤᠯᠤᠰ᠎ᠤᠨ ᠰᠠᠢ᠌ᠳ ᠽᠢ ᠴᠠᠨᠤ ᠲᠤᠬᠠᠶ ᠦᠨᠡᠯᠡᠬᠦ᠎ᠳᠤ᠎ᠪᠠᠨ᠂ 《ᠠᠷᠠᠳ ᠢᠷᠭᠡᠳ᠎ᠢ ᠲᠡᠵᠢᠭᠡᠬᠦᠢᠳᠤᠷ ᠠᠰᠢᠭ ᠬᠦᠷᠲᠡᠭᠡᠵᠦ᠂ ᠢᠷᠭᠡᠨ᠎ᠢ ᠵᠠᠷᠤᠬᠤᠢᠳᠤᠷ ᠵᠢᠷᠦᠮ᠎ᠲᠠᠢ ᠪᠠᠢ᠌ᠬᠤ》 ᠪᠣᠯ ᠡᠵᠡᠨ ᠽᠢ ᠴᠠᠨᠤ ᠵᠠᠩ ᠴᠢᠨᠠᠷ᠎ᠤᠨ ᠴᠢᠬᠤᠯᠠ ᠲᠠᠯ᠎ᠠ ᠪᠤᠯᠤᠨ᠎ᠠ ᠭᠡᠪᠡ᠃
ᠤᠯᠠᠮᠵᠢᠯᠠᠯᠲᠤ ᠺᠦᠩᠽᠢ ᠵᠢᠨ ᠰᠤᠷᠭ᠋ᠠᠯᠲᠠᠨ᠂ ᠠᠷᠠᠳ ᠢᠷᠭᠡᠳ᠎ᠢ ᠲᠡᠵᠢᠭᠡᠬᠦ᠂ ᠠᠷᠠᠳ ᠢᠷᠭᠡᠳ᠎ᠲᠤ ᠲᠤᠰᠠᠳᠠᠢ ᠠᠵᠢᠯ ᠬᠢᠬᠦ ᠪᠣᠯ᠂ ᠨᠣᠶᠠᠷᠬᠠᠭᠴᠢᠳ᠎ᠤᠨ ᠵᠠᠶ᠋ᠢᠯᠠᠭᠤᠯᠵᠤ ᠪᠣᠯᠤᠰᠢ ᠦᠭᠡᠢ ᠶᠣᠰᠣ ᠰᠤᠷᠲᠠᠬᠤᠨ᠎ᠤ ᠬᠠᠷᠢᠭᠤᠴᠠᠯᠭ᠎ᠠ ᠮᠥᠨ ᠭᠡᠵᠦ ᠦᠵᠡᠭᠰᠡᠨ᠎ᠤ ᠬᠠᠮᠲᠤ ᠪᠠᠰᠠ ᠰᠠᠢ᠌ᠨ ᠰᠠᠢ᠌ᠬᠠᠨ ᠤᠯᠤᠰ᠎ᠤᠨ ᠵᠠᠰᠠᠯᠲᠠ᠂ ᠲᠤᠬᠠᠶ᠋ᠢᠯᠠᠪᠠᠯ 《ᠸᠠᠩ᠎ᠤᠨ ᠶᠣᠰᠣ》 ᠵᠢᠨ ᠳᠤᠲᠠᠭᠳᠠᠵᠤ ᠪᠣᠯᠤᠰᠢ ᠦᠭᠡᠢ ᠴᠢᠬᠤᠯᠠ ᠨᠥᠬᠥᠴᠡᠯ ᠮᠥᠨ᠂ ᠭᠠᠭᠴᠠ ᠬᠦ᠌ ᠡᠨᠡ ᠬᠦ᠌ ᠴᠢᠬᠤᠯᠠ ᠨᠥᠬᠥᠴᠡᠯ᠎ᠢ ᠪᠦᠷᠢᠯᠳᠦᠭᠦᠯᠪᠡᠯ ᠨᠣᠶᠠᠷᠬᠠᠭᠴᠢᠳ ᠰᠠᠶᠢ ᠤᠯᠤᠰ ᠲᠦᠷᠦ ᠵᠢᠨ ᠲᠠᠯ᠎ᠠ᠎ᠪᠠᠷ ᠠᠮᠵᠢᠯᠲᠠ ᠣᠯᠵᠤ ᠴᠢᠳᠠᠨ᠎ᠠ ᠭᠡᠵᠦ ᠦᠵᠡᠳᠡᠭ᠃ ᠡᠶ᠋ᠢᠮᠦᠷᠬᠦᠦ ᠲᠠᠨᠢᠯᠲᠠ᠎ᠠᠴᠠ ᠪᠣᠯᠵᠤ᠂ ᠤᠯᠠᠮᠵᠢᠯᠠᠯᠲᠤ ᠺᠦᠩᠽᠢ ᠵᠢᠨ ᠰᠤᠷᠭ᠋ᠠᠯᠲᠠᠨᠨᠢ ᠶᠣᠰᠣ ᠰᠤᠷᠲᠠᠬᠤᠨ ᠵᠶ᠋ᠠᠷ ᠭᠡᠭᠡᠷᠡᠬᠦᠯᠬᠦ ᠪᠠ ᠠᠷᠠᠳ ᠢᠷᠭᠡᠳ᠎ᠲᠤ ᠠᠰᠢᠭ ᠬᠦᠷᠲᠡᠭᠡᠬᠦ ᠤᠯᠤᠰ ᠲᠥᠷᠥ ᠵᠢ ᠰᠠᠨᠠᠭ᠋ᠠᠴᠢᠯᠠᠵᠤ᠂ ᠲᠤᠰᠬᠠᠢ ᠡᠷᠡᠭᠦᠦ ᠵᠢᠨ ᠬᠠᠤᠯᠢ᠎ᠪᠠᠷ ᠵᠠᠰᠠᠬᠤ ᠬᠠᠷᠭᠢᠰ ᠵᠠᠰᠠᠭ᠎ᠢ ᠡᠰᠡᠷᠭᠦᠴᠡᠳᠡᠭ ᠪᠠᠢ᠌ᠵᠠᠢ᠃
ᠠᠷᠠᠳ ᠢᠷᠭᠡᠳ᠎ᠲᠤ ᠲᠤᠰᠠᠳᠠᠢ ᠠᠵᠢᠯ ᠬᠢᠬᠦ᠂ ᠠᠷᠠᠳ ᠢᠷᠭᠡᠳ᠎ᠢ ᠲᠡᠵᠢᠭᠡᠬᠦ ᠬᠠᠷᠢᠭᠤᠴᠠᠯᠭ᠎ᠠ᠎ᠪᠠᠨ ᠭᠦᠢ᠍ᠴᠡᠳᠬᠡᠬᠦ ᠵᠢᠨ ᠲᠥᠯᠥᠭᠡ᠂ ᠡᠷᠲᠡᠨ᠎ᠤ ᠪᠣᠳᠣᠯᠭ᠋ᠠᠲᠠᠨ ᠨᠠᠷ ᠨᠣᠶᠠᠷᠬᠠᠭᠴᠢᠳ᠎ᠨᠢ ᠲᠦᠷᠦ ᠬᠦᠷᠦᠨ᠎ᠢ ᠵᠠᠰᠠᠬᠤ᠎ᠳᠤ᠎ᠪᠠᠨ ᠠᠷᠠᠳ ᠢᠷᠭᠡᠳ᠎ᠤᠨ ᠣᠷᠣᠰᠢᠨ ᠲᠣᠭᠲᠠᠨᠢᠬᠤ ᠬᠡᠷᠡᠭᠴᠡᠭᠡ ᠵᠢ ᠬᠠᠩᠭ᠋ᠠᠵᠤ᠂ ᠠᠷᠠᠳ ᠢᠷᠭᠡᠳ᠎ᠢ ᠠᠵᠤ ᠠᠬᠤᠢ ᠵᠢᠨ ᠲᠠᠯ᠎ᠠ᠎ᠪᠠᠷ ᠪᠠᠶᠠᠨ ᠴᠢᠨᠡᠭᠡᠯᠢᠭ ᠪᠣᠯᠭ᠋ᠠᠬᠤ ᠵᠢ ᠲᠡᠷᠢᠭᠦᠨ ᠪᠠᠶ᠋ᠢᠷᠢᠨ᠎ᠳᠤ ᠲᠠᠯᠪᠢᠵᠤ᠂ ᠠᠷᠠᠳ ᠢᠷᠭᠡᠳ᠎ᠢ ᠪᠠᠶᠠᠵᠢᠭᠤᠯᠤᠭᠰᠠᠨᠤ ᠲᠠᠷᠠᠭ᠎ᠠ ᠰᠠᠶᠢ ᠲᠦᠷᠦ ᠬᠦᠷᠦᠨ᠎ᠤ ᠪᠠᠶᠠᠵᠢᠯ ᠬᠦᠴᠦᠷᠬᠡᠭᠵᠢᠯᠢ ᠡᠷᠢᠯᠬᠢᠯᠡᠬᠦ ᠬᠡᠷᠡᠭᠲᠡᠢ ᠭᠡᠵᠦ ᠦᠵᠡᠵᠦ ᠪᠠᠢ᠌ᠵᠠᠢ᠃
ᠡᠭᠦᠨ᠎ᠠᠴᠠ ᠭᠠᠳᠠᠨ᠎ᠠ᠂ ᠡᠷᠲᠡᠨ᠎ᠤ ᠪᠣᠳᠣᠯᠭ᠋ᠠᠲᠠᠨ ᠨᠠᠷ ᠪᠠᠰᠠ ᠨᠣᠶᠠᠷᠬᠠᠭᠴᠢᠳ᠎ᠨᠢ ᠠᠷᠠᠳ ᠢᠷᠭᠡᠳ᠎ᠤᠨ ᠵᠣᠪᠠᠭᠤᠷᠢ ᠵᠦᠳᠡᠭᠦᠷᠢ᠎ᠳᠤ ᠰᠡᠳᠬᠢᠯ ᠲᠠᠯᠪᠢᠵᠤ᠂ ᠠᠷᠠᠳ ᠢᠷᠭᠡᠳ᠎ᠲᠠᠢ ᠬᠠᠮᠲᠤ᠎ᠪᠠᠷ ᠴᠡᠡᠭᠭᠡᠯᠳᠦᠬᠦ ᠵᠢ ᠴᠢᠬᠤᠯᠠᠴᠢᠯᠠᠵᠦ ᠪᠠᠢ᠌ᠪᠠ᠃ 《ᠢᠷᠭᠡᠳ᠎ᠤᠨ ᠴᠡᠩᠭᠡᠯᠳᠤᠷ ᠴᠡᠡᠭᠭᠡᠯᠳᠦᠪᠡᠰᠦ᠂ ᠢᠷᠭᠡᠳ ᠪᠠᠰᠠ ᠲᠡᠭᠦᠨ᠎ᠤ ᠴᠡᠩᠭᠡᠯᠳᠤᠷ ᠴᠡᠩᠭᠡᠯᠳᠤᠮᠤᠢ᠂ ᠢᠷᠭᠡᠳ᠎ᠤᠨ ᠵᠣᠪᠠᠨᠢᠯᠳᠤᠷ ᠵᠣᠪᠠᠨᠢᠪᠡᠰᠦ᠂ ᠢᠷᠭᠡᠳ ᠪᠠᠰᠠ ᠲᠡᠭᠦᠨ᠎ᠤ ᠵᠣᠪᠠᠨᠢᠯᠳᠤᠷ ᠵᠤᠪᠠᠨᠢᠮᠤᠢ᠂ ᠲᠡᠯᠡᠭᠡᠢ ᠳ᠋ᠡᠬᠢᠨᠤ ᠴᠡᠩᠭᠡᠯᠳᠤᠷ ᠴᠡᠩᠬᠡᠯᠳᠦᠪᠡᠰᠦ᠂ ᠲᠡᠯᠡᠭᠡᠢ ᠳ᠋ᠡᠬᠢᠨᠤ ᠵᠣᠪᠠᠨᠢᠯᠳᠤᠷ ᠵᠤᠪᠠᠨᠢᠮᠤᠢ᠂ ᠡᠭᠦᠨ᠎ᠢ ᠬᠢᠵᠦ ᠬᠦᠢ᠍ᠴᠡᠳᠭᠡᠪᠡᠰᠦ ᠡᠵᠡᠨ ᠬᠠᠭ᠋ᠠᠨ ᠪᠤᠯᠵᠤ ᠴᠢᠳᠠᠬᠤ ᠦᠭᠡᠢ ᠤᠴᠢᠷ ᠠᠯᠠᠭ᠎ᠠ ᠪᠤᠯᠠᠢ》 (《ᠮᠧᠩᠽᠢ · ᠯᠢᠶᠠᠩ ᠤᠯᠤᠰ᠎ᠤᠨ ᠾᠤᠶ᠋ᠢ ᠸᠠᠩ᠎ᠤᠨ ᠪᠦᠯᠦᠭ ᠲᠤᠤᠷᠠᠳᠦ》) ᠭᠡᠵᠦ ᠬᠡᠯᠡᠭᠰᠡᠨ ᠮᠧᠩᠽᠢ ᠵᠢᠨ ᠡᠨᠡ ᠬᠦ᠌ ᠦᠭᠡ᠎ᠨᠢ ᠭᠠᠭᠴᠠ ᠬᠦ᠌ ᠠᠷᠠᠳ ᠢᠷᠭᠡᠳ᠎ᠤᠨ ᠵᠣᠪᠠᠭᠤᠷᠢ ᠵᠦᠳᠡᠭᠦᠷᠢ᠎ᠳᠤ ᠰᠡᠳᠬᠢᠯ ᠲᠠᠯᠪᠢᠵᠤ᠂ ᠠᠷᠠᠳ ᠢᠷᠭᠡᠳ ᠶᠠᠭᠤᠨ᠎ᠳᠤ ᠵᠤᠪᠠᠨᠢᠵᠦ ᠪᠠᠶ᠋ᠢᠬᠤ᠂ ᠶᠠᠭᠤᠨ᠎ᠳᠤ ᠵᠢᠷᠭ᠋ᠠᠵᠤ ᠪᠠᠶ᠋ᠢᠬᠤ ᠵᠢ ᠮᠡᠳᠡᠳᠡᠭ ᠡᠵᠡᠨ ᠬᠠᠭ᠋ᠠᠨ ᠪᠣᠯ ᠰᠠᠶᠢ ᠰᠠᠢ᠍ᠢ᠍ᠨ ᠡᠵᠡᠨ ᠮᠥᠨ᠂ ᠨᠡᠶ᠋ᠢᠭᠡᠮ᠎ᠤᠨ ᠤᠯᠤᠰ ᠲᠦᠷᠦ ᠵᠢᠨ ᠠᠮᠢᠳᠤᠷᠠᠯ᠎ᠳᠤ ᠨᠣᠶᠠᠷᠬᠠᠭᠴᠢᠳ᠎ᠨᠢ ᠠᠷᠠᠳ ᠤᠯᠠᠨ᠎ᠤ ᠳᠤᠷᠠᠰᠢᠯ᠎ᠢ ᠲᠠᠭ᠋ᠠᠪᠠᠯ ᠵᠣᠬᠢᠨ᠎ᠠ᠂ ᠬᠠᠷᠢᠨ ᠥᠪᠡᠷ᠎ᠤᠨ ᠳᠤᠷᠠᠰᠢᠯ ᠵᠶ᠋ᠠᠨ ᠠᠷᠠᠳ ᠢᠷᠭᠡᠳ᠎ᠲᠤ ᠠᠯᠪᠠ᠎ᠪᠠᠷ ᠲᠤᠬᠤᠵᠤ ᠪᠣᠯᠬᠤ ᠦᠭᠡᠢ᠂ 《ᠠᠷᠠᠳ ᠢᠷᠭᠡᠳ᠎ᠤᠨ ᠲᠤᠷᠠᠳᠠᠢ ᠵᠦᠢ᠍ᠯᠡᠰ᠎ᠢ ᠬᠥᠭᠡᠭᠡᠴᠡᠯᠳᠦᠵᠦ᠂ ᠠᠷᠠᠳ ᠢᠷᠭᠡᠳ᠎ᠤᠨ ᠵᠢᠭᠰᠢᠳᠡᠭ ᠵᠦᠢ᠍ᠯᠡᠰ᠎ᠢ ᠲᠠᠶᠠᠬᠳᠠᠪᠠᠰᠤ ᠵᠤᠬᠢᠮᠤᠢ᠂ ᠢᠡᠭᠬᠢᠵᠦ ᠬᠢᠪᠡᠰᠦ ᠠᠷᠠᠳ ᠢᠷᠭᠡᠳ᠎ᠤᠨ ᠡᠴᠢᠭᠡ ᠡᠬᠡ ᠮᠡᠳᠦ ᠡᠵᠡᠨ ᠬᠠᠭ᠋ᠠᠨ ᠪᠤᠯᠵᠤ ᠴᠢᠳᠠᠮᠤᠢ》 (《ᠶᠣᠰᠣᠯᠠᠯᠲᠤ ᠨᠣᠮ · ᠶᠡᠬᠡ ᠰᠤᠷᠭ᠋ᠠᠭᠤᠯᠢ》) ᠶᠡᠷᠦᠩᠬᠡᠶ᠋ᠢᠯᠡᠭᠡᠳ ᠬᠡᠯᠡᠪᠡᠯ᠂ ᠠᠷᠠᠳ ᠢᠷᠭᠡᠳ᠎ᠤᠨ ᠳᠤᠷᠠᠰᠢᠯ᠎ᠢ ᠬᠦᠨᠳᠦᠳᠬᠡᠵᠦ᠂ ᠢᠷᠭᠡᠳ᠎ᠤᠨ ᠠᠰᠢᠭ ᠲᠤᠰᠠ ᠵᠢ ᠬᠠᠡᠭᠭ᠋ᠠᠳᠠᠭ ᠤᠯᠤᠰ ᠲᠦᠷᠦ ᠪᠣᠯ ᠰᠠᠶᠢ ᠰᠠᠢ᠍ᠢ᠍ᠨ ᠤᠯᠤᠰ ᠲᠦᠷᠦ ᠮᠥᠨ ᠭᠡᠳᠡᠭ ᠶᠤᠰᠤ ᠵᠢ ᠲᠤᠳᠤᠷᠬᠠᠢ᠌ᠯᠠᠨ ᠦᠭᠦᠯᠡᠵᠡᠢ᠃
ᠡᠷᠲᠡᠨ᠎ᠤ ᠪᠣᠳᠣᠯᠭ᠋ᠠᠲᠠᠨ ᠨᠠᠷ ᠠᠷᠠᠳ᠎ᠲᠤ ᠲᠤᠰᠠᠳᠠᠢ ᠠᠵᠢᠯ ᠬᠢᠬᠦ᠂ ᠠᠷᠠᠳ ᠢᠷᠭᠡᠳ᠎ᠢ ᠲᠡᠵᠢᠭᠡᠬᠦ ᠡᠭᠦᠳᠡᠨ᠎ᠠᠴᠠ ᠪᠣᠳᠣᠯᠬᠢᠯᠠᠬᠤ ᠵᠢ ᠠᠷᠠᠳ ᠢᠷᠭᠡᠳ᠎ᠲᠤ ᠠᠰᠢᠭ ᠲᠤᠰᠠ ᠣᠯᠭᠣᠬᠤ ᠦᠷᠲᠡᠭ᠎ᠤᠨ ᠪᠠᠷᠢᠮᠵᠢᠶ᠎ᠠ ᠪᠣᠯᠭ᠋ᠠᠨ ᠰᠠᠨᠠᠭ᠋ᠠᠴᠢᠯᠠᠵᠦ ᠪᠠᠢ᠌ᠵᠠᠢ᠂ ᠠᠷᠠᠳ ᠢᠷᠭᠡᠳ᠎ᠲᠤ ᠠᠰᠢᠭ ᠲᠤᠰᠠ ᠣᠯᠭᠣᠬᠤ ᠪᠣᠯ ᠤᠯᠤᠰ᠎ᠢ ᠵᠠᠰᠠᠬᠤ ᠵᠢᠨ ᠵᠣᠷᠢᠯᠭ᠎ᠠ ᠪᠣᠯᠬᠤ ᠮᠥᠷᠲᠡᠭᠡᠨ ᠪᠠᠰᠠ ᠴᠤ᠌ ᠰᠠᠢ᠍ᠢ᠍ᠨ ᠤᠯᠤᠰ ᠲᠦᠷᠦ ᠪᠠ ᠮᠠᠭᠤ ᠤᠯᠤᠰ ᠲᠦᠷᠦ ᠵᠢ ᠢᠯᠭ᠋ᠠᠨ ᠲᠠᠨᠢᠬᠤ ᠵᠢᠨ ᠦᠨᠡᠯᠡᠬᠦ ᠪᠠᠷᠢᠮᠵᠢᠶ᠎ᠠ ᠪᠣᠯᠤᠨ᠎ᠠ᠃ ᠮᠢᠩ ᠤᠯᠤᠰ᠎ᠤᠨ ᠰᠡᠭᠦᠯᠴᠢ ᠴᠢᠩ ᠤᠯᠤᠰ᠎ᠤᠨ ᠡᠬᠢᠨ᠎ᠳᠤ᠂ ᠬᠤᠸᠠᠩ ᠽᠦᠩ ᠰᠢ᠄ 《ᠳᠡᠯᠡᠬᠡᠢ ᠳ᠋ᠠᠬᠢᠨ᠎ᠤ ᠲᠤᠬᠳᠠᠭᠤᠨ ᠪᠠ ᠰᠠᠮᠠᠭᠤᠷᠠᠯ᠎ᠨᠢ ᠶᠠᠮᠠᠷ ᠨᠢᠭᠡᠨ ᠸᠠᠡᠭ᠎ᠳᠦ ᠲᠦᠷᠦ ᠵᠢᠨ ᠮᠠᠨᠳᠤᠵᠤ ᠮᠥᠬᠥᠬᠦᠢᠳᠤᠷ ᠪᠠᠶ᠋ᠢᠬᠤ ᠪᠢᠰᠢ᠂ ᠬᠠᠷᠢᠨ ᠲᠦᠭ ᠲᠦᠮᠡᠨ ᠢᠷᠭᠡᠳ᠎ᠤᠨ ᠠᠵᠤ ᠠᠮᠢᠳᠤᠷᠠᠯ᠎ᠤᠨ ᠠᠵᠠ ᠵᠢᠷᠭ᠋ᠠᠯ ᠪᠠ ᠵᠤᠪᠠᠭᠤᠷᠢ ᠵᠦᠳᠡᠭᠦᠷᠢᠳᠤᠷ ᠠᠮᠤᠢ》 ᠭᠡᠵᠦ ᠴᠢᠨᠠᠭᠰᠢᠳᠠ ᠬᠦᠨᠵᠡᠭᠡᠢ ᠦᠵᠡᠪᠡ᠃ ᠬᠤᠸᠠᠩ ᠽᠦᠩ ᠰᠢ ᠵᠢᠨ 《ᠮᠢᠩ᠎ᠤᠨ ᠬᠠᠷᠢ ᠵᠢᠨ ᠳᠡᠮᠲᠡᠭᠯᠡᠯ · ᠡᠷᠬᠢᠮ ᠰᠠᠢ᠌ᠳ》᠎ᠲᠤ ᠦᠵᠡᠬᠦ᠎ᠪᠠᠷ᠂ ᠲᠦᠷᠦ ᠬᠦᠷᠦᠨ᠎ᠤ ᠰᠠᠮᠠᠭᠤᠷᠠᠯ ᠪᠠ ᠮᠠᠨᠳᠤᠯ ᠮᠦᠬᠦᠯᠢ ᠸᠠᠡᠭ᠎ᠳᠦ ᠲᠦᠷᠦ ᠵᠢᠨ ᠮᠠᠨᠳᠤᠵᠤ ᠮᠦᠬᠦᠭᠰᠡᠨ ᠵᠢᠨᠷ ᠲᠠᠢ᠌ᠯᠪᠤᠷᠢᠯᠠᠨ ᠲᠤᠭ᠋ᠠᠴᠢᠵᠦ ᠪᠣᠯᠬᠤ ᠦᠭᠡᠢ᠂ ᠪᠠᠰᠠ ᠠᠯᠢ ᠨᠢᠭᠡ ᠲᠦᠷᠦ᠎ᠨᠢ ᠮᠠᠨᠳᠤᠵᠤ᠂ ᠠᠯᠢ ᠨᠢᠭᠡ ᠲᠦᠷᠦ᠎ᠨᠢ ᠮᠦᠬᠦᠭᠰᠡᠨ᠎ᠳᠤ ᠪᠠᠶ᠋ᠢᠬᠤ ᠪᠢᠰᠢ᠂ ᠬᠠᠷᠢᠨ ᠴᠢᠬᠤᠯᠠ ᠨᠢᠭᠡᠨ ᠵᠦᠢ᠍ᠯ ᠪᠤᠯ ᠠᠷᠠᠳ ᠢᠷᠭᠡᠳ᠎ᠤᠨ ᠠᠮᠢᠳᠤᠷᠠᠯ᠎ᠤᠨ ᠨᠥᠬᠥᠴᠡᠯ᠎ᠢ ᠰᠠᠢ᠌ᠵᠢᠷᠠᠭᠤᠯᠤᠬᠰᠠᠨ ᠡᠰᠡᠬᠦ᠎ᠳᠤ ᠪᠤᠢ᠃ ᠡᠨᠡ᠎ᠨᠢ ᠮᠢᠩ ᠤᠯᠤᠰ᠎ᠤᠨ ᠰᠡᠭᠦᠯᠴᠢ ᠴᠢᠩ ᠤᠯᠤᠰ᠎ᠤᠨ ᠡᠬᠢᠨ᠎ᠤ ᠦᠶ᠎ᠡ ᠵᠢᠨ ᠪᠣᠳᠣᠯᠭ᠋ᠠᠲᠠᠨ ᠨᠠᠷ᠎ᠤᠨ 《ᠠᠷᠠᠳ ᠢᠷᠭᠡᠳ ᠪᠣᠯᠪᠠᠰᠤ ᠲᠦᠷᠦ ᠬᠦᠷᠦᠨ᠎ᠤ ᠦᠨᠳᠦᠰᠦ》 ᠭᠡᠬᠦ ᠣᠶ᠋ᠢᠯᠠᠭ᠋ᠠᠯᠲᠠ ᠵᠢᠨ ᠰᠢᠨ᠎ᠡ ᠲᠦᠪᠰᠢᠨ᠎ᠳᠤ ᠬᠦᠷᠦᠭᠰᠡᠨ᠎ᠢ ᠬᠠᠷᠠᠭᠤᠯᠵᠤ ᠪᠠᠢ᠌ᠨ᠎ᠠ᠃
▲ ᠬᠤᠸᠠᠩ ᠽᠦᠩ ᠰᠢ ᠵᠢᠨ 《ᠮᠢᠡᠭ᠎ᠤᠨ ᠬᠠᠷᠢ ᠵᠢᠨ ᠲᠡᠮᠳᠡᠭᠯᠡᠯ》᠎ᠳᠤ ᠡᠵᠡᠨᠲᠦ ᠶᠣᠰᠣᠨ᠎ᠤ ᠡᠵᠡᠷᠬᠡᠭ ᠪᠠᠶ᠋ᠢᠭᠤᠯᠤᠯ᠎ᠢ ᠭᠦᠨᠵᠡᠭᠡᠶ ᠪᠤᠷᠤᠭᠤᠰᠢᠶᠠᠨ ᠰᠢᠭᠦᠮᠵᠢᠯᠡᠭᠰᠡᠨ ᠪᠥᠭᠡᠳ ᠠᠷᠠᠳ ᠢᠷᠭᠡᠳ ᠵᠢᠨᠷ ᠦᠨᠳᠦᠰᠦ ᠪᠤᠯᠭ᠋ᠠᠬᠤ᠂ ᠦᠨᠳᠦᠰᠦᠨ ᠬᠠᠤᠯᠢᠲᠤ ᠡᠵᠡᠨᠲᠦ ᠶᠣᠰᠣᠨ᠎ᠤ ᠦᠵᠡᠯ ᠰᠠᠨᠠᠭ᠎ᠠ ᠢᠯᠡᠷᠡᠪᠡ
《ᠠᠷᠠᠳ ᠢᠷᠭᠡᠳ ᠪᠣᠯᠪᠠᠰᠤ ᠲᠦᠷᠦ ᠬᠦᠷᠦᠨ᠎ᠤ ᠦᠨᠳᠦᠰᠦ》 ᠭᠡᠳᠡᠭ ᠪᠣᠯ ᠳᠤᠮᠳᠠᠳᠤ ᠤᠯᠤᠰ᠎ᠤᠨ ᠡᠷᠲᠡᠨ᠎ᠤ ᠨᠡᠶ᠋ᠢᠭᠡᠮ᠎ᠤᠨ ᠤᠯᠤᠰ ᠲᠥᠷᠥ ᠵᠢᠨ ᠠᠮᠢᠳᠤᠷᠠᠯ᠎ᠳᠠᠬᠢ ᠬᠠᠮᠤᠭ᠎ᠤᠨ ᠠᠰᠢᠭᠲᠠᠶ ᠦᠵᠡᠯᠳᠡ ᠪᠣᠯᠤᠨ᠎ᠠ᠃ ᠬᠡᠷᠪᠡ ᠡᠨᠡ ᠬᠦ᠌ ᠦᠵᠡᠯᠲᠡ ᠵᠢ ᠨᠣᠶᠠᠷᠬᠠᠭᠴᠢᠳ ᠬᠦᠯᠢᠶᠡᠨ ᠠᠪᠤᠭᠰᠠᠨ ᠪᠣᠯ᠂ ᠪᠣᠳᠠᠲᠤ ᠠᠮᠢᠳᠤᠷᠠᠯ᠎ᠤᠨ ᠳᠤᠮᠳᠠᠬᠢ ᠤᠯᠤᠰ᠎ᠤᠨ ᠵᠠᠰᠠᠯᠲᠠ ᠨᠡᠯᠢᠶᠡᠳ ᠥᠨᠳᠥᠷ ᠲᠦᠪᠰᠢᠨ᠎ᠳᠤ ᠬᠦᠷᠦᠭᠰᠡᠨ ᠪᠠᠢ᠌ᠵᠤ ᠮᠡᠳᠡᠨ᠎ᠡ᠂ ᠡᠨᠡ ᠬᠦ᠌ ᠦᠵᠡᠯᠲᠡ ᠪᠣᠯ ᠴᠠᠭ ᠢᠮᠠᠭᠲᠠ ᠤᠯᠤᠰ᠎ᠤᠨ ᠵᠠᠰᠠᠯᠲᠠ ᠵᠢᠨ ᠪᠣᠳᠠᠲᠤ ᠶᠠᠪᠤᠴᠠ ᠵᠢ ᠬᠢᠵᠠᠭ᠋ᠠᠷᠯᠠᠵᠤ ᠪᠠᠢ᠌ᠭᠰᠠᠨ ᠭᠡᠳᠡᠭ᠎ᠢ ᠬᠣᠶᠠᠷ ᠬᠠᠨ ᠤᠯᠤᠰ᠎ᠠᠴᠠ ᠳᠠᠷᠠᠭ᠋ᠠᠬᠢ ᠲᠡᠦᠬᠡ ᠵᠢᠨ ᠦᠶ᠎ᠡ ᠦᠶ᠎ᠡ ᠵᠢᠨ ᠸᠠᠩᠲᠤ ᠲᠥᠷᠥ ᠵᠢᠨ ᠲᠡᠦᠬᠡ ᠭᠡᠷᠡᠴᠢᠯᠡᠭᠰᠡᠨ ᠪᠢᠯᠡ᠃ ᠭᠡᠪᠡᠴᠦ ᠬᠠᠨ ᠤᠯᠤᠰ᠎ᠤᠨ ᠸᠸᠨ ᠵᠢᠩ᠎ᠤᠨ ᠵᠠᠰᠠᠯᠲᠠ᠂ ᠲᠠᠩ ᠤᠯᠤᠰ᠎ᠤᠨ ᠵᠧᠨ ᠭᠤᠸᠠᠨᠤ ᠵᠠᠰᠠᠯᠲᠠ ᠭᠡᠬᠦ ᠮᠡᠲᠦ ᠵᠢᠨ ᠲᠡᠦᠬᠡᠨ ᠳᠡᠭᠡᠷ᠎ᠡ ᠤᠷᠢᠳ ᠡᠮᠦᠨ᠎ᠡ ᠪᠠᠢ᠌ᠭ᠎ᠠ ᠦᠭᠡᠢ ᠳᠦᠷᠦ ᠵᠢ ᠵᠠᠰᠠᠭᠰᠠᠨ ᠶᠠᠪᠤᠳᠠᠯ ᠭᠠᠷᠤᠬᠰᠠᠨ ᠪᠣᠯ ᠠᠷᠠᠳ ᠢᠷᠭᠡᠳ ᠪᠣᠯᠪᠠᠰᠤ ᠲᠦᠷᠦ ᠬᠦᠷᠦᠨ᠎ᠤ ᠦᠨᠳᠦᠰᠦ ᠪᠣᠯᠠᠢ ᠭᠡᠭᠦ ᠦᠵᠡᠯᠳᠡ ᠵᠢᠨ ᠨᠦᠯᠦᠭᠡ ᠳᠣᠣᠷ᠎ᠠ ᠪᠤᠢ ᠪᠣᠯᠤᠭᠰᠠᠨ᠎ᠨᠢ ᠳᠠᠮᠵᠢᠭ ᠦᠭᠡᠢ ᠶᠤᠮ᠃ ᠡᠨᠡ ᠬᠦ᠌ ᠤᠳᠬ᠎ᠠ ᠠᠭᠤᠯᠭ᠎ᠠ᠎ᠠᠴᠠ ᠠᠪᠴᠤ ᠬᠡᠯᠡᠪᠡᠯ᠂ ᠺᠦᠩᠽᠢ ᠵᠢᠨ ᠤᠯᠠᠮᠵᠢᠯᠠᠳᠤ ᠰᠤᠷᠭ᠋ᠠᠯᠲᠠᠨ᠎ᠤ ᠬᠡᠷᠬᠢᠨ ᠠᠷᠠᠳ ᠢᠷᠭᠡᠳ ᠵᠢᠨᠷ ᠦᠨᠳᠦᠰᠦ ᠪᠤᠯᠭ᠋ᠠᠬᠤ ᠦᠵᠡᠯ ᠰᠠᠨᠠᠭ᠎ᠠ ᠵᠢ ᠰᠢᠭᠦᠮᠵᠢᠯᠡᠯᠲᠠᠢᠪᠠᠷ ᠵᠠᠯᠭ᠋ᠠᠮᠵᠢᠯᠠᠵᠤ᠂ ᠲᠡᠭᠦᠨ᠎ᠢ ᠤᠳᠤ ᠦᠶ᠎ᠡ ᠵᠢᠨ ᠳᠤᠮᠳᠠᠳᠤ ᠤᠯᠤᠰ᠎ᠤᠨ ᠤᠯᠤᠰ ᠲᠦᠷᠦ ᠵᠢᠨ ᠪᠠᠶ᠋ᠢᠭᠤᠯᠤᠯᠲᠠ ᠵᠢᠨ ᠨᠠᠶ᠋ᠢᠳᠠᠪᠤᠷᠢᠲᠠᠢ ᠦᠵᠡᠯ ᠰᠠᠨᠠᠭ᠋ᠠᠨ᠎ᠤ ᠡᠬᠢ ᠪᠠᠶᠠᠯᠢᠭ ᠪᠣᠯᠭ᠋ᠠᠬᠤ ᠪᠣᠯ ᠤᠳᠤ ᠦᠶ᠎ᠡ ᠵᠢᠨ ᠲᠤᠮᠳᠠᠳᠤᠴᠤᠳ᠎ᠤᠨ ᠨᠠᠷᠢᠨ ᠬᠢᠨᠠᠮᠠᠭ᠋ᠠᠢ ᠰᠢᠢ᠍ᠳᠪᠦᠷᠢᠯᠡᠬᠦ ᠴᠢᠬᠤᠯᠠᠲᠠᠢ ᠠᠰᠠᠭᠤᠳᠠᠯ ᠪᠣᠯᠤᠨ᠎ᠠ᠃
ᠵᠣᠬᠢᠶᠠᠭᠴᠢ ᠵᠢᠨ ᠲᠣᠪᠴᠢ ᠲᠠᠨᠢᠯᠴᠠᠭᠤᠯᠭ᠎ᠠ᠄
ᠰᠦᠨ ᠰᠢᠶᠤᠤ ᠴᠦᠨ᠂ ᠬᠢᠷᠢᠨ ᠶᠡᠬᠡ ᠰᠤᠷᠭ᠋ᠠᠭᠤᠯᠢ ᠵᠢᠨ ᠺᠤᠸᠠᠩ ᠶᠠ ᠮᠢᠩ ᠲᠠᠶ᠋ᠢᠯᠤᠮᠵᠢ ᠵᠢᠨ ᠫᠷᠤᠹᠸᠰᠰᠤᠷ᠂ ᠨᠠᠨᠺᠠᠢ ᠶᠡᠬᠡ ᠰᠤᠷᠭ᠋ᠠᠭᠤᠯᠢ ᠵᠢᠨ ᠵᠠᠰᠠᠭ᠎ᠤᠨ ᠣᠷᠳᠣᠨ᠎ᠤ ᠳᠡᠭᠡᠳᠦ ᠰᠤᠷᠭ᠋ᠠᠭᠤᠯᠢ ᠵᠢᠨ ᠫᠷᠤᠹᠸᠰᠰᠤᠷ᠂ ᠭᠣᠣᠯᠳᠠᠭᠤ ᠳᠤᠮᠳᠠᠳᠤ ᠤᠯᠤᠰ᠎ᠤᠨ ᠤᠯᠤᠰ ᠲᠦᠷᠦ ᠦᠵᠡᠯ ᠰᠠᠨᠠᠭ᠋ᠠᠨ᠎ᠤ ᠲᠡᠦᠬᠡ ᠵᠢᠨ ᠵᠢᠭ᠋ᠠᠨ ᠰᠤᠷᠭ᠋ᠠᠯᠲᠠ ᠪᠠ ᠰᠤᠳᠤᠯᠭ᠋ᠠᠨ᠎ᠤ ᠠᠵᠢᠯ᠎ᠢ ᠬᠢᠵᠦ ᠪᠤᠢ᠃
ᠣᠷᠴᠢᠭᠤᠯᠤᠭᠴᠢ᠄ ᠣᠶᠤᠨᠴᠡᠴᠡᠭ
ᠬᠢᠨᠠᠨ ᠨᠠᠢ᠌ᠷᠠᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠨᠠᠢ᠌ᠷᠠᠭᠤᠯᠤᠭᠴᠢ᠄ ᠪᠠᠶᠠᠨᠴᠢᠮᠡᠭ