ᠲᠡᠷᠢᠭᠦᠨ ᠬᠠᠭᠤᠳᠠᠰᠤ   -   ᠳᠤᠮᠳᠠᠳᠤ᠎ᠶᠢ ᠦᠭᠦᠯᠡᠬᠦᠢ
ᠶᠠᠭᠤᠨ᠎ᠳᠤ 《ᠶᠡᠬᠡ ᠨᠢᠬᠡᠳᠤᠯ》 ᠪᠤᠯ ᠤᠳᠤ ᠦᠶ᠎ᠡ ᠵᠢᠨ ᠲᠤᠮᠳᠠᠳᠤ ᠤᠯᠤᠰ᠎ᠤᠨ ᠤᠯᠤᠰ ᠲᠦᠷᠤ ᠪᠠ ᠨᠡᠶ᠋ᠢᠬᠡᠮ᠎ᠤᠨ ᠠᠮᠢᠳᠤᠷᠠᠯ᠎ᠤᠨ ᠮᠤᠲ᠋ᠢᠹ ᠭᠡᠳᠡᠭ ᠪᠤᠢ — ᠴᠢᠡᠭ ᠤᠯᠤᠰ᠎ᠤᠨ ᠦᠶ᠎ᠡ ᠵᠢᠨ 《ᠶᠡᠬᠡ ᠨᠢᠬᠡᠳᠤᠯ》᠎ᠠᠴᠠ ᠢᠷᠬᠡᠨ ᠤᠯᠤᠰ᠎ᠤᠨ 《ᠲᠠᠪᠤᠨ ᠦᠨᠳᠤᠰᠤᠳᠡᠨ᠎ᠤ ᠪᠦᠬᠦᠳᠡ ᠨᠠᠶ᠋ᠢᠷᠠᠮᠳᠠᠬᠤ》 ᠬᠦᠷᠳᠡᠯᠡᠬᠢ ᠲᠡᠤᠭᠡᠨ ᠬᠤᠪᠢᠰᠤᠯᠳᠡ᠎ᠠᠴᠠ ᠵᠢᠱ᠌ᠢᠶᠡᠯᠡᠬᠦ᠎ᠨᠢ (ᠲᠤᠤᠷᠠᠳᠤ)
ᠨᠡᠶ᠋ᠢᠲᠡᠯᠡᠭᠰᠡᠨ ᠴᠠᠭ᠄ 2023-06-27

      ᠰᠤᠷᠪᠤᠯᠵᠢᠯᠠᠬ᠍ᠴᠢ᠄ ᠴᠢᠡᠭ ᠤᠯᠤᠰ᠎ᠤᠨ ᠦᠶ᠎ᠡ᠎ᠳᠤ 《ᠶᠡᠬᠡ ᠨᠢᠬᠡᠳᠤᠯ》᠎ᠤᠨ ᠤᠯᠤᠰ ᠪᠠᠶ᠋ᠢᠭᠤᠯᠬᠤ ᠵᠢ ᠴᠢᠷᠮᠠᠶ᠋ᠢᠨ ᠠᠬᠢᠭᠤᠯᠬᠤ ᠵᠢᠨ ᠲᠠᠭ᠋ᠠᠤ 《ᠵᠠᠰᠠᠭ᠎ᠢ ᠠᠨᠤ ᠨᠢᠬᠡᠳᠭᠡᠭᠰᠡᠨ ᠴᠤ᠌ ᠵᠠᠡᠭᠰᠢᠯ᠎ᠢ ᠠᠨᠤ ᠦᠯᠦ ᠬᠤᠪᠢᠷᠠᠭ᠋ᠠᠬᠤ》 ᠪᠤᠳᠤᠯᠭ᠎ᠠ ᠵᠢ ᠦᠷᠬᠦᠯᠵᠢᠯᠡᠬᠦᠯᠪᠡ᠃ ᠠ᠋ᠨᠡ ᠲᠤᠬᠠᠢ ᠲᠠ ᠨᠤᠮ᠎ᠳᠤ᠎ᠪᠠᠨ 《ᠬᠢᠳᠠᠳ ᠭᠠᠵᠠᠷ ᠪᠠ ᠬᠢᠯᠢ ᠬᠢᠵᠠᠭ᠋ᠠᠷ ᠤᠷᠤᠨ᠎ᠳᠤ ᠴᠥᠮ ᠦᠪᠡᠷ ᠦᠪᠡᠷ᠎ᠤᠨ ᠢᠯᠡᠷᠡᠯ᠎ᠲᠠᠢ ᠶᠤᠮ》 ᠭᠡᠵᠤ ᠦᠬᠦᠯᠡᠵᠡᠢ᠃ ᠪᠤᠳᠠᠳᠠᠢ᠎ᠪᠠᠷ ᠶᠠᠷᠢᠭ᠋ᠠᠳ ᠦᠭᠬᠦᠨ᠎ᠡ ᠤᠤ? 
      ᠶᠠᠡᠭ ᠨᠢᠶᠠᠨ ᠴᠢᠶᠦ᠋ᠨ᠄ ᠬᠢᠲᠠᠳ ᠭᠠᠵᠠᠷ᠎ᠲᠤ᠂ ᠴᠢᠡᠭ ᠤᠯᠤᠰ᠎ᠤᠨ ᠦᠶ᠎ᠡ᠎ᠳᠤ ᠦᠨᠳᠤᠰᠤᠨ᠎ᠳᠤ᠎ᠪᠠᠨ ᠰᠦᠡᠭ ᠤᠯᠤᠰ᠂ ᠮᠢᠡᠭ ᠤᠯᠤᠰ᠎ᠤᠨ ᠦᠶ᠎ᠡ ᠵᠢᠨ ᠤᠯᠤᠰ ᠲᠦᠷᠤ ᠵᠢᠨ ᠪᠠᠢ᠌ᠭᠤᠯᠤᠯ᠎ᠢ ᠦᠷᠬᠦᠯᠵᠢᠯᠡᠨ ᠭᠡᠷᠡᠭᠵᠢᠬᠦᠯᠵᠦ᠂ ᠰᠢᠯᠭ᠋ᠠᠭᠤᠯᠢ ᠵᠢᠨ ᠲᠡᠰ ᠲᠠᠪᠬᠤᠷᠭ᠎ᠠ ᠵᠢᠨ ᠲᠦᠷᠢᠮ᠎ᠤᠨ ᠨᠤᠶᠠᠳ ᠲᠦᠰᠢᠮᠡᠳ ᠪᠠ ᠤᠷᠤᠨ ᠨᠤᠳᠤᠭ᠎ᠤᠨ ᠭᠠᠷᠮᠠᠭ᠋ᠠᠢ ᠬᠦᠮᠦᠰ ᠵᠶ᠋ᠡᠷ ᠲᠠᠮᠵᠢᠭᠤᠯᠤᠨ ᠲᠦᠷᠤ᠎ᠪᠠᠨ ᠵᠠᠰᠠᠵᠤ ᠪᠠᠶ᠋ᠢᠪᠠ᠃ ᠬᠠᠷᠢᠨ ᠬᠢᠯᠢ ᠬᠢᠵᠠᠭ᠋ᠠᠷ ᠤᠷᠤᠨ᠎ᠳᠤ ᠤᠪᠤᠭ ᠤᠬᠰᠠᠭ᠎ᠠ ᠪᠠ ᠰᠤᠶᠤᠯ᠎ᠤᠨ ᠠᠳᠠᠯᠢ ᠪᠤᠰᠤ ᠵᠢ ᠦᠨᠳᠤᠰᠤᠯᠡᠨ ᠭᠠᠵᠠᠷ ᠤᠷᠤᠨ᠎ᠳᠤ᠎ᠨᠢ ᠲᠤᠬᠢᠷᠠᠭᠤᠯᠤᠬᠰᠠᠨ ᠪᠤᠳᠤᠯᠭ᠎ᠠ ᠠᠪᠴᠠᠢ᠃ ᠵᠢᠱ᠌ᠢᠶᠡᠯᠡᠪᠡᠯ᠂ ᠮᠤᠡᠭᠭᠤᠯᠴᠤᠳ᠎ᠲᠤ ᠵᠠᠰᠠᠭ ᠨᠤᠶᠠᠨ᠎ᠤ ᠲᠦᠷᠢᠮ᠂ ᠰᠢᠨᠵᠢᠶᠠᠡᠭ᠎ᠳᠤ ᠪᠡᠬᠢ ᠵᠢᠨ ᠲᠦᠷᠢᠮ᠎ᠢ ᠬᠡᠷᠡᠭᠵᠢᠬᠦᠯᠵᠤ᠂ ᠲᠤᠬᠠᠢ ᠵᠢᠨ ᠭᠠᠵᠠᠷ ᠤᠷᠤᠨ᠎ᠤ ᠢᠵᠠᠭᠤᠷᠳᠠᠨ᠎ᠤ ᠭᠡᠷᠭᠡᠮ ᠴᠤᠯᠨ ᠵᠢ ᠦᠯᠡᠳᠡᠭᠡᠭᠰᠡᠨ ᠪᠤᠯᠪᠠᠴᠤ ᠴᠡᠷᠢᠭ᠎ᠤᠨ ᠶᠠᠪᠤᠳᠠᠯ᠂ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠲᠠᠯ᠎ᠠ᠎ᠪᠠᠷ ᠴᠡᠷᠢᠭ᠎ᠤᠨ ᠶᠠᠮᠤᠨ᠎ᠤ ᠲᠦᠷᠢᠮ ᠵᠶ᠋ᠡᠷ ᠡᠵᠡᠮᠳᠡᠵᠤ ᠪᠠᠶ᠋ᠢᠯ᠎ᠠ᠃ ᠲᠦᠪᠡᠳ᠎ᠲᠤ ᠲᠦᠷᠤ ᠱᠠᠰᠢᠨ ᠨᠢᠬᠡᠳᠦᠭᠰᠡᠨ ᠪᠠᠢ᠍ᠢ᠍ᠭᠤᠯᠤᠯ᠎ᠢ ᠬᠡᠷᠡᠭᠵᠢᠬᠦᠯᠵᠤ᠂ ᠲᠦᠪᠡᠳ᠎ᠲᠤ ᠰᠠᠭᠤᠬᠤ ᠶᠡᠬᠡ ᠲᠦᠰᠢᠮᠡᠯ ᠲᠤᠮᠢᠯᠠᠵᠤ ᠯᠠᠮᠨ ᠵᠢᠨ ᠲᠦᠷᠢᠮ᠎ᠢ ᠶᠠᠪᠤᠬᠳᠠᠭᠤᠯᠵᠤ ᠪᠠᠶ᠋ᠢᠳᠠᠯ᠎ᠢ ᠡᠵᠡᠮᠰᠢᠳᠡᠭ᠃ ᠪᠠᠷᠠᠭᠤᠨ ᠠ᠋ᠮᠦᠨᠡᠳᠤ ᠤᠷᠤᠨ᠎ᠳᠤ ᠠᠶ᠋ᠢᠮᠠᠭ᠎ᠤᠨ ᠠᠬᠠᠯᠠᠬ᠍ᠴᠢ ᠵᠢᠨ ᠲᠦᠷᠢᠮ᠎ᠢ ᠬᠡᠷᠡᠭᠯᠡᠵᠤ᠂ ᠨᠢᠭᠡ ᠲᠠᠯ᠎ᠠ᠎ᠪᠠᠷ ᠠᠶ᠋ᠢᠮᠠᠭ᠎ᠤᠨ ᠠᠬᠠᠯᠠᠬ᠍ᠴᠢ ᠵᠢ ᠦᠭᠡᠷᠡᠴᠢᠯᠡᠵᠦ ᠲᠤᠮᠢᠯᠠᠭᠰᠠᠨ ᠨᠤᠶᠠᠨ ᠵᠢᠡᠷ ᠤᠷᠤᠯᠠᠭᠤᠯᠬᠤ ᠵᠢᠨ ᠲᠠᠭ᠋ᠠᠤ ᠨᠦᠬᠦᠭᠡ ᠲᠠᠯ᠎ᠠ᠎ᠪᠠᠷ ᠠᠶ᠋ᠢᠮᠠᠭ᠎ᠤᠨ ᠠᠬᠠᠯᠠᠬ᠍ᠴᠢ ᠨᠠᠷ ᠴᠤ᠌ ᠢᠯᠡᠷᠬᠡᠢ ᠡᠵᠡᠨ ᠮᠡᠳᠡᠬᠦ ᠰᠢᠨᠵᠢ᠎ᠲᠠᠢ ᠮᠦᠷᠳᠡᠭᠡᠨ ᠲᠤᠮᠢᠯᠠᠭᠰᠠᠨ ᠨᠤᠶᠠᠳ᠎ᠲᠤ ᠪᠦᠷᠢᠮᠦᠰᠦᠨ ᠵᠠᠬᠢᠷᠤᠬᠳᠠᠬᠤ ᠪᠤᠶᠤ ᠲᠡᠳᠡᠨ᠎ᠳᠤ ᠤᠷᠤᠯᠠᠭᠤᠯᠤᠠᠠᠳᠠᠭ᠎ᠠ ᠦᠬᠡᠢ᠃ ᠦᠷᠬᠡᠨ ᠠᠭᠤᠳᠠᠮ ᠨᠤᠳᠤᠭ ᠲᠡᠪᠢᠰᠬᠡᠷ ᠪᠤᠯᠤᠨ ᠪᠦᠯᠦᠭ ᠪᠦᠯᠦᠭ ᠪᠤᠳᠤᠯᠢᠶᠠᠨᠳᠠᠢ ᠬᠦᠮᠦᠰ᠎ᠢ ᠬᠡᠷᠬᠢᠨ ᠵᠠᠬᠢᠷᠬᠤ ᠬᠦᠴᠢᠷ ᠠᠰᠠᠭᠤᠳᠠᠯ᠎ᠤᠨ ᠠ᠋ᠮᠦᠨ᠎ᠡ ᠴᠢᠡᠭ ᠤᠯᠤᠰ᠎ᠤᠨ ᠦᠶ᠎ᠡ᠎ᠳᠤ 《ᠵᠠᠡᠭᠰᠢᠯ᠎ᠳᠤ᠎ᠨᠢ ᠵᠤᠬᠢᠴᠠᠭᠤᠯᠤᠨ ᠵᠠᠰᠠᠬᠤ》 ᠠᠷᠭ᠎ᠠ ᠵᠢ ᠭᠡᠷᠡᠭᠯᠡᠵᠦ᠂ ᠤᠷᠤᠨ ᠨᠤᠳᠤᠭ᠎ᠤᠨ ᠤᠭ᠎ᠠᠴᠠ ᠪᠠᠶ᠋ᠢᠬᠰᠠᠨ ᠨᠡᠶ᠋ᠢᠬᠡᠮ᠎ᠤᠨ ᠪᠦᠳᠦᠴᠨ ᠪᠠ ᠰᠤᠶᠤᠯ᠎ᠤᠨ ᠤᠳᠤᠮᠰᠢᠯ᠎ᠢ 《ᠶᠡᠬᠡ ᠨᠢᠬᠡᠳᠤᠯ》᠎ᠯᠦᠭᠡ ᠨᠡᠶ᠋ᠢᠯᠡᠬᠦᠯᠦᠭᠰᠡᠨ ᠵᠶ᠋ᠡᠷ ᠵᠠᠰᠠᠯᠳᠠ ᠵᠢ ᠮᠠᠰᠢ ᠶᠡᠬᠡ ᠤᠷᠤᠭᠰᠢᠲᠠᠢ ᠪᠣᠯᠭ᠋ᠠᠭᠰᠠᠨ ᠶᠤᠮ᠃ 
      《ᠵᠠᠡᠭᠰᠢᠯ᠎ᠳᠤ᠎ᠨᠢ ᠵᠤᠬᠢᠴᠠᠭᠤᠯᠤᠨ ᠵᠠᠰᠠᠬᠤ》 ᠬᠡᠳᠡᠭ᠎ᠨᠢ ᠤᠭ ᠪᠠᠶ᠋ᠢᠳᠠᠯ᠎ᠢ ᠪᠠᠳᠤᠯᠠᠬᠤ ᠵᠠᠰᠠᠯᠳᠠ ᠵᠢᠨ ᠠᠷᠭ᠎ᠠ ᠪᠤᠰᠤ᠂ ᠵᠠᠡᠭᠭᠢᠯᠠᠭ᠎ᠠ᠎ᠨᠢ ᠠᠳᠠᠯᠢ ᠪᠤᠰᠤ ᠰᠤᠶᠤᠯ᠎ᠤᠨ ᠲᠤᠳᠤᠭ᠋ᠠᠳᠤ᠎ᠳᠤ᠎ᠨᠢ ᠴᠢᠡᠭ ᠤᠯᠤᠰ᠎ᠤᠨ ᠨᠤᠶᠠᠷᠬᠠᠯ᠎ᠤᠨ 《ᠲᠦᠪ ᠤᠳᠤᠮᠰᠢᠯᠳᠤ ᠰᠢᠨᠵᠢ》 ᠵᠢ ᠪᠤᠢ ᠪᠤᠯᠭ᠋ᠠᠵᠤ᠂ 《ᠶᠡᠬᠡ ᠨᠢᠬᠡᠳᠤᠯ》᠎ᠯᠦᠭᠡ ᠤᠷᠭ᠋ᠠᠨᠢᠭ ᠨᠢᠬᠡᠳᠤᠯ᠎ᠲᠠᠢ ᠪᠤᠯᠭ᠋ᠠᠭᠰᠠᠨ᠎ᠳᠤ ᠪᠤᠢ᠃ ᠠ᠋ᠬᠦᠨ᠎ᠤ ᠨᠡᠶ᠋ᠢᠳᠡᠯᠢᠭ ᠢᠯᠡᠷᠡᠯ᠎ᠨᠢ ᠭᠡᠪᠡᠯ᠂ ᠴᠢᠡᠭ ᠤᠯᠤᠰ᠎ᠤᠨ ᠦᠶ᠎ᠡ᠎ᠳᠤ ᠤᠨᠴᠠᠭ᠋ᠠᠢ 《ᠬᠤᠶᠠᠷ ᠠ᠋ᠰᠢᠳᠤ ᠲᠦᠷᠤ ᠵᠠᠰᠠᠬᠤ ᠬᠡᠯᠪᠡᠷᠢ》 ᠪᠦᠷᠢᠯᠳᠦᠭᠰᠡᠨ ᠶᠠᠪᠤᠳᠠᠯ ᠪᠤᠯᠤᠨ᠎ᠠ᠃ ᠺᠦᠡᠭᠽᠢ ᠵᠢᠨ ᠰᠤᠷᠭ᠋ᠠᠯᠳᠠᠨ᠎ᠤ ᠦᠷ᠎ᠡ ᠨᠦᠯᠦᠬᠡ᠎ᠳᠤ ᠬᠦᠨ᠎ᠡ ᠨᠥᠯᠥᠭᠡᠯᠡᠭᠳᠡᠭᠰᠡᠨ ᠬᠢᠳᠠᠳ ᠭᠠᠵᠠᠷ᠎ᠲᠤ ᠴᠢᠡᠭ ᠤᠯᠤᠰ᠎ᠤᠨ ᠬᠠᠭ᠋ᠠᠤᠨ 《ᠵᠠᠰᠠᠭ ᠶᠤᠰᠤᠨ᠎ᠢ ᠨᠢᠬᠡᠳᠬᠡᠭᠰᠡᠨ》 ᠡᠵᠡᠨ ᠬᠠᠭ᠋ᠠᠨ᠎ᠤ ᠲᠦᠷᠬᠦ ᠵᠢ ᠴᠢᠷᠮᠠᠶ᠋ᠢᠨ ᠪᠤᠢ ᠪᠤᠯᠭ᠋ᠠᠵᠤ᠂ 《〈ᠭᠤᠷᠪᠠᠨ ᠦᠶ᠎ᠡ〉᠎ᠳᠤᠷ ᠠ᠋ᠬᠡᠬᠦ》 ᠬᠡᠬᠦ ᠲᠤᠭ᠎ᠢ ᠦᠨᠳᠤᠷ ᠮᠠᠨᠳᠤᠭᠤᠯᠵᠤ᠂ ᠺᠦᠩᠽᠢ ᠵᠢᠨ ᠰᠤᠷᠭ᠋ᠠᠯᠲᠠᠨ᠎ᠤ ᠤᠳᠤᠷᠢᠳᠤᠭᠴᠢ᠎ᠪᠠᠷ ᠠᠪᠤᠷᠢᠯᠠᠵᠤ᠂ ᠤᠬᠰᠠᠭ᠎ᠠ ᠲᠦᠷᠤᠯ᠂ ᠲᠤᠰᠬᠤᠨ᠎ᠤ ᠬᠡᠷ᠎ᠡ ᠵᠢᠨ ᠪᠠᠶ᠋ᠢᠭᠤᠯᠤᠯᠳᠠ ᠵᠢ ᠠ᠋ᠷᠬᠢᠯᠡᠨ ᠶᠠᠪᠤᠬᠳᠠᠭᠤᠯᠵᠤ᠂ ᠪᠢᠴᠢᠭ᠎ᠤᠨ ᠰᠤᠷᠭ᠋ᠠᠯᠳᠠᠨ ᠪᠠ ᠨᠤᠶᠠᠳ ᠲᠦᠰᠢᠮᠡᠤᠨ ᠪᠡᠶᠡᠴᠢᠯᠡᠨ ᠬᠦᠢ᠍ᠴᠡᠳᠬᠡᠬᠦ᠂ ᠨᠡᠶ᠋ᠢᠬᠡᠮ᠎ᠢ ᠬᠦᠭᠵᠢᠬᠦᠯᠵᠤ ᠢᠷᠬᠡᠳ᠎ᠢ ᠠᠮᠤᠷᠵᠢᠭᠤᠯᠬᠤ᠂ ᠰᠤᠷᠭ᠋ᠠᠬᠤ ᠬᠦᠮᠤᠵᠢᠬᠦᠯᠬᠦ ᠵᠢ ᠬᠤᠤᠰᠯᠠᠭᠤᠯᠬᠤ᠂ ᠵᠠᠡᠭ ᠲᠠᠳᠬᠠᠯ᠎ᠢ ᠦᠬᠡᠷᠡᠴᠢᠯᠡᠬᠦ ᠤᠯᠤᠰ ᠲᠦᠷᠤ ᠵᠢᠨ ᠦᠢ᠍ᠯᠡᠳᠤᠯᠬᠡ᠎ᠪᠠᠷ ᠲᠠᠮᠵᠢᠭᠤᠯᠤᠨ ᠺᠦᠡᠭᠽᠢ ᠵᠢᠨ ᠰᠤᠷᠭ᠋ᠠᠯᠳᠠᠨ᠎ᠤ ᠭᠠᠷᠮᠠᠭ᠋ᠠᠢ ᠬᠦᠮᠦᠰ᠎ᠤᠨ ᠠᠶᠠᠨᠳᠠᠭ᠋ᠠᠨ᠎ᠤ ᠵᠦᠪᠰᠢᠶᠡᠷᠡᠯ᠎ᠢ ᠬᠦᠷᠳᠡᠭᠰᠡᠨ ᠵᠶ᠋ᠡᠷ ᠶᠤᠰᠤ ᠤᠳᠤᠮ᠎ᠤᠨ ᠤᠬᠠᠮᠰᠠᠷ ᠪᠠ ᠦᠨᠳᠤᠰᠤᠨ ᠱᠠᠳᠤᠨ᠎ᠤ 《ᠦᠪᠡᠷᠳᠡᠬᠡᠨ ᠵᠠᠰᠠᠬᠤ》᠎ᠨᠢ ᠤᠨᠳᠤᠤ ᠦᠵᠡᠯᠳᠡ ᠠ᠋ᠬᠦᠰᠬᠦ ᠵᠢᠨ ᠦᠯᠤᠬᠡᠢ ᠪᠢᠰᠢ᠂ ᠬᠠᠷᠢᠨ ᠬᠠᠭ᠋ᠠᠨ᠎ᠤ ᠠ᠋ᠷᠬᠡ ᠵᠢ ᠦᠷᠬᠡᠳᠬᠡᠬᠦ ᠪᠠ ᠲᠡᠮᠵᠢᠬᠦ ᠬᠦᠴᠤᠨ ᠵᠦᠢ᠍ᠯ ᠪᠤᠯᠵᠠᠢ᠃ ᠮᠤᠡᠭᠭᠤᠯ ᠲᠦᠪᠡᠳ ᠤᠷᠤᠨ᠎ᠳᠤ ᠦᠷᠬᠡᠨ ᠠᠭᠤᠳᠠᠮ ᠬᠢᠵᠠᠭ᠋ᠠᠷ ᠤᠷᠤᠨ᠎ᠢ ᠨᠢᠬᠡᠳᠤᠯᠳᠡᠢ ᠵᠠᠬᠢᠷᠴᠤ ᠪᠠᠶ᠋ᠢᠬᠰᠠᠨ ᠴᠢᠡᠭ ᠤᠯᠤᠰ᠎ᠤᠨ ᠬᠠᠭ᠋ᠠᠤᠨ᠎ᠨᠢ 《ᠭᠠᠳᠠᠭ᠋ᠠᠳᠤ ᠠᠶ᠋ᠢᠮᠠᠭ᠎ᠲᠤᠷ ᠵᠠᠷᠯᠢᠭ᠎ᠢ ᠤᠯᠠᠮᠵᠢᠯᠠᠬᠤᠢ》᠂ 《ᠴᠠᠺᠠᠷᠸᠠᠷᠳᠢ ᠬᠠᠭ᠋ᠠᠨ》 ᠬᠡᠵᠦ ᠬᠦᠡᠳᠦᠯᠡᠭᠳᠡᠵᠦ᠂ ᠰᠦᠰᠦᠭᠳᠡᠳ᠎ᠤᠨ ᠰᠢᠳᠤᠨ ᠪᠢᠰᠢᠷᠡᠬᠦ ᠠ᠋ᠳᠡᠬᠡᠳ ᠪᠤᠯᠵᠤ᠂ ᠮᠤᠡᠭᠭᠤᠯ ᠲᠦᠪᠡᠳ ᠤᠷᠤᠨ᠎ᠤ ᠬᠡᠬᠡᠨᠳᠡᠨ᠎ᠤ ᠲᠤᠬᠳᠠᠯᠴᠠᠭ᠎ᠠ ᠪᠤᠯᠤᠨ ᠨᠡᠶ᠋ᠢᠬᠡᠮ᠎ᠤᠨ ᠵᠠᠰᠠᠯᠳᠠ ᠵᠢᠨ ᠪᠦᠳᠤᠴᠨ᠎ᠨᠢ ᠴᠢᠡᠭ ᠤᠯᠤᠰ᠎ᠤᠨ ᠬᠠᠭ᠋ᠠᠨ᠎ᠤ ᠲᠠᠷᠬᠠᠨ ᠠ᠋ᠷᠬᠡ᠎ᠳᠤ ᠵᠠᠬᠢᠷᠤᠬᠳᠠᠭ᠋ᠠᠤᠨ 《ᠠ᠋ᠷᠬᠢᠮ ᠬᠠᠭ᠋ᠠᠨ》᠎ᠤ 《ᠶᠡᠬᠡ ᠨᠢᠬᠡᠳᠤᠯ》᠎ᠤᠨ ᠪᠠᠶ᠋ᠢᠷᠢᠯᠠᠭᠤᠯᠤᠯᠳᠠ᠎ᠳᠤ ᠤᠷᠤᠬᠰᠠᠨ ᠶᠤᠮ᠃ ᠴᠢᠡᠭ ᠤᠯᠤᠰ᠎ᠤᠨ ᠦᠶ᠎ᠡ᠎ᠳᠤ ᠵᠠᠰᠠᠯᠳᠠ ᠵᠢᠨ ᠲᠠᠪᠬᠤᠷᠭ᠎ᠠ ᠲᠡᠬᠡᠷᠡᠬᠢ 《ᠰᠢᠳᠦᠯᠭᠡ ᠪᠢᠰᠢᠷᠡᠯ᠎ᠢ ᠠᠨᠤ ᠠ᠋ᠰᠡ ᠬᠤᠪᠢᠷᠠᠭ᠋ᠠᠬᠤ》᠂ 《ᠵᠠᠡᠭᠰᠢᠯ᠎ᠢ ᠠᠨᠤ ᠠ᠋ᠰᠡ ᠬᠤᠪᠢᠷᠠᠭ᠋ᠠᠬᠤ》 ᠬᠡᠳᠡᠭ᠎ᠨᠢ ᠤᠳᠤᠮᠰᠢᠯᠳᠤ ᠰᠢᠨᠵᠢ ᠲᠡᠬᠡᠷᠡᠬᠢ 《ᠱᠠᠰᠢᠨ ᠰᠢᠲᠦᠯᠭᠡ ᠵᠢ᠎ᠨᠢ ᠬᠦᠡᠳᠤᠤᠡᠭᠡᠬᠦ》 ᠪᠠ 《ᠲᠦᠷᠤ ᠵᠢᠨ ᠵᠠᠷᠯᠢᠭ᠎ᠢ ᠠᠨᠤ ᠨᠢᠭᠡᠳᠦᠯᠳᠡᠢ ᠲᠠᠭ᠋ᠠᠬᠤ》᠎ᠪᠠᠷ ᠲᠠᠮᠵᠢᠭᠤᠯᠤᠨ ᠨᠢᠬᠡᠳᠬᠡᠬᠦ ᠭᠡᠰᠡᠨ ᠶᠠᠪᠤᠳᠠᠯ ᠪᠤᠯᠤᠨ᠎ᠠ᠃ 
      ᠴᠢᠡᠭ ᠤᠯᠤᠰ᠎ᠤᠨ ᠦᠶ᠎ᠡ᠎ᠳᠠᠬᠢ 《ᠵᠠᠡᠭᠰᠢᠯ᠎ᠳᠤ᠎ᠨᠢ ᠵᠤᠬᠢᠴᠠᠭᠤᠯᠤᠨ ᠵᠠᠰᠠᠬᠤ》 ᠬᠡᠳᠡᠭ ᠪᠤᠯ 《ᠶᠡᠬᠡ ᠨᠢᠬᠡᠳᠤᠯ》᠎ᠤᠨ ᠢᠯᠡᠷᠡᠬᠦ ᠬᠡᠯᠪᠡᠷᠢ ᠪᠤᠯᠬᠤ᠎ᠠᠴᠠ ᠪᠢᠰᠢ᠂ ᠬᠠᠷᠢᠨ ᠮᠦᠨ ᠴᠢᠨᠠᠷ ᠵᠢᠡᠷ ᠲᠤᠠᠠᠳᠠᠭ᠋ᠠᠭᠳᠠᠭᠰᠠᠨ ᠵᠤᠢ᠍ᠢ᠍ᠯ ᠪᠤᠰᠤ᠃ ᠪᠠᠷᠠᠭᠤᠨ ᠠ᠋ᠮᠦᠨᠡᠳᠤ ᠤᠷᠤᠨ᠎ᠳᠤ ᠴᠢᠡᠭ ᠤᠯᠤᠰ᠎ᠤᠨ ᠬᠠᠭ᠋ᠠᠨ ᠪᠢᠴᠢᠭ᠎ᠤᠨ ᠬᠦᠮᠦᠰ᠎ᠲᠠᠢ ᠬᠠᠮᠳᠤ᠎ᠪᠠᠷ ᠠᠶ᠋ᠢᠮᠠᠭ᠎ᠤᠨ ᠠᠬᠠᠯᠠᠬ᠍ᠴᠢ ᠵᠢᠨ ᠤᠳᠤᠮᠰᠢᠯ ᠬᠢᠬᠡᠳ ᠺᠦᠡᠭᠽᠢ ᠵᠢᠨ ᠰᠤᠷᠭ᠋ᠠᠯᠳᠠᠨ᠎ᠤ ᠬᠡᠬᠡᠷᠡᠬᠦᠯᠬᠦ ᠵᠢᠨ ᠬᠤᠭᠤᠷᠤᠨᠳᠤ ᠠᠮᠢᠳᠤᠯᠢᠭ ᠪᠠᠶ᠋ᠢᠯᠭ᠋ᠠᠬᠤ ᠠᠷᠭ᠎ᠠ ᠵᠢ ᠪᠠᠳᠤᠯᠠᠬᠰᠠᠨ᠎ᠠᠴᠠ ᠪᠢᠰᠢ᠂ 《ᠬᠢᠳᠠᠳᠴᠢᠯᠠᠬᠤ》 ᠪᠤᠶᠤ 《ᠵᠡᠡᠭᠰᠢᠯ᠎ᠳᠤ᠎ᠨᠢ ᠵᠤᠬᠢᠴᠠᠭᠤᠯᠬᠤ》 ᠵᠢ ᠦᠬᠦᠨ ᠪᠠᠷᠢᠮᠳᠠᠯᠠᠭ᠎ᠠ ᠦᠬᠡᠢ᠂ ᠬᠠᠷᠢᠨ 《ᠶᠡᠬᠡ ᠨᠢᠬᠡᠳᠤᠯ》᠎ᠳᠤ ᠠᠰᠢᠬᠳᠠᠢ ᠠ᠋ᠰᠡᠬᠦ᠎ᠪᠠᠷ ᠬᠤᠪᠢᠷᠠᠭᠤᠯᠵᠤ ᠤᠯᠠᠷᠢᠭᠤᠯᠵᠤ ᠪᠠᠶ᠋ᠢᠬᠰᠠᠨ᠎ᠨᠢ ᠨᠢᠭᠡᠨ ᠨᠡᠶ᠋ᠢᠳᠡᠯᠢᠭ ᠵᠢᠱ᠌ᠢᠶ᠎ᠡ ᠶᠤᠮ᠃ ᠴᠢᠡᠭ ᠤᠯᠤᠰ᠎ᠤᠨ ᠦᠶ᠎ᠡ᠎ᠳᠤ ᠤᠯᠤᠰ ᠬᠦᠷᠦᠨ᠎ᠢ ᠨᠢᠬᠡ ᠴᠤᠬ᠍ᠴᠠᠵᠢᠭᠤᠯᠬᠤ ᠴᠢᠷᠮᠠᠶ᠋ᠢᠯᠭ᠎ᠠ ᠵᠢ ᠶᠡᠷᠦ᠎ᠠᠴᠠ ᠲᠠᠶᠠᠭᠳᠠᠭ᠎ᠠ ᠦᠬᠡᠢ᠂ 《ᠪᠤᠰᠤᠤᠨ ᠦᠨᠳᠤᠰᠤᠳᠡᠨ》᠎ᠢ ᠲᠠᠰᠤᠷᠠᠯᠳᠠ ᠦᠭᠡᠢ ᠠᠭᠤᠰᠬᠠᠬᠤ ᠪᠤᠶᠤ ᠦᠬᠡᠷᠡᠴᠢᠯᠡᠵᠤ᠂ ᠢᠳᠡᠭ ᠢᠳᠡᠭ ᠵᠶ᠋ᠡᠷ 《ᠲᠤᠳᠤᠷ ᠤᠷᠤᠨᠵᠢᠭᠤᠯᠤᠬᠰᠠᠨ》 ᠪᠢᠯᠨ᠃ ᠠ᠋ᠨᠡ᠎ᠨᠢ 《ᠵᠠᠡᠭᠰᠢᠯ᠎ᠳᠤ᠎ᠨᠢ ᠵᠤᠬᠢᠴᠠᠭᠤᠯᠤᠨ ᠵᠠᠰᠠᠬᠤ》 ᠵᠢ ᠬᠤᠪᠢᠷᠠᠭᠤᠯᠤᠬᠰᠠᠨ ᠪᠢᠰᠢ᠂ ᠬᠠᠷᠢᠨ ᠴᠢᠡᠭ᠎ᠤᠨ ᠵᠠᠰᠠᠭ ᠪᠤᠯᠤᠨ ᠤᠷᠤᠨ ᠨᠤᠳᠤᠭ᠎ᠤᠨ ᠬᠤᠭᠤᠷᠤᠡᠳᠤ ᠵᠢᠨ ᠦᠷᠬᠦᠯᠵᠢᠯᠡᠭᠰᠡᠨ ᠲᠡᠮᠡᠴᠡᠯᠳᠦᠭᠡᠨ ᠵᠢᠡᠷ ᠪᠤᠢ ᠪᠤᠯᠤᠠᠠᠰᠠᠨ ᠲᠡᠩᠴᠡᠬᠦᠷᠢᠳᠤ ᠬᠦᠳᠡᠯᠤᠯᠳᠤ ᠵᠠᠰᠠᠯᠳᠠ ᠵᠢᠨ ᠬᠡᠯᠪᠡᠷᠢ ᠪᠤᠯᠬᠤ ᠶᠤᠮ᠃ 《ᠵᠠᠡᠭᠰᠢᠯ᠎ᠳᠤ᠎ᠨᠢ ᠵᠤᠬᠢᠴᠠᠭᠤᠯᠤᠨ ᠵᠠᠰᠠᠬᠤ》 ᠬᠡᠳᠡᠭ᠎ᠨᠢ ᠵᠦᠪᠭᠡᠨ 《ᠰᠠᠯᠭ᠋ᠠᠬᠤ》 ᠵᠢ ᠯᠨ ᠴᠢᠬᠤᠯᠠᠴᠢᠯᠠᠭᠰᠠᠨ ᠪᠢᠰᠢ᠂ ᠬᠠᠷᠢᠨ 《ᠰᠠᠯᠭ᠋ᠠᠬᠤᠢ᠎ᠳᠤᠷ ᠨᠡᠶ᠋ᠢᠯᠡᠬᠦᠯᠬᠦ ᠵᠢ ᠠᠬᠤᠭᠤᠯᠬᠤ》᠂ 《ᠰᠠᠯᠭ᠋ᠠᠬᠤᠢ ᠠᠨᠤ ᠨᠡᠶ᠋ᠢᠯᠡᠬᠦᠯᠬᠦ ᠵᠢᠨ ᠲᠦᠯᠤᠬᠡᠨ᠎ᠡ》 ᠬᠡᠳᠡᠭ ᠵᠢᠡᠷ ᠴᠢᠡᠭ ᠤᠯᠤᠰ᠎ᠤᠨ ᠦᠶ᠎ᠡ᠎ᠳᠤ ᠨᠡᠯᠤᠬᠡᠷ ᠠᠭᠤᠳᠠᠮ ᠨᠤᠳᠤᠭ ᠲᠡᠪᠢᠰᠬᠡᠷ᠎ᠢ ᠪᠦᠳᠦᠮᠵᠢᠳᠠᠢ ᠵᠠᠬᠢᠷᠴᠤ᠂ 《ᠶᠡᠬᠡ ᠨᠢᠬᠡᠳᠤᠯ》᠎ᠨᠢ ᠨᠢᠬᠡᠳᠦᠭᠰᠡᠨ ᠤᠯᠠᠨ ᠦᠨᠳᠤᠰᠤᠳᠡᠨ᠎ᠲᠠᠢ ᠤᠯᠤᠰ ᠪᠤᠯᠵᠤ ᠬᠤᠪᠢᠷᠠᠭ᠋ᠠᠤᠨ ᠣᠷᠴᠢᠨ ᠦᠶ᠎ᠡ ᠵᠢᠨ ᠲᠤᠮᠳᠠᠳᠤ ᠤᠯᠤᠰ᠎ᠤᠨ ᠣᠳᠣ ᠦᠶ᠎ᠡ ᠵᠢᠨ ᠦᠨᠳᠤᠰᠤᠳᠡᠨ᠎ᠤ ᠤᠯᠤᠰ ᠪᠤᠯᠵᠤ ᠬᠤᠪᠢᠷᠠᠬᠤ ᠰᠠᠭᠤᠷᠢ ᠵᠢ᠎ᠨᠢ ᠲᠠᠯᠪᠢᠬᠰᠠᠨ ᠶᠤᠮ᠃ 
      ᠰᠤᠷᠪᠤᠯᠵᠢᠯᠠᠬ᠍ᠴᠢ᠄ ᠴᠢᠡᠭ ᠤᠯᠤᠰ᠎ᠤᠨ ᠰᠡᠬᠦᠯᠴᠢ ᠢᠷᠬᠡᠨ ᠤᠯᠤᠰ᠎ᠤᠨ ᠦᠶ᠎ᠡ᠎ᠳᠤ ᠬᠤᠪᠢᠰᠬᠠᠯᠳᠤ ᠨᠠᠮ᠎ᠤᠨ᠎ᠬᠢᠨ 《ᠴᠥᠭᠡᠨ ᠲᠣᠭ᠋ᠠᠲᠤ ᠦᠨᠳᠦᠰᠦᠲᠡᠨ᠎ᠢ ᠦᠯᠳᠡᠨ ᠬᠦᠬᠡᠬᠡᠵᠤ᠂ ᠲᠤᠮᠳᠠᠳᠤ ᠵᠢᠨ ᠦᠨᠳᠤᠰᠤᠳᠡᠨ᠎ᠢ ᠰᠡᠷᠬᠦᠬᠡᠬᠦ》᠎ᠪᠠᠷ ᠤᠷᠢᠶ᠎ᠠ ᠪᠤᠯᠭ᠋ᠠᠵᠤ᠂ ᠦᠷᠤᠨᠡᠳᠠᠬᠢᠨ᠎ᠠᠴᠠ ᠤᠯᠠᠮᠵᠢᠯᠠᠬᠳᠠᠨ ᠢᠷᠡᠭᠰᠡᠨ ᠦᠨᠳᠤᠰᠤᠳᠡᠨ᠎ᠤ ᠦᠵᠡᠯ᠎ᠤᠨ ᠤᠶ᠋ᠢᠯᠠᠭ᠋ᠠᠬᠳᠠᠬᠤᠨ᠎ᠢ ᠶᠡᠬᠡ ᠬᠢᠳᠡᠳᠴᠢᠯᠠᠬᠤ ᠦᠵᠡᠯ᠎ᠤᠨ ᠤᠶ᠋ᠢᠯᠠᠭ᠋ᠠᠬᠳᠠᠬᠤᠨ᠎ᠲᠠᠢ ᠤᠶᠠᠯᠳᠤᠭᠤᠯᠵᠤ᠂ ᠬᠤᠪᠢᠰᠬᠠᠯ᠎ᠢ ᠲᠠᠶ᠋ᠢᠴᠢᠯᠠᠪᠠ᠃ ᠬᠡᠳᠡᠯ᠎ᠡ ᠢᠷᠬᠡᠨ ᠤᠯᠤᠰ ᠪᠠᠶ᠋ᠢᠭᠤᠯᠤᠬᠳᠠᠬᠰᠠᠨ᠎ᠤ ᠲᠠᠷᠠᠭ᠎ᠠ᠂ ᠲᠡᠳᠡ ᠮᠥᠨ 《ᠶᠡᠬᠡ ᠨᠢᠬᠡᠳᠤᠯ》᠎ᠢ ᠢᠳᠡᠪᠬᠢᠳᠡᠢ ᠰᠠᠨᠠᠭ᠋ᠠᠴᠢᠯᠠᠬᠰᠠᠨ ᠪᠠ ᠲᠠᠪᠤᠨ ᠦᠨᠳᠤᠰᠤᠳᠡᠨ ᠪᠦᠬᠦᠳᠡ ᠨᠠᠶ᠋ᠢᠷᠠᠮᠳᠠᠬᠤ ᠬᠡᠯᠪᠡᠷᠢ ᠵᠢ ᠴᠢᠷᠮᠠᠶ᠋ᠢᠨ ᠪᠤᠢ ᠪᠤᠯᠭ᠋ᠠᠪᠠ᠃ ᠠ᠋ᠨᠡ᠎ᠨᠢ 《ᠶᠡᠬᠡ ᠨᠢᠬᠡᠳᠤᠯ》᠎ᠤᠨ ᠤᠶ᠋ᠢᠯᠠᠭ᠋ᠠᠬᠳᠠᠬᠤᠨ᠎ᠤ ᠤᠷᠴᠢᠨ ᠦᠶ᠎ᠡ ᠵᠢᠨ ᠤᠯᠠᠷᠢᠭᠤᠯᠤᠯᠲᠠ ᠵᠢ ᠲᠤᠳᠤᠷᠬᠠᠢ᠍ᠢ᠍ᠯᠠᠵᠤ ᠪᠠᠢ᠍ᠢ᠍ᠨ᠎ᠠ ᠤᠤ? ᠠ᠋ᠬᠦᠨ᠎ᠤ ᠲᠤᠳᠤᠷᠠᠬᠢ ᠦᠨᠳᠤᠰᠤᠨ ᠯᠤᠬᠢᠭ᠎ᠢ ᠲᠠ ᠨᠠᠷᠢᠨ ᠶᠠᠷᠢᠭ᠋ᠠᠤᠨ ᠦᠭᠬᠦ ᠤᠤ? 
      ᠶᠠᠡᠭ ᠨᠢᠶᠠᠨ ᠴᠢᠶᠦ᠋ᠨ᠄ ᠤᠷᠴᠢᠨ ᠦᠶ᠎ᠡ ᠵᠢᠨ ᠲᠤᠮᠳᠠᠳᠤ ᠤᠯᠤᠰ ᠳᠣᠲᠣᠭ᠋ᠠᠳᠤ ᠵᠢᠨ ᠵᠣᠪᠠᠯᠠᠩ ᠭᠠᠳᠠᠭ᠋ᠠᠳᠤ ᠵᠢᠨ ᠠᠶᠤᠯ᠎ᠳᠤ ᠲᠤᠯᠭ᠋ᠠᠷᠠᠭᠰᠠᠨ ᠲᠡᠳᠤᠢ ᠦᠬᠡᠢ᠂ ᠦᠷᠤᠨᠡᠳᠠᠬᠢᠨ᠎ᠤ ᠦᠨᠳᠤᠰᠤᠳᠡᠨ᠎ᠤ ᠦᠵᠡᠯ᠎ᠤᠨ ᠨᠦᠯᠤᠬᠡᠨ᠎ᠳᠤ ᠠᠪᠳᠠᠬᠤ ᠵᠢᠨ ᠠ᠋ᠷᠬᠡ᠎ᠪᠠᠷ ᠨᠢᠬᠡ ᠦᠶ᠎ᠡ ᠨᠠᠮ ᠬᠦᠮ ᠪᠠᠶ᠋ᠢᠬᠰᠠᠨ ᠦᠨᠳᠤᠰᠤᠳᠡᠨ᠎ᠤ ᠦᠵᠡᠯᠳᠡ ᠰᠡᠷᠬᠦᠵᠤ ᠠ᠋ᠬᠢᠯᠡᠪᠡ᠃ ᠬᠡᠪᠡᠴᠤ ᠦᠨᠳᠤᠰᠤᠳᠡᠨ᠎ᠤ ᠦᠵᠡᠯ ᠲᠡᠪᠡᠷᠡᠨ ᠬᠦᠴᠦᠷᠬᠡᠭ ᠤᠯᠤᠰ᠎ᠤᠳ ᠦᠡᠭᠭᠡᠯᠵᠡᠵᠤ ᠪᠠᠶ᠋ᠢᠬᠰᠠᠨ ᠨᠦᠬᠦᠴᠡᠯ ᠪᠠᠶ᠋ᠢᠳᠠᠯ᠎ᠳᠤ 《ᠴᠥᠭᠡᠨ ᠲᠣᠭ᠋ᠠᠲᠤ ᠦᠨᠳᠦᠰᠦᠲᠡᠨ᠎ᠢ ᠦᠯᠳᠡᠨ ᠬᠦᠬᠡᠬᠡᠵᠤ᠂ ᠲᠤᠮᠳᠠᠳᠤ ᠵᠢᠨ ᠦᠨᠳᠤᠰᠤᠳᠡᠨ᠎ᠢ ᠰᠡᠷᠬᠦᠬᠡᠨ ᠮᠠᠨᠳᠤᠭᠤᠯᠬᠤ》 ᠤᠷᠢᠶ᠎ᠠ᠎ᠨᠢ ᠤᠯᠤᠰ ᠬᠡᠷ ᠰᠠᠯᠵᠤ ᠰᠠᠷᠨᠢᠬᠤ ᠨᠤᠴᠢᠳᠠᠢ ᠦᠷ᠎ᠡ ᠳ᠋ᠦᠡᠭ᠎ᠳᠤ ᠬᠦᠷᠭᠡᠵᠦ ᠮᠡᠳᠡᠬᠦ ᠵᠢ ᠬᠤᠪᠢᠰᠬᠠᠯᠳᠤ ᠨᠠᠮ᠎ᠤᠨ᠎ᠬᠢᠨ ᠤᠳᠠᠯ ᠦᠬᠡᠢ ᠰᠡᠷᠡᠵᠤ ᠮᠡᠳᠡᠵᠡᠢ᠃ ᠠ᠋ᠶ᠋ᠢᠨ ᠬᠦ᠌ ᠢᠷᠬᠡᠨ ᠤᠯᠤᠰ ᠪᠠᠶ᠋ᠢᠭᠤᠯᠤᠬᠳᠠᠬᠰᠠᠨ᠎ᠤ ᠲᠠᠷᠠᠭ᠎ᠠ 《ᠲᠠᠪᠤᠨ ᠦᠨᠳᠤᠰᠤᠳᠡᠨ ᠪᠦᠬᠦᠳᠡ ᠨᠠᠶ᠋ᠢᠷᠠᠮᠳᠠᠬᠤ》 ᠵᠢ ᠰᠠᠨᠠᠭ᠋ᠠᠴᠢᠯᠠᠵᠤ᠂ ᠲᠤᠮᠳᠠᠳᠤ ᠵᠢᠨ ᠦᠨᠳᠤᠰᠤᠳᠡᠨ ᠪᠤᠯ ᠨᠢᠬᠡᠨ ᠪᠦᠬᠦᠯᠢ ᠴᠤᠬ᠍ᠴᠨ᠂ ᠡᠯ᠎ᠡ ᠦᠨᠳᠤᠰᠤᠳᠡᠨ᠎ᠤ ᠤᠷᠤᠰᠢᠨ ᠠᠮᠢᠳᠤᠷᠠᠵᠤ ᠪᠦᠬᠦᠢ ᠭᠠᠵᠠᠷ ᠨᠤᠳᠤᠭ ᠪᠤᠯ ᠲᠤᠮᠳᠠᠳᠤ ᠢᠷᠬᠡᠨ ᠤᠯᠤᠰ᠎ᠤᠨ ᠬᠢᠯᠢ ᠬᠢᠵᠠᠭ᠋ᠠᠷ᠎ᠤᠨ ᠪᠦᠷᠢᠯᠳᠤᠬᠦᠨ ᠬᠡᠰᠡᠭ᠂ ᠴᠦᠬᠡᠨ ᠲᠤᠭ᠋ᠠᠳᠤ ᠦᠨᠳᠤᠰᠤᠳᠡᠨ᠎ᠤ ᠬᠦᠰᠡᠯ ᠱᠠᠭ᠋ᠠᠷᠳᠠᠯᠭ᠎ᠠ᠎ᠨᠢ ᠲᠤᠮᠳᠠᠳᠤ ᠵᠢᠨ ᠦᠨᠳᠤᠰᠤᠳᠡᠨ᠎ᠤ ᠨᠢᠭᠡᠳᠦᠯ ᠵᠤᠷᠢᠯᠳᠠ ᠵᠢᠨ ᠲᠤᠤᠷ᠎ᠠ ᠪᠠᠶ᠋ᠢᠬᠤ ᠶᠤᠰᠤᠳᠠᠢ ᠬᠡᠳᠡᠭ᠎ᠢ ᠴᠢᠬᠤᠯᠠᠴᠢᠯᠠᠪᠠ᠃ ᠠ᠋ᠬᠦᠨ᠎ᠠᠴᠠ ᠠᠪᠤᠭ᠋ᠠᠳ 《ᠶᠡᠬᠡ ᠨᠢᠬᠡᠳᠤᠯ》 ᠬᠢᠭᠡᠤᠨ ᠦᠨᠳᠤᠰᠤᠳᠡᠨ᠎ᠤ ᠤᠯᠤᠰ᠎ᠤᠨ ᠴᠤᠬ᠍ᠴᠠᠯᠠᠯᠳᠠ ᠠ᠋ᠳᠤᠷ ᠢᠷᠡᠬᠦᠶ᠎ᠡ ᠬᠠᠮᠳᠤ ᠵᠢᠨ ᠪᠦᠳᠤᠴᠨ᠎ᠲᠠᠢ ᠪᠤᠯᠵᠤ᠂ ᠣᠳᠣ ᠦᠶ᠎ᠡ ᠵᠢᠨ ᠲᠤᠮᠳᠠᠳᠤ ᠤᠯᠤᠰ᠎ᠤᠨ ᠨᠡᠶ᠋ᠢᠬᠡᠮ᠎ᠤᠨ ᠲᠠᠶ᠋ᠢᠴᠢᠯᠠᠯᠳᠠ ᠬᠢᠬᠦ᠂ ᠦᠨᠳᠤᠰᠤᠳᠡᠨ᠎ᠤ ᠨᠢᠬᠳᠠᠷᠠᠯ᠎ᠢ ᠴᠢᠡᠭᠭ᠋ᠠᠳᠬᠠᠬᠤ᠂ ᠬᠠᠷᠢ ᠵᠢᠨ ᠲᠦᠷᠢᠮᠡᠬᠡᠶ᠋ᠢᠯᠡᠯ᠎ᠢ ᠠ᠋ᠰᠡᠷᠬᠦᠴᠡᠬᠦ ᠲᠤᠯᠭ᠋ᠠᠭᠤᠷᠢᠯᠠᠯ ᠪᠤᠯᠵᠤ᠂ ᠲᠤᠮᠳᠠᠳᠤ ᠤᠯᠤᠰ᠎ᠤᠨ ᠤᠨᠴᠠᠯᠢᠭ ᠪᠦᠬᠦᠢ ᠰᠢᠨ᠎ᠡ ᠬᠡᠯᠪᠡᠷᠢ ᠵᠢᠨ ᠤᠯᠤᠰ ᠬᠡᠷ᠎ᠤᠨ ᠦᠵᠡᠯᠳᠡ ᠪᠤᠯᠵᠤ ᠬᠤᠪᠢᠷᠠᠵᠠᠢ᠃ 
      《ᠶᠡᠬᠡ ᠨᠢᠬᠡᠳᠤᠯ》᠎ᠤᠨ ᠦᠵᠡᠯᠳᠡ ᠵᠢᠨ ᠤᠷᠴᠢᠨ ᠦᠶ᠎ᠡ᠎ᠳᠠᠬᠢ ᠤᠯᠠᠷᠢᠭᠤᠯᠤᠯᠲᠠ ᠵᠢ ᠦᠬᠡᠷ᠎ᠡ ᠬᠠᠷᠠᠭ᠋ᠠᠰᠤ᠎ᠠᠴᠠ ᠠᠵᠢᠬᠯᠠᠵᠤ ᠪᠤᠯᠤᠨ᠎ᠠ᠃ ᠨᠢᠬᠡ ᠲᠠᠯ᠎ᠠ᠎ᠪᠠᠷ᠂ ᠤᠷᠴᠢᠨ ᠦᠶ᠎ᠡ ᠵᠢᠨ ᠰᠡᠬᠡᠬᠡᠳᠡᠳ ᠲᠦᠪᠯᠡᠷᠡᠭᠰᠡᠨ ᠡᠵᠡᠷᠬᠡᠭ ᠠ᠋ᠷᠬᠡᠳᠤ᠂ ᠨᠤᠳᠤᠭ ᠲᠡᠪᠢᠰᠬᠡᠷ ᠦᠷᠬᠡᠨ ᠠᠭᠤᠳᠠᠮ 《ᠶᠡᠬᠡ ᠨᠢᠬᠡᠳᠤᠯ》᠎ᠨᠢ ᠲᠤᠬᠳᠠᠡᠭᠭᠤᠢ ᠪᠦᠭᠡᠤᠨ ᠬᠡᠪᠰᠢᠮᠡᠯ ᠪᠤᠯᠬᠤᠷ ᠪᠤᠯᠪᠠᠰᠤᠨ᠎ᠤ ᠰᠢᠷᠤᠬᠦᠨ ᠦᠷᠢᠰᠤᠯᠳᠤᠬᠡᠨ ᠲᠤᠮᠳᠠ ᠲᠠᠪᠠᠭᠤᠯᠢᠭ ᠪᠠᠶ᠋ᠢᠷᠢ᠎ᠳᠤ ᠤᠷᠤᠰᠢᠵᠤ ᠲᠡᠶ᠋ᠢᠯᠬᠦ ᠦᠬᠡᠢ ᠭᠡᠵᠤ ᠨᠢᠬᠡ ᠦᠶ᠎ᠡ ᠦᠵᠡᠵᠤ ᠪᠠᠶ᠋ᠢᠬᠰᠠᠨ᠎ᠠᠴᠠ ᠠ᠋ᠷᠬᠡᠳᠤ ᠠᠷᠠᠳ᠎ᠤᠨ ᠤᠬᠠᠮᠰᠠᠷ᠎ᠢ ᠬᠦᠮᠤᠵᠢᠬᠦᠯᠬᠦ᠂ ᠤᠷᠤᠨ ᠨᠤᠳᠤᠭ᠎ᠤᠨ ᠦᠪᠡᠷᠳᠡᠬᠡᠨ ᠵᠠᠰᠠᠬᠤ ᠵᠢ ᠬᠡᠷᠡᠭᠵᠢᠬᠦᠯᠦᠭᠰᠡᠨ ᠠ᠋ᠸᠦ᠋ᠷᠦᠫᠡ ᠠᠮᠧᠷᠢᠺᠠ ᠵᠢᠨ ᠲᠤᠷᠰᠢᠯᠭ᠎ᠠ ᠵᠢ ᠲᠠᠭᠤᠷᠢᠶᠠᠬᠤ ᠵᠢ ᠡᠷᠬᠢᠮᠰᠢᠶᠡᠪᠡ᠃ ᠬᠡᠳᠡᠯ᠎ᠡ ᠰᠤᠳᠤᠯᠭ᠋ᠠᠳᠠᠤᠨ ᠤᠯᠤᠰ ᠲᠦᠷᠤ ᠵᠢᠨ ᠠᠬᠤᠢ ᠪᠠᠶ᠋ᠢᠳᠠᠯ᠎ᠢ ᠮᠦᠬᠦᠯ᠎ᠠᠴᠠ ᠠᠪᠤᠷᠠᠬᠤ ᠵᠢᠨ ᠲᠤᠰᠠᠳᠠ 《ᠶᠡᠬᠡ ᠨᠢᠬᠡᠳᠤᠯ》᠎ᠢ ᠤᠷᠴᠢᠨ ᠦᠶ᠎ᠡ ᠵᠢᠨ ᠦᠬᠡ ᠶᠠᠷᠢᠶ᠎ᠠ᠎ᠯᠤᠭ᠎ᠠ ᠴᠢᠷᠮᠠᠶ᠋ᠢᠨ ᠵᠤᠬᠢᠴᠠᠭᠤᠯᠵᠤ᠂ ᠬᠦᠴᠤᠷᠬᠡᠭ ᠶᠡᠭᠡ ᠨᠢᠬᠡᠳᠦᠭᠰᠡᠨ ᠤᠯᠤᠰ᠎ᠢ ᠪᠠᠶ᠋ᠢᠭᠤᠯᠬᠤ ᠵᠢ ᠤᠷᠢᠶᠠᠯᠠᠬᠤ ᠵᠢᠨ ᠬᠠᠮᠳᠤ 《ᠴᠦᠨ ᠴᠢᠤ》 ᠵᠡᠷᠬᠡ ᠠ᠋ᠷᠳᠡᠨ᠎ᠤ ᠰᠤᠡᠭᠭᠤᠳᠠᠭ ᠦᠵᠡᠯ ᠰᠠᠨᠠᠭ᠋ᠠᠨ᠎ᠤ ᠠ᠋ᠬᠢ ᠪᠠᠶᠠᠯᠢᠭ᠎ᠢ ᠪᠦᠳᠤᠬᠡᠯᠴᠢ ᠴᠢᠨᠠᠷ᠎ᠲᠠᠢ ᠲᠠᠶ᠋ᠢᠯᠪᠤᠷᠢᠯᠠᠵᠤ᠂ 《ᠶᠡᠬᠡ ᠨᠢᠬᠡᠳᠤᠯ》 ᠪᠤᠯᠤᠨ ᠲᠤᠮᠳᠠᠳᠤ ᠵᠢᠨ ᠤᠯᠤᠰ ᠲᠦᠷᠤ ᠵᠢᠨ ᠰᠤᠶᠤᠯ ᠪᠤᠯ ᠦᠷᠤᠨᠡᠳᠠᠬᠢᠨ᠎ᠠᠴᠠ ᠲᠠᠪᠠᠭᠤᠯᠢᠭ ᠭᠡᠳᠡᠭ ᠲᠦᠬᠡᠮᠡᠯ ᠤᠳᠬ᠎ᠠ ᠠᠭᠤᠯᠭ᠎ᠠ ᠵᠢ ᠲᠠᠬᠢᠨ ᠰᠢᠨ᠎ᠡ᠎ᠪᠠᠷ ᠪᠤᠢ ᠪᠤᠯᠭ᠋ᠠᠪᠠ᠃ ᠨᠦᠬᠦᠬᠡ ᠲᠠᠯ᠎ᠠ᠎ᠪᠠᠷ ᠦᠷᠤᠨᠡᠳᠠᠬᠢᠨ᠎ᠤ ᠪᠠᠶ᠋ᠢᠭᠤᠯᠤᠯ᠎ᠢ ᠭᠡᠷᠡᠭᠵᠢᠬᠦᠯᠪᠡᠯ ᠴᠢᠡᠭ ᠤᠯᠤᠰ᠎ᠤᠨ ᠰᠡᠬᠦᠯᠴᠢ᠎ᠠᠴᠠ ᠨᠠᠭ᠋ᠠᠰᠢᠬᠢ ᠡᠯ᠎ᠡ ᠵᠦᠢ᠍ᠯ᠎ᠤᠨ ᠠᠰᠠᠭᠤᠳᠠᠯ᠎ᠢ ᠨᠢᠬᠡ ᠯᠨ ᠲᠡᠬᠡᠷ᠎ᠡ ᠰᠢᠢ᠍ᠳᠪᠤᠷᠢᠯᠡᠴᠢᠬᠡᠨ᠎ᠡ ᠭᠡᠵᠤ ᠬᠦᠮᠦᠰ ᠨᠢᠬᠡ ᠦᠶ᠎ᠡ ᠬᠡᠢ ᠪᠤᠳᠤᠵᠤ ᠪᠠᠶ᠋ᠢᠪᠠ᠃ ᠬᠡᠪᠡᠴᠤ ᠰᠢᠯᠭ᠋ᠠᠭᠤᠯᠢ ᠵᠢᠨ ᠲᠦᠷᠢᠮ᠂ ᠬᠠᠭ᠋ᠠᠨᠳᠤ ᠶᠤᠰᠤ᠂ ᠨᠤᠮ᠎ᠤᠨ ᠰᠤᠷᠭ᠋ᠠᠯ᠎ᠢ ᠪᠠᠬᠳᠠᠭ᠋ᠠᠬᠰᠠᠨ ᠤᠯᠠᠮᠵᠢᠯᠠᠯᠳᠤ ᠠ᠋ᠯᠸᠮᠸᠨ᠋ᠲ᠎ᠢ ᠪᠤᠯᠳᠤ᠎ᠪᠠᠷ᠎ᠨᠢ ᠨᠤᠷᠠᠭ᠋ᠠᠵᠤ᠂ ᠬᠦᠳᠡᠬᠡ ᠲᠤᠰᠬᠤᠨ ᠪᠠ ᠬᠤᠳᠠ᠂ ᠨᠡᠶ᠋ᠢᠬᠡᠮ ᠪᠠ ᠵᠠᠰᠠᠭ᠎ᠤᠨ ᠣᠷᠳᠣᠨ᠎ᠤ ᠬᠤᠯᠪᠤᠭ᠋ᠠᠰᠤ ᠵᠢ ᠲᠠᠰᠤᠯᠤᠠᠠᠰᠠᠨ᠎ᠤ ᠬᠠᠮᠳᠤ ᠮᠢᠡᠭᠭ᠋ᠠᠨ ᠤᠨ ᠦᠷᠬᠦᠯᠵᠢᠯᠡᠭᠰᠡᠨ ᠤᠯᠤᠰ ᠲᠦᠷᠤ᠂ ᠶᠤᠰᠤ ᠰᠤᠷᠳᠠᠬᠤᠨ ᠪᠤᠯᠤᠨ ᠰᠤᠶᠤᠯ᠎ᠤᠨ ᠬᠠᠮᠳᠤ ᠵᠢᠨ ᠲᠠᠨᠢᠯᠳᠠ ᠪᠠ ᠲᠡᠳᠡᠭᠡᠷ᠎ᠤᠨ ᠪᠠᠶ᠋ᠢᠭᠤᠯᠤᠯ᠎ᠤᠨ ᠪᠦᠳᠤᠴᠨ ᠵᠢ ᠰᠦᠢ᠍ᠷᠡᠭᠦᠯᠬᠦ ᠶᠤᠮ᠃ ᠠ᠋ᠢ᠍ᠢ᠍ᠨ ᠬᠦ᠌ ᠢᠷᠬᠡᠨ ᠤᠯᠤᠰ᠎ᠤᠨ ᠠ᠋ᠬᠢᠨ᠎ᠳᠤ ᠤᠯᠠᠶ᠋ᠢᠮ᠎ᠠ ᠴᠠᠶ᠋ᠢᠮ᠎ᠠ ᠠ᠋ᠷᠬᠡᠳᠤ ᠤᠯᠤᠰ ᠲᠦᠷᠤ᠂ ᠵᠠᠰᠠᠭ ᠵᠠᠬᠢᠷᠭ᠋ᠠᠨ᠎ᠤ ᠯᠤᠬᠢᠭ᠂ ᠵᠠᠰᠠᠯᠳᠠ ᠵᠢᠨ ᠠᠯᠳᠠᠬᠳᠠᠯ ᠪᠠ ᠶᠤᠰᠤ ᠰᠤᠷᠳᠠᠬᠤᠨ᠎ᠤ ᠲᠤᠷᠤᠶ᠋ᠢᠳᠠᠯ᠎ᠨᠢ ᠲᠤᠬᠠᠢ ᠵᠢᠨ ᠦᠶ᠎ᠡ ᠵᠢᠨ ᠨᠤᠶᠠᠷᠬᠠᠯ᠎ᠤᠨ ᠬᠠᠤᠯᠢ ᠶᠤᠰᠤᠨ᠎ᠤ ᠰᠢᠨᠵᠢ ᠵᠢ ᠨᠤᠴᠢᠳᠠᠢ ᠰᠡᠵᠢᠭᠯᠡᠯ᠎ᠳᠤ ᠬᠦᠷᠤᠬᠦᠯᠵᠤ᠂ ᠡᠵᠡᠨ ᠬᠠᠭ᠋ᠠᠨ᠎ᠤ ᠪᠠᠶ᠋ᠢᠷᠢ ᠰᠠᠭᠤᠷᠢ ᠵᠢ ᠲᠠᠬᠢᠨ ᠦᠨᠡᠯᠡᠬᠦ᠂ ᠲᠦᠷᠤ ᠱᠠᠰᠢᠨ᠎ᠤ ᠲᠤᠬᠳᠠᠯᠴᠠᠭ᠎ᠠ ᠵᠢ ᠲᠠᠬᠢᠨ ᠪᠠᠶ᠋ᠢᠭᠤᠯᠬᠤ᠂ ᠤᠯᠠᠮᠵᠢᠯᠠᠯᠳᠤ ᠦᠷᠳᠡᠭ᠎ᠢ ᠲᠠᠬᠢᠨᠳᠠ ᠬᠦᠨᠵᠡᠬᠡᠢ ᠪᠤᠳᠤᠯᠬᠢᠯᠠᠬᠤ᠎ᠳᠤ ᠬᠦᠷᠬᠡᠪᠡ᠃ 《ᠶᠡᠬᠡ ᠨᠢᠬᠡᠳᠤᠯ》᠎ᠤᠨ ᠦᠵᠡᠯᠳᠡ᠎ᠳᠤ ᠠ᠋ᠭᠡᠭᠰᠡᠨ᠎ᠨᠢ ᠦᠨᠡᠨ᠎ᠳᠤ᠎ᠪᠠᠨ ᠣᠷᠴᠢᠨ ᠦᠶ᠎ᠡ ᠵᠢᠨ ᠲᠤᠮᠳᠠᠳᠤ ᠤᠯᠤᠰ᠎ᠤᠨ 《ᠲᠦᠪ ᠤᠳᠤᠮᠰᠢᠯ᠎ᠤᠨ ᠬᠢᠮᠤᠷᠠᠯ》᠎ᠤᠨ ᠰᠢᠨᠵᠢ ᠴᠢᠨᠠᠷ᠎ᠤᠨ ᠲᠤᠬᠠᠢ ᠬᠠᠷᠢᠭᠤ ᠲᠤᠰᠬᠠᠯ ᠲᠡᠳᠤᠢ ᠦᠬᠡᠢ ᠦᠷᠤᠨᠡᠳᠠᠬᠢᠨ᠎ᠤ ᠨᠦᠯᠦᠭᠡ ᠪᠠ ᠲᠤᠮᠳᠠᠳᠤ ᠵᠢᠨ ᠲᠤᠷᠰᠢᠯᠭ᠎ᠠ ᠲᠤᠮᠳᠠ᠎ᠠᠴᠠ ᠤᠯᠤᠠᠠᠰᠠᠨ ᠪᠤᠯᠪᠠᠰᠤᠨ᠎ᠤ ᠭᠤᠤᠯ ᠴᠤᠬ᠍ᠴᠠᠳᠤ ᠰᠢᠨᠵᠢ ᠪᠤᠯᠤᠨ ᠤᠯᠤᠰ ᠲᠦᠷᠤ ᠵᠢᠨ ᠰᠤᠶᠤᠯ᠎ᠤᠨ ᠬᠡᠯᠪᠡᠷᠢ ᠵᠢ ᠲᠠᠬᠢᠨ ᠪᠠᠶ᠋ᠢᠭᠤᠯᠬᠤ ᠬᠡᠰᠡᠨ ᠴᠢᠷᠮᠠᠶ᠋ᠢᠯᠭ᠎ᠠ ᠪᠤᠯᠬᠤ ᠶᠤᠮ᠃ 
      ᠠ᠋ᠨᠡ ᠲᠠᠯ᠎ᠠ᠎ᠪᠠᠷ ᠴᠢᠡᠭ ᠤᠯᠤᠰ᠎ᠤᠨ ᠰᠡᠬᠦᠯᠴᠢ᠎ᠠᠴᠠ ᠢᠷᠬᠡᠨ ᠤᠯᠤᠰ ᠬᠦᠷᠳᠡᠯ᠎ᠡ 《ᠶᠡᠬᠡ ᠨᠢᠬᠡᠳᠤᠯ》᠎ᠤᠨ ᠲᠤᠬᠠᠢ ᠦᠵᠡᠯᠳᠡ᠂ ᠦᠢ᠍ᠯᠡᠳᠤᠯᠬᠡ ᠶᠡᠷᠤ᠎ᠠᠴᠠ ᠲᠠᠰᠤᠯᠳᠠᠭ᠎ᠠ ᠦᠬᠡᠢ ᠪᠦᠬᠡᠳ ᠬᠦᠨᠵᠡᠬᠡᠢ ᠦᠷᠬᠦᠯᠵᠢᠯᠡᠯᠳᠦ ᠴᠢᠨᠠᠷ ᠵᠶ᠋ᠡᠨ ᠪᠠᠳᠤᠯᠠᠬᠰᠠᠭ᠋ᠠᠷ ᠢᠷᠡᠭᠰᠡᠨ ᠶᠤᠮ᠃ ᠬᠠᠷᠢ ᠵᠢᠨ ᠨᠦᠯᠤᠬᠡ ᠬᠡᠴᠢᠨᠡᠬᠡᠨ ᠶᠡᠬᠡ ᠪᠠᠶ᠋ᠢᠬᠰᠠᠨ ᠪᠤᠯᠪᠠᠴᠤ ᠤᠷᠴᠢᠨ ᠦᠶ᠎ᠡ ᠵᠢᠨ ᠲᠤᠮᠳᠠᠳᠤ ᠤᠯᠤᠰ᠎ᠤᠨ ᠪᠠᠶ᠋ᠢᠭᠤᠯᠤᠬᠳᠠᠬᠰᠠᠨ᠎ᠨᠢ ᠡᠴᠤᠰ᠎ᠤᠨ ᠡᠴᠤᠰ᠎ᠲᠤ ᠮᠥᠨ ᠯᠨ ᠲᠤᠰ ᠪᠡᠶ᠎ᠡ ᠵᠢᠨ ᠰᠤᠶᠤᠯ ᠪᠠ ᠲᠡᠤᠬᠡᠨ ᠤᠯᠠᠮᠵᠢᠯᠠᠯ᠎ᠳᠤ᠎ᠪᠠᠨ ᠰᠠᠭᠤᠷᠢᠯᠠᠬᠰᠠᠨ ᠭᠡᠳᠡᠭ᠎ᠢ ᠠ᠋ᠬᠦᠨ᠎ᠠᠴᠠ ᠦᠵᠡᠵᠤ ᠭᠠᠷᠬᠤ ᠶᠤᠮ᠃ 《ᠶᠡᠬᠡ ᠨᠢᠬᠡᠳᠤᠯ》᠎ᠤᠨ ᠦᠵᠡᠯᠳᠡ᠎ᠨᠢ ᠴᠢᠡᠭ ᠤᠯᠤᠰ᠎ᠤᠨ ᠲᠡᠬᠡᠳᠤ ᠲᠠᠪᠬᠤᠷᠭ᠋ᠠᠳᠠᠨ᠎ᠤ ᠤᠯᠤᠰ ᠲᠦᠷᠤ ᠵᠢᠨ ᠲᠢᠭᠯᠢᠮ ᠪᠠ ᠤᠷᠤᠨ ᠨᠤᠳᠤᠭ᠎ᠤᠨ ᠵᠠᠰᠠᠯᠳᠠ ᠵᠢᠨ ᠬᠡᠯᠪᠡᠷᠢ ᠵᠢ ᠪᠦᠷᠢᠯᠳᠤᠬᠦᠯᠦᠭᠰᠡᠨ ᠲᠡᠳᠤᠢ ᠦᠬᠡᠢ᠂ ᠲᠤᠮᠳᠠᠳᠤᠴᠤᠳ᠎ᠤᠨ ᠡᠴᠢᠨ᠎ᠡ ᠬᠦᠨ᠎ᠳᠠᠬᠢ ᠰᠡᠳᠬᠢᠬᠦᠢ ᠵᠢᠨ ᠠᠷᠭ᠎ᠠ ᠪᠠ ᠰᠡᠳᠬᠢᠴᠨ ᠵᠢᠨ ᠪᠠᠶ᠋ᠢᠳᠠᠯ᠎ᠢ ᠪᠦᠳᠤᠬᠡᠵᠤ᠂ ᠤᠳᠤ ᠦᠶ᠎ᠡ ᠵᠢᠨ ᠲᠤᠮᠳᠠᠳᠤ ᠤᠯᠤᠰ᠎ᠤᠨ ᠤᠯᠤᠰ ᠲᠦᠷᠤ᠂ ᠨᠡᠶ᠋ᠢᠬᠡᠮ᠎ᠤᠨ ᠠᠮᠢᠳᠤᠷᠠᠯ᠎ᠳᠠᠬᠢ ᠲᠠᠰᠤᠷᠠᠯᠳᠠ ᠦᠬᠡᠢ ᠠ᠋ᠷᠬᠢᠵᠤ ᠬᠠᠷᠠᠬᠤ ᠮᠤᠲ᠋ᠢᠹ ᠪᠤᠯᠵᠤ᠂ ᠲᠡᠷᠡᠴᠢᠯᠡᠨ ᠪᠤᠳᠠᠳᠠᠢ ᠲᠡᠤᠬᠡ ᠵᠢᠨ ᠦᠵᠡᠭᠳᠡᠯ᠎ᠠᠴᠠ ᠲᠠᠪᠠᠬᠰᠠᠨ ᠬᠦᠴᠤᠨ ᠪᠠ ᠵᠤᠬᠢᠴᠠᠬᠤ ᠴᠢᠳᠠᠪᠤᠷᠢ ᠪᠦᠬᠦᠢ ᠠ᠋ᠷᠳᠡᠨ ᠠ᠋ᠳᠤᠬᠡ ᠵᠢᠨ ᠲᠤᠮᠳᠠᠳᠤ ᠵᠢᠨ ᠤᠯᠤᠰ ᠲᠦᠷᠤ᠂ ᠰᠤᠶᠤᠯ᠎ᠤᠨ ᠠᠵᠢᠯᠯᠠᠭ᠎ᠠ ᠵᠢ ᠤᠶ᠋ᠢᠯᠠᠭ᠋ᠠᠬᠤ᠎ᠳᠤ ᠨᠡᠪᠳᠡ ᠲᠤᠭᠤᠰᠢᠯᠠᠭᠳᠠᠵᠤ ᠪᠠᠶ᠋ᠢᠭ᠎ᠠ ᠵᠠᠡᠭᠬᠢᠯᠠᠭ᠎ᠠ ᠵᠢᠨ ᠭᠤᠠᠠᠴᠤᠭ᠎ᠠ ᠪᠤᠯᠤᠨ᠎ᠠ᠃ ᠣᠷᠴᠢᠨ ᠦᠶ᠎ᠡ ᠵᠢᠨ ᠲᠤᠮᠳᠠᠳᠤ ᠵᠢᠨ ᠬᠦᠮᠦᠨ ᠪᠤᠯᠤᠬᠰᠠᠨ᠎ᠤ ᠬᠤᠪᠢ᠎ᠳᠤ ᠪᠢᠳᠠ 《ᠶᠡᠬᠡ ᠨᠢᠬᠡᠳᠤᠯ》᠎ᠤᠨ ᠬᠦᠨ ᠲᠠᠪᠬᠤᠷᠭ᠎ᠠ ᠵᠢᠨ ᠯᠤᠬᠢᠭ ᠵᠶ᠋ᠡᠷ ᠲᠡᠤᠬᠡ ᠵᠢ ᠤᠶ᠋ᠢᠯᠠᠭ᠋ᠠᠬᠤ ᠵᠢᠨ ᠲᠠᠰᠢᠷᠠᠮ᠎ᠳᠤ 《ᠶᠡᠬᠡ ᠨᠢᠬᠡᠳᠤᠯ》 ᠶᠠᠭ᠋ᠠᠬᠢᠭ᠋ᠠᠳ ᠠ᠋ᠶ᠋ᠢᠮᠤ ᠬᠦᠴᠤᠷᠭᠡᠭ ᠪᠠᠶ᠋ᠢᠭᠤᠯᠤᠯ᠂ ᠪᠡᠶ᠎ᠡ ᠮᠠᠬᠠᠪᠤᠳ ᠪᠠ ᠰᠡᠳᠬᠢᠴᠨ ᠵᠢᠨ ᠰᠤᠷᠭ᠋ᠠᠮᠵᠢᠳᠤ ᠴᠢᠳᠠᠪᠤᠷᠢ᠎ᠲᠠᠢ ᠪᠦᠬᠡᠳ ᠡᠯ᠎ᠡ ᠵᠦᠢ᠍ᠯ᠎ᠤᠨ ᠠᠳᠠᠯᠢ ᠪᠤᠰᠤ ᠦᠵᠡᠯ ᠰᠠᠨᠠᠭ᠎ᠠ᠂ ᠦᠢ᠍ᠯᠨ ᠠᠵᠢᠯᠯᠠᠭ᠎ᠠ ᠵᠢ ᠬᠤᠷᠢᠶᠠᠮᠵᠢᠯᠠᠵᠤ ᠴᠢᠳᠠᠳᠠᠭ ᠲᠡᠳᠤᠢ ᠦᠬᠡᠢ ᠦᠨᠢ ᠤᠳᠠᠭ᠋ᠠᠨ ᠰᠢᠨᠡᠳᠦᠭᠰᠡᠬᠡᠷ ᠢᠷᠡᠭᠰᠡᠨ ᠪᠤᠢ? 《ᠶᠡᠬᠡ ᠨᠢᠬᠡᠳᠤᠯ》᠎ᠤᠨ ᠦᠨ᠎ᠡ ᠴᠡᠨ᠎ᠡ᠎ᠳᠤ ᠬᠡᠷᠬᠢᠨ ᠬᠠᠨᠳᠤᠬᠤ᠂ ᠬᠤᠪᠢ ᠬᠦᠮᠦᠨ᠎ᠤ ᠲᠤᠰᠠᠭ᠋ᠠᠷ ᠰᠢᠨᠵᠢ ᠪᠤᠯᠤᠨ ᠤᠶᠤᠨ ᠰᠠᠨᠠᠭ᠋ᠠᠨ᠎ᠤ ᠠ᠋ᠷᠬᠡ ᠴᠢᠯᠤᠬᠡ᠎ᠯᠦᠭᠡ ᠵᠢᠨ ᠬᠠᠷᠢᠴᠠᠭ᠎ᠠ ᠵᠢ ᠬᠡᠷᠬᠢᠨ ᠵᠦᠪ ᠡᠵᠡᠮᠳᠡᠬᠦ᠂ ᠤᠳᠤ ᠵᠢᠨ ᠨᠡᠶ᠋ᠢᠬᠡᠮ᠎ᠳᠤ ᠲᠡᠬᠦᠨ᠎ᠢ ᠶᠠᠮᠠᠷ ᠪᠠᠶ᠋ᠢᠷᠢᠨ᠎ᠳᠤ ᠲᠠᠯᠪᠢᠬᠤ ᠪᠤᠢ ᠬᠡᠳᠡᠭ᠎ᠢ ᠪᠤᠳᠤᠯᠬᠢᠯᠠᠭᠤᠰᠢᠳᠠᠢ ᠶᠤᠮ᠃ ᠤᠳᠤᠬᠠᠨ᠎ᠤ ᠪᠠᠶ᠋ᠢᠳᠠᠯ᠎ᠠᠴᠠ ᠠ᠋ᠬᠦᠰᠤᠨ 《ᠠ᠋ᠷᠳᠡᠨ᠎ᠤ᠎ᠬᠢ ᠵᠢ ᠰᠡᠷᠬᠦᠬᠡᠬᠦ》 ᠪᠠ 《ᠰᠢᠨᠡᠴᠢᠯᠡᠬᠦ》 ᠬᠤᠶᠠᠷ᠎ᠢ ᠰᠠᠯᠭ᠋ᠠᠬᠤ ᠵᠢ ᠢᠯᠠᠨ ᠲᠠᠪᠠᠪᠠᠯ ᠰᠠᠶᠢ ᠤᠳᠤᠮᠰᠢᠯ᠎ᠳᠤ ᠠᠮᠢᠵᠢᠷᠠᠯ ᠪᠢᠯᠬᠠᠭᠤᠯᠵᠤ᠂ ᠠᠰᠢᠭ ᠬᠠᠷᠠᠬᠰᠠᠨ ᠬᠡᠷᠡᠭᠴᠡᠭᠡ ᠪᠠ ᠤᠷᠤᠨ ᠨᠤᠳᠤᠭ᠎ᠤᠨ ᠰᠢᠨᠵᠢ᠎ᠲᠠᠢ ᠮᠡᠳᠡᠯᠬᠡ ᠵᠢᠨ ᠬᠦᠷᠢᠶ᠎ᠡ ᠴᠠᠷᠠᠭ᠎ᠠ ᠵᠢ ᠲᠠᠪᠠᠵᠤ᠂ ᠤᠳᠤ ᠦᠶ᠎ᠠ ᠵᠢᠨ ᠲᠦᠬᠡᠮᠡᠯ ᠠᠰᠠᠭᠤᠳᠠᠯ ᠪᠦᠬᠦᠢ ᠤᠯᠤᠰ ᠲᠦᠷᠤ᠂ ᠰᠤᠶᠤᠯ᠎ᠤᠨ ᠬᠠᠷᠢᠭᠤ ᠲᠤᠰᠬᠠᠯ ᠪᠤᠯᠭ᠋ᠠᠵᠤ᠂ 《ᠶᠡᠬᠡ ᠨᠢᠬᠡᠳᠤᠯ》᠎ᠤᠨ ᠦᠵᠡᠯᠳᠡ ᠵᠢ ᠤᠳᠤᠬᠢᠴᠢᠯᠡᠨ ᠤᠯᠠᠷᠢᠭᠤᠯᠬᠤ ᠵᠢ ᠪᠡᠶᠡᠯᠡᠬᠦᠯᠵᠤ ᠴᠢᠳᠠᠬᠤ ᠶᠤᠮ᠃



              ᠣᠷᠴᠢᠭᠤᠯᠤᠭᠴᠢ᠄  ᠰᠡᠴᠡᠨᠪᠠᠭ᠋ᠠᠲᠤᠷ
              ᠬᠢᠨᠠᠨ ᠨᠠᠢ᠌ᠷᠠᠭᠤᠯᠤᠭᠴᠢ᠄ ᠠᠳᠢᠶ᠎ᠠ   ᠰᠠᠴᠤᠷᠠᠯ
              ᠶᠡᠷᠦᠩᠬᠡᠢ ᠬᠢᠨᠠᠨ ᠨᠠᠢ᠌ᠷᠠᠭᠤᠯᠤᠭᠴᠢ᠄ ᠪᠠᠶᠠᠨᠴᠢᠮᠡᠭ

ᠢᠷᠡᠯᠲᠡ᠄ ᠲᠤᠮᠳᠠᠳᠤ ᠵᠢ ᠥᠭᠦᠯᠡᠬᠦᠢ