ᠮᠠᠨ᠎ᠤ ᠭᠡᠷᠡᠯ ᠰᠠᠴᠤᠷᠠᠩᠭᠤᠢ ᠰᠣᠶᠣᠯ᠎ᠢ ᠦᠨᠳᠦᠰᠦᠲᠡᠨ᠎ᠨᠦᠭᠦᠳ ᠬᠠᠮᠲᠤ᠎ᠪᠠᠷ ᠡᠭᠦᠳᠦᠨ ᠪᠦᠲᠦᠭᠡᠭᠰᠡᠨ ᠶᠤᠮ᠃ ᠳᠤᠮᠳᠠᠳᠤ ᠵᠢᠨ ᠰᠣᠶᠣᠯ ᠪᠣᠯ ᠦᠨᠳᠦᠰᠦᠲᠡᠨ᠎ᠨᠦᠭᠦᠳ᠎ᠤᠨ ᠰᠣᠶᠣᠯ᠎ᠤᠨ ᠶᠡᠬᠡ ᠬᠤᠷᠠᠮᠳᠤᠯ ᠮᠥᠨ᠃ ᠮᠠᠨ᠎ᠤ ᠤᠯᠤᠰ᠎ᠤᠨ ᠦᠨᠳᠦᠰᠦᠲᠡᠨ᠎ᠨᠦᠭᠦᠳ ᠰᠢᠯᠦᠭᠯᠡᠯᠲᠦ ᠨᠣᠮ᠂ ᠴᠦ᠋ ᠵᠢᠨ ᠤᠶᠠᠩᠭ᠎ᠠ᠂ ᠬᠠᠨ᠎ᠤ ᠮᠠᠭᠲᠠᠭᠤ᠂ ᠲᠠᠩ᠎ᠤᠨ ᠰᠢᠯᠦᠭ᠂ ᠰᠥᠩ᠎ᠤᠨ ᠳᠠᠭᠤᠯᠠᠯ᠂ ᠶᠤᠸᠠᠨ᠎ᠤ ᠳᠠᠭᠤᠷᠢᠯᠢᠭ᠂ ᠮᠢᠩ ᠴᠢᠩ᠎ᠤᠨ ᠦᠯᠢᠭᠡᠷ᠎ᠤᠨ ᠵᠣᠬᠢᠶᠠᠯ ᠵᠡᠷᠭᠡ ᠠᠭᠤᠤ ᠶᠡᠬᠡ ᠪᠦᠲᠦᠭᠡᠯ᠎ᠢ ᠵᠣᠬᠢᠶᠠᠨ ᠪᠦᠲᠦᠭᠡᠵᠦ᠂ ᠭᠡᠰᠡᠷ ᠸᠠᠩ᠂ ᠮᠠᠨᠠᠰ᠂ ᠵᠠᠩᠭ᠋ᠠᠷ ᠵᠡᠷᠭᠡ ᠰᠡᠳᠬᠢᠯ ᠳᠣᠭᠳᠣᠯᠤᠭᠤᠯᠤᠮ᠎ᠠ ᠠᠭᠤᠤ ᠶᠡᠬᠡ ᠲᠤᠤᠯᠢᠰ᠎ᠢ ᠤᠯᠠᠮᠵᠢᠯᠠᠨ ᠵᠠᠯᠭ᠋ᠠᠮᠵᠢᠯᠠᠭᠰᠠᠨ ᠪᠠ ᠲᠦᠮᠡᠨ ᠭᠠᠵᠠᠷ᠎ᠤᠨ ᠤᠷᠲᠤ ᠴᠠᠭ᠋ᠠᠨ ᠬᠡᠷᠡᠮ᠂ ᠳ᠋ᠦ᠋ ᠵᠢᠶᠠᠩ ᠶᠠᠨ ᠬᠠᠰᠢᠯᠭ᠎ᠠ᠂ ᠶᠡᠬᠡ ᠲᠠᠲᠠᠮᠠᠯ ᠭᠣᠣᠯ᠂ ᠬᠠᠭ᠋ᠠᠨ᠎ᠤ ᠣᠷᠳᠣᠨ᠂ ᠪᠣᠳᠠᠯᠠ ᠣᠷᠳᠣᠨ᠂ ᠳᠠᠯᠳᠠ ᠰᠤᠪᠠᠭ᠎ᠲᠤ ᠬᠤᠳᠳᠤᠭ ᠵᠡᠷᠭᠡ ᠠᠭᠤᠤ ᠶᠡᠬᠡ ᠢᠨᠵᠧᠨᠧᠷᠢᠩ᠎ᠢ ᠪᠦᠲᠦᠭᠡᠨ ᠪᠠᠢ᠌ᠭᠤᠯᠤᠭᠰᠠᠨ ᠶᠤᠮ᠃
— ᠶᠡᠷᠦᠩᠬᠡᠢ ᠱᠦᠵᠢ ᠰᠢ ᠵᠢᠨ ᠫᠢᠩ᠎ᠤᠨ 2019 ᠣᠨ᠎ᠤ ᠪᠥᠬᠥ ᠤᠯᠤᠰ᠎ᠤᠨ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠬᠥᠬᠢᠭᠦᠯᠦᠨ ᠰᠠᠢ᠌ᠰᠢᠶᠠᠬᠤ ᠬᠤᠷᠠᠯ ᠳᠡᠭᠡᠷᠡᠬᠢ ᠶᠠᠷᠢᠶ᠎ᠠ
▲ ᠰᠢᠨᠵᠢᠶᠠᠩ᠎ᠤᠨ ᠾᠸᠵᠢᠩ ᠰᠢᠶᠠᠨ᠎ᠳᠤ ᠶᠠᠪᠤᠭᠳᠠᠭᠰᠠᠨ 《ᠵᠠᠩᠭ᠋ᠠᠷ᠎ᠤᠨ ᠨᠠᠭ᠋ᠠᠳᠤᠮ — ᠰᠣᠶᠣᠯ ᠵᠢᠭᠤᠯᠴᠢᠯᠠᠯ ᠪᠣᠳᠠᠰ᠎ᠤᠨ ᠪᠤᠰᠤ ᠰᠣᠶᠣᠯ᠎ᠢ ᠪᠡᠶᠡᠴᠢᠯᠡᠨ ᠣᠢ᠌ᠯᠠᠭ᠋ᠠᠬᠤ ᠬᠥᠳᠡᠯᠭᠡᠭᠡᠨ》᠎ᠳᠤ ᠮᠠᠯᠴᠢᠳ ᠠᠬᠤᠢ ᠲᠠᠯᠠᠪᠠᠢ᠎ᠳᠤ ᠵᠦᠴᠦᠭᠡ ᠲᠣᠭᠯᠠᠵᠤ ᠪᠠᠢ᠌ᠭ᠎ᠠ᠎ᠨᠢ᠃ (ᠬᠣ᠌ ᠬᠤ᠌ ᠬᠤ᠌ ᠰᠡᠭᠦᠳᠡᠷᠯᠡᠪᠡ)
ᠰᠦ᠎ᠲᠠᠢ ᠴᠠᠢ ᠵᠢᠨ ᠦᠨᠦᠷ ᠬᠠᠩᠬᠤᠯᠤᠭᠰᠠᠨ ᠮᠣᠩᠭᠣᠯ ᠭᠡᠷ᠎ᠲᠤ ᠮᠣᠩᠭᠣᠯ ᠦᠨᠳᠦᠰᠦᠲᠡᠨ᠎ᠤ ᠤᠯᠠᠮᠵᠢᠯᠠᠯᠲᠤ ᠬᠥᠭᠵᠢᠮ ᠪᠣᠯᠬᠤ ᠲᠣᠪᠰᠢᠭᠤᠷᠢ ᠬᠥᠭᠵᠢᠮᠳᠡᠭᠰᠡᠨ ᠨᠢᠭᠡᠨ ᠨᠠᠰᠤᠲᠠᠨ᠂ ᠬᠦᠩᠭᠢᠨᠡᠮ᠎ᠡ ᠬᠣᠭᠣᠯᠠᠢ᠎ᠪᠠᠷ ᠬᠥᠭᠵᠢᠮ ᠬᠠᠪᠰᠤᠷᠭ᠋ᠠᠨ ᠬᠠᠢ᠌ᠯᠠᠨ ᠳᠠᠭᠤᠯᠠᠨ᠎ᠠ᠃ ᠡᠨᠡ᠎ᠨᠢ ᠵᠠᠩᠭ᠋ᠠᠷ᠎ᠤᠨ ᠬᠥᠮᠦᠨ᠎ᠤ ᠶᠢᠷᠲᠢᠨᠴᠦ᠎ᠳᠤ ᠮᠡᠨᠳᠦᠯᠡᠭᠰᠡᠨ᠎ᠠᠴᠠ ᠡᠬᠢᠯᠡᠨ ᠠᠷᠰᠯᠠᠨ ᠪᠠᠭ᠋ᠠᠲᠤᠷᠴᠤᠳ ᠵᠶ᠋ᠠᠨ ᠳᠠᠭ᠋ᠠᠭᠤᠯᠤᠨ ᠮᠠᠩᠭᠤᠰᠢ ᠳᠠᠷᠤᠵᠤ ᠪᠤᠮᠪᠠ ᠵᠢᠨ ᠣᠷᠣᠨ ᠵᠶ᠋ᠠᠨ ᠪᠦᠲᠦᠭᠡᠨ ᠪᠠᠢ᠌ᠭᠤᠯᠤᠭᠰᠠᠨ ᠦᠯᠢᠭᠡᠷ᠎ᠢ ᠮᠠᠭᠲᠠᠨ ᠳᠠᠭᠤᠯᠠᠨ᠎ᠠ᠂ ᠬᠠᠢ᠌ᠯᠠᠨ ᠳᠠᠭᠤᠯᠠᠬᠤ᠎ᠳᠤ ᠬᠥᠭ ᠠᠢ᠌ᠵᠠᠮ᠎ᠨᠢ ᠵᠠᠷᠢᠮ᠎ᠳᠤ᠎ᠪᠠᠨ ᠣᠭᠵᠣᠮ ᠳᠣᠯᠭᠢᠨ ᠵᠠᠷᠢᠮ᠎ᠳᠤ᠎ᠪᠠᠨ ᠤᠶᠠᠨ ᠵᠥᠭᠡᠯᠡᠨ ᠪᠠᠢ᠌ᠪᠠ᠃ ᠲᠣᠭᠣᠷᠢᠨ ᠰᠠᠭᠤᠭᠰᠠᠨ ᠡᠷᠡᠭᠲᠡᠢ ᠡᠮᠡᠭᠲᠡᠢ ᠬᠥᠭᠰᠢᠨ ᠵᠠᠯᠠᠭᠤ ᠭᠡᠰᠡᠨ ᠦᠭᠡᠢ ᠪᠦᠭᠦᠳᠡᠭᠡᠷ ᠵᠶ᠋ᠡᠨ ᠨᠠᠰᠤᠲᠠᠨ᠎ᠤ ᠬᠠᠢ᠌ᠯᠠᠵᠤ ᠪᠠᠢ᠌ᠭ᠎ᠠ ᠲᠤᠤᠯᠢ ᠵᠢᠨ ᠳᠠᠯᠠᠢ᠎ᠳᠤ ᠱᠤᠮᠪᠠᠭ᠋ᠠᠳ ᠵᠠᠷᠢᠮ᠎ᠳᠤ᠎ᠪᠠᠨ ᠪᠠᠭ᠋ᠠᠲᠤᠷ᠎ᠤᠨ ᠤᠴᠠᠷᠠᠯ᠎ᠳᠤ ᠤᠶᠠᠷᠠᠨ ᠨᠢᠯᠪᠤᠰᠤ ᠤᠨᠠᠭ᠋ᠠᠵᠤ᠂ ᠵᠠᠷᠢᠮ᠎ᠳᠤ᠎ᠪᠠᠨ ᠪᠠᠭ᠋ᠠᠲᠤᠷ᠎ᠤᠨ ᠢᠯᠠᠯᠲᠠ᠎ᠳᠤ ᠬᠥᠭᠰᠡᠨ ᠤᠷᠠᠢ ᠬᠠᠰᠭᠢᠷᠤᠨ᠎ᠠ ᠁ ᠡᠨᠡ ᠪᠣᠯ ᠰᠢᠨᠵᠢᠶᠠᠩ᠎ᠤᠨ ᠠᠯᠲᠠᠢ ᠵᠢᠨ ᠲᠠᠯ᠎ᠠ ᠨᠤᠲᠤᠭ᠎ᠲᠤ 《ᠵᠠᠩᠭ᠋ᠠᠷ》᠎ᠤᠨ ᠲᠤᠤᠯᠢ ᠵᠢ ᠤᠯᠠᠮᠵᠢᠯᠠᠨ ᠬᠠᠢ᠌ᠯᠠᠵᠤ ᠪᠠᠢ᠌ᠭ᠎ᠠ ᠠᠬᠤᠢ ᠦᠵᠡᠭᠳᠡᠯ ᠪᠣᠯᠬᠤ ᠮᠥᠷᠲᠡᠭᠡᠨ ᠵᠠᠭᠤ ᠮᠢᠩᠭ᠋ᠠᠨ ᠵᠢᠯ ᠵᠶ᠋ᠡᠷ ᠡᠨᠡ ᠬᠦ᠌ ᠨᠤᠲᠤᠭ᠎ᠲᠤ ᠳᠠᠬᠢᠨ ᠳᠠᠪᠲᠠᠨ ᠲᠣᠭᠯᠠᠭᠳᠠᠭᠰᠠᠨ ᠠᠬᠤᠢ ᠦᠵᠡᠭᠳᠡᠯ ᠪᠣᠯᠣᠨ᠎ᠠ᠃
ᠮᠣᠩᠭᠣᠯ ᠦᠨᠳᠦᠰᠦᠲᠡᠨ᠎ᠤ ᠠᠯᠳᠠᠷᠲᠤ ᠪᠠᠭ᠋ᠠᠲᠤᠷᠯᠢᠭ ᠲᠤᠤᠯᠢ 《ᠵᠠᠩᠭ᠋ᠠᠷ》 ᠪᠣᠯ ᠶᠠᠭ ᠯᠠ ᠠᠯᠲᠠᠢ ᠠᠭᠤᠯᠠᠨ᠎ᠠᠴᠠ ᠡᠬᠢ ᠠᠪᠤᠭᠰᠠᠨ ᠭᠣᠣᠯ ᠮᠥᠷᠡᠨ ᠮᠡᠲᠦ᠂ ᠠᠯᠢ ᠡᠷᠲᠡᠨ᠎ᠤ ᠠᠯᠤᠰ ᠲᠡᠷᠲᠡᠭᠡ᠎ᠠᠴᠠ ᠳᠣᠯᠭᠢᠶᠠᠯᠠᠨ ᠤᠷᠤᠰᠴᠤ᠂ ᠲᠤᠬᠠᠢ ᠵᠢᠨ ᠭᠠᠵᠠᠷ᠎ᠤᠨ ᠮᠣᠩᠭᠣᠯ ᠦᠨᠳᠦᠰᠦᠲᠡᠨ᠎ᠤ ᠥᠬᠢᠳ ᠬᠥᠪᠡᠭᠦᠳ᠎ᠤᠨ ᠣᠶᠣᠨ ᠤᠬᠠᠭ᠋ᠠᠨ᠎ᠢ ᠦᠶ᠎ᠡ ᠳᠠᠮᠵᠢᠨ ᠤᠮᠳᠠᠯᠠᠨ ᠰᠢᠮᠡᠵᠢᠭᠦᠯᠦᠭᠰᠡᠭᠡᠷ ᠢᠷᠠᠵᠠᠢ᠃ 《ᠵᠠᠩᠭ᠋ᠠᠷ》᠎ᠤᠨ ᠲᠤᠤᠯᠢ᠎ᠳᠤ ᠵᠠᠩᠭ᠋ᠠᠷ ᠵᠶ᠋ᠠᠷ ᠠᠬᠠᠯᠠᠭᠤᠯᠤᠭᠰᠠᠨ 12 ᠠᠷᠰᠯᠠᠨ ᠪᠠᠭ᠋ᠠᠲᠤᠷ ᠪᠣᠯᠣᠨ ᠬᠡᠳᠦᠨ ᠮᠢᠩᠭ᠋ᠠᠨ ᠡᠷᠡᠯᠬᠡᠭ ᠳᠠᠢ᠌ᠴᠢᠳ ᠪᠤᠮᠪᠠ ᠵᠢᠨ ᠣᠷᠣᠨ ᠵᠶ᠋ᠠᠨ ᠬᠠᠮᠠᠭ᠋ᠠᠯᠠᠬᠤ ᠵᠢᠨ ᠲᠥᠯᠥᠭᠡ᠂ ᠭᠠᠵᠢᠭᠤ ᠡᠲᠡᠭᠡᠳ ᠪᠤᠷᠤᠭᠤ ᠨᠣᠮᠲᠠᠳᠲᠠᠢ ᠬᠠᠲᠠᠭᠤᠵᠢᠯᠲᠠᠢ ᠲᠡᠮᠡᠴᠡᠭᠰᠡᠨ ᠪᠠ ᠳᠠᠢ᠌ᠰᠤᠨ ᠵᠶ᠋ᠠᠨ ᠳᠠᠷᠤᠵᠤ ᠳᠠᠷᠬᠠᠨ ᠴᠣᠯᠠ᠎ᠪᠠᠨ ᠮᠠᠨᠳᠤᠭᠤᠯᠤᠭᠰᠠᠨ ᠦᠯᠢᠭᠡᠷ᠎ᠢ ᠲᠣᠭ᠋ᠠᠴᠢᠵᠤ᠂ ᠮᠣᠩᠭᠣᠯ ᠦᠨᠳᠦᠰᠦᠲᠡᠨ᠎ᠤ ᠠᠷᠠᠳ ᠲᠦᠮᠡᠨ᠎ᠤ ᠰᠠᠢ᠌ᠨ ᠰᠠᠢ᠌ᠬᠠᠨ ᠠᠮᠢᠳᠤᠷᠠᠯ᠎ᠤᠨ ᠬᠦᠰᠡᠯ ᠡᠷᠡᠮᠡᠯᠵᠡᠯ᠎ᠢ ᠲᠤᠰᠬᠠᠵᠤ ᠪᠠᠭ᠋ᠠᠲᠤᠷᠯᠢᠭ ᠦᠵᠡᠯ ᠪᠣᠯᠣᠨ ᠬᠦᠰᠡᠬᠦᠢ᠌ᠴᠢ ᠦᠵᠡᠯ᠎ᠤᠨ ᠥᠩᠭᠡ ᠪᠣᠳᠣᠭ ᠵᠶ᠋ᠠᠷ ᠪᠢᠯᠬᠠᠮ᠎ᠠ ᠪᠠᠢ᠌ᠳᠠᠭ᠃
ᠣᠯᠠᠩᠬᠢ ᠡᠷᠳᠡᠮᠲᠡᠳ 《ᠵᠠᠩᠭ᠋ᠠᠷ》᠎ᠢ ᠬᠠᠮᠤᠭ᠎ᠤᠨ ᠡᠷᠲᠡ᠎ᠳᠤ᠎ᠪᠠᠨ 13 ᠳ᠋ᠤᠭ᠋ᠠᠷ ᠵᠠᠭᠤᠨ᠎ᠤ ᠦᠶ᠎ᠡ᠎ᠳᠤ ᠡᠭᠦᠰᠦᠯ᠎ᠡ ᠭᠡᠵᠦ ᠦᠵᠡᠳᠡᠭ᠃ 《ᠵᠠᠩᠭ᠋ᠠᠷ》᠎ᠨᠢ ᠡᠯᠪᠡᠭ ᠪᠠᠶᠠᠯᠢᠭ ᠨᠡᠢ᠌ᠭᠡᠮ᠂ ᠲᠡᠦᠬᠡ᠂ ᠰᠣᠶᠣᠯ᠎ᠤᠨ ᠠᠭᠤᠯᠭ᠎ᠠ ᠪᠣᠯᠣᠨ ᠭᠠᠷᠮᠠᠭ᠋ᠠᠢ ᠤᠷᠠᠯᠢᠭ᠎ᠤᠨ ᠠᠮᠵᠢᠯᠲᠠ᠎ᠪᠠᠷ ᠵᠶ᠋ᠠᠨ ᠮᠣᠩᠭᠣᠯ ᠦᠨᠳᠦᠰᠦᠲᠡᠨ᠎ᠤ ᠨᠡᠢ᠌ᠭᠡᠮ᠎ᠤᠨ ᠬᠥᠭᠵᠢᠯᠲᠡ ᠵᠢᠨ ᠲᠡᠦᠬᠡ᠂ ᠦᠵᠡᠯ ᠰᠠᠨᠠᠭ᠋ᠠᠨ᠎ᠤ ᠲᠡᠦᠬᠡ᠂ ᠰᠣᠶᠣᠯ᠎ᠤᠨ ᠲᠡᠦᠬᠡ᠂ ᠤᠷᠠᠨ ᠵᠣᠬᠢᠶᠠᠯ᠎ᠤᠨ ᠲᠡᠦᠬᠡᠨ᠎ᠳᠤ ᠴᠢᠬᠤᠯᠠ ᠪᠠᠢ᠌ᠷᠢ ᠰᠠᠭᠤᠷᠢ ᠵᠢ ᠡᠵᠡᠯᠡᠵᠦ᠂ 《ᠭᠡᠰᠡᠷ》᠂ 《ᠮᠠᠨᠠᠰ》᠎ᠲᠠᠢ ᠬᠠᠮᠲᠤ᠎ᠳᠤ᠎ᠪᠠᠨ 《ᠳᠤᠮᠳᠠᠳᠤ ᠤᠯᠤᠰ᠎ᠤᠨ ᠴᠥᠭᠡᠨ ᠲᠣᠭ᠋ᠠᠲᠤ ᠦᠨᠳᠦᠰᠦᠲᠡᠨ᠎ᠤ ᠭᠤᠷᠪᠠᠨ ᠶᠡᠬᠡ ᠲᠤᠤᠯᠢ》 ᠬᠡᠮᠡᠭᠳᠡᠭᠰᠡᠨ ᠶᠤᠮ᠃
ᠠᠬᠤᠢ ᠲᠠᠯᠠᠪᠠᠢ᠎ᠳᠤ ᠤᠷᠭᠤᠭ᠎ᠠ ᠬᠠᠢ᠌ᠯᠠᠬᠤ ᠪᠣᠯᠣᠨ ᠠᠭᠤᠰᠤᠯᠴᠠᠨ ᠨᠠᠷᠭᠢᠯᠳᠤᠬᠤ᠎ᠨᠢ ᠠᠮᠠᠨ ᠲᠤᠤᠯᠢ ᠵᠢᠨ ᠬᠠᠮᠤᠭ᠎ᠠᠴᠠ ᠬᠦᠮᠦᠨ᠎ᠤ ᠰᠡᠳᠬᠢᠯ᠎ᠢ ᠬᠥᠳᠡᠯᠭᠡᠮ᠎ᠡ ᠣᠨᠴᠠᠯᠢᠭ᠎ᠨᠢ ᠶᠤᠮ᠃ 《ᠵᠠᠩᠭ᠋ᠠᠷ》᠎ᠤᠨ ᠤᠷᠲᠤ ᠤᠳᠠᠭ᠋ᠠᠨ ᠤᠯᠠᠮᠵᠢᠯᠠᠯ᠎ᠤᠨ ᠶᠠᠪᠤᠴᠠ᠎ᠳᠤ᠂ ᠵᠠᠩᠭ᠋ᠠᠷᠴᠢᠳ ᠨᠤᠲᠤᠭ ᠲᠣᠭᠣᠷᠢᠨ ᠬᠠᠢ᠌ᠯᠠᠬᠤᠳᠤᠪᠠᠨ ᠲᠠᠰᠤᠷᠠᠯᠲᠠ ᠦᠭᠡᠢ ᠪᠣᠯᠪᠠᠰᠤᠷᠠᠭᠤᠯᠬᠤ᠂ ᠨᠠᠢ᠌ᠷᠠᠭᠵᠢᠭᠤᠯᠬᠤ ᠪᠣᠯᠣᠨ ᠰᠢᠨᠡᠴᠢᠯᠡᠬᠦ᠎ᠪᠠᠷ ᠳᠠᠮᠵᠢᠭ᠋ᠠᠳ ᠲᠤᠤᠯᠢ ᠵᠢᠨ ᠠᠭᠤᠯᠭ᠎ᠠ ᠵᠢ᠎ᠨᠢ ᠢᠳᠡᠭ ᠢᠳᠡᠭ ᠵᠶ᠋ᠡᠷ ᠪᠠᠶᠠᠯᠢᠭᠵᠢᠭᠤᠯᠵᠤ᠂ ᠬᠠᠭᠤᠳᠠᠰᠤ ᠬᠡᠮᠵᠢᠶ᠎ᠡ ᠵᠢ᠎ᠨᠢ ᠲᠠᠰᠤᠷᠠᠯᠲᠠ ᠦᠭᠡᠢ ᠨᠡᠮᠡᠭᠳᠡᠭᠦᠯᠦᠭᠰᠡᠭᠡᠷ ᠢᠷᠠᠵᠠᠢ᠂ ᠡᠳᠦᠭᠡ ᠪᠣᠯᠲᠠᠯ᠎ᠠ᠂ ᠤᠯᠤᠰ᠎ᠤᠨ ᠳᠣᠲᠣᠭ᠋ᠠᠳᠤ ᠭᠠᠳᠠᠭ᠋ᠠᠳᠤ᠎ᠳᠤ ᠨᠢᠭᠡᠨᠲᠡ 60 ᠭᠠᠷᠤᠢ ᠪᠦᠯᠦᠭ 10 ᠲᠦᠮᠡ ᠣᠷᠴᠢᠮ ᠮᠥᠷ ᠰᠢᠯᠦᠭ ᠴᠤᠭᠯᠠᠭᠤᠯᠵᠤ ᠣᠯᠣᠭ᠋ᠠᠳ ᠪᠣᠢ᠃ ᠠᠮᠢᠳᠤᠯᠢᠭ ᠵᠶ᠋ᠠᠷ ᠤᠯᠠᠮᠵᠢᠯᠠᠬᠤ ᠪᠠ ᠬᠠᠢ᠌ᠯᠠᠨ ᠲᠣᠭᠯᠠᠬᠤ᠎ᠨᠢ ᠮᠣᠩᠭᠣᠯ ᠦᠨᠳᠦᠰᠦᠲᠡᠨ᠎ᠤ ᠡᠬᠡ ᠪᠠᠢ᠌ᠭ᠋ᠠᠯᠢ ᠵᠢᠨ ᠲᠤᠬᠠᠢ ᠦᠵᠡᠯᠲᠡ ᠲᠠᠨᠢᠯᠲᠠ᠂ ᠶᠢᠷᠲᠢᠨᠴᠦ ᠵᠢᠨ ᠲᠤᠬᠠᠢ ᠬᠠᠢ᠌ᠯᠲᠠ ᠰᠦᠪᠡᠭᠴᠢᠯᠡᠯ᠂ ᠬᠥᠮᠦᠨ᠎ᠤ ᠠᠮᠢᠳᠤᠷᠠᠯ᠎ᠤᠨ ᠲᠤᠬᠠᠢ ᠣᠢ᠌ᠯᠠᠭ᠋ᠠᠯᠲᠠ ᠲᠥᠷᠥᠭᠳᠡᠯ᠎ᠢ ᠠᠴᠢᠶᠠᠯᠠᠵᠤ᠂ ᠨᠢᠭᠡ ᠦᠨᠳᠦᠰᠦᠲᠡᠨ᠎ᠤ ᠲᠡᠦᠬᠡ ᠵᠢᠨ ᠲᠥᠷᠥᠭᠳᠡᠯ ᠰᠠᠭᠤᠭᠳᠠᠯ᠂ ᠲᠤᠷᠰᠢᠯᠭ᠎ᠠ ᠰᠤᠷᠭ᠋ᠠᠮᠵᠢ ᠪᠣᠯᠣᠨ ᠬᠠᠢ᠌ᠷ᠎ᠠ ᠰᠡᠳᠬᠢᠯᠭᠡ᠂ ᠰᠢᠯᠦᠭ ᠨᠠᠢ᠌ᠷᠠᠭ᠎ᠲᠤ ᠣᠢ ᠤᠬᠠᠭ᠋ᠠᠨ᠂ ᠰᠣᠶᠣᠯ᠎ᠤᠨ ᠤᠳᠤᠮᠰᠢᠯ᠎ᠤᠨ ᠶᠡᠬᠡ ᠬᠤᠷᠠᠮᠳᠤᠯ ᠪᠣᠯᠣᠨ᠎ᠠ᠃
ᠰᠢᠨᠵᠢᠶᠠᠩ᠎ᠤᠨ ᠲᠠᠷᠪᠠᠭ᠋ᠠᠲᠠᠢ ᠣᠷᠣᠨ᠎ᠤ ᠬᠣᠪᠣᠭᠰᠠᠢ᠌ᠷ ᠮᠣᠩᠭᠣᠯ ᠦᠪᠡᠷᠲᠡᠭᠡᠨ ᠵᠠᠰᠠᠬᠤ ᠰᠢᠶᠠᠨ ᠪᠣᠯ 《ᠵᠠᠩᠭ᠋ᠠᠷ》᠎ᠤᠨ ᠲᠤᠤᠯᠢ ᠵᠢᠨ ᠡᠭᠦᠰᠦᠯ᠎ᠤᠨ ᠣᠷᠣᠨ ᠪᠣᠯᠣᠨ᠎ᠠ᠃ ᠠᠷᠠᠳ᠎ᠤᠨ ᠤᠷᠠᠯᠢᠭᠴᠢᠳ᠎ᠤᠨ ᠬᠠᠢ᠌ᠯᠠᠭᠰᠠᠨ 《ᠵᠠᠩᠭ᠋ᠠᠷ》᠎ᠨᠢ ᠵᠠᠭᠤ ᠮᠢᠩᠭ᠋ᠠᠨ ᠵᠢᠯ᠎ᠤᠨ ᠲᠤᠷᠰᠢ ᠬᠥᠮᠥᠰ᠎ᠤᠨ ᠴᠢᠬᠢᠨ᠎ᠡ ᠳᠠᠭᠤᠷᠢᠰᠤᠭᠰᠠᠭ᠋ᠠᠷ ᠢᠷᠡᠵᠡᠢ᠃ 《ᠵᠠᠩᠭ᠋ᠠᠷ》 ᠬᠠᠢ᠌ᠯᠠᠳᠠᠭ ᠬᠥᠮᠦᠨ᠎ᠢ ᠵᠠᠩᠭ᠋ᠠᠷᠴᠢ ᠬᠡᠮᠡᠨ ᠨᠡᠷᠡᠢ᠌ᠳᠳᠡᠭ᠃ ᠣᠳᠣᠬᠠᠨ᠎ᠳᠤ᠂ ᠵᠠᠯᠠᠭᠤ ᠵᠠᠩᠭ᠋ᠠᠷᠴᠢᠳ ᠥᠩᠭᠡᠷᠡᠭᠰᠡᠨ᠎ᠤ ᠬᠥᠮᠥᠰ᠎ᠤᠨ ᠥᠪᠯᠡᠨ ᠦᠯᠡᠳᠡᠭᠡᠭᠰᠡᠨ ᠰᠢᠯᠦᠭ ᠨᠠᠢ᠌ᠷᠠᠭᠢ ᠵᠠᠯᠭ᠋ᠠᠮᠵᠢᠯᠠᠵᠤ ᠠᠪᠤᠭ᠋ᠠᠳ ᠨᠠᠩ ᠬᠣᠵᠢᠮ ᠬᠣᠯᠠ᠎ᠳᠤ ᠤᠯᠠᠮᠵᠢᠯᠠᠨ ᠬᠠᠢ᠌ᠯᠠᠭᠰᠠᠭ᠋ᠠᠷ ᠪᠠᠢ᠌ᠨ᠎ᠠ᠃ ᠳᠣᠷᠵᠢᠨᠢᠮᠠ ᠪᠣᠯ ᠤᠳᠤᠮᠲᠤ ᠵᠠᠩᠭ᠋ᠠᠷᠴᠢ ᠵᠢᠨ ᠭᠡᠷ ᠪᠦᠯᠢ᠎ᠳᠤ ᠲᠥᠷᠥᠵᠦ ᠥᠰᠦᠭᠰᠡᠨ ᠮᠣᠩᠭᠣᠯ ᠵᠠᠯᠠᠭᠤ᠂ ᠤᠯᠤᠰ᠎ᠤᠨ ᠳᠠᠰ᠎ᠤᠨ ᠪᠣᠳᠠᠰ᠎ᠤᠨ ᠪᠤᠰᠤ ᠰᠣᠶᠣᠯ᠎ᠤᠨ ᠲᠥᠷᠥᠯ ᠵᠦᠢ᠍ᠯ ᠪᠣᠯᠬᠤ ᠵᠠᠩᠭ᠋ᠠᠷ᠎ᠤᠨ ᠥᠪᠯᠡᠨ ᠤᠯᠠᠮᠵᠢᠯᠠᠭᠴᠢ ᠵᠠ᠊· ᠵᠤᠤᠨᠠᠢ ᠵᠢᠨ ᠠᠴᠢ ᠬᠦᠪᠡᠭᠦᠨ᠎ᠨᠢ ᠪᠣᠯᠣᠨ᠎ᠠ᠃ ᠲᠡᠭᠦᠨ᠎ᠤ ᠪᠠᠢ᠌ᠭ᠎ᠠ 《ᠳᠠᠯᠠᠨ ᠲᠣᠪᠴᠢ》 ᠬᠠᠮᠲᠤᠯᠢᠭ᠎ᠨᠢ 《ᠵᠠᠩᠭ᠋ᠠᠷ》᠎ᠢ ᠬᠠᠢ᠌ᠯᠠᠬᠤᠳᠤᠪᠠᠨ ᠣᠳᠣ ᠴᠠᠭ᠎ᠤᠨ ᠳᠠᠭᠤᠤ ᠬᠥᠭᠵᠢᠮ᠎ᠤᠨ ᠡᠯᠧᠮᠧᠨ᠋ᠲ᠎ᠲᠠᠢ ᠤᠶᠠᠯᠳᠤᠭᠤᠯᠤᠨ ᠬᠥᠮᠡᠢ᠂ ᠲᠤᠸᠠ ᠬᠡᠩᠭᠡᠷᠭᠡ᠂ ᠮᠣᠷᠢᠨ ᠬᠤᠭᠤᠷ ᠵᠡᠷᠭᠡ᠎ᠲᠠᠢ ᠠᠭᠤᠰᠤᠯᠴᠠᠭᠤᠯᠤᠭ᠋ᠠᠳ ᠤᠯᠤᠰ᠎ᠤᠨ ᠳᠣᠲᠣᠭ᠋ᠠᠳᠤ ᠭᠠᠳᠠᠭ᠋ᠠᠳᠤ ᠵᠢᠨ ᠤᠷᠠᠯᠢᠭ᠎ᠤᠨ ᠬᠥᠳᠡᠯᠭᠡᠭᠡᠨ᠎ᠳᠤ ᠦᠷᠭᠦᠯᠵᠢ ᠤᠷᠢᠭᠳᠠᠨ ᠣᠷᠣᠯᠴᠠᠳᠠᠭ᠃ ᠣᠮᠣᠭ ᠵᠢᠪᠬᠤᠭ᠋ᠠᠯᠢᠭ ᠬᠥᠭ ᠠᠶᠠᠰ᠂ ᠬᠦᠷ ᠬᠥᠭᠵᠢᠶᠡᠨᠲᠦ ᠮᠣᠷᠢᠨ ᠬᠤᠭᠤᠷ᠎ᠤᠨ ᠡᠭᠡᠰᠢᠭ᠂ ᠡᠭᠡᠰᠢᠭᠲᠦ ᠤᠶᠠᠷᠠᠭᠤᠨ ᠬᠦᠮᠡᠢ᠂ ᠤᠶᠠᠷᠠᠭᠤᠨ ᠰᠠᠢ᠌ᠬᠠᠨ ᠬᠠᠢ᠌ᠯᠠᠯᠭ᠎ᠠ᠎ᠨᠢ ᠰᠣᠨᠣᠰᠣᠭᠴᠢᠳᠢ ᠶᠠᠭ᠋ᠠᠬᠢᠬᠤ ᠵᠢᠨ ᠠᠷᠭ᠎ᠠ ᠦᠭᠡᠢ ᠬᠥᠬᠡ ᠣᠭᠲᠠᠷᠭᠤᠢ᠎ᠳᠤᠨᠢ ᠬᠥᠪᠥᠩ ᠡᠭᠦᠯᠡᠰ ᠴᠠᠢ᠌ᠯᠵᠠᠭᠰᠠᠨ ᠥᠷᠭᠡᠨ ᠠᠭᠤᠳᠠᠮ ᠲᠠᠯ᠎ᠠ ᠨᠤᠲᠤᠭ᠎ᠲᠤ ᠰᠠᠭ᠋ᠠᠲᠠᠵᠤ ᠪᠠᠢ᠌ᠭ᠎ᠠ ᠰᠢᠭ᠋ ᠪᠣᠯᠭ᠋ᠠᠳᠠᠭ ᠪᠢᠯᠡ᠃
ᠮᠠᠨ᠎ᠤ ᠨᠠᠮ ᠦᠨᠳᠦᠰᠦᠲᠡᠨ᠎ᠨᠦᠭᠦᠳ᠎ᠤᠨ ᠰᠢᠯᠢᠳᠡᠭ ᠤᠯᠠᠮᠵᠢᠯᠠᠯᠲᠤ ᠰᠣᠶᠣᠯ᠎ᠢ ᠬᠠᠮᠠᠭ᠋ᠠᠯᠠᠬᠤ ᠪᠠ ᠤᠯᠠᠮᠵᠢᠯᠠᠬᠤ ᠵᠢ ᠲᠡᠦᠬᠡᠨ᠎ᠠᠴᠠ᠎ᠪᠠᠨ ᠠᠪᠤᠭ᠋ᠠᠳ ᠬᠦᠨᠳᠦᠳᠬᠡᠭᠰᠡᠭᠡᠷ ᠢᠷᠠᠵᠠᠢ᠃1950 ᠣᠨ᠎ᠳᠤ᠂ ᠱᠠᠩ ᠦ᠋ ᠨᠣᠮ ᠳᠠᠷᠤᠮᠠᠯᠯᠠᠬᠤ ᠣᠷᠳᠣᠨ᠎ᠤ ᠬᠡᠪᠯᠡᠭᠦᠯᠦᠭᠰᠡᠨ 《ᠬᠣᠩᠭᠣᠷ》 ᠭᠡᠬᠦ ᠨᠣᠮ ᠪᠣᠯ ᠮᠠᠨ᠎ᠤ ᠤᠯᠤᠰ᠎ᠤᠨ ᠠᠩᠬᠠᠳᠠᠭᠴᠢ ᠤᠳᠠᠭ᠎ᠠ ᠬᠡᠪᠯᠡᠭᠦᠯᠦᠭᠰᠡᠨ 《ᠵᠠᠩᠭ᠋ᠠᠷ》᠎ᠤᠨ ᠬᠡᠰᠡᠭ ᠠᠭᠤᠯᠭ᠎ᠠ ᠵᠢ ᠬᠢᠲᠠᠳ ᠵᠶ᠋ᠠᠷ ᠥᠭᠡᠷᠡᠴᠢᠯᠡᠨ ᠪᠢᠴᠢᠭᠰᠡᠨ ᠳᠡᠪᠲᠡᠷ ᠪᠣᠯᠣᠨ᠎ᠠ᠃1958 ᠣᠨ᠎ᠳᠤ᠂ ᠥᠪᠥᠷ ᠮᠣᠩᠭᠣᠯ᠎ᠤᠨ ᠠᠷᠠᠳ᠎ᠤᠨ ᠬᠡᠪᠯᠡᠯ᠎ᠤᠨ ᠬᠣᠷᠢᠶ᠎ᠠ 《13 ᠪᠦᠯᠦᠭ᠎ᠲᠦ ᠳᠡᠪᠲᠡᠷ》 ᠬᠡᠮᠡᠭᠳᠡᠭᠰᠡᠨ ᠠᠩᠬᠠᠳᠠᠭᠴᠢ ᠵᠢᠩᠬᠢᠨᠢ ᠬᠡᠪᠯᠡᠯ᠎ᠤᠨ 《ᠵᠠᠩᠭ᠋ᠠᠷ》᠎ᠢ ᠬᠡᠪᠯᠡᠭᠦᠯᠵᠡᠢ᠂ ᠲᠤᠰ ᠬᠡᠪᠯᠡᠯ᠎ᠨᠢ 《ᠵᠠᠩᠭ᠋ᠠᠷ》᠎ᠢ ᠤᠯᠠᠮᠵᠢᠯᠠᠨ ᠳᠡᠯᠭᠡᠷᠡᠭᠦᠯᠬᠦ᠎ᠳᠤ ᠶᠡᠬᠡᠬᠡᠨ ᠲᠦᠯᠬᠢᠴᠡ ᠦᠢ᠍ᠯᠡᠳᠦᠯ ᠦᠵᠡᠭᠦᠯᠵᠡᠢ᠃1980 ᠣᠨ᠎ᠳᠤ᠂ ᠮᠠᠨ᠎ᠤ ᠤᠯᠤᠰ 《ᠵᠠᠩᠭ᠋ᠠᠷ》᠎ᠢ ᠡᠮᠬᠢᠳᠬᠡᠨ ᠴᠤᠭᠯᠠᠭᠤᠯᠬᠤ ᠤᠳᠤᠷᠢᠳᠬᠤ ᠳᠤᠭᠤᠢ᠌ᠯᠠᠩ ᠪᠣᠯᠣᠨ ᠠᠵᠢᠯ᠎ᠤᠨ ᠳᠤᠭᠤᠢ᠌ᠯᠠᠩ ᠪᠠᠢ᠌ᠭᠤᠯᠵᠤ᠂ 《ᠵᠠᠩᠭ᠋ᠠᠷ》᠎ᠢ ᠶᠡᠬᠡ ᠬᠡᠪᠴᠢᠶ᠎ᠡ᠎ᠪᠠᠷ ᠴᠤᠭᠯᠠᠭᠤᠯᠬᠤ ᠪᠠ ᠲᠡᠮᠳᠡᠭᠯᠡᠬᠦ ᠠᠵᠢᠯ᠎ᠢ ᠵᠢᠩᠬᠢᠨᠢ᠎ᠪᠠᠷ ᠡᠬᠢᠯᠡᠭᠦᠯᠪᠡ᠃1991 ᠣᠨ᠎ᠳᠤ᠂ ᠳᠤᠮᠳᠠᠳᠤ ᠤᠯᠤᠰ᠎ᠤᠨ ᠵᠠᠩᠭ᠋ᠠᠷ᠎ᠤᠨ ᠰᠤᠳᠤᠯᠭ᠋ᠠᠨ᠎ᠤ ᠨᠡᠢ᠌ᠭᠡᠮᠯᠢᠭ ᠦᠷᠦᠮᠴᠢ ᠬᠣᠲᠠᠨ᠎ᠠ ᠪᠠᠢ᠌ᠭᠤᠯᠤᠭᠳᠠᠪᠠ᠃ 2006 ᠣᠨ᠎ᠳᠤ᠂ ᠨᠢᠭᠡᠳᠦᠭᠡᠷ ᠪᠦᠯᠦᠭ᠎ᠤᠨ ᠤᠯᠤᠰ᠎ᠤᠨ ᠳᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠨᠡᠷᠡᠰ᠎ᠤᠨ ᠪᠦᠷᠢᠳᠬᠡᠯ᠎ᠳᠤ 《ᠵᠠᠩᠭ᠋ᠠᠷ》 ᠤᠯᠤᠰ᠎ᠤᠨ ᠶᠠᠪᠤᠳᠠᠯ᠎ᠤᠨ ᠬᠣᠷᠢᠶ᠎ᠠ᠎ᠪᠠᠷ ᠵᠥᠪᠰᠢᠶᠡᠷᠡᠭᠦᠯᠦᠨ ᠵᠢᠭᠰᠠᠭ᠋ᠠᠭᠳᠠᠪᠠ᠃ ᠲᠤᠰ ᠵᠢᠯ᠎ᠤᠨ 9 ᠳ᠋ᠦ᠍ᠭᠡᠷ ᠰᠠᠷ᠎ᠠ᠎ᠳᠤ᠂ 《ᠵᠠᠩᠭ᠋ᠠᠷ》᠎ᠤᠨ ᠲᠤᠤᠯᠢ ᠵᠢᠨ ᠣᠯᠠᠨ ᠤᠯᠤᠰ᠎ᠤᠨ ᠰᠤᠳᠤᠯᠤᠨ ᠶᠠᠷᠢᠯᠴᠠᠬᠤ ᠬᠤᠷᠠᠯ ᠰᠢᠨᠵᠢᠶᠠᠩ᠎ᠳᠤ ᠬᠤᠷᠠᠯᠳᠤᠪᠠ᠃ ᠵᠠᠩᠭ᠋ᠠᠷ ᠰᠣᠶᠣᠯ᠎ᠢ ᠤᠯᠠᠮ ᠰᠠᠢ᠌ᠨ ᠠᠭᠤᠳᠠᠯᠵᠤ ᠰᠤᠳᠤᠯᠬᠤ ᠵᠢᠨ ᠲᠥᠯᠥᠭᠡ ᠳᠤᠮᠳᠠᠳᠤ ᠤᠯᠤᠰ᠎ᠤᠨ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠬᠦᠷᠢᠶᠡᠯᠡᠩ ᠰᠢᠨᠵᠢᠶᠠᠩ᠎ᠳᠤ ᠬᠡᠭᠡᠷ᠎ᠡ ᠵᠢᠨ ᠪᠠᠢ᠌ᠴᠠᠭ᠋ᠠᠯᠲᠠ ᠵᠢᠨ ᠰᠠᠭᠤᠷᠢᠨ ᠭᠠᠵᠠᠷ᠎ᠢ ᠪᠠᠢ᠌ᠭᠤᠯᠤᠭᠰᠠᠨ ᠶᠤᠮ᠃
ᠲᠤᠤᠯᠢ ᠵᠢ ᠦᠶ᠎ᠡ ᠤᠯᠠᠷᠢᠨ ᠤᠯᠠᠮᠵᠢᠯᠠᠬᠤ ᠵᠢᠨ ᠲᠥᠯᠥᠭᠡ᠂ ᠰᠢᠨᠵᠢᠶᠠᠩ᠎ᠤᠨ ᠣᠯᠠᠨ ᠭᠠᠵᠠᠷ ᠵᠠᠩᠭ᠋ᠠᠷ ᠰᠣᠶᠣᠯ᠎ᠢ ᠰᠤᠷᠭ᠋ᠠᠭᠤᠯᠢ ᠵᠢᠨ ᠬᠦᠷᠢᠶᠡᠨ᠎ᠡ ᠣᠷᠣᠭᠤᠯᠬᠤ ᠠᠵᠢᠯᠯᠠᠭ᠎ᠠ ᠵᠢ ᠵᠣᠬᠢᠶᠠᠨ ᠪᠠᠢ᠌ᠭᠤᠯᠤᠨ ᠥᠷᠨᠢᠭᠦᠯᠵᠦ᠂ ᠳᠤᠮᠳᠠᠳᠤ ᠪᠠᠭ᠎ᠠ ᠰᠤᠷᠭ᠋ᠠᠭᠤᠯᠢ᠎ᠳᠤ ᠤᠯᠠᠮᠵᠢᠯᠠᠨ ᠰᠤᠷᠭ᠋ᠠᠬᠤ ᠳᠡᠯᠭᠡᠨ ᠦᠵᠡᠭᠦᠯᠬᠦ ᠰᠠᠭᠤᠷᠢᠨ ᠭᠠᠵᠠᠷ ᠪᠠᠢ᠌ᠭᠤᠯᠬᠤ᠂ ᠵᠠᠩᠭ᠋ᠠᠷ ᠬᠠᠢ᠌ᠯᠠᠬᠤ ᠤᠷᠤᠯᠳᠤᠭ᠋ᠠᠨ ᠡᠷᠬᠢᠯᠡᠬᠦ ᠬᠥᠳᠡᠯᠭᠡᠭᠡᠨ᠎ᠢ ᠶᠠᠪᠤᠭᠳᠠᠭᠤᠯᠪᠠ᠃ ᠬᠣᠪᠤᠭᠰᠠᠢ᠌ᠷ ᠰᠢᠶᠠᠨ ᠵᠠᠩᠭ᠋ᠠᠷ ᠰᠣᠶᠣᠯ᠎ᠤᠨ ᠨᠠᠷᠠᠲᠤ ᠳᠡᠮᠲᠡᠭ᠎ᠤᠨ ᠳᠠᠪᠠᠭᠤᠯᠢᠭ ᠵᠶ᠋ᠠᠨ ᠢᠳᠡᠪᠬᠢᠲᠡᠢ ᠪᠠᠳᠠᠷᠠᠭᠤᠯᠵᠤ᠂ ᠵᠠᠩᠭ᠋ᠠᠷ ᠰᠣᠶᠣᠯ ᠵᠢᠭᠤᠯᠴᠢᠯᠠᠯ᠎ᠤᠨ ᠨᠠᠢ᠌ᠷ᠎ᠢ ᠡᠳᠦᠭᠡ ᠪᠣᠯᠲᠠᠯ᠎ᠠ ᠨᠢᠭᠡᠨᠲᠡ ᠠᠷᠪᠠᠨ ᠨᠢᠭᠡ ᠤᠳᠠᠭ᠎ᠠ ᠡᠷᠬᠢᠯᠡᠵᠦ᠂ ᠵᠢᠭᠤᠯᠴᠢᠯᠠᠯ᠎ᠤᠨ ᠠᠵᠤ ᠠᠬᠤᠢ᠎ᠳᠤ ᠲᠤᠤᠯᠢ ᠰᠣᠶᠣᠯ᠎ᠤᠨ ᠢᠳᠡ ᠰᠢᠳᠢ ᠵᠢ ᠨᠡᠮᠡᠷᠢᠯᠡᠭᠰᠡᠨ ᠶᠤᠮ᠃
ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ ᠡᠳᠦᠷ ᠢᠷᠡᠬᠦᠶ᠎ᠡ ᠬᠥᠭᠵᠢᠵᠦ ᠪᠠᠢ᠌ᠭ᠎ᠠ ᠥᠨᠥᠳᠦᠷ᠂ ᠬᠠᠮᠠᠭ᠋ᠠᠯᠠᠯᠲᠠ ᠪᠠ ᠤᠯᠠᠮᠵᠢᠯᠠᠯ᠎ᠨᠢ ᠣᠯᠠᠨ ᠣᠷᠣᠨ ᠵᠠᠢ᠂ ᠣᠯᠠᠨ ᠵᠠᠮ ᠱᠤᠭᠤᠮ᠂ ᠣᠯᠠᠨ ᠠᠷᠭ᠎ᠠ ᠬᠡᠯᠪᠡᠷᠢ ᠲᠡᠢ᠌ᠰᠢ ᠬᠤᠪᠢᠷᠠᠵᠤ ᠪᠠᠢ᠌ᠨ᠎ᠠ᠃ 2016 ᠣᠨ᠎ᠳᠤ᠂ ᠰᠦᠯᠵᠢᠶᠡᠨ᠎ᠤ ᠬᠡᠦᠬᠡᠯᠳᠡᠢ ᠺᠢᠨᠣ᠋ 《ᠵᠠᠩᠭ᠋ᠠᠷ ᠪᠠᠭ᠋ᠠᠲᠤᠷ》᠎ᠢ ᠸᠢᠳᠢᠤ᠋ ᠰᠦᠯᠵᠢᠶᠡᠨ ᠳᠡᠭᠡᠷ᠎ᠡ ᠨᠡᠪᠲᠡᠷᠡᠭᠦᠯᠵᠦ᠂ ᠪᠠᠭ᠋ᠠᠲᠤᠷᠯᠢᠭ ᠲᠤᠤᠯᠢ ᠵᠢ ᠳᠡᠯᠭᠡᠴᠡ᠎ᠪᠠᠷ ᠢᠯᠡᠷᠡᠭᠦᠯᠵᠦ᠂ ᠥᠷᠭᠡᠨ ᠣᠯᠠᠨ ᠰᠦᠯᠵᠢᠶᠡᠴᠢᠳ᠎ᠤᠨ ᠲᠠᠭ᠋ᠠᠰᠢᠶᠠᠯ᠎ᠢ ᠬᠦᠷᠲᠡᠪᠡ᠃ ᠡᠭᠦᠨ᠎ᠠᠴᠠ ᠭᠠᠳᠠᠨ᠎ᠠ᠂ ᠵᠠᠩᠭ᠋ᠠᠷ ᠰᠡᠳᠦᠪᠲᠦ ᠳᠠᠭᠤᠤ ᠪᠥᠵᠢᠭᠲᠦ ᠵᠦᠴᠦᠭᠡ᠂ ᠲᠧᠯᠸᠢᠰ ᠪᠠᠷᠢᠮᠲᠠᠲᠤ ᠺᠢᠨᠣ᠋ ᠵᠡᠷᠭᠡ᠎ᠨᠢ ᠡᠨᠡ ᠬᠦ᠌ ᠡᠷᠲᠡᠨ᠎ᠤ ᠲᠤᠤᠯᠢ ᠵᠢᠨ ᠦᠨ᠎ᠡ ᠥᠷᠲᠡᠭ᠎ᠢ ᠨᠠᠩ ᠣᠯᠠᠨ ᠵᠠᠯᠠᠭᠤᠴᠤᠳ᠎ᠲᠤ ᠲᠠᠨᠢᠨ ᠮᠡᠳᠡᠭᠦᠯᠪᠡ᠃
ᠤᠷᠳᠤ ᠤᠳᠠᠭ᠋ᠠᠨ ᠭᠡᠷᠡᠯ ᠰᠠᠴᠤᠷᠠᠩᠭᠤᠢ ᠳᠤᠮᠳᠠᠳᠤ ᠵᠢᠨ ᠪᠣᠯᠪᠠᠰᠤᠨ᠂ ᠳᠤᠮᠳᠠᠳᠤ ᠵᠢᠨ ᠦᠨᠳᠦᠰᠦᠲᠡᠨ᠎ᠤ ᠬᠥᠭᠵᠢᠯᠲᠡ ᠳᠠᠪᠰᠢᠯᠲᠠ ᠵᠢ ᠲᠦᠯᠬᠢᠨ ᠠᠬᠢᠭᠤᠯᠤᠭᠰᠠᠨ ᠵᠶ᠋ᠠᠷ ᠥᠯᠥ ᠪᠠᠷᠠᠨ᠂ ᠬᠠᠮᠲᠤ ᠵᠢᠨ ᠦᠨ᠎ᠡ ᠥᠷᠲᠡᠭ ᠬᠦᠰᠡᠯᠡᠩ ᠪᠣᠯᠣᠨ ᠬᠠᠢ᠌ᠷ᠎ᠠ ᠰᠡᠳᠬᠢᠯᠭᠡ ᠵᠣᠷᠢᠭ ᠰᠠᠨᠠᠭ᠎ᠠ ᠵᠢ ᠬᠦᠮᠦᠵᠢᠭᠦᠯᠵᠦ᠂ ᠳᠤᠮᠳᠠᠳᠤ ᠵᠢᠨ ᠦᠨᠳᠦᠰᠦᠲᠡᠨ᠎ᠤ ᠣᠶᠣᠨ ᠰᠠᠨᠠᠭ᠎ᠠ ᠵᠢ ᠨᠢᠭᠲᠠᠷᠠᠭᠤᠯᠬᠤ ᠬᠣᠯᠪᠣᠭ᠋ᠠᠰᠤ ᠪᠣᠯᠣᠭᠰᠠᠨ ᠪᠢᠯᠡ᠃ 《ᠵᠠᠩᠭ᠋ᠠᠷ》᠎ᠢ ᠪᠠᠭᠲᠠᠭ᠋ᠠᠭᠰᠠᠨ ᠦᠨᠳᠦᠰᠦᠲᠡᠨ᠎ᠨᠦᠭᠦᠳ᠎ᠤᠨ ᠰᠢᠯᠢᠳᠡᠭ ᠤᠯᠠᠮᠵᠢᠯᠠᠯᠲᠤ ᠰᠣᠶᠣᠯ᠎ᠢ ᠰᠠᠢ᠌ᠲᠤᠷ ᠬᠠᠮᠠᠭ᠋ᠠᠯᠠᠵᠤ ᠰᠠᠢ᠌ᠲᠤᠷ ᠪᠠᠳᠠᠷᠠᠭᠤᠯᠵᠤ᠂ ᠰᠠᠢ᠌ᠲᠤᠷ ᠬᠥᠭᠵᠢᠭᠦᠯᠪᠡᠯ ᠰᠠᠶᠢ ᠳᠤᠮᠳᠠᠳᠤ ᠵᠢᠨ ᠪᠣᠯᠪᠠᠰᠤᠨ᠎ᠢ ᠰᠢᠨ᠎ᠡ ᠴᠠᠭ ᠦᠶ᠎ᠡ᠎ᠳᠤ ᠨᠠᠩ ᠶᠡᠬᠡ ᠨᠥᠯᠥᠭᠡᠯᠡᠬᠦ ᠬᠦᠴᠦᠨ᠂ ᠨᠢᠭᠲᠠᠷᠠᠯ᠎ᠤᠨ ᠬᠦᠴᠦᠨ᠎ᠲᠠᠢ ᠪᠣᠯᠭ᠋ᠠᠵᠤ᠂ ᠡᠭᠦᠷᠢᠳᠡ ᠠᠮᠢᠵᠢᠷᠠᠯ᠎ᠤᠨ ᠬᠦᠴᠦᠨ᠎ᠲᠠᠢ᠂ ᠭᠡᠷᠡᠯ ᠭᠢᠯᠪᠠᠭ᠎ᠠ ᠰᠠᠴᠤᠷᠠᠭᠤᠯᠵᠤ ᠴᠢᠳᠠᠨᠠᠮ᠃ (ᠲᠣᠰ ᠵᠣᠬᠢᠶᠠᠯ 《ᠳᠤᠮᠳᠠᠳᠤ ᠵᠢᠨ ᠦᠨᠳᠦᠰᠦᠲᠡᠨ ᠰᠣᠨᠢᠨ》᠎ᠤ 2021 ᠣᠨ᠎ᠤ 5 ᠳ᠋ᠤᠭ᠋ᠠᠷ ᠰᠠᠷ᠎ᠠ ᠵᠢᠨ 18 ᠡᠳᠦᠷ᠎ᠤᠨ 05 ᠬᠡᠪᠯᠡᠯ᠎ᠳᠤ ᠨᠡᠢ᠌ᠲᠡᠯᠡᠭᠳᠡᠪᠡ᠂ ᠵᠣᠬᠢᠶᠠᠭᠴᠢ᠄ ᠸᠸᠨ ᠵᠢᠩ᠃)
ᠣᠷᠴᠢᠭᠤᠯᠤᠭᠴᠢ᠄ ᠭᠡᠷᠡᠯᠲᠦ
ᠬᠢᠨᠠᠨ ᠨᠠᠢ᠌ᠷᠠᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠨᠠᠢ᠌ᠷᠠᠭᠤᠯᠤᠭᠴᠢ᠄ ᠪᠠᠶᠠᠨᠴᠢᠮᠡᠭ