《ᠭᠡᠰᠡᠷ》᠎ᠤᠨ ᠲᠤᠤᠯᠢ᠎ᠨᠢ ᠬᠥᠬᠡᠨᠠᠭᠤᠷ ᠲᠥᠪᠡᠳ᠎ᠤᠨ ᠥᠨᠳᠥᠷᠯᠢᠭ᠎ᠲᠤ ᠬᠥᠪᠥᠷᠡᠨ ᠡᠭᠦᠰᠦᠭᠡᠳ ᠳᠤᠮᠳᠠᠳᠤ ᠤᠯᠤᠰ᠎ᠲᠤ ᠨᠡᠯᠢᠶᠡᠳ ᠲᠠᠷᠬᠠᠨ ᠳᠡᠯᠭᠡᠷᠡᠭᠡᠳ 《ᠳᠣᠷᠣᠨᠠᠳᠠᠬᠢᠨ᠎ᠤ ᠬᠤᠮᠸᠷ᠎ᠤᠨ ᠲᠤᠤᠯᠢ》 ᠬᠡᠮᠡᠭᠳᠡᠨ ᠳᠡᠯᠡᠬᠡᠢ ᠳ᠋ᠠᠬᠢᠨ᠎ᠠ ᠠᠯᠳᠠᠷᠰᠢᠪᠠᠢ᠃ 《ᠭᠡᠰᠡᠷ》᠎ᠤᠨ ᠲᠤᠤᠯᠢ᠎ᠨᠢ ᠣᠷᠣᠨ ᠪᠦᠰᠡ ᠵᠢᠨ ᠰᠣᠶᠣᠯ ᠪᠠᠢ᠌ᠭᠰᠠᠨ᠎ᠠᠴᠠ᠎ᠪᠠᠨ ᠳᠤᠮᠳᠠᠳᠤ ᠵᠢᠨ ᠦᠨᠳᠦᠰᠦᠲᠡᠨ᠎ᠤ ᠬᠠᠮᠲᠤ᠎ᠪᠠᠷ ᠡᠳ᠋ᠯᠡᠬᠦ ᠰᠣᠶᠣᠯ᠂ ᠴᠢᠨᠠᠭᠰᠢᠯᠠᠨ ᠳᠡᠯᠡᠬᠡᠢ ᠨᠡᠶ᠋ᠢᠲᠡ ᠵᠢᠨ ᠮᠠᠭᠲᠠᠭ᠋ᠠᠯ ᠰᠠᠶ᠋ᠢᠰᠢᠶᠠᠯ᠎ᠢ ᠬᠦᠷᠲᠡᠭᠰᠡᠨ ᠰᠣᠶᠣᠯ ᠪᠣᠯᠤᠭᠰᠠᠨ᠎ᠤ ᠨᠢᠭᠤᠴᠠ ᠲᠡᠮᠳᠡᠭ᠎ᠨᠢ ᠶᠠᠭᠤ ᠪᠣᠢ? ᠡᠨᠡ ᠲᠤᠬᠠᠢ 《ᠳᠤᠮᠳᠠᠳᠦ ᠵᠢ ᠦᠭᠦᠯᠡᠬᠦᠢ》 ᠵᠢᠨ᠎ᠬᠢᠨ ᠰᠧᠴᠤᠸᠠᠨ ᠶᠡᠬᠡ ᠰᠤᠷᠭ᠋ᠠᠭᠤᠯᠢ ᠵᠢᠨ ᠰᠣᠶᠣᠯ ᠲᠡᠦᠬᠡ ᠵᠢᠨ ᠳᠡᠭᠡᠳᠦ ᠰᠤᠷᠭ᠋ᠠᠭᠤᠯᠢ ᠵᠢᠨ ᠫᠷᠣᠹᠧᠰᠰᠣᠷ ᠯᠢ ᠵᠢ᠎ᠨᠢ ᠤᠷᠢᠵᠦ ᠲᠠᠶ᠋ᠢᠯᠤᠮᠵᠢ ᠬᠢᠯᠭᠡᠯ᠎ᠡ᠃
ᠰᠤᠷᠪᠤᠯᠵᠢᠯᠠᠭᠴᠢ᠄ ᠲᠠ ᠣᠷᠴᠢᠮᠬᠠᠨ ᠨᠡᠶ᠋ᠢᠲᠡᠯᠡᠭᠦᠯᠦᠭᠰᠡᠨ ᠨᠢᠭᠡᠨ ᠵᠣᠬᠢᠶᠠᠯ᠎ᠳᠤ᠎ᠪᠠᠨ᠂ 《ᠭᠡᠰᠡᠷ》᠎ᠤᠨ ᠲᠤᠤᠯᠢ᠎ᠨᠢ ᠣᠷᠣᠨ ᠪᠦᠰᠡ ᠵᠢᠨ ᠴᠢᠨᠠᠷᠲᠠᠢ ᠰᠣᠶᠣᠯ ᠪᠠᠢ᠌ᠭᠰᠠᠨ᠎ᠠᠴᠠ᠎ᠪᠠᠨ ᠳᠤᠮᠳᠠᠳᠤ ᠵᠢᠨ ᠦᠨᠳᠦᠰᠦᠲᠡᠨ᠎ᠤ ᠬᠠᠮᠲᠤ᠎ᠪᠠᠷ ᠡᠳ᠋ᠯᠡᠬᠦ ᠰᠣᠶᠣᠯ ᠪᠣᠯᠵᠤ ᠬᠤᠪᠢᠷᠠᠯ᠎ᠠ ᠭᠡᠵᠦ ᠳᠤᠷᠠᠳᠴᠠᠢ᠃ ᠲᠡᠭᠡᠪᠡᠯ ᠡᠢ᠌ᠮᠦᠷᠬᠦᠦ ᠬᠤᠪᠢᠷᠠᠯᠲᠠ ᠵᠢ ᠠᠭᠢᠭᠤᠯᠤᠭᠰᠠᠨ ᠬᠠᠮᠤᠭ᠎ᠤᠨ ᠭᠣᠣᠯ ᠬᠥᠳᠡᠯᠭᠡᠭᠴᠢ ᠬᠦᠴᠦᠨ᠎ᠨᠢ ᠶᠠᠭᠤ ᠪᠣᠢ?
ᠯᠢ ᠵᠢᠨ᠄ ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ ᠪᠠᠢ᠌ᠭᠤᠯᠤᠭᠳᠠᠬᠤ᠎ᠠᠴᠠ ᠡᠮᠦᠨ᠎ᠡ᠂ 《ᠭᠡᠰᠡᠷ》᠎ᠤᠨ ᠲᠤᠤᠯᠢ ᠵᠢᠨ ᠲᠠᠷᠬᠠᠯᠲᠠ᠎ᠨᠢ ᠦᠨᠳᠦᠰᠦᠨ᠎ᠳᠤ᠎ᠪᠠᠨ ᠠᠶᠠᠨᠳᠠᠭ᠋ᠠᠨ ᠶᠠᠪᠤᠭᠳᠠᠭᠰᠠᠨ ᠠᠵᠢᠯᠯᠠᠭ᠎ᠠ ᠪᠠᠢ᠌ᠭᠰᠠᠨ ᠶᠤᠮ᠃ ᠥᠭᠡᠷ᠎ᠡ᠎ᠪᠠᠷ ᠬᠡᠯᠡᠪᠡᠯ᠂ 《ᠭᠡᠰᠡᠷ》᠎ᠤᠨ ᠲᠤᠤᠯᠢ᠎ᠨᠢ ᠠᠷᠠᠯᠵᠢᠶ᠎ᠠ ᠬᠤᠳᠠᠯᠳᠤᠭ᠎ᠠ᠂ ᠡᠷᠭᠢᠯ ᠮᠥᠷᠭᠥᠯ᠂ ᠨᠡᠭᠦᠳᠡᠯ ᠮᠠᠯᠵᠢᠯ᠎ᠤᠨ ᠶᠠᠪᠤᠴᠠ᠎ᠳᠤ ᠪᠠᠷᠠᠭᠤᠨ ᠣᠷᠣᠨ᠎ᠤ ᠥᠨᠳᠥᠷᠯᠢᠭ ᠭᠠᠵᠠᠷ᠎ᠲᠤ ᠠᠭ᠋ᠠᠵᠢᠮ ᠵᠶ᠋ᠡᠷ ᠳᠡᠯᠭᠡᠷᠡᠵᠦ ᠲᠠᠷᠬᠠᠭᠰᠠᠨ ᠶᠤᠮ᠃ 1950 ᠣᠨ᠎ᠠᠴᠠ ᠬᠣᠢ᠌ᠰᠢ᠂ ᠪᠢᠳᠡ 《ᠭᠡᠰᠡᠷ》᠎ᠤᠨ ᠲᠤᠤᠯᠢ ᠵᠢ ᠠᠪᠤᠷᠠᠬᠤ᠂ ᠴᠤᠭᠯᠠᠭᠤᠯᠬᠤ ᠪᠠ ᠡᠮᠬᠢᠳᠬᠡᠬᠦ ᠠᠵᠢᠯ᠎ᠢ ᠶᠡᠬᠡ ᠬᠡᠪᠴᠢᠶ᠎ᠡ᠎ᠪᠠᠷ ᠥᠷᠨᠢᠭᠦᠯᠦᠭᠰᠡᠨ᠂ ᠣᠨᠴᠠᠭ᠋ᠠᠶ᠋ᠢᠯᠠᠨ 2004 ᠣᠨ᠎ᠠᠴᠠ ᠬᠣᠢ᠌ᠰᠢ᠂ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠣᠶᠣᠯ᠎ᠤᠨ ᠥᠪ᠎ᠢ ᠬᠠᠮᠠᠭ᠋ᠠᠯᠠᠬᠤ᠎ᠪᠠᠷ ᠳᠠᠮᠵᠢᠭ᠋ᠠᠳ 《ᠭᠡᠰᠡᠷ》᠎ᠤᠨ ᠲᠤᠤᠯᠢ ᠵᠢᠨ ᠤᠯᠠᠮᠵᠢᠯᠠᠭᠳᠠᠨ ᠳᠡᠯᠭᠡᠷᠡᠬᠦ ᠠᠷᠭ᠎ᠠ ᠬᠡᠯᠪᠡᠷᠢ ᠵᠢ ᠥᠩᠭᠡᠷᠡᠭᠰᠡᠨ᠎ᠤ ᠠᠶᠠᠨᠳᠠᠭ᠋ᠠᠨ᠎ᠤ ᠤᠯᠠᠮᠵᠢᠯᠠᠨ ᠳᠡᠯᠭᠡᠷᠡᠭᠦᠯᠳᠡᠭ᠎ᠠᠴᠠ ᠳᠤᠮᠳᠠᠳᠦ ᠵᠢᠨ ᠦᠨᠳᠦᠰᠦᠳᠡᠨ᠎ᠤ ᠬᠠᠮᠲᠦ᠎ᠪᠠᠷ ᠡᠳ᠋ᠯᠡᠬᠦ ᠤᠳᠤ ᠴᠠᠭ᠎ᠤᠨ ᠰᠤᠶᠤᠯ᠎ᠤᠨ ᠤᠯᠠᠮᠵᠢᠯᠠᠨ ᠳᠡᠯᠭᠡᠷᠡᠭᠦᠯᠬᠦ ᠠᠷᠭ᠎ᠠ ᠬᠡᠯᠪᠡᠷᠢ ᠪᠣᠯᠭ᠋ᠠᠨ ᠬᠤᠪᠢᠷᠠᠭᠤᠯᠪᠠ᠃ ᠡᠢ᠌ᠮᠦ᠎ᠠᠴᠠ᠂ 《ᠭᠡᠰᠡᠷ》᠎ᠤᠨ ᠲᠤᠤᠯᠢ᠎ᠨᠢ ᠣᠷᠣᠨ ᠪᠦᠰᠡ ᠵᠢᠨ ᠴᠢᠨᠠᠷᠲᠠᠢ ᠰᠣᠶᠣᠯ ᠪᠠᠢ᠌ᠭᠰᠠᠨ᠎ᠠᠴᠠ᠎ᠪᠠᠨ ᠳᠤᠮᠳᠠᠳᠤ ᠵᠢᠨ ᠦᠨᠳᠦᠰᠦᠲᠡᠨ᠎ᠤ ᠬᠠᠮᠲᠤ᠎ᠪᠠᠷ ᠡᠳ᠋ᠯᠡᠬᠦ ᠰᠤᠶᠤᠯ ᠪᠣᠯᠵᠤ ᠬᠤᠪᠢᠷᠠᠭᠰᠠᠨᠤ ᠬᠥᠳᠡᠯᠭᠡᠬᠦ ᠬᠦᠴᠦᠨ᠎ᠨᠢ ᠪᠣᠯ ᠤᠯᠤᠰ᠎ᠠᠴᠠ ᠤᠯᠠᠮᠵᠢᠯᠠᠯᠲᠦ ᠰᠤᠶᠤᠯ᠎ᠢ ᠪᠦᠬᠦᠯᠢ ᠴᠣᠭᠴᠠᠲᠤ ᠴᠢᠨᠠᠷᠲᠠᠢ ᠬᠠᠮᠠᠭ᠋ᠠᠯᠠᠭᠰᠠᠨ᠎ᠠᠴᠠ ᠶᠤᠮ᠃
《ᠭᠡᠰᠡᠷ》
ᠰᠤᠷᠪᠤᠯᠵᠢᠯᠠᠭᠴᠢ᠄ ᠤᠯᠤᠰ᠎ᠠᠴᠠ 《ᠭᠡᠰᠡᠷ》᠎ᠤᠨ ᠲᠤᠤᠯᠢ᠎ᠳᠤ ᠶᠡᠬᠡ ᠬᠡᠮᠵᠢᠶᠡᠨ᠎ᠤ ᠠᠪᠤᠷᠠᠯᠲᠠ ᠵᠢᠨ ᠴᠢᠨᠠᠷᠲᠠᠢ ᠠᠵᠢᠯ ᠬᠢᠵᠡᠢ᠂ ᠡᠳᠡᠭᠡᠷ ᠠᠵᠢᠯ᠎ᠢ ᠬᠡᠳᠦᠨ ᠱᠠᠲᠤ ᠬᠤᠪᠢᠶᠠᠵᠤ ᠪᠣᠯᠬᠤ ᠪᠣᠢ?
ᠯᠢ ᠵᠢᠨ᠄ ᠳᠤᠮᠳᠠᠳᠤ ᠤᠯᠤᠰ᠎ᠠᠴᠠ 《ᠭᠡᠰᠡᠷ》᠎ᠢ ᠬᠠᠮᠠᠭ᠋ᠠᠯᠠᠬᠤ ᠠᠵᠢᠯ᠎ᠳᠤ ᠴᠢᠬᠤᠯᠠ ᠬᠡᠳᠦᠨ ᠬᠥᠭᠵᠢᠯᠲᠡ ᠵᠢᠨ ᠱᠠᠲᠤ ᠪᠠᠶ᠋ᠢᠳᠠᠭ᠃
ᠨᠢᠭᠡᠳᠦᠭᠡᠷ ᠱᠠᠲᠤ᠎ᠨᠢ 20 ᠳ᠋ᠤᠭ᠋ᠠᠷ ᠵᠠᠭᠤᠨ᠎ᠤ ᠲᠠᠪᠢᠭ᠋ᠠᠳ ᠣᠨ᠃ 20 ᠳ᠋ᠤᠭ᠋ᠠᠷ ᠵᠠᠭᠤᠨ᠎ᠤ ᠲᠠᠪᠢᠭ᠋ᠠᠳ ᠣᠨ᠎ᠠᠴᠠ ᠡᠬᠢᠯᠡᠨ 《ᠭᠡᠰᠡᠷ》᠎ᠲᠠᠢ ᠬᠣᠯᠪᠣᠭᠳᠠᠯ ᠪᠦᠬᠦᠢ ᠮᠠᠲ᠋ᠧᠷᠢᠶᠠᠯ᠂ ᠪᠢᠴᠢᠭ ᠳᠡᠪᠳᠡᠷ ᠪᠠ ᠬᠠᠶ᠋ᠢᠯᠠᠯᠲᠠ ᠲᠣᠭᠯᠠᠯᠲᠠ᠎ᠶᠢ ᠠᠪᠤᠷᠠᠬᠤ᠂ ᠴᠤᠭᠯᠠᠭᠤᠯᠬᠤ ᠪᠠ ᠡᠮᠬᠢᠳᠬᠡᠬᠦ ᠠᠵᠢᠯ᠎ᠢ ᠦᠷᠨᠢᠭᠦᠯᠵᠦ ᠬᠠᠶ᠋ᠢᠯᠠᠨ ᠤᠯᠠᠮᠵᠢᠯᠠᠵᠤ ᠪᠠᠶ᠋ᠢᠭ᠎ᠠ ᠤᠷᠠᠯᠢᠭᠴᠢᠳ᠎ᠤᠨ ᠤᠷᠮ᠎ᠠ ᠵᠣᠷᠢᠭ᠎ᠢ ᠬᠥᠪᠴᠢᠯᠡᠭᠰᠡᠨ ᠶᠤᠮ᠃

1980 ᠣᠨ᠎ᠳᠤ ᠭᠠᠨᠰᠦ ᠵᠢᠨ ᠠᠷᠠᠳ᠎ᠤᠨ ᠬᠡᠪᠯᠡᠯ᠎ᠤᠨ ᠬᠣᠷᠢᠶᠠᠨ᠎ᠠᠴᠠ ᠬᠡᠪᠯᠡᠭᠦᠯᠦᠭᠰᠡᠨ 《ᠭᠡᠰᠡᠷ ᠸᠠᠩ᠎ᠤᠨ ᠲᠤᠭᠤᠵᠢ᠄ ᠮᠠᠩᠭᠤᠰᠢ ᠳᠠᠷᠤᠬᠰᠠᠨ ᠪᠦᠯᠦᠭ》᠃
ᠬᠣᠶᠠᠳᠤᠭ᠋ᠠᠷ ᠱᠠᠲᠤ᠎ᠨᠢ 20 ᠳ᠋ᠤᠭ᠋ᠠᠷ ᠵᠠᠭᠤᠨ᠎ᠤ ᠨᠠᠶᠠᠭ᠋ᠠᠳ ᠣᠨ᠃ 1983 ᠣᠨ᠎ᠳᠤ᠂ ᠲᠥᠪ᠎ᠤᠨ ᠤᠬᠠᠭᠤᠯᠬᠤ ᠬᠡᠯᠲᠡᠰ᠎ᠠᠴᠠ 7 ᠳ᠋ᠤᠭ᠋ᠠᠷ ᠨᠣᠮᠧᠷᠲᠤ ᠪᠢᠴᠢᠭ ᠮᠠᠲ᠋ᠧᠷᠢᠶᠠᠯ ᠪᠠᠭᠤᠯᠭ᠋ᠠᠵᠤ᠂ 《ᠭᠡᠰᠡᠷ》᠎ᠢ ᠠᠪᠤᠷᠠᠨ ᠡᠮᠬᠢᠳᠬᠡᠬᠦ ᠠᠵᠢᠯ᠎ᠳᠤ ᠴᠢᠬᠤᠯᠠ ᠶᠡᠬᠡ ᠪᠠᠢ᠌ᠷᠢᠯᠠᠭᠤᠯᠤᠯᠲᠠ ᠬᠢᠭᠰᠡᠨ᠎ᠤ ᠬᠠᠮᠲᠤ᠂ ᠤᠯᠤᠰ᠎ᠤᠨ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠂ ᠰᠣᠶᠣᠯ᠎ᠤᠨ ᠶᠠᠮᠤᠨ᠂ ᠷᠠᠳᠢᠣ᠋ ᠲᠧᠯᠸᠢᠰ᠎ᠤᠨ ᠶᠡᠷᠦᠩᠬᠡᠢ ᠲᠣᠪᠴᠢᠶ᠎ᠠ᠂ ᠳᠤᠮᠳᠠᠳᠤ ᠤᠯᠤᠰ᠎ᠤᠨ ᠤᠳᠬ᠎ᠠ ᠤᠷᠠᠯᠢᠭ᠎ᠤᠨ᠎ᠬᠢᠨ᠎ᠤ ᠬᠣᠯᠪᠣᠭ᠎ᠠ᠂ ᠳᠤᠮᠳᠠᠳᠤ ᠤᠯᠤᠰ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ ᠵᠡᠷᠭᠡ 5 ᠰᠠᠯᠠᠭ᠎ᠠ ᠮᠥᠴᠢᠷ ᠪᠠ ᠲᠤᠤᠯᠢ ᠵᠢᠨ ᠤᠯᠠᠮᠵᠢᠯᠠᠭᠳᠠᠨ ᠲᠠᠷᠬᠠᠵᠤ ᠪᠠᠶ᠋ᠢᠭ᠎ᠠ ᠲᠥᠪᠡᠳ᠂ ᠥᠪᠥᠷ ᠮᠣᠩᠭᠣᠯ᠂ ᠬᠥᠬᠡᠨᠠᠭᠤᠷ᠂ ᠰᠧᠴᠤᠸᠠᠨ᠂ ᠭᠠᠨᠰᠦ᠂ ᠶᠦᠨᠨᠠᠨ᠂ ᠰᠢᠨᠵᠢᠶᠠᠩ ᠵᠡᠷᠭᠡ 7 ᠮᠣᠵᠢ ᠣᠷᠣᠨ ᠵᠶ᠋ᠠᠷ ᠪᠦᠷᠢᠯᠳᠦᠭᠰᠡᠨ ᠪᠦᠬᠦ ᠤᠯᠤᠰ᠎ᠤᠨ 《ᠭᠡᠰᠡᠷ》᠎ᠤᠨ ᠠᠵᠢᠯ᠎ᠤᠨ ᠤᠳᠤᠷᠢᠳᠬᠤ ᠳᠤᠭᠤᠢ᠍ᠯᠠᠩ ᠵᠢᠴᠢ ᠠᠯᠪᠠᠨ ᠭᠡᠷ᠎ᠢ ᠪᠠᠢ᠌ᠭᠤᠯᠵᠠᠢ᠃ ᠢᠩᠭᠢᠭᠰᠡᠨ᠎ᠠᠴᠠ ᠠᠪᠤᠷᠠᠬᠤ ᠡᠮᠬᠢᠳᠬᠡᠬᠦ᠂ ᠰᠤᠳᠤᠯᠤᠯ ᠰᠢᠨᠵᠢᠯᠡᠭᠡᠨ᠎ᠢ ᠡᠭᠦᠰᠬᠡᠨ ᠪᠠᠶ᠋ᠢᠭᠤᠯᠬᠤ᠂ ᠰᠤᠳᠤᠯᠭ᠋ᠠᠨ᠎ᠤ ᠴᠢᠳᠠᠪᠤᠷᠢᠲᠠᠨ᠎ᠢ ᠬᠥᠮᠦᠵᠢᠭᠦᠯᠬᠦ᠂ ᠦᠷ᠎ᠡ ᠪᠦᠲᠦᠭᠡᠯ᠎ᠢ ᠬᠡᠪᠯᠡᠭᠦᠯᠬᠦ᠂ ᠭᠠᠳᠠᠭ᠋ᠠᠳᠤ ᠰᠣᠯᠢᠯᠴᠠᠭ᠎ᠠ ᠬᠢᠬᠦ ᠭᠡᠬᠦᠴᠢᠯᠡᠨ ᠠᠰᠤᠷᠤ ᠲᠣᠮᠣ ᠡᠩᠨᠡᠭᠡ ᠪᠥᠷᠢᠯᠳᠦᠭᠰᠡᠨ ᠶᠤᠮ᠃
ᠡᠨᠡ ᠬᠦ᠌ ᠱᠠᠲᠤᠨ᠎ᠳᠤ ᠪᠢᠳᠡ ᠡᠳᠦᠢ ᠲᠡᠳᠦᠢ ᠴᠢᠬᠤᠯᠠ ᠶᠡᠬᠡ ᠠᠮᠵᠢᠯᠲᠠ ᠣᠯᠤᠭᠰᠠᠨ ᠪᠢᠯᠡ᠄ ᠨᠢᠭᠡ᠎ᠨᠢ ᠮᠠᠰᠢ ᠣᠯᠠᠨ ᠠᠮᠠᠨ ᠤᠷᠠᠯᠢᠭᠴᠢᠳ᠎ᠲᠤ ᠠᠪᠤᠷᠠᠯᠲᠠ ᠵᠢᠨ ᠴᠢᠨᠠᠷᠲᠠᠢ ᠳᠠᠭᠤ ᠳᠦᠷᠰᠦ ᠵᠢᠨ ᠰᠢᠩᠭᠡᠭᠡᠯᠲᠡ ᠪᠢᠴᠢᠯᠭᠡ ᠬᠢᠵᠦ ᠠᠪᠤᠭᠰᠠᠨ ᠪᠥᠭᠡᠳ ᠵᠠᠷᠢᠮ ᠤᠷᠠᠯᠢᠭᠴᠢᠳ ᠵᠢᠨ ᠰᠢᠩᠭᠡᠭᠡᠯᠲᠡ ᠵᠢ ᠷᠠᠳᠢᠣ᠋᠎ᠪᠠᠷ ᠳᠠᠮᠵᠢᠭᠤᠯᠤᠨ ᠨᠡᠪᠲᠡᠷᠡᠭᠦᠯᠦᠨ ᠤᠯᠠᠮᠵᠢᠯᠠᠭ᠋ᠠᠳ ᠥᠷᠭᠡᠨ ᠣᠯᠠᠨ᠎ᠤ ᠬᠦᠷᠢᠶᠡᠯᠡᠯ᠎ᠢ ᠶᠡᠬᠡᠳᠡ ᠣᠯᠵᠠᠢ ; ᠨᠥᠭᠦᠭᠡ᠎ᠨᠢ᠂ ᠰᠤᠳᠤᠯᠭ᠋ᠠᠨ᠎ᠤ ᠠᠵᠢᠯ᠎ᠢ ᠶᠡᠬᠡ ᠬᠡᠮᠵᠢᠶ᠎ᠡ᠎ᠪᠠᠷ ᠬᠢᠭᠰᠡᠨ ᠶᠠᠪᠤᠳᠠᠯ ᠪᠣᠯᠬᠤ ᠶᠤᠮ᠃

2000 ᠣᠨ᠎ᠳᠤ ᠶᠠᠩ ᠧᠨ ᠬᠣᠩ (ᠵᠡᠭᠦᠨ) ᠲᠥᠪᠡᠳ᠎ᠤᠨ ᠮᠠᠯᠵᠤᠤ ᠭᠣᠩᠭ᠋ᠠᠷ ᠰᠢᠶᠠᠨ᠎ᠤ ᠭᠡᠰᠡᠷᠴᠢ ᠰᠠᠩᠷᠤᠪᠲᠠᠢ ᠶᠠᠷᠢᠯᠴᠠᠵᠦ ᠪᠠᠢ᠍ᠭ᠎ᠠ᠎ᠨᠢ᠃ (ᠭᠡᠷᠡᠯ ᠵᠢᠷᠤᠭ᠎ᠤᠨ ᠢᠷᠡᠯᠲᠡ᠄ ᠭᠤᠸᠠᠩ ᠮᠢᠩ ᠡᠳᠦᠷ᠎ᠤᠨ ᠰᠣᠨᠢᠨ)
ᠭᠤᠷᠪᠠᠳᠤᠭ᠋ᠠᠷ ᠱᠠᠲᠤ᠎ᠨᠢ 2006 ᠣᠨ᠎ᠠᠴᠠ ᠬᠣᠢ᠌ᠰᠢ᠃ 2006 ᠣᠨ᠎ᠳᠤ᠂ 《ᠭᠡᠰᠡᠷ》᠎ᠤᠨ ᠲᠤᠤᠯᠢ᠎ᠨᠢ ᠳᠤᠮᠳᠠᠳᠦ ᠤᠯᠤᠰ᠎ᠤᠨ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠥᠪ᠎ᠤᠨ ᠨᠢᠭᠡᠳᠦᠭᠡᠷ ᠪᠥᠯᠦᠭ᠎ᠤᠨ ᠲᠥᠯᠦᠭᠡᠯᠡᠬᠦ ᠴᠢᠨᠠᠷᠲᠠᠢ ᠲᠥᠷᠥᠯ ᠵᠦᠢ᠍ᠯ᠎ᠤᠨ ᠨᠡᠷᠡᠰ᠎ᠤᠨ ᠪᠦᠷᠢᠳᠬᠡᠯ᠎ᠳᠤ ᠵᠢᠭᠰᠠᠭ᠋ᠠᠭᠳᠠᠵᠤ᠂ 2009 ᠣᠨ᠎ᠳᠤ ᠣᠯᠠᠨ ᠤᠯᠤᠰ᠎ᠤᠨ ᠬᠣᠯᠪᠣᠭ᠋ᠠᠲᠤ ᠪᠠᠢ᠍ᠭᠤᠯᠭ᠎ᠠ ᠵᠢᠨ ᠰᠤᠷᠭ᠋ᠠᠨ ᠬᠦᠮᠥᠵᠢᠯ᠂ ᠰᠢᠨᠵᠢᠯᠡᠬᠦ ᠤᠬᠠᠭ᠋ᠠᠨ ᠪᠠ ᠰᠤᠶᠤᠯ᠎ᠤᠨ ᠵᠤᠬᠢᠶᠠᠨ ᠪᠠᠢ᠍ᠭᠤᠯᠤᠯᠳᠠ ᠵᠢᠨ《ᠬᠥᠮᠦᠨ ᠲᠥᠷᠥᠯᠬᠢᠲᠡᠨ᠎ᠤ ᠪᠤᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠭᠴᠢ ᠪᠦᠲᠦᠭᠡᠯ᠎ᠤᠨ ᠨᠡᠷᠡᠰ᠎ᠤᠨ ᠵᠢᠭᠰᠠᠭ᠋ᠠᠯᠲᠠ》᠎ᠳᠤ ᠳᠠᠬᠢᠨᠲᠠ ᠪᠦᠷᠢᠳᠬᠡᠭᠦᠯᠦᠭᠰᠡᠨ ᠪᠢᠯᠡ᠃ ᠡᠳᠡᠭᠡᠷ ᠶᠠᠪᠤᠴᠠ᠎ᠨᠢ 《ᠭᠡᠰᠡᠷ》᠎ᠢ ᠤᠯᠠᠮᠵᠢᠯᠠᠬᠤ ᠪᠠ ᠳᠡᠯᠭᠡᠷᠡᠭᠦᠯᠬᠦ ᠵᠢ ᠮᠠᠰᠢ ᠴᠢᠬᠤᠯᠠᠴᠢᠯᠠᠨ ᠬᠥᠨᠳᠦᠳᠬᠡᠵᠦ ᠪᠠᠶ᠋ᠢᠭ᠎ᠠ ᠵᠢ ᠭᠦᠢ᠍ᠴᠡᠳ ᠬᠠᠷᠠᠭᠤᠯᠵᠤ ᠪᠠᠶ᠋ᠢᠭ᠎ᠠ ᠶᠤᠮ᠃
1983 ᠣᠨ᠎ᠤ ᠠᠪᠤᠷᠠᠬᠤ ᠡᠮᠬᠢᠳᠬᠡᠬᠦ ᠠᠵᠢᠯ᠎ᠤᠨ ᠨᠠᠩ ᠴᠢᠬᠤᠯᠠ ᠤᠳᠬ᠎ᠠ ᠠᠭᠤᠯᠭ᠎ᠠ᠎ᠨᠢ ᠳᠠᠭᠤ ᠰᠢᠩᠭᠡᠭᠡᠬᠦ᠂ ᠳᠦᠷᠰᠦ ᠰᠢᠩᠭᠡᠭᠡᠬᠦ᠂ ᠲᠡᠮᠳᠡᠭᠯᠡᠨ ᠪᠢᠴᠢᠬᠦ ᠪᠠ ᠣᠷᠴᠢᠭᠤᠯᠬᠤ ᠲᠡᠳᠦᠢ ᠪᠠᠶ᠋ᠢᠭᠰᠠᠨ ᠶᠤᠮ᠃ 2006 ᠣᠨ᠎ᠠᠴᠠ ᠬᠣᠢ᠌ᠰᠢ᠂ ᠪᠢᠳᠡ ᠠᠮᠢᠳᠤᠯᠢᠭ ᠵᠶ᠋ᠡᠷ ᠠᠪᠤᠷᠠᠵᠤ ᠬᠠᠮᠠᠭ᠋ᠠᠯᠠᠬᠤ ᠵᠢ ᠣᠨᠴᠠᠭ᠋ᠠᠶ᠋ᠢᠯᠠᠨ ᠴᠢᠬᠤᠴᠢᠯᠠᠭᠰᠠᠨ ᠶᠤᠮ᠃ 《ᠭᠡᠰᠡᠷ》᠎ᠤᠨ ᠲᠤᠤᠯᠢ ᠪᠣᠯ ᠠᠮᠠᠨ ᠤᠯᠠᠮᠵᠢᠯᠠᠯ᠎ᠤᠨ ᠨᠢᠭᠡᠨ ᠵᠦᠢ᠍ᠯ ᠪᠣᠯᠬᠤ ᠤᠴᠢᠷ᠎ᠠᠴᠠ᠂ ᠡᠷᠬᠡᠪᠰᠢ ᠥᠪᠯᠡᠨ ᠤᠯᠠᠮᠵᠢᠯᠠᠭᠴᠢ ᠵᠢᠨ ᠪᠣᠳᠠᠲᠤ ᠦᠢ᠍ᠯᠡᠳᠦᠯᠭᠡ᠎ᠪᠠᠷ ᠳᠠᠮᠵᠢᠭᠤᠯᠪᠠᠯ ᠰᠠᠶᠢ ᠲᠡᠭᠦᠨ᠎ᠤ ᠣᠬᠢ ᠰᠣᠳᠣ ᠵᠢ᠎ᠨᠢ ᠥᠪᠯᠡᠨ ᠤᠯᠠᠮᠵᠢᠯᠠᠭᠤᠯᠵᠤ ᠴᠢᠳᠠᠨ᠎ᠠ᠃ 2014 ᠣᠨ᠎ᠳᠤ᠂ ᠰᠣᠶᠣᠯ᠎ᠤᠨ ᠶᠠᠮᠤᠨ ᠪᠠᠰᠠ ᠤᠯᠤᠰ᠎ᠤᠨ ᠳᠡᠰ᠎ᠤᠨ 《ᠭᠡᠰᠡᠷ ᠰᠣᠶᠣᠯ (ᠭᠤᠯᠤᠭ)᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠲᠤᠷᠰᠢᠯᠲᠠ ᠵᠢᠨ ᠣᠷᠣᠨ》᠎ᠢ ᠪᠠᠢ᠌ᠭᠤᠯᠵᠤ᠂ 《ᠭᠡᠰᠡᠷ》᠎ᠤᠨ ᠲᠤᠤᠯᠢ ᠵᠢᠨ ᠤᠯᠠᠮᠵᠢᠯᠠᠯᠳᠤ ᠪᠦᠬᠦᠯᠢ ᠴᠣᠭᠴᠠ ᠵᠢᠨ ᠴᠢᠨᠠᠷᠲᠠᠢ ᠬᠠᠮᠠᠭ᠋ᠠᠯᠠᠯᠲᠠ ᠬᠢᠪᠡ᠃ ᠥᠪᠥᠷ ᠮᠣᠩᠭᠣᠯ᠎ᠤᠨ ᠪᠠᠭ᠋ᠠᠷᠢᠨ ᠪᠠᠷᠠᠭᠤᠨ ᠬᠣᠰᠢᠭᠤ ᠴᠤ᠌ 《ᠳᠤᠮᠳᠠᠳᠤ ᠤᠯᠤᠰ᠎ᠤᠨ ᠭᠡᠰᠡᠷ ᠰᠣᠶᠣᠯ᠎ᠤᠨ ᠥᠯᠥᠭᠡᠢ》 ᠬᠡᠮᠡᠬᠦ ᠰᠣᠶᠣᠯ᠎ᠤᠨ ᠶᠠᠮᠤᠨ᠎ᠠᠴᠠ ᠣᠯᠭᠣᠭᠰᠠᠨ ᠠᠯᠳᠠᠷ ᠴᠤᠯᠠ ᠵᠢ ᠬᠦᠷᠲᠡᠪᠡ᠃ ᠡᠳᠡᠭᠡᠷ᠎ᠨᠢ 《ᠭᠡᠰᠡᠷ》᠎ᠤᠨ ᠲᠤᠤᠯᠢ ᠵᠢ ᠪᠦᠬᠦᠯᠢ ᠴᠣᠭᠴᠠ ᠵᠢᠨ ᠴᠢᠨᠠᠷᠲᠠᠢ ᠬᠠᠮᠠᠭ᠋ᠠᠯᠠᠯᠲᠠ᠎ᠲᠠᠢ ᠪᠣᠯᠭ᠋ᠠᠵᠤ᠂ 《ᠭᠡᠰᠡᠷ》᠎ᠤᠨ ᠲᠤᠤᠯᠢ ᠵᠢᠨ ᠬᠠᠮᠠᠭ᠋ᠠᠯᠠᠯᠲᠠ ᠵᠢ ᠲᠡᠭᠦᠨ᠎ᠤ ᠡᠭᠦᠰᠴᠦ ᠪᠦᠷᠢᠯᠳᠦᠭᠰᠡᠨ ᠪᠠ ᠲᠠᠷᠬᠠᠨ ᠳᠡᠯᠭᠡᠷᠡᠭᠰᠡᠨ ᠨᠡᠢ᠌ᠭᠡᠮ ᠰᠣᠶᠣᠯ᠎ᠤᠨ ᠣᠷᠴᠢᠨ ᠠᠬᠤᠢ᠎ᠲᠠᠢ᠎ᠨᠢ ᠬᠠᠮᠲᠤ ᠬᠠᠮᠠᠭ᠋ᠠᠯᠠᠬᠤ ᠪᠣᠯᠭ᠋ᠠᠨ ᠲᠡᠯᠡᠷᠡᠭᠦᠯᠵᠦ ᠥᠷᠭᠡᠵᠢᠭᠦᠯᠦᠭᠰᠡᠨ ᠶᠤᠮ᠃

ᠬᠥᠬᠡᠨᠠᠭᠤᠷ ᠮᠣᠵᠢ ᠵᠢᠨ ᠭᠠᠩᠼᠠ ᠰᠢᠶᠠᠨ᠎ᠤ ᠼᠣᠴᠢᠯ ᠰᠢᠶᠠᠩ᠎ᠤᠨ ᠷᠠᠰᠤᠭ ᠰᠦᠮ᠎ᠡ᠎ᠳᠤ 《ᠭᠡᠰᠡᠷ ᠰᠣᠶᠣᠯ᠎ᠢ ᠤᠯᠠᠮᠵᠢᠯᠠᠨ ᠬᠠᠮᠠᠭ᠋ᠠᠯᠠᠬᠤ ᠰᠠᠭᠤᠷᠢᠨ ᠭᠠᠵᠠᠷ》 ᠬᠡᠮᠡᠬᠦ ᠢᠯᠡᠷᠬᠡᠢ᠌ᠯᠡᠯ ᠣᠯᠭᠣᠪᠠ᠃ (ᠭᠡᠷᠡᠯ ᠵᠢᠷᠤᠭ᠎ᠤᠨ ᠢᠷᠡᠯᠲᠡ᠄ ᠳᠤᠮᠳᠠᠳᠤ ᠤᠯᠤᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠰᠦᠯᠵᠢᠶ᠎ᠡ)

ᠰᠣᠶᠣᠯ᠎ᠤᠨ ᠶᠠᠮᠤᠨ᠎ᠠᠴᠠ ᠥᠪᠥᠷ ᠮᠣᠩᠭᠣᠯ᠎ᠤᠨ ᠪᠠᠭ᠋ᠠᠷᠢᠨ ᠪᠠᠷᠠᠭᠤᠨ ᠬᠣᠰᠢᠭᠤ ᠵᠢ 《ᠳᠤᠮᠳᠠᠳᠦ ᠤᠯᠤᠰ᠎ᠤᠨ ᠭᠡᠰᠡᠷ ᠰᠣᠶᠣᠯ᠎ᠤᠨ ᠥᠯᠥᠭᠡᠢ》 ᠬᠡᠮᠡᠨ ᠴᠣᠯᠠᠯᠠᠪᠠ᠃ (ᠭᠡᠷᠡᠯ ᠵᠢᠷᠤᠭ᠎ᠤᠨ ᠢᠷᠡᠯᠲᠡ᠄ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠠᠭ᠋ᠠᠷᠢᠨ ᠪᠠᠷᠠᠭᠤᠨ ᠬᠤᠰᠢᠭᠤᠨ᠎ᠤ ᠸᠢᠴᠠᠲ ᠣᠯᠠᠨ ᠨᠡᠢ᠌ᠲᠡ ᠵᠢᠨ ᠳ᠋ᠤᠭ᠋ᠠᠷ)
ᠰᠤᠷᠪᠤᠯᠵᠢᠯᠠᠭᠴᠢ᠄ ᠤᠯᠤᠰ᠎ᠠᠴᠠ 《ᠭᠡᠰᠡᠷ》᠎ᠤᠨ ᠲᠤᠤᠯᠢ ᠵᠢ ᠠᠪᠤᠷᠠᠯᠲᠠ ᠵᠢᠨ ᠴᠢᠨᠠᠷᠲᠠᠢ ᠬᠠᠮᠠᠭ᠋ᠠᠯᠠᠭᠰᠠᠨ ᠠᠵᠢᠯ᠎ᠨᠢ ᠲᠡᠭᠦᠨ᠎ᠢ ᠣᠷᠣᠨ ᠪᠦᠰᠡ ᠵᠢᠨ ᠰᠣᠶᠣᠯ ᠪᠠᠢ᠌ᠭᠰᠠᠨ᠎ᠠᠴᠠ᠎ᠪᠠᠨ ᠳᠤᠮᠳᠠᠳᠤ ᠵᠢᠨ ᠦᠨᠳᠦᠰᠦᠲᠡᠨ᠎ᠤ ᠬᠠᠮᠲᠤ᠎ᠪᠠᠷ ᠡᠳ᠋ᠯᠡᠬᠦ ᠰᠣᠶᠣᠯ ᠪᠣᠯᠵᠤ ᠬᠤᠪᠢᠷᠠᠬᠤ᠎ᠳᠤᠨᠢ ᠶᠠᠮᠠᠷ ᠲᠦᠯᠬᠢᠴᠡ ᠬᠦᠴᠦᠨ ᠪᠣᠯᠣᠭᠰᠠᠨ ᠪᠣᠢ?
ᠯᠢ ᠵᠢᠨ᠄ ᠤᠯᠤᠰ᠎ᠠᠴᠠ ᠴᠢᠬᠤᠯᠠᠴᠢᠯᠠᠨ ᠬᠠᠮᠠᠭ᠋ᠠᠯᠠᠭᠰᠠᠠᠴᠠ 《ᠭᠡᠰᠡᠷ》᠎ᠤᠨ ᠲᠤᠤᠯᠢ ᠵᠢ ᠤᠯᠠᠮᠵᠢᠯᠠᠨ ᠳᠡᠯᠭᠡᠷᠡᠭᠦᠯᠬᠦ᠎ᠳᠤ ᠬᠡᠳᠦᠨ ᠴᠢᠬᠤᠯᠠ ᠶᠡᠬᠡ ᠬᠤᠪᠢᠷᠠᠯᠲᠠ ᠭᠠᠷᠴᠠᠢ᠃
ᠨᠢᠭᠡᠳᠦᠭᠡᠷ᠎ᠲᠤ᠂ ᠤᠯᠤᠰ᠎ᠤᠨ ᠨᠡᠢ᠌ᠳᠡᠮ ᠬᠡᠷᠡᠭᠯᠡᠬᠦ ᠦᠭᠡ ᠬᠡᠯᠡ ᠥᠰᠥᠭ ᠪᠢᠴᠢᠭ ᠵᠶ᠋ᠠᠷ ᠬᠡᠪᠯᠡᠭᠦᠯᠦᠭᠰᠡᠨ ᠶᠡᠬᠡ ᠬᠡᠮᠵᠢᠶᠡᠨ᠎ᠤ ᠬᠡᠪᠯᠡᠯ ᠳᠡᠪᠲᠡᠷ᠎ᠨᠢ ᠲᠤᠤᠯᠢ ᠵᠢᠨ ᠤᠯᠠᠮᠵᠢᠯᠠᠯ᠎ᠢ ᠣᠷᠣᠨ ᠪᠦᠰᠡ ᠵᠢᠨ ᠴᠢᠨᠠᠷᠲᠠᠢ ᠰᠣᠶᠣᠯ ᠪᠠᠢ᠌ᠭᠰᠠᠨ᠎ᠠᠴᠠ᠎ᠪᠠᠨ ᠣᠷᠣᠨ ᠪᠦᠰᠡ ᠳᠠᠪᠠᠨ ᠤᠯᠠᠮᠵᠢᠯᠠᠨ ᠳᠡᠯᠭᠡᠷᠡᠭᠦᠯᠬᠦ ᠰᠣᠶᠣᠯ ᠪᠣᠯᠭ᠋ᠠᠬᠤ ᠶᠠᠪᠤᠴᠠ ᠵᠢ ᠲᠦᠷᠭᠡᠳᠬᠡᠪᠡ᠃ ᠥᠩᠭᠡᠷᠡᠭᠰᠡᠨ᠎ᠤ 《ᠭᠡᠰᠡᠷ》᠎ᠨᠢ ᠲᠥᠪᠡᠳ᠂ ᠮᠣᠩᠭᠣᠯ ᠬᠡᠯᠡ᠎ᠪᠠᠷ ᠪᠢᠴᠢᠭᠳᠡᠭᠰᠡᠨ ᠶᠤᠮ᠃ ᠪᠤᠰᠤᠳ ᠦᠨᠳᠦᠰᠦᠲᠡᠨ᠎ᠤ ᠳᠣᠲᠣᠷ᠎ᠠ ᠪᠠᠰᠠ 《ᠭᠡᠰᠡᠷ》 ᠪᠠᠶ᠋ᠢᠳᠠᠭ ᠪᠣᠯᠪᠠᠴᠤ ᠣᠯᠠᠩᠬᠢ᠎ᠨᠢ ᠪᠦᠷ ᠲᠥᠪᠡᠳ ᠦᠰᠦᠭ᠎ᠤᠨ ᠪᠠᠢ᠌ᠵᠤ᠂ ᠥᠪᠡᠷ᠎ᠤᠨ ᠵᠶ᠋ᠡᠨ ᠭᠡᠰᠡᠨ ᠦᠰᠦᠭ ᠪᠢᠴᠢᠭ ᠵᠶ᠋ᠡᠷ ᠲᠡᠮᠳᠡᠭᠯᠡᠭᠳᠡᠭᠰᠡᠨ ᠪᠢᠴᠢᠭ ᠲᠡᠮᠳᠡᠭᠯᠡᠯ ᠶᠡᠷᠦ᠎ᠨᠢ ᠪᠠᠢ᠌ᠬᠤ ᠦᠭᠡᠢ ᠪᠠᠢ᠌ᠵᠠᠢ᠃ 1983 ᠣᠨ᠎ᠠᠴᠠ 2007 ᠣᠨ ᠬᠦᠷᠲᠡᠯᠡᠬᠢ ᠬᠤᠭᠤᠴᠠᠭ᠋ᠠᠨ᠎ᠳᠤ᠂ ᠪᠢᠳᠡ ᠮᠠᠰᠢ ᠣᠯᠠᠨ 《ᠭᠡᠰᠡᠷ》᠎ᠢ ᠤᠯᠤᠰ᠎ᠤᠨ ᠨᠡᠢ᠌ᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠵᠶ᠋ᠡᠷ ᠣᠷᠴᠢᠭᠤᠯᠤᠭᠰᠠᠨ ᠶᠠᠪᠤᠳᠠᠯ᠎ᠨᠢ᠂ ᠲᠡᠭᠦᠨ᠎ᠢ ᠤᠩᠰᠢᠨ ᠰᠣᠨᠢᠷᠬᠠᠭᠴᠢᠳ᠎ᠤᠨ ᠬᠦᠷᠢᠶ᠎ᠡ ᠬᠡᠪᠴᠢᠶ᠎ᠡ ᠵᠢ ᠨᠠᠩ ᠥᠷᠭᠡᠨ ᠨᠠᠩ ᠤᠯᠠᠨ ᠪᠣᠯᠭ᠋ᠠᠨ ᠲᠡᠯᠡᠷᠡᠭᠦᠯᠵᠦ ᠥᠷᠭᠡᠵᠢᠭᠦᠯᠦᠭᠰᠡᠨ ᠶᠤᠮ᠃ ᠣᠳᠣ ᠪᠢᠳᠠ ᠤᠯᠤᠰ᠎ᠤᠨ ᠨᠡᠢ᠌ᠳᠡᠮ ᠬᠡᠷᠡᠭᠯᠡᠬᠦ ᠦᠭᠡ ᠬᠡᠯᠡ ᠥᠰᠥᠭ ᠪᠢᠴᠢᠭ᠎ᠤᠨ ᠬᠡᠪᠯᠡᠯ᠎ᠤᠨ ᠳᠡᠪᠲᠡᠷ᠎ᠲᠠᠢ ᠪᠣᠯᠤᠭᠰᠠᠨ᠎ᠠᠴᠠ᠂ ᠳᠤᠷ᠎ᠠ ᠰᠣᠨᠢᠷᠬᠠᠯᠲᠠᠢ ᠯᠠ ᠶᠤᠮ ᠪᠣᠯ ᠪᠤᠰᠤᠳ ᠦᠨᠳᠦᠰᠦᠲᠡᠨ᠎ᠤ ᠬᠡᠨ ᠠᠯᠢᠨ ᠴᠤ᠌ ᠭᠡᠰᠡᠨ ᠦᠭᠡᠢ ᠪᠦᠭᠦᠳᠡᠭᠡᠷ ᠵᠶ᠋ᠡᠨ ᠪᠦᠷ ᠤᠩᠰᠢᠨ ᠰᠣᠨᠢᠷᠬᠠᠵᠤ ᠪᠣᠯᠤᠨ᠎ᠠ᠃ ᠢᠩᠭᠢᠭᠰᠡᠨ᠎ᠠᠴᠠ ᠪᠢᠳᠡ ᠪᠥᠬᠥ ᠠᠷᠠᠳ ᠵᠶ᠋ᠠᠷ ᠵᠶ᠋ᠡᠨ ᠬᠠᠮᠲᠤ᠎ᠪᠠᠷ ᠡᠳ᠋ᠯᠡᠵᠦ ᠬᠠᠮᠲᠤ᠎ᠪᠠᠷ ᠤᠯᠠᠮᠵᠢᠯᠠᠨ ᠳᠡᠯᠭᠡᠷᠡᠭᠦᠯᠬᠦ ᠮᠠᠰᠢ ᠴᠢᠬᠤᠯᠠ ᠠᠷᠭ᠎ᠠ ᠵᠠᠮ᠎ᠲᠠᠢ ᠪᠣᠯᠵᠠᠢ᠃
ᠣᠨᠴᠠᠭ᠋ᠠᠢ᠌ᠯᠠᠨ 1989 ᠣᠨ᠎ᠤ 10 ᠳ᠋ᠤᠭ᠋ᠠᠷ ᠰᠠᠷ᠎ᠠ᠎ᠳᠤ᠂ ᠪᠢᠳᠡ ᠲᠥᠪᠡᠳ ᠬᠢᠲᠠᠳ ᠬᠣᠶᠠᠷ ᠬᠡᠯᠡ᠎ᠪᠠᠷ ᠲᠠᠢ᠌ᠯᠪᠤᠷᠢᠯᠠᠭᠰᠠᠨ 《ᠭᠡᠰᠡᠷ᠎ᠤᠨ ᠲᠣᠯᠢ》 ᠵᠢ ᠬᠡᠪᠯᠡᠭᠦᠯᠪᠡ᠃ 《ᠭᠡᠰᠡᠷ》᠎ᠤᠨ ᠳᠣᠲᠣᠷ᠎ᠠ ᠮᠠᠰᠢ ᠣᠯᠠᠨ ᠬᠥᠮᠦᠨ᠎ᠤ ᠨᠡᠷ᠎ᠡ᠂ ᠭᠠᠵᠠᠷ᠎ᠤᠨ ᠨᠡᠷ᠎ᠡ ᠵᠢᠴᠢ ᠡᠯᠳᠡᠪ ᠵᠦᠢ᠍ᠯ᠎ᠤᠨ ᠲᠤᠰᠬᠠᠢ ᠦᠭᠡᠰ ᠪᠠᠶ᠋ᠢᠳᠠᠭ᠂ ᠪᠢᠳᠡ ᠲᠡᠭᠦᠨ᠎ᠢ ᠬᠡᠷᠬᠢᠨ ᠲᠠᠨᠢᠬᠤ ᠪᠣᠢ ᠭᠡᠳᠡᠭ᠎ᠲᠤ ᠲᠥᠪᠡᠳ ᠬᠢᠲᠠᠳ ᠬᠣᠣᠰ ᠬᠡᠯᠡᠨ᠎ᠤ ᠲᠣᠯᠢ ᠪᠢᠴᠢᠭ ᠦᠨᠳᠦᠰᠦ ᠪᠠᠷᠢᠮᠲᠠ ᠬᠠᠩᠭ᠋ᠠᠨ ᠥᠭᠪᠡ᠃ ᠵᠢᠱ᠌ᠢᠶᠡᠯᠡᠪᠡᠯ᠄ ᠭᠡᠰᠡᠷ᠎ᠤᠨ ᠤᠯᠠᠮᠵᠢᠯᠠᠯᠳᠤ ᠭᠡᠰᠡᠷ᠎ᠤᠨ ᠬᠠᠲᠤᠨ᠎ᠤ ᠨᠡᠷ᠎ᠡ ᠵᠢ ᠬᠡᠷᠬᠢᠨ ᠳᠠᠭᠤᠳᠠᠬᠤ ᠲᠤᠬᠠᠢ᠂ ᠲᠡᠭᠦᠨ᠎ᠤ ᠨᠡᠷ᠎ᠡ ᠵᠢᠨ ᠲᠥᠪᠡᠳ ᠳᠠᠭᠤᠳᠠᠯᠭ᠎ᠠ᠎ᠨᠢ ᠷᠤᠭᠮᠤ ᠪᠣᠯᠣᠨ᠎ᠠ ᠭᠡᠳᠡᠭ᠎ᠢ ᠡᠨᠡ ᠬᠦ᠌ ᠲᠥᠪᠡᠳ ᠬᠢᠳᠠᠳ ᠬᠠᠷᠢᠴᠠᠭᠤᠯᠤᠭᠰᠠᠨ ᠲᠣᠯᠢ ᠪᠢᠴᠢᠭ᠎ᠠᠴᠠ ᠣᠨᠣᠪᠴᠢᠲᠠᠢ ᠮᠡᠳᠡᠵᠦ ᠪᠣᠯᠤᠨ᠎ᠠ᠃ 2019 ᠣᠨ ᠪᠤᠯᠬᠤ᠎ᠳᠤ᠂ ᠵᠠᠮᠪᠠᠯᠵᠠᠮᠰᠤ ᠪᠠᠭᠰᠢ ᠵᠢᠨ ᠡᠷᠬᠢᠯᠡᠨ ᠨᠠᠢ᠌ᠷᠠᠭᠤᠯᠤᠭᠰᠠᠨ 《ᠭᠡᠰᠡᠷ᠎ᠤᠨ ᠶᠡᠬᠡ ᠲᠣᠯᠢ》 ᠬᠡᠪᠯᠡᠭᠳᠡᠵᠡᠢ᠃ ᠡᠨᠡ ᠳᠤᠯᠢ᠎ᠨᠢ ᠡᠷᠲᠡ ᠦᠶ᠎ᠡ᠎ᠳᠤ ᠮᠠᠨ᠎ᠤ ᠴᠤᠭᠯᠠᠭᠤᠯᠤᠭᠰᠠᠨ 《ᠭᠡᠰᠡᠷ》᠎ᠤᠨ ᠲᠤᠬᠠᠢ ᠪᠢᠴᠢᠭ ᠬᠠᠷ᠎ᠠ ᠬᠣᠮᠰᠠ ᠳᠤᠲᠠᠭᠤ ᠪᠠᠢ᠌ᠭᠰᠠᠨ ᠳᠤᠲᠠᠭᠳᠠᠯ᠎ᠢ ᠨᠥᠬᠥᠪᠦᠷᠢᠯᠡᠵᠦ᠂ ᠶᠡᠬᠡ ᠣᠯᠠᠨ ᠦᠭᠡ ᠦᠭᠡᠰ᠎ᠢ ᠰᠢᠨ᠎ᠡ᠎ᠪᠠᠷ ᠨᠡᠮᠡᠵᠦ ᠣᠷᠣᠭᠤᠯᠤᠭᠰᠠᠨ ᠪᠠᠢ᠌ᠪᠠ᠃ ᠡᠨᠡ᠎ᠨᠢ ᠮᠠᠨ᠎ᠤ ᠣᠷᠴᠢᠭᠤᠯᠭ᠎ᠠ ᠵᠢᠨ ᠠᠵᠢᠯ᠎ᠳᠤ ᠳᠦᠷᠢᠮᠯᠡᠬᠦᠶ᠋ᠢᠴᠡ ᠬᠡᠪ ᠵᠠᠷᠴᠢᠮ ᠪᠣᠯᠣᠭᠰᠠᠨ ᠪᠢᠯᠡ᠃

ᠵᠠᠮᠪᠠᠯᠵᠠᠮᠰᠤ ᠵᠢᠨ ᠡᠷᠬᠢᠯᠡᠨ ᠨᠠᠢ᠌ᠷᠠᠭᠤᠯᠤᠭᠰᠠᠨ 《〈ᠭᠡᠰᠡᠷ〉᠎ᠤᠨ ᠶᠡᠬᠡ ᠲᠣᠯᠢ》
2012 ᠣᠨ᠎ᠳᠤ᠂ ᠬᠥᠬᠡᠨᠠᠭᠤᠷ ᠮᠣᠵᠢ ᠵᠢᠨ 《ᠭᠡᠰᠡᠷ》᠎ᠤᠨ ᠲᠤᠤᠯᠢ ᠰᠤᠳᠤᠯᠬᠤ ᠭᠠᠵᠠᠷ᠎ᠠᠴᠠ ᠡᠷᠬᠢᠯᠡᠨ ᠭᠦᠢ᠍ᠴᠡᠳᠬᠡᠭᠰᠡᠨ 《ᠭᠡᠰᠡᠷ ᠸᠠᠩ᠎ᠤᠨ ᠲᠤᠭᠤᠵᠢ》 ᠵᠢᠨ ᠬᠢᠲᠠᠳ ᠣᠷᠴᠢᠭᠤᠯᠭ᠎ᠠ ᠵᠢᠨ ᠴᠤᠪᠤᠷᠠᠯ ᠪᠢᠴᠢᠭ᠎ᠨᠢ ᠨᠡᠢ᠌ᠲᠡ 8 ᠪᠣᠳᠢ 200 ᠭᠠᠷᠤᠢ ᠲᠦᠮᠡᠨ ᠥᠰᠥᠭ᠎ᠲᠠᠢ ᠪᠠᠶ᠋ᠢᠵᠤ᠂ ᠭᠡᠰᠡᠷ ᠸᠠᠩ᠎ᠤᠨ ᠲᠤᠭᠤᠵᠢ ᠵᠢᠨ ᠣᠬᠢ ᠰᠣᠳᠣ ᠵᠢᠨ ᠪᠣᠯᠣᠩᠤᠳᠢ ᠢᠯᠡᠷᠡᠭᠦᠯᠦᠭᠰᠡᠨ ᠵᠶ᠋ᠡᠷ᠂ 20 ᠳ᠋ᠤᠭ᠋ᠠᠷ ᠵᠠᠭᠤᠨ᠎ᠤ 50 ᠊ᠭ᠋ᠠᠳ ᠣᠨ᠎ᠠᠴᠠ ᠨᠠᠭ᠋ᠠᠰᠢᠬᠢ ᠡᠷᠳᠡᠮᠲᠡᠨ ᠮᠡᠷᠭᠡᠳ᠎ᠤᠨ ᠲᠥᠪᠡᠳ《ᠭᠡᠰᠡᠷ》᠎ᠠᠴᠠ ᠬᠢᠲᠠᠳᠴᠢᠯᠠᠨ ᠣᠷᠴᠢᠭᠤᠯᠤᠭᠰᠠᠨ ᠰᠢᠯᠢᠳᠡᠭ ᠪᠦᠲᠦᠭᠡᠯ᠎ᠤᠳ᠎ᠢ ᠴᠤᠭᠯᠠᠭᠤᠯᠤᠨ ᠣᠷᠣᠭᠤᠯᠵᠠᠢ᠃
ᠲᠥᠪ᠎ᠤᠨ ᠤᠬᠠᠭᠤᠯᠬᠤ ᠬᠡᠯᠲᠡᠰ᠎ᠤᠨ 《ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠬᠥᠭᠵᠢᠭᠦᠯᠬᠦ ᠢᠨᠵᠸᠨ᠋ᠸᠷᠢᠩ᠎ᠤᠨ 〈ᠠᠷᠪᠠᠨ ᠳᠥᠷᠪᠡᠳᠦᠭᠡᠷ ᠲᠠᠪᠤᠨ ᠵᠢᠯ〉᠎ᠤᠨ ᠭᠣᠣᠯᠳᠠᠯᠭ᠋ᠠᠲᠤ ᠲᠥᠷᠥᠯ ᠵᠦᠢ᠍ᠯ᠎ᠤᠨ ᠲᠥᠯᠥᠪᠵᠢᠭᠦᠯᠭᠡ》᠎ᠳᠤ᠂ 《ᠳᠤᠮᠳᠠᠳᠤ ᠤᠯᠤᠰ᠎ᠤᠨ ᠠᠮᠠᠨ ᠵᠣᠬᠢᠶᠠᠯ᠎ᠤᠨ ᠪᠦᠷᠢᠨ ᠰᠢᠯᠢᠮᠡᠯᠢ ᠬᠡᠪᠯᠡᠭᠦᠯᠬᠦ ᠢᠨᠵᠸᠨ᠋ᠸᠷᠢᠩ》᠎ᠢ ᠳᠤᠷᠠᠳᠤᠨ ᠭᠠᠷᠭ᠋ᠠᠪᠠ᠃ ᠡᠨᠡ᠎ᠨᠢ ᠳᠤᠮᠳᠠᠳᠤ ᠤᠯᠤᠰ᠎ᠤᠨ ᠠᠮᠠᠨ ᠵᠣᠬᠢᠶᠠᠯ᠎ᠤᠨ ᠰᠣᠳᠣᠨ ᠪᠦᠲᠦᠭᠡᠯ᠎ᠢ ᠤᠯᠤᠰ᠎ᠤᠨ ᠨᠡᠢ᠌ᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠵᠶ᠋ᠡᠷ ᠬᠡᠪᠯᠡᠭᠦᠯᠦᠨ ᠭᠠᠷᠭ᠋ᠠᠭ᠋ᠠᠳ᠂ ᠲᠡᠭᠦᠨ᠎ᠢ ᠤᠯᠠᠮᠵᠢᠯᠠᠨ ᠵᠠᠯᠭ᠋ᠠᠮᠵᠢᠯᠠᠭᠤᠯᠬᠤ ᠪᠠ ᠬᠥᠭᠵᠢᠭᠦᠯᠦᠨ ᠪᠠᠳᠠᠷᠠᠭᠤᠯᠬᠤ ᠵᠣᠷᠢᠯᠭ᠎ᠠ᠎ᠳᠤ ᠬᠦᠷᠭᠡᠬᠦ ᠭᠡᠰᠡᠨ ᠶᠠᠪᠤᠳᠠᠯ ᠪᠣᠯᠤᠨ᠎ᠠ᠃ ᠡᠭᠦᠨ᠎ᠳᠤ ᠣᠯᠠᠨ ᠮᠣᠵᠢ ᠣᠷᠣᠨ᠎ᠤ 《ᠭᠡᠰᠡᠷ》᠎ᠤᠨ ᠲᠤᠤᠯᠢ ᠪᠠᠭᠲᠠᠭᠳᠠᠵᠤ ᠪᠣᠢ᠃ ᠣᠢ᠌ᠷ᠎ᠠ᠎ᠳᠤ᠂ ᠬᠥᠬᠡᠨᠠᠭᠤᠷ᠎ᠤᠨ ᠪᠣᠳᠢ ᠨᠢᠭᠡᠨᠲᠡ ᠬᠡᠪᠯᠡᠭᠳᠡᠯ᠎ᠡ᠃ ᠡᠨᠡ᠎ᠨᠢ 《ᠭᠡᠰᠡᠷ》᠎ᠤᠨ ᠲᠤᠤᠯᠢ ᠵᠥᠪᠬᠡᠨ ᠪᠠᠷᠠᠭᠤᠨ ᠤᠷᠤᠨ᠎ᠤ ᠥᠨᠳᠥᠷᠯᠢᠭ ᠭᠠᠵᠠᠷ᠎ᠲᠤ ᠯᠠ ᠲᠠᠷᠬᠠᠨ ᠳᠡᠯᠭᠡᠷᠡᠭᠰᠡᠨ ᠬᠢᠵᠠᠭ᠋ᠠᠷᠳᠠᠮᠠᠯ ᠪᠠᠢ᠌ᠳᠠᠯ᠎ᠢ ᠠᠩᠬ᠎ᠠ ᠤᠳᠠᠭ᠎ᠠ ᠳᠠᠪᠠᠭᠰᠠᠨ ᠶᠠᠪᠤᠳᠠᠯ ᠪᠣᠯᠣᠨ᠎ᠠ᠃
2020 ᠣᠨ᠎ᠤ 6 ᠳ᠋ᠤᠭ᠋ᠠᠷ ᠰᠠᠷ᠎ᠠ᠎ᠳᠤ᠂ ᠰᠧᠴᠤᠸᠠᠨ ᠮᠣᠵᠢ ᠲᠡᠦᠬᠡ ᠵᠢᠨ ᠠᠯᠳᠠᠷᠲᠤ ᠬᠥᠮᠦᠰ᠎ᠤᠨ ᠬᠣᠶᠠᠳᠤᠭ᠋ᠠᠷ ᠪᠦᠯᠦᠭ᠎ᠤᠨ ᠨᠡᠷᠡᠰ᠎ᠢ ᠨᠡᠶ᠋ᠢᠲᠡᠯᠡᠬᠦ᠎ᠳᠤ᠎ᠪᠠᠨ ᠭᠡᠰᠡᠷ ᠸᠠᠩ᠎ᠢ ᠪᠠᠭᠲᠠᠭ᠋ᠠᠨ ᠣᠷᠣᠭᠤᠯᠵᠠᠢ᠃ ᠡᠨᠡ᠎ᠨᠢ ᠲᠡᠭᠦᠨ᠎ᠢ ᠪᠠ ᠱᠦ᠍ ᠰᠤᠶᠤᠯ᠎ᠤᠨ ᠭᠠᠷᠮᠠᠭ᠋ᠠᠢ ᠲᠥᠯᠥᠭᠡᠯᠡᠭᠴᠢ ᠪᠣᠯᠭ᠋ᠠᠭᠰᠠᠨ ᠶᠠᠪᠤᠳᠠᠯ ᠪᠠᠢ᠌ᠵᠤ ᠤᠯᠤᠰ᠎ᠤᠨ ᠨᠡᠢ᠌ᠳᠡᠮ ᠬᠡᠷᠡᠭᠯᠡᠬᠦ ᠦᠭᠡ ᠬᠡᠯᠡ ᠥᠰᠥᠭ ᠪᠢᠴᠢᠭ᠎ᠤᠨ ᠬᠡᠪᠯᠡᠯ᠎ᠤᠨ ᠳᠡᠪᠲᠡᠷ᠎ᠤᠨ ᠲᠠᠷᠬᠠᠯᠲᠠ᠎ᠪᠠᠷ ᠳᠠᠮᠵᠢᠭ᠋ᠠᠳ 《ᠭᠡᠰᠡᠷ》᠎ᠤᠨ ᠲᠤᠤᠯᠢ᠎ᠨᠢ ᠪᠠ ᠱᠦ᠍ ᠭᠠᠵᠠᠷ᠎ᠤᠨ ᠠᠷᠠᠳ ᠲᠦᠮᠡᠨ᠎ᠤ ᠳᠤᠮᠳᠠ ᠨᠡᠩ ᠦᠷᠭᠡᠨ ᠬᠡᠪᠴᠢᠶᠡᠨ᠎ᠳᠤ ᠮᠡᠳᠡᠷᠡᠭᠳᠡᠭᠰᠡᠨᠢ ᠬᠠᠷᠠᠭᠤᠯᠵᠤ ᠪᠠᠶ᠋ᠢᠭ᠎ᠠ ᠶᠤᠮ᠃
ᠬᠣᠶᠠᠳᠤᠭ᠋ᠠᠷ ᠬᠤᠪᠢᠷᠠᠯᠲᠠ᠎ᠨᠢ ᠪᠣᠳᠠᠰ᠎ᠤᠨ ᠪᠤᠰᠤ ᠰᠣᠶᠣᠯ᠎ᠤᠨ ᠥᠪ᠎ᠤᠨ ᠬᠠᠮᠠᠭ᠋ᠠᠯᠠᠯᠲᠠ᠎ᠪᠠᠷ ᠳᠠᠮᠵᠢᠭᠤᠯᠤᠨ ᠭᠡᠰᠡᠷ᠎ᠤᠨ ᠤᠷᠠᠯᠢᠭ᠎ᠢ ᠣᠳᠣ ᠦᠶ᠎ᠡ ᠵᠢᠨ ᠤᠷᠠᠯᠢᠭ᠎ᠲᠠᠢ ᠤᠶᠠᠯᠳᠤᠭᠤᠯᠵᠤ᠂ ᠲᠡᠭᠦᠨ᠎ᠤ ᠢᠯᠡᠳᠬᠡᠬᠦ ᠬᠡᠯᠪᠡᠷᠢ ᠵᠢ ᠣᠯᠠᠨ ᠶᠠᠩᠵᠤ ᠵᠢᠨ ᠪᠣᠯᠭ᠋ᠠᠭᠰᠠᠨ ᠶᠠᠪᠤᠳᠠᠯ ᠪᠣᠯᠬᠤ ᠶᠤᠮ᠃
ᠨᠢᠭᠡᠳᠦᠭᠡᠷ ᠵᠦᠢ᠍ᠯ᠎ᠨᠢ ᠠᠮᠠᠨ ᠵᠣᠬᠢᠶᠠᠯ᠃ ᠪᠢᠳᠡ ᠥᠩᠭᠡᠷᠡᠭᠰᠡᠨ᠎ᠳᠤ ᠠᠮᠠᠨ ᠵᠣᠬᠢᠶᠠᠯ᠎ᠢ ᠬᠠᠮᠠᠭ᠋ᠠᠯᠠᠬᠤ᠎ᠳᠤ᠎ᠪᠠᠨ ᠪᠠᠷᠤᠭ ᠪᠦᠷ ᠯᠡ ᠲᠡᠮᠳᠡᠭᠯᠡᠬᠦ ᠠᠷᠭᠠᠢ ᠬᠡᠷᠡᠭᠯᠡᠳᠡᠭ ᠪᠠᠶ᠋ᠢᠵᠠᠢ᠂ ᠣᠶ᠋ᠢᠷ᠎ᠠ ᠵᠢᠨ ᠵᠢᠯ᠎ᠤᠳ᠎ᠲᠤ᠂ ᠭᠡᠰᠡᠷ ᠵᠶ᠋ᠠᠷ ᠰᠡᠳᠦᠪᠯᠡᠭᠰᠡᠨ ᠤᠷᠠᠨ ᠵᠣᠬᠢᠶᠠᠯ ᠪᠢᠴᠢᠭᠳᠡᠵᠦ ᠮᠠᠰᠢ ᠶᠡᠬᠡ ᠦᠷ᠎ᠡ ᠪᠦᠲᠦᠮᠵᠢ ᠣᠯᠵᠤ ᠪᠠᠢ᠌ᠨ᠎ᠠ᠃ ᠲᠥᠯᠦᠭᠡᠯᠡᠬᠦ ᠪᠥᠳᠦᠭᠡᠯ᠎ᠨᠢ ᠠᠯᠠᠢ ᠵᠢᠨ 《ᠭᠡᠰᠡᠷ ᠸᠠᠩ》 ᠪᠤᠯᠤᠨ ᠰᠡᠷᠡᠩᠨᠣᠷᠪᠤ ᠵᠢᠨ 《ᠣᠩᠭᠤᠳ ᠣᠷᠣᠰᠢᠬᠤᠢ》 ᠬᠡᠮᠡᠬᠦ ᠲᠤᠭᠤᠵᠢᠰ᠎ᠤᠨ ᠵᠣᠬᠢᠶᠠᠯ ᠪᠤᠯᠤᠨ᠎ᠠ᠃ ᠡᠳᠡᠭᠡᠷ ᠤᠷᠠᠨ ᠪᠦᠲᠦᠭᠡᠯ᠎ᠨᠢ 《ᠭᠡᠰᠡᠷ》᠎ᠤᠨ ᠲᠤᠤᠯᠢ ᠵᠢ ᠣᠲᠣ ᠦᠶ᠎ᠡ ᠵᠢᠨ ᠤᠷᠠᠯᠢᠭ᠎ᠲᠠᠢ ᠤᠶᠠᠯᠳᠤᠭᠤᠯᠵᠤ᠂ ᠤᠷᠠᠨ ᠵᠣᠬᠢᠶᠠᠯ᠎ᠤᠨ ᠬᠡᠯᠡ ᠬᠡᠯᠡᠯᠭᠡ᠎ᠪᠠᠷ 《ᠭᠡᠰᠡᠷ》᠎ᠤᠨ ᠲᠤᠤᠯᠢ ᠵᠢᠨ ᠥᠷᠲᠡᠭ᠎ᠤᠨ ᠦᠵᠡᠯᠲᠡ ᠪᠠ ᠤᠷᠠᠯᠢᠭ᠎ᠤᠨ ᠭᠤᠸ᠎ᠠ ᠰᠠᠢ᠍ᠬᠠᠨᠢ ᠲᠣᠭ᠋ᠠᠴᠢᠨ ᠬᠦᠦᠷᠨᠢᠭᠰᠡᠨ᠎ᠳᠤ ᠪᠤᠢ᠃
ᠠᠯᠠᠢ ᠵᠢᠨ ᠪᠢᠴᠢᠭᠰᠡᠨ 《ᠭᠡᠰᠡᠷ ᠸᠠᠩ》᠃
ᠬᠣᠶᠠᠳᠤᠭ᠋ᠠᠷ ᠵᠦᠢ᠍ᠯ᠎ᠨᠢ ᠭᠡᠰᠡᠷ ᠵᠶ᠋ᠡᠷ ᠰᠡᠳᠦᠪᠯᠡᠭᠰᠡᠨ ᠲᠠᠩᠺᠠ ᠵᠢᠷᠤᠭ᠎ᠤᠨ ᠤᠷ᠎ᠠ ᠮᠡᠷᠭᠡᠵᠢᠯ ᠪᠠ ᠴᠢᠯᠠᠭᠤᠨ ᠰᠡᠢ᠌ᠯᠦᠮᠡᠯ᠎ᠤᠨ ᠤᠷ᠎ᠠ ᠮᠡᠷᠭᠡᠵᠢᠯ᠎ᠨᠢ ᠭᠡᠰᠡᠷ᠎ᠤᠨ ᠬᠦᠷᠦᠭ ᠵᠢᠷᠤᠭᠲᠤ ᠤᠷᠠᠯᠢᠭ᠎ᠤᠨ ᠣᠯᠠᠨ ᠨᠡᠢ᠌ᠲᠡ᠎ᠳᠤ ᠲᠠᠷᠬᠠᠨ ᠳᠡᠯᠭᠡᠷᠡᠬᠦ ᠵᠢ ᠠᠬᠢᠭᠤᠯᠤᠭᠰᠠᠨ ᠶᠤᠮ᠃ ᠣᠳᠣᠬᠢ ᠵᠢᠨ ᠨᠡᠢ᠌ᠭᠡᠮ ᠪᠣᠯ 《ᠵᠢᠷᠤᠭᠴᠢᠯᠠᠬᠤ ᠴᠠᠭ ᠡᠷᠡᠨ》 ᠶᠤᠮ᠂ ᠵᠢᠷᠤᠭ ᠳᠦᠷᠰᠦ᠎ᠨᠢ ᠣᠯᠠᠨ ᠨᠡᠢ᠌ᠲᠡ᠎ᠳᠠᠬᠢ ᠲᠠᠷᠬᠠᠯᠲᠠ ᠨᠡᠪᠲᠡᠷᠡᠯᠲᠡ᠎ᠳᠤ ᠥᠪᠡᠷᠮᠢᠴᠡ ᠳᠠᠪᠠᠭᠤᠯᠢᠭ ᠲᠠᠯ᠎ᠠ᠎ᠲᠠᠢ ᠪᠠᠢ᠌ᠳᠠᠭ᠃ 《ᠭᠡᠰᠡᠷ》᠎ᠤᠨ ᠲᠤᠤᠯᠢ᠎ᠨᠢ ᠠᠯᠢ ᠬᠡᠳᠦᠢ᠌ᠨᠠᠴᠠᠪᠠᠨ ᠡᠯᠪᠡᠭ ᠪᠠᠶᠠᠯᠢᠭ ᠵᠢᠷᠤᠭ ᠲᠥᠷᠰᠦ ᠵᠢᠨ ᠢᠯᠡᠳᠬᠡᠪᠦᠷᠢ᠎ᠲᠠᠢ ᠪᠠᠶ᠋ᠢᠳᠠᠭ᠂ ᠵᠢᠷᠤᠭ ᠳᠦᠷᠰᠦ ᠪᠦᠲᠦᠭᠡᠬᠦ᠎ᠨᠢ ᠲᠡᠭᠦᠨ᠎ᠤ ᠤᠯᠠᠨ ᠨᠡᠢ᠌ᠲᠡ ᠵᠢᠨ ᠳᠤᠮᠳᠠ ᠲᠠᠷᠬᠠᠨ ᠨᠡᠪᠲᠡᠷᠡᠬᠦ᠎ᠨᠢ ᠲᠥᠬᠥᠭᠰᠡᠨ ᠳᠡᠮᠵᠢᠯᠭᠡ ᠪᠣᠯᠣᠭᠰᠠᠨ ᠪᠠᠶ᠋ᠢᠳᠠᠭ᠃ ᠡᠢ᠌ᠮᠦᠷᠬᠦᠦ ᠵᠢᠷᠤᠭ ᠳᠦᠷᠰᠦ ᠵᠢ ᠬᠣᠶᠠᠷ ᠲᠥᠷᠥᠯ᠎ᠳᠤ ᠬᠤᠪᠢᠶᠠᠵᠤ ᠪᠣᠯᠤᠨ᠎ᠠ᠄ ᠨᠢᠭᠡ᠎ᠨᠢ ᠬᠦᠦᠷᠨᠢᠯ᠎ᠤᠨ ᠲᠥᠷᠥᠯ᠎ᠤᠨ ᠵᠢᠷᠤᠭ ᠳᠦᠷᠰᠦ᠂ ᠡᠨᠡ᠎ᠨᠢ ᠭᠣᠣᠯᠳᠠᠭᠤ ᠭᠡᠰᠡᠷ᠎ᠤᠨ ᠨᠢᠭᠡ ᠨᠠᠰᠤ ᠪᠠ ᠲᠤᠤᠯᠢ ᠵᠢᠨ ᠦᠯᠢᠭᠡᠷ ᠦᠢ᠍ᠯᠡ ᠶᠠᠪᠤᠳᠠᠯ᠎ᠤᠨ ᠵᠢᠷᠤᠭ; ᠨᠥᠭᠥᠭᠡ᠎ᠨᠢ ᠬᠥᠷᠥᠭ ᠵᠢᠷᠤᠭ᠎ᠤᠨ ᠲᠥᠷᠥᠯ᠎ᠤᠨ ᠵᠢᠷᠤᠭ ᠳᠦᠷᠰᠦ᠂ ᠭᠣᠣᠯᠳᠠᠭᠤ 《ᠭᠡᠰᠡᠷ》᠎ᠤᠨ ᠲᠤᠤᠯᠢ ᠵᠢᠨ ᠭᠤᠤᠯ ᠪᠠᠭ᠋ᠠᠲᠤᠷ᠎ᠤᠨ ᠵᠢᠷᠤᠭ ᠪᠣᠯᠤᠨ᠎ᠠ᠃
ᠰᠧᠴᠤᠸᠠᠨ᠎ᠤ ᠮᠦᠽᠧᠢ᠎ᠳᠤ ᠲᠠᠩᠺᠠ ᠵᠢᠷᠤᠭ 11 ᠪᠣᠢ᠂ ᠡᠨᠡ᠎ᠨᠢ ᠭᠡᠰᠡᠷ᠎ᠤᠨ ᠨᠢᠭᠡ ᠨᠠᠰᠤᠨ᠎ᠤ ᠠᠮᠢᠳᠤᠷᠠᠯ ᠠᠬᠤᠢ ᠵᠢ ᠵᠢᠷᠤᠭᠯᠠᠭᠰᠠᠨ ᠤᠯᠤᠰ᠎ᠤᠨ ᠳᠣᠲᠣᠭ᠋ᠠᠳᠤ᠎ᠳᠠᠬᠢ ᠴᠣᠷᠢ ᠵᠢᠨ ᠭᠠᠭᠴᠠ ᠨᠢᠭᠡᠨ ᠢᠵᠢ ᠥᠩᠭᠡᠷᠡᠭᠰᠡᠨ ᠴᠠᠭ᠎ᠤᠨ ᠳᠠᠩᠺᠠ ᠵᠢᠷᠤᠭ ᠪᠣᠯᠤᠨ᠎ᠠ᠃ 20 ᠳ᠋ᠤᠭ᠋ᠠᠷ ᠵᠠᠭᠤᠨ᠎ᠤ ᠶᠡᠷᠡᠭᠡᠳ ᠣᠨ᠎ᠳᠤ᠂ ᠭᠠᠷᠽᠸᠢ ᠵᠧᠦ ᠵᠢᠨ ᠭᠠᠷᠮ᠎ᠠ ᠭᠠᠷᠽᠢ ᠪᠦᠯᠦᠭ᠎ᠤᠨ ᠳᠠᠩᠺᠠ ᠵᠢᠷᠤᠭ᠎ᠤᠨ ᠵᠢᠷᠤᠭ᠋ᠠᠴᠢᠳ᠂ ᠠᠷᠪᠠᠨ ᠬᠡᠳᠦᠨ ᠵᠢᠯ᠎ᠤᠨ ᠴᠠᠭ ᠵᠠᠷᠤᠴᠠᠭᠤᠯᠤᠨ 《ᠭᠡᠰᠡᠷ᠎ᠤᠨ ᠮᠢᠩᠭ᠋ᠠᠨ ᠳᠠᠩᠺᠠ ᠵᠢᠷᠤᠭ》᠎ᠢ ᠤᠷᠠᠯᠠᠨ ᠪᠦᠲᠦᠭᠡᠵᠡᠢ᠃ ᠲᠡᠭᠦᠨ᠎ᠳᠤ᠎ᠪᠠᠨ ᠲᠥᠪᠡᠳ ᠦᠨᠳᠦᠰᠦᠲᠡᠨ᠎ᠤ ᠤᠯᠠᠮᠵᠢᠯᠠᠯᠲᠤ ᠵᠢᠷᠤᠭ᠎ᠤᠨ ᠠᠷᠭ᠎ᠠ᠎ᠪᠠᠷ 《ᠭᠡᠰᠡᠷ ᠸᠠᠩ᠎ᠤᠨ ᠲᠤᠭᠤᠵᠢ》 ᠵᠢᠨ 70 ᠭᠠᠷᠤᠢ ᠪᠦᠯᠦᠭ᠎ᠢ 1288 ᠳᠠᠩᠺᠠ ᠵᠢᠷᠤᠭ ᠪᠣᠯᠭ᠋ᠠᠨ ᠵᠢᠷᠤᠵᠤ᠂ 《ᠭᠡᠰᠡᠷ ᠸᠠᠩ᠎ᠤᠨ ᠲᠤᠭᠤᠵᠢ》᠎ᠳᠠᠬᠢ 200 ᠭᠠᠷᠤᠢ ᠪᠠᠭ᠋ᠠᠲᠤᠷ᠎ᠤᠨ ᠳᠦᠷᠢ᠂ ᠲᠡᠦᠬᠡ ᠵᠢᠨ ᠠᠬᠤᠢ ᠲᠠᠯᠠᠪᠠᠢ ᠵᠢ ᠳᠦᠷᠰᠦᠯᠢᠭ ᠵᠶ᠋ᠡᠷ ᠵᠢᠷᠤᠵᠤ ᠢᠯᠡᠳᠬᠡᠭᠰᠡᠨ ᠪᠠᠢ᠌ᠳᠠᠭ᠃ 2008 ᠣᠨ᠎ᠤ 7 ᠳ᠋ᠤᠭ᠋ᠠᠷ ᠰᠠᠷ᠎ᠠ ᠵᠢᠨ 30᠎ᠤ ᠡᠳᠦᠷ᠂ 《ᠭᠡᠰᠡᠷ᠎ᠤᠨ ᠮᠢᠩᠭ᠋ᠠᠨ ᠳᠠᠩᠺᠠ ᠵᠢᠷᠤᠭ》᠎ᠨᠢ ᠪᠡᠭᠡᠵᠢᠩ᠎ᠤᠨ ᠣᠯᠢᠮᠫᠢᠺ᠎ᠤᠨ ᠲᠠᠮᠢᠷ᠎ᠤᠨ ᠤᠷᠤᠯᠳᠤᠭ᠋ᠠᠨ᠎ᠤ ᠬᠤᠭᠤᠴᠠᠭ᠋ᠠᠨ᠎ᠳᠠᠬᠢ ᠦᠵᠡᠭᠦᠯᠭᠡ ᠵᠢᠨ ᠴᠢᠬᠤᠯᠠ ᠨᠢᠭᠡᠨ ᠠᠭᠤᠯᠭ᠎ᠠ ᠪᠣᠯᠭ᠋ᠠᠵᠤ ᠪᠡᠭᠡᠵᠢᠩ᠎ᠤᠨ ᠦᠨᠳᠦᠰᠦᠲᠡᠨ᠎ᠤ ᠰᠣᠶᠣᠯ᠎ᠤᠨ ᠣᠷᠳᠣᠨ᠎ᠳᠤ ᠳᠡᠯᠭᠡᠨ ᠦᠵᠡᠭᠦᠯᠦᠭᠡᠳ ᠨᠡᠢ᠌ᠭᠡᠮ ᠨᠡᠶ᠋ᠢᠲᠡ ᠵᠢᠨ ᠠᠩᠬᠠᠷᠤᠯ᠎ᠢ ᠬᠦᠴᠦᠲᠡᠢ ᠲᠠᠲᠠᠭᠰᠠᠨ ᠶᠤᠮ᠃ ᠡᠭᠦᠨ᠎ᠠᠴᠠ ᠭᠠᠳᠠᠨ᠎ᠠ᠂ ᠰᠧᠴᠤᠸᠠᠨ ᠮᠣᠵᠢ ᠵᠢᠨ ᠭᠠᠷᠽᠸᠢ ᠵᠧᠦ ᠪᠠᠰᠠ ᠷᠤᠩᠪᠷᠠᠭ ᠰᠢᠶᠠᠨ᠎ᠳᠤ ᠮᠠᠬ᠎ᠠ ᠷᠤᠩᠼᠤᠤ ᠭᠡᠰᠡᠷ᠎ᠤᠨ ᠴᠢᠯᠠᠭᠤᠨ ᠰᠡᠢ᠌ᠯᠦᠮᠡᠯ ᠪᠠ ᠰᠸᠷ ᠱᠦᠯ ᠰᠢᠶᠠᠨ᠎ᠳᠤ ᠰᠠᠩ᠎ᠤᠨ ᠮᠠᠨᠢ ᠵᠢᠨ ᠴᠠᠢ᠌ᠵᠠ ᠵᠢ ᠲᠣᠰ ᠲᠣᠰ ᠢᠯᠡᠷᠡᠭᠦᠯᠦᠭᠰᠡᠨ ᠪᠠᠢ᠌ᠳᠠᠭ᠃ ᠲᠡᠭᠦᠨ᠎ᠤ ᠳᠣᠲᠣᠷ᠎ᠠ᠎ᠠᠴᠠ ᠥᠩᠭᠡ ᠪᠣᠳᠣᠭ ᠰᠣᠷᠭᠣᠭ ᠰᠠᠢ᠍ᠬᠠᠨ᠂ ᠠᠭᠤᠯᠭ᠎ᠠ ᠬᠡᠯᠪᠡᠷᠢ ᠡᠯᠪᠡᠭ ᠪᠠᠶᠠᠯᠢᠭ ᠭᠡᠰᠡᠷ᠎ᠤᠨ ᠴᠢᠯᠠᠭᠤᠨ ᠰᠡᠢ᠌ᠯᠦᠮᠡᠯ᠎ᠤᠨ ᠵᠢᠷᠤᠭ ᠳᠦᠷᠰᠦ ᠵᠢ ᠶᠡᠬᠡ ᠣᠯᠠᠨ ᠡᠮᠬᠢᠯᠡᠨ ᠭᠠᠷᠭ᠋ᠠᠭᠰᠠᠨ ᠪᠠᠢ᠌ᠪᠠ᠃
2008 ᠣᠨ᠎ᠤ 7 ᠳ᠋ᠤᠭ᠋ᠠᠷ ᠰᠠᠷ᠎ᠠ ᠵᠢᠨ 30᠎ᠤ ᠡᠳᠦᠷ᠎ᠠᠴᠠ 8 ᠳ᠋ᠤᠭ᠋ᠠᠷ ᠰᠠᠷ᠎ᠠ ᠵᠢᠨ 20᠎ᠤ ᠡᠳᠦᠷ ᠪᠣᠯᠲᠠᠯ᠎ᠠ 《ᠭᠡᠰᠡᠷ᠎ᠤᠨ ᠮᠢᠩᠭ᠋ᠠᠨ ᠲᠠᠩᠺᠠ ᠵᠢᠷᠤᠭ》᠎ᠤᠨ ᠦᠵᠡᠭᠦᠯᠭᠡ ᠪᠡᠭᠡᠵᠢᠩ᠎ᠤᠨ ᠦᠨᠳᠦᠰᠦᠲᠡᠨ᠎ᠤ ᠰᠣᠶᠣᠯ᠎ᠤᠨ ᠣᠷᠳᠣᠨ᠎ᠳᠤ ᠶᠠᠪᠤᠭᠳᠠᠪᠠ᠃ (ᠳᠤᠮᠳᠠᠳᠤ ᠤᠯᠤᠰ᠎ᠤᠨ ᠰᠣᠨᠢᠨ ᠮᠡᠳᠡᠭᠡᠯᠡᠯ᠎ᠤᠨ ᠬᠣᠷᠢᠶᠠᠨ᠎ᠤ ᠰᠤᠷᠪᠤᠯᠵᠢᠯᠠᠭᠴᠢ ᠰᠦᠨ ᠽᠢ ᠹᠠ ᠰᠡᠭᠦᠳᠡᠷᠯᠡᠪᠡ)
ᠭᠤᠷᠪᠠᠳᠤᠭ᠋ᠠᠷ᠎ᠲᠤ᠂ ᠲᠡᠨᠭᠺᠠ ᠵᠢᠷᠤᠭ ᠪᠠ ᠴᠢᠯᠠᠭᠤᠨ ᠰᠡᠢ᠌ᠯᠦᠮᠡᠯ᠎ᠤᠨ ᠵᠢᠷᠤᠭ ᠳᠦᠷᠰᠦ ᠵᠢᠨ ᠬᠤᠷᠠᠮᠳᠤᠭᠤᠯᠤᠯ᠎ᠨᠢ ᠭᠡᠰᠡᠷ᠎ᠤᠨ ᠺᠠᠷᠲ᠋ᠣᠨ ᠵᠢᠷᠤᠭ᠎ᠤᠨ ᠵᠣᠬᠢᠶᠠᠨ ᠪᠦᠲᠦᠭᠡᠯᠭᠡ ᠵᠢ ᠤᠯᠠᠮ ᠨᠢᠭᠡ ᠠᠯᠬᠤᠮ ᠠᠬᠢᠭᠤᠯᠤᠭᠰᠠᠨ ᠪᠢᠯᠡ᠃ ᠺᠠᠷᠲ᠋ᠣᠨ ᠵᠢᠷᠤᠭ ᠪᠣᠯ ᠵᠠᠪᠠᠯ ᠬᠥᠮᠦᠨ ᠪᠠ ᠦᠵᠡᠭᠳᠡᠯ᠎ᠢ ᠵᠢᠷᠤᠭᠰᠠᠨ ᠪᠠᠢ᠌ᠬᠤ ᠬᠡᠷᠡᠭᠲᠡᠢ᠃ ᠲᠡᠭᠡᠪᠡᠯ ᠭᠡᠰᠡᠷ ᠴᠣᠬᠣᠮ ᠶᠠᠮᠠᠷᠬᠠᠨ ᠳᠦᠷᠢ ᠲᠥᠷᠬᠦ᠎ᠲᠠᠢ ᠪᠣᠢ? ᠲᠡᠭᠦᠨ᠎ᠤ ᠲᠡᠦᠬᠡ ᠵᠢᠨ ᠠᠷᠤ ᠦᠵᠡᠭᠳᠡᠯ᠎ᠨᠢ ᠴᠣᠬᠣᠮ ᠶᠠᠮᠠᠷ ᠪᠠᠢ᠌ᠳᠠᠭ ᠪᠣᠯ? ᠡᠳᠡᠭᠡᠷ᠎ᠢ ᠲᠣᠭᠲᠠᠭ᠋ᠠᠬᠤ᠎ᠳᠤ ᠪᠦᠷ ᠯᠠ ᠳᠠᠩᠺᠠ ᠵᠢᠷᠤᠭ ᠪᠣᠯᠤᠨ ᠴᠢᠯᠠᠭᠤᠨ ᠰᠡᠢ᠌ᠯᠦᠮᠡᠯ᠎ᠤᠨ ᠤᠯᠠᠮᠵᠢᠯᠠᠯᠳᠤ ᠲᠦᠰᠢᠭᠯᠡᠭᠰᠡᠨ ᠪᠠᠶ᠋ᠢᠬᠤ ᠬᠡᠷᠡᠭᠲᠡᠢ᠃ ᠣᠷᠴᠢᠮ᠎ᠠᠴᠠ ᠭᠡᠰᠡᠷ᠎ᠤᠨ ᠺᠠᠷᠲ᠋ᠣᠨ ᠵᠢᠷᠤᠭ᠎ᠤᠨ ᠵᠣᠬᠢᠶᠠᠨ ᠪᠦᠲᠦᠭᠡᠯᠭᠡ ᠶᠡᠬᠡᠬᠡᠨ ᠬᠥᠭᠵᠢᠶᠡᠨᠲᠡᠢ ᠪᠣᠯᠵᠤ ᠪᠠᠶ᠋ᠢᠨ᠎ᠠ᠃ 2012 ᠣᠨ᠎ᠤ 6 ᠳ᠋ᠤᠭ᠋ᠠᠷ ᠰᠠᠷ᠎ᠠ᠎ᠳᠤ᠂ ᠬᠠᠢ ᠲᠦᠨ ᠬᠡᠪᠯᠡᠯ᠎ᠤᠨ ᠬᠣᠷᠢᠶ᠎ᠠ᠎ᠠᠴᠠ ᠨᠢᠭᠡ ᠢᠵᠢ ᠲᠠᠪᠤᠨ ᠳᠡᠪᠲᠡᠷ 《ᠭᠡᠰᠡᠷ ᠸᠠᠩ》᠎ᠤᠨ ᠺᠠᠷᠲ᠋ᠤᠨ ᠵᠢᠷᠤᠭᠲᠤ ᠳᠡᠪᠲᠡᠷ᠎ᠢ ᠬᠡᠪᠯᠡᠭᠦᠯᠵᠦ᠂ ᠭᠡᠰᠡᠷ᠎ᠤᠨ ᠲᠤᠤᠯᠢ ᠵᠢᠨ ᠤᠯᠠᠮᠵᠢᠯᠠᠯ᠎ᠢ ᠵᠠᠯᠠᠭᠤ ᠪᠠᠭ᠋ᠠᠴᠤᠳ᠎ᠤᠨ ᠳᠤᠮᠳᠠ ᠲᠦᠭᠡᠮᠡᠯᠵᠢᠭᠦᠯᠬᠦ ᠵᠢ ᠠᠬᠢᠭᠤᠯᠪᠠ᠃ ᠮᠢᠨᠦ ᠣᠢ᠌ᠯᠠᠭ᠋ᠠᠭᠰᠠᠨ ᠵᠶ᠋ᠡᠷ᠂ ᠵᠠᠷᠢᠮ ᠪᠦᠯᠬᠦᠮ ᠨᠢᠭᠡᠴᠢ᠎ᠨᠢ ᠪᠠᠰᠠ ᠭᠡᠰᠡᠷ ᠵᠶ᠋ᠠᠷ ᠬᠡᠦᠬᠡᠯᠳᠡᠢ ᠵᠦᠴᠦᠭᠡ᠂ ᠲᠡᠷᠡᠴᠢᠯᠡᠨ ᠲᠤᠭᠯᠠᠭ᠋ᠠᠮ ᠨᠠᠭ᠋ᠠᠳᠤᠮ ᠵᠣᠬᠢᠶᠠᠵᠤ ᠪᠠᠶ᠋ᠢᠨ᠎ᠠ᠃ ᠬᠡᠷᠪᠡ ᠣᠯᠠᠨ ᠵᠢᠯ᠎ᠤᠨ ᠲᠤᠷᠰᠢᠬᠢ ᠵᠢᠷᠤᠭ ᠳᠦᠷᠰᠦ ᠵᠢᠨ ᠡᠢ᠌ᠮᠦᠷᠬᠦᠦ ᠬᠤᠷᠠᠮᠳᠤᠭᠤᠯᠤᠯ ᠪᠠᠢ᠌ᠬᠤ ᠦᠭᠡᠢ ᠪᠣᠯ ᠰᠣᠶᠣᠯ᠎ᠤᠨ ᠡᠨᠡ ᠬᠦ᠌ ᠣᠯᠠᠨ ᠨᠡᠢ᠌ᠲᠡ ᠵᠢᠨ ᠲᠦᠭᠡᠮᠡᠯᠵᠢᠯᠡᠯᠲᠡ ᠪᠠᠢ᠌ᠵᠤ ᠴᠢᠳᠠᠰᠢ ᠦᠭᠡᠢ ᠶᠤᠮ᠃

ᠬᠠᠢ ᠲᠦᠨ ᠬᠡᠪᠯᠡᠯ᠎ᠤᠨ ᠬᠣᠷᠢᠶ᠎ᠠ ᠵᠢᠨ ᠬᠡᠪᠯᠡᠭᠦᠯᠦᠭᠰᠡᠨ 《ᠭᠡᠰᠡᠷ ᠸᠠᠩ》 ᠺᠠᠷᠲ᠋ᠣᠨ ᠵᠢᠷᠤᠭ᠃
ᠡᠭᠦᠨ᠎ᠲᠠᠢ ᠵᠡᠷᠭᠡᠴᠡᠭᠡ᠎ᠪᠠᠷ᠂ ᠭᠡᠰᠡᠷ᠎ᠤᠨ ᠲᠥᠪᠡᠳ ᠰᠢ ᠵᠦᠴᠦᠭᠡ ᠴᠦ᠍ ᠤᠯᠠᠮᠵᠢᠯᠠᠯ ᠪᠠ ᠲᠠᠷᠬᠠᠯᠲᠠ᠎ᠪᠠᠷ ᠰᠠᠢ᠌ᠨ ᠪᠣᠯᠣᠭᠰᠠᠨ ᠪᠠᠢ᠌ᠳᠠᠭ᠃ ᠭᠡᠰᠡᠷ᠎ᠤᠨ ᠲᠥᠪᠡᠳ ᠰᠢ ᠵᠦᠴᠦᠭᠡ ᠪᠣᠯ ᠭᠡᠰᠡᠷ᠎ᠤᠨ ᠲᠤᠤᠯᠢ ᠵᠢᠨ ᠤᠯᠠᠮᠵᠢᠯᠠᠯ᠎ᠳᠠᠬᠢ ᠴᠢᠬᠤᠯᠠ ᠪᠦᠷᠢᠯᠳᠦᠬᠦᠨ ᠬᠡᠰᠡᠭ ᠪᠣᠯᠤᠨ᠎ᠠ᠃ ᠰᠢ ᠵᠦᠴᠦᠭᠡ ᠵᠢᠨ ᠲᠤᠰᠬᠠᠢ ᠮᠡᠷᠭᠡᠵᠢᠯᠲᠡᠨ᠎ᠤ ᠦᠵᠡᠬᠦ᠎ᠪᠠᠷ᠂ ᠡᠨᠡ᠎ᠨᠢ ᠥᠭᠦᠯᠡᠵᠦ ᠳᠠᠭᠤᠯᠠᠬᠤ ᠤᠷᠠᠯᠢᠭ᠎ᠢ ᠰᠢ ᠵᠦᠴᠦᠭᠡ᠎ᠳᠤ ᠠᠭᠤᠰᠤᠭᠤᠯᠤᠨ ᠣᠷᠣᠭᠤᠯᠤᠭᠰᠠᠨ ᠨᠢᠭᠡ ᠵᠦᠢ᠍ᠯ᠎ᠤᠨ ᠬᠡᠯᠪᠡᠷᠢ ᠪᠣᠯᠤᠨ᠎ᠠ᠃ ᠭᠡᠰᠡᠷ᠎ᠤᠨ ᠲᠥᠪᠡᠳ ᠰᠢ ᠵᠦᠴᠦᠭᠡ ᠪᠣᠯ ᠤᠯᠠᠮᠵᠢᠯᠠᠯᠲᠤ ᠲᠥᠪᠡᠳ ᠰᠢ ᠵᠦᠴᠦᠭᠡ ᠵᠢᠨ ᠨᠢᠭᠡᠨ ᠤᠷᠤᠰᠬᠠᠯ ᠪᠦᠯᠦᠭ ᠪᠠᠢ᠌ᠵᠤ᠂ ᠤᠤᠯ᠎ᠨᠢ ᠰᠦᠮ᠎ᠡ ᠬᠡᠢ᠌ᠳ᠎ᠲᠤ ᠲᠣᠭᠯᠠᠵᠤ ᠪᠠᠢ᠌ᠭᠰᠠᠨ ᠪᠣᠯ ᠣᠳᠣ ᠨᠢᠭᠡᠨᠲᠡ ᠮᠣᠷᠢᠨ ᠨᠢᠷᠤᠭᠤᠨ ᠳᠡᠭᠡᠷᠡᠬᠢ ᠲᠥᠪᠡᠳ ᠰᠢ ᠵᠦᠴᠦᠭᠡ ᠵᠢᠨ ᠰᠢᠰᠲ᠋ᠧᠮ ᠪᠣᠯᠤᠨ ᠬᠤᠪᠢᠷᠠᠵᠤ᠂ ᠠᠷᠠᠳ᠎ᠤᠨ ᠳᠤᠮᠳᠠ ᠵᠢᠯ ᠪᠦᠷᠢ ᠲᠣᠭᠯᠠᠯᠲᠠ ᠭᠠᠷᠭ᠋ᠠᠳᠠᠭ ᠪᠣᠯᠣᠭᠰᠠᠨ᠎ᠠᠴᠠ᠂ ᠡᠨᠡ ᠬᠦ᠌ ᠲᠣᠭᠯᠠᠯᠲᠠ᠎ᠨᠢ ᠰᠢ ᠵᠦᠴᠦᠭᠡ ᠵᠢ ᠳᠤᠤᠯᠢ ᠵᠢᠨ ᠰᠣᠶᠣᠯ᠎ᠢ ᠤᠯᠠᠮᠵᠢᠯᠠᠨ ᠵᠠᠯᠭ᠋ᠠᠮᠵᠢᠯᠠᠬᠤ ᠴᠢᠬᠤᠯᠠ ᠠᠴᠢᠶᠠᠯᠠᠪᠤᠷᠢ ᠪᠣᠯᠭ᠋ᠠᠭᠰᠠᠨ ᠶᠤᠮ᠃
ᠡᠭᠦᠨ᠎ᠠᠴᠠ ᠭᠠᠳᠠᠨ᠎ᠠ᠂ ᠪᠠᠰᠠ ᠮᠠᠰᠢ ᠣᠯᠠᠨ ᠰᠢᠨ᠎ᠡ ᠬᠡᠯᠪᠡᠷᠢ ᠪᠠ ᠠᠴᠢᠶᠠᠯᠠᠪᠤᠷᠢ᠎ᠲᠠᠢ ᠪᠠᠢ᠌ᠳᠠᠭ᠃ ᠵᠢᠱ᠌ᠢᠶᠡᠯᠡᠪᠡᠯ᠂ ᠴᠧᠩᠳᠦ᠋ ᠴᠡᠷᠢᠭ᠎ᠤᠨ ᠲᠣᠭᠣᠷᠢᠭ᠎ᠤᠨ ᠵᠠᠨ ᠴᠢ ᠤᠷᠠᠨ ᠰᠠᠢ᠌ᠬᠠᠨ᠎ᠤ ᠪᠦᠯᠬᠦᠮ᠎ᠤᠨ ᠲᠣᠭᠯᠠᠭᠰᠠᠨ ᠦᠨᠳᠦᠰᠦᠲᠡᠨ᠎ᠤ ᠲᠤᠤᠯᠢ ᠵᠢᠨ ᠲᠣᠮᠣ ᠬᠡᠯᠪᠡᠷᠢᠲᠦ ᠪᠥᠵᠢᠭᠲᠦ ᠵᠥᠴᠦᠭᠡ 《ᠭᠡᠰᠡᠷ ᠪᠠᠭ᠋ᠠᠲᠤᠷ》 ᠪᠠ ᠤᠯᠤᠰ᠎ᠤᠨ ᠨᠢᠭᠡᠳᠦᠭᠡᠷ ᠳᠡᠰ᠎ᠤᠨ ᠠᠶᠠᠯᠭᠤ ᠵᠣᠬᠢᠶᠠᠭᠴᠢ ᠷᠠᠰᠢᠳᠠᠷᠵᠠ ᠵᠢᠨ ᠵᠤᠬᠢᠶᠠᠭᠰᠠᠨ ᠲᠣᠮᠣ ᠬᠡᠯᠪᠡᠷᠢ ᠵᠢᠨ ᠨᠠᠢ᠌ᠷᠠᠯ ᠬᠥᠭᠵᠢᠮᠲᠦ ᠬᠠᠮᠲᠤ ᠵᠢᠨ ᠢᠵᠢ ᠳᠠᠭᠤᠤ 《ᠽᠠᠮᠪᠤᠲᠢᠪ᠎ᠤᠨ ᠰᠠᠩ ᠲᠠᠬᠢᠯᠭ᠎ᠠ》 ᠵᠡᠷᠭᠡ ᠪᠤᠯᠤᠨ᠎ᠠ᠃ ᠡᠭᠦᠨ᠎ᠠᠴᠠ ᠭᠠᠳᠠᠨ᠎ᠠ᠂ ᠪᠠᠰᠠ ᠮᠠᠰᠢ ᠣᠯᠠᠨ ᠤᠷᠤᠰᠬᠠᠯ ᠳᠠᠭᠤᠤ᠎ᠨᠤᠭᠤᠳ ᠪᠣᠢ᠂ ᠵᠢᠱ᠌ᠢᠶᠡᠯᠡᠪᠡᠯ᠂ ᠶᠠᠩᠷᠦᠩᠵᠠᠯ ᠪᠤᠯᠤᠨ ᠠᠯᠤ ᠠᠷᠤᠨ᠎ᠤ ᠳᠠᠭᠤᠤ᠃ ᠡᠳᠡᠭᠡᠷ ᠰᠢᠨ᠎ᠡ ᠰᠡᠪᠡᠭᠦᠨ ᠤᠷᠠᠯᠢᠭ᠎ᠤᠨ ᠢᠯᠡᠳᠬᠡᠬᠦ ᠬᠡᠯᠪᠡᠷᠢ ᠭᠠᠷᠴᠤ ᠢᠷᠡᠬᠦ ᠵᠢ ᠳᠠᠭ᠋ᠠᠯᠳᠤᠨ ᠭᠡᠰᠡᠷᠢ ᠤᠯᠠᠮᠵᠢᠯᠠᠨ ᠳᠡᠯᠭᠡᠷᠡᠭᠦᠯᠬᠦ ᠠᠷᠭ᠎ᠠ ᠵᠠᠮ ᠴᠤ᠌ ᠨᠠᠩ ᠣᠯᠠᠰᠢᠷᠠᠭᠰᠠᠨ ᠪᠠᠢ᠌ᠳᠠᠭ᠃ ᠥᠩᠭᠡᠷᠡᠭᠰᠡᠨ᠎ᠳᠤ 《ᠭᠡᠰᠡᠷ》᠎ᠢ ᠤᠩᠰᠢᠵᠤ ᠰᠣᠨᠢᠷᠬᠠᠭᠠ ᠦᠭᠡᠢ ᠬᠥᠮᠦᠨ ᠴᠦ᠍ ᠭᠡᠰᠡᠨ ᠪᠥᠵᠢᠭᠲᠦ ᠵᠦᠴᠦᠭᠡ᠂ ᠳᠠᠭᠤᠤ ᠬᠥᠭᠵᠢᠮ ᠵᠡᠷᠭᠡ ᠤᠷᠠᠯᠢᠭ᠎ᠤᠨ ᠬᠡᠯᠪᠡᠷᠢ᠎ᠪᠠᠷ ᠳᠡᠮᠵᠢᠨ ᠭᠡᠰᠡᠷ᠎ᠤᠨ ᠲᠤᠬᠠᠢ ᠣᠢ᠌ᠯᠭ᠋ᠠᠯᠲᠠᠲᠠᠢ ᠪᠤᠯᠵᠦ ᠪᠠᠢ᠌ᠨ᠎ᠠ᠃ ᠡᠭᠦᠨ᠎ᠤ ᠵᠡᠷᠭᠡᠴᠡᠭᠡ᠎ᠪᠠᠷ᠂ ᠭᠡᠰᠡᠷ᠎ᠤᠨ ᠱᠤᠭᠤᠮᠠᠯ ᠪᠠᠷᠢᠮᠠᠯ ᠪᠠᠰᠠ ᠴᠤ᠌ ᠣᠯᠠᠨ ᠠᠷᠪᠢᠨ ᠪᠠᠢ᠌ᠳᠠᠭ᠃ ᠡᠭᠦᠨ᠎ᠠᠴᠠ ᠪᠢᠳᠠ ᠤᠯᠤᠰ᠎ᠠᠴᠠ ᠬᠠᠮᠠᠭ᠋ᠠᠯᠠᠯᠲᠠ ᠵᠢᠨ ᠠᠵᠢᠯ᠎ᠢ ᠶᠡᠬᠡ᠎ᠪᠠᠷ ᠬᠢᠭᠰᠡᠨ᠎ᠠᠴᠠ 《ᠭᠡᠰᠡᠷ》᠎ᠨᠢ ᠰᠠᠶᠢ ᠤᠷᠤᠨ ᠪᠦᠰᠡ ᠵᠢᠨ ᠴᠢᠨᠠᠷᠲᠠᠢ ᠰᠣᠶᠣᠯ ᠪᠠᠢ᠌ᠭᠰᠠᠨ᠎ᠠᠴᠠ ᠳᠤᠮᠳᠠᠳᠦ ᠵᠢᠨ ᠦᠨᠳᠦᠰᠦᠲᠡᠨ᠎ᠤ ᠬᠠᠮᠲᠤ᠎ᠪᠠᠷ ᠡᠳ᠋ᠯᠡᠬᠦ ᠰᠣᠶᠣᠯ ᠪᠣᠯᠤᠨ ᠬᠤᠪᠢᠷᠠᠭᠰᠠᠨᠢ ᠮᠡᠳᠡᠵᠦ ᠪᠣᠯᠣᠨ᠎ᠠ᠃

2012 ᠣᠨ᠎ᠳᠤ᠂ ᠴᠧᠩᠳᠦ᠋ ᠴᠡᠷᠢᠭ᠎ᠤᠨ ᠲᠣᠭᠣᠷᠢᠭ᠎ᠤᠨ ᠵᠠᠨ ᠴᠢ ᠤᠷᠠᠨ ᠰᠠᠢ᠌ᠬᠠᠨ᠎ᠤ ᠪᠦᠯᠬᠦᠮ᠎ᠤᠨ ᠲᠣᠭᠯᠠᠭᠰᠠᠨ ᠦᠨᠳᠦᠰᠦᠲᠡᠨ᠎ᠤ ᠲᠤᠤᠯᠢ ᠵᠢᠨ ᠲᠣᠮᠣ ᠬᠡᠯᠪᠡᠷᠢᠲᠦ ᠪᠥᠵᠢᠭ᠎ᠳᠦ ᠵᠥᠴᠦᠭᠡ 《ᠭᠡᠰᠡᠷ ᠪᠠᠭ᠋ᠠᠲᠤᠷ》᠎ᠢ ᠲᠥᠪᠡᠳ᠎ᠤᠨ ᠠᠷᠠᠳ᠎ᠤᠨ ᠬᠤᠷᠠᠯ᠎ᠤᠨ ᠲᠠᠩᠬᠢᠮ᠎ᠳᠤ ᠦᠪᠡᠳᠡᠭᠰᠢ ᠶᠡᠬᠡ᠎ᠪᠠᠷ ᠲᠣᠭᠯᠠᠪᠠ᠃ (ᠶᠠᠩ ᠰᠢᠦᠢ ᠰᠡᠭᠦᠳᠡᠷᠯᠡᠪᠡ)
ᠰᠤᠷᠪᠤᠯᠵᠢᠯᠠᠭᠴᠢ᠄ ᠰᠣᠶᠣᠯ ᠪᠣᠯ ᠨᠢᠭᠡ ᠦᠨᠳᠦᠰᠦᠲᠡᠨ᠎ᠤ ᠦᠶ᠎ᠡ ᠤᠯᠠᠷᠢᠨ ᠣᠷᠣᠰᠢᠨ ᠲᠣᠭᠲᠠᠨᠢᠬᠤ ᠵᠢᠨ ᠣᠶᠤᠨ ᠰᠠᠨᠠᠭ᠋ᠠᠨ᠎ᠤ ᠡᠬᠢ ᠪᠤᠯᠠᠭ ᠮᠥᠨ᠃ 《ᠭᠡᠰᠡᠷ》᠎ᠤᠨ ᠲᠤᠤᠯᠢ᠎ᠨᠢ ᠳᠤᠮᠳᠠᠳᠤ ᠵᠢᠨ ᠦᠨᠳᠦᠰᠦᠲᠡᠨ᠎ᠤ ᠬᠠᠮᠲᠤ᠎ᠪᠠᠷ ᠡᠳ᠋ᠯᠡᠬᠦ ᠰᠤᠶᠤᠯ ᠪᠤᠯᠤᠭᠰᠠᠨ ᠠᠬᠤᠢ ᠪᠠᠢ᠌ᠳᠠᠯ᠎ᠨᠢ ᠴᠠᠭ ᠦᠶ᠎ᠡ ᠵᠢᠨ ᠶᠠᠮᠠᠷ ᠦᠨ᠎ᠡ ᠥᠷᠲᠡᠭ᠎ᠲᠠᠢ ᠪᠣᠯ?
ᠯᠢ ᠵᠢᠨ᠄ 《ᠭᠡᠰᠡᠷ》᠎ᠤᠨ ᠲᠤᠤᠯᠢ ᠵᠢᠨ ᠤᠳᠤ ᠴᠠᠭ ᠦᠶ᠎ᠡ ᠵᠢᠨ ᠦᠨ᠎ᠡ ᠥᠷᠲᠡᠭ᠎ᠨᠢ ᠭᠡᠪᠡᠯ᠂ ᠲᠡᠷᠡ᠎ᠨᠢ ᠨᠡᠢ᠌ᠭᠡᠮ ᠵᠢᠷᠤᠮ᠎ᠤᠨ ᠭᠣᠣᠯᠯᠠᠭᠴᠢ ᠥᠷᠲᠡᠭ᠎ᠤᠨ ᠦᠵᠡᠯᠲᠡ᠎ᠲᠠᠢ ᠶᠠᠪ ᠴᠠᠪ ᠲᠣᠬᠢᠷᠠᠯᠴᠠᠭᠰᠠᠨ ᠰᠢᠯᠢᠳᠡᠭ ᠤᠯᠠᠮᠵᠢᠯᠠᠯᠲᠤ ᠰᠣᠶᠣᠯ ᠪᠣᠯᠬᠤ᠎ᠳᠤ᠎ᠪᠠᠨ ᠪᠠᠶ᠋ᠢᠬᠤ ᠶᠤᠮ᠃ ᠥᠩᠭᠡᠷᠡᠭᠰᠡᠨ᠎ᠳᠤ᠂ ᠲᠡᠷᠡ᠎ᠨᠢ ᠦᠨᠳᠦᠰᠦᠲᠡᠨ᠎ᠤ ᠬᠢᠵᠠᠭ᠋ᠠᠷ᠎ᠢ ᠳᠠᠪᠠᠵᠤ ᠤᠯᠠᠮᠵᠢᠯᠠᠭᠳᠠᠨ ᠲᠠᠷᠬᠠᠭᠰᠠᠨ᠎ᠤ ᠴᠢᠬᠤᠯᠠ ᠰᠢᠯᠲᠠᠭ᠋ᠠᠨ ᠪᠤᠯ᠂ ᠲᠡᠭᠦᠨ᠎ᠳᠤ ᠣᠯᠠᠨ ᠦᠨᠳᠦᠰᠦᠲᠡᠨ ᠡᠶ᠎ᠡ ᠵᠣᠬᠢᠴᠠᠨ ᠣᠷᠣᠰᠢᠨ ᠠᠮᠢᠳᠤᠷᠠᠵᠤ ᠲᠠᠢ᠌ᠪᠤᠩ ᠲᠣᠭᠲᠠᠭᠤᠨ ᠨᠡᠢ᠌ᠭᠡᠮ᠎ᠤᠨ ᠣᠷᠴᠢᠨ ᠲᠣᠭᠣᠷᠢᠨ᠎ᠢ ᠪᠣᠢ ᠪᠣᠯᠭ᠋ᠠᠭ᠋ᠠᠳ ᠳᠠᠶ᠋ᠢᠨ ᠳᠠᠵᠢᠨ᠎ᠤ ᠬᠥᠯ᠎ᠠᠴᠠ ᠠᠷᠠᠳ ᠲᠦᠮᠡᠨ᠎ᠢ ᠠᠪᠤᠷᠠᠨ ᠵᠠᠶ᠋ᠢᠯᠠᠭᠤᠯᠬᠤ ᠭᠡᠰᠡᠨ ᠬᠦᠰᠡᠯ ᠡᠷᠡᠮᠡᠯᠵᠡᠯ᠎ᠢ ᠲᠤᠰᠬᠠᠭᠰᠠᠨ᠎ᠠᠴᠠ ᠶᠤᠮ᠃ ᠡᠨᠡ ᠬᠦ᠌ ᠭᠣᠣᠯᠯᠠᠬᠤ ᠥᠷᠲᠡᠭ᠎ᠤᠨ ᠦᠵᠡᠯᠲᠡ᠎ᠨᠢ ᠨᠡᠢ᠌ᠭᠡᠮ ᠵᠢᠷᠤᠮ᠎ᠤᠨ ᠭᠣᠣᠯᠯᠠᠭᠴᠢ ᠥᠷᠲᠡᠭ᠎ᠤᠨ ᠦᠵᠡᠯᠲᠡ᠎ᠲᠠᠢ ᠲᠣᠬᠢᠷᠠᠯᠴᠠᠵᠤ ᠪᠠᠢ᠌ᠳᠠᠭ᠃
ᠨᠠᠮ᠎ᠤᠨ ᠬᠣᠷᠢᠳᠤᠭ᠋ᠠᠷ ᠶᠡᠬᠡ ᠬᠤᠷᠠᠯ ᠳᠡᠭᠡᠷ᠎ᠡ᠂ ᠳᠤᠮᠳᠠᠳᠤ ᠤᠯᠤᠰ᠎ᠤᠨ ᠡᠪ ᠬᠠᠮᠲᠤ ᠨᠠᠮ ᠬᠥᠮᠦᠨ ᠲᠥᠷᠥᠯᠬᠢᠲᠡᠨ᠎ᠤ ᠪᠣᠯᠪᠠᠰᠤᠨ᠎ᠤ ᠰᠢᠨ᠎ᠡ ᠬᠡᠯᠪᠡᠷᠢ ᠵᠢ ᠡᠭᠦᠳᠦᠨ ᠪᠦᠲᠦᠭᠡᠯ᠎ᠡ ᠭᠡᠵᠦ ᠳᠤᠷᠠᠳᠪᠠ᠃ ᠬᠥᠮᠦᠨ ᠲᠥᠷᠥᠯᠬᠢᠲᠡᠨ᠎ᠤ ᠪᠣᠯᠪᠠᠰᠤᠨ᠎ᠤ ᠰᠢᠨ᠎ᠡ ᠬᠡᠯᠪᠡᠷᠢ ᠵᠢᠨ ᠬᠠᠮᠤᠭ᠎ᠤᠨ ᠴᠢᠬᠤᠯᠠ ᠠᠭᠤᠯᠤᠭᠳᠠᠬᠤᠨ᠎ᠤ ᠨᠢᠭᠡ ᠪᠣᠯ᠂ ᠳᠤᠮᠳᠠᠳᠤ ᠵᠢᠨ ᠦᠨᠳᠦᠰᠦᠲᠡᠨ ᠪᠣᠯ ᠨᠢᠭᠡᠨ ᠬᠠᠮᠲᠤ ᠵᠢᠨ ᠴᠣᠭᠴᠠ ᠭᠡᠰᠡᠨ ᠦᠵᠡᠯᠲᠡ ᠪᠣᠯᠣᠨ᠎ᠠ᠂ ᠡᠨᠡ ᠬᠦ᠌ ᠣᠢ᠌ᠯᠠᠭ᠋ᠠᠭᠳᠠᠬᠤᠨ 《ᠭᠡᠰᠡᠷ》᠎ᠤᠨ ᠭᠣᠣᠯᠯᠠᠬᠤ ᠥᠷᠲᠡᠭ᠎ᠤᠨ ᠦᠵᠡᠯᠲᠡ ᠵᠢᠨ ᠳᠣᠲᠣᠷ᠎ᠠ ᠮᠥᠨ ᠠᠳᠠᠯᠢᠬᠠᠨ ᠵᠶ᠋ᠠᠷ ᠪᠦᠷᠢᠨ ᠭᠦᠢ᠍ᠴᠡᠳ ᠲᠤᠰᠬᠠᠭᠳᠠᠭᠰᠠᠨ ᠪᠠᠶ᠋ᠢᠳᠠᠭ᠃ ᠦᠨᠳᠦᠰᠦᠲᠡᠨ ᠠᠯᠤᠰᠯᠠᠨ ᠤᠯᠠᠮᠵᠢᠯᠠᠨ ᠲᠠᠷᠬᠠᠭᠰᠠᠨ ᠲᠡᠦᠬᠡᠨ ᠣᠨᠴᠠᠯᠢᠭ᠎ᠨᠢ ᠴᠤ᠌ 《ᠭᠡᠰᠡᠷ》᠎ᠢ ᠣᠯᠠᠨ ᠦᠨᠳᠦᠰᠦᠲᠡᠨ ᠬᠦᠯᠢᠶᠡᠨ ᠵᠥᠪᠰᠢᠶᠡᠷᠡᠵᠦ ᠴᠢᠳᠠᠬᠤ ᠵᠢ ᠲᠣᠳᠣᠷᠬᠠᠢ ᠬᠠᠷᠠᠭᠤᠯᠵᠤ ᠪᠠᠶ᠋ᠢᠨ᠎ᠠ᠃ ᠡᠢ᠌ᠮᠦ᠎ᠠᠴᠠ ᠪᠢ᠂ 《ᠭᠡᠰᠡᠷ》᠎ᠢ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠣᠶᠣᠨ ᠰᠠᠨᠠᠭ᠋ᠠᠨ᠎ᠤ ᠭᠡᠷ ᠣᠷᠣᠨ᠎ᠤ ᠴᠢᠬᠤᠯᠠ ᠪᠦᠷᠢᠯᠳᠦᠬᠦᠨ ᠬᠡᠰᠡᠭ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠣᠶᠤᠨ ᠰᠠᠨᠠᠭ᠋ᠠᠨ᠎ᠤ ᠡᠳ᠋ ᠪᠠᠶᠠᠯᠢᠭ ᠮᠥᠨ ᠭᠡᠵᠦ ᠦᠵᠡᠳᠡᠭ᠃
ᠰᠤᠷᠪᠤᠯᠵᠢᠯᠠᠭ᠎ᠠ ᠵᠢ ᠬᠦᠯᠢᠶᠡᠨ ᠠᠪᠤᠭᠴᠢ ᠵᠢᠨ ᠲᠣᠪᠴᠢ ᠲᠠᠨᠢᠯᠴᠠᠭᠤᠯᠭ᠎ᠠ᠄

ᠯᠢ ᠵᠢᠨ᠂ ᠬᠥᠮᠦᠨ ᠲᠥᠷᠥᠯᠬᠢᠲᠡᠨ᠎ᠤ ᠰᠤᠳᠤᠯᠤᠯ᠎ᠤᠨ ᠳ᠋ᠣᠺᠲ᠋ᠣᠷ᠃ ᠰᠧᠴᠤᠸᠠᠨ ᠶᠡᠬᠡ ᠰᠤᠷᠭ᠋ᠠᠭᠤᠯᠢ ᠵᠢᠨ ᠳᠤᠮᠳᠠᠳᠤ ᠤᠯᠤᠰ᠎ᠤᠨ ᠲᠥᠪᠡᠳ ᠰᠤᠳᠤᠯᠤᠯ᠎ᠤᠨ ᠭᠠᠵᠠᠷ᠎ᠤᠨ ᠫᠷᠣᠹᠧᠰᠰᠣᠷ᠂ ᠳ᠋ᠤᠺᠲ᠋ᠤᠷᠠᠨᠲ᠎ᠤᠨ ᠵᠢᠯᠣᠭᠣᠳᠤᠭᠴᠢ ᠪᠠᠭᠰᠢ᠃ ᠬᠥᠮᠦᠨ ᠲᠥᠷᠥᠯᠬᠢᠲᠡᠨ᠎ᠤ ᠰᠤᠳᠤᠯᠤᠯ᠎ᠤᠨ ᠣᠨᠣᠯ ᠪᠠ ᠠᠷᠭ᠎ᠠ᠂ ᠲᠥᠪᠡᠳ ᠦᠨᠳᠦᠰᠦᠲᠡᠨ᠎ᠤ ᠨᠡᠢ᠌ᠭᠡᠮ ᠪᠣᠯᠤᠨ ᠰᠣᠶᠣᠯ᠂ ᠲᠥᠪᠡᠳ ᠢ ᠵᠢᠨ ᠬᠣᠩᠭᠢᠯ ᠵᠡᠷᠭᠡ ᠲᠠᠯ᠎ᠠ᠎ᠪᠠᠷ ᠰᠤᠳᠤᠯᠭ᠋ᠠᠨ ᠬᠢᠳᠡᠭ᠃ ᠳᠤᠮᠳᠠᠳᠤ ᠤᠯᠤᠰ᠎ᠤᠨ ᠪᠠᠷᠠᠭᠤᠨ ᠡᠮᠦᠨᠡᠲᠦ ᠵᠢᠨ ᠦᠨᠳᠦᠰᠦᠲᠡᠨ᠎ᠤ ᠰᠤᠳᠤᠯᠭ᠋ᠠᠨ᠎ᠤ ᠬᠤᠷᠠᠯ᠎ᠤᠨ ᠳᠡᠳ᠋ ᠳᠠᠷᠤᠭ᠎ᠠ᠂ ᠰᠧᠴᠤᠸᠠᠨ ᠮᠣᠵᠢ ᠵᠢᠨ ᠠᠷᠠᠳ᠎ᠤᠨ ᠤᠷᠠᠯᠢᠭᠴᠢᠳ᠎ᠤᠨ ᠨᠡᠢ᠌ᠭᠡᠮᠯᠢᠭ᠎ᠤᠨ ᠳᠡᠳ᠋ ᠲᠡᠷᠢᠭᠦᠯᠡᠭᠴᠢ᠂ ᠰᠧᠴᠤᠸᠠᠨ ᠮᠣᠵᠢ ᠵᠢᠨ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭ᠋ᠠᠯᠠᠬᠤ ᠨᠡᠢ᠌ᠭᠡᠮᠯᠢᠭ᠎ᠤᠨ ᠲᠤᠰᠬᠠᠢ ᠮᠡᠷᠭᠡᠵᠢᠯᠲᠡᠨ᠎ᠤ ᠵᠥᠪᠯᠡᠯ᠎ᠤᠨ ᠳᠡᠳ᠋ ᠡᠷᠬᠢᠯᠡᠭᠴᠢ᠂ ᠰᠧᠴᠤᠸᠠᠨ ᠮᠣᠵᠢ ᠵᠢᠨ ᠳᠡᠯᠡᠬᠡᠢ ᠵᠢᠨ ᠰᠣᠶᠣᠯ᠎ᠤᠨ ᠥᠪ᠎ᠤᠨ ᠲᠤᠰᠬᠠᠢ ᠮᠡᠷᠭᠡᠵᠢᠯᠲᠡᠨ᠎ᠤ ᠵᠥᠪᠯᠡᠯ᠎ᠤᠨ ᠭᠡᠰᠢᠭᠦᠨ ᠵᠡᠷᠭᠡ ᠲᠤᠰᠢᠶᠠᠯ᠎ᠢ ᠡᠭᠦᠷᠭᠡᠯᠡᠵᠦ ᠪᠣᠢ᠃
ᠣᠷᠴᠢᠭᠤᠯᠤᠭᠴᠢ᠄ ᠭᠡᠷᠡᠯᠲᠦ
ᠬᠢᠨᠠᠨ ᠨᠠᠢ᠌ᠷᠠᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠨᠠᠢ᠌ᠷᠠᠭᠤᠯᠤᠭᠴᠢ᠄ ᠪᠠᠶᠠᠨᠴᠢᠮᠡᠭ